ᠪᠦᠭᠦᠳᠡ ᠨᠠᠶᠢᠷᠠᠮᠳᠠᠬᠤ ᠲᠤᠮᠳᠠᠳᠤ ᠠᠷᠠᠳ ᠤᠯᠤᠰ ᠤᠨ ᠭᠠᠵᠠᠷ ᠰᠢᠷᠦᠢ ᠶᠢᠨ ᠬᠠᠮᠢᠶᠠᠷᠤᠯᠳᠠ ᠶᠢᠨ ᠬᠠᠤᠯᠢ  ︵  ᠬᠤᠶᠠᠷ ︶
ᠨᠡᠶᠢᠲᠡᠯᠡᠭᠰᠡᠨ ᠴᠠᠭ᠄
2015/8/10
     ᠭᠤᠷᠪᠠᠳᠤᠭᠠᠷ ᠪᠦᠯᠦᠭ    ᠭᠠᠵᠠᠷ ᠰᠢᠷᠦᠢ ᠶᠢ ᠠᠰᠢᠭᠯᠠᠬᠤ ᠶᠡᠷᠦᠩᠭᠡᠢ ᠲᠦᠯᠦᠪᠵᠢᠬᠦᠯᠭᠡ            ᠠᠷᠪᠠᠨ ᠲᠤᠯᠤᠳᠤᠭᠠᠷ ᠵᠦᠢᠯ  ᠡᠯ᠎ᠡ ᠱᠠᠳᠣᠨ ᠤ ᠠᠷᠠᠳ ᠤᠨ ᠵᠠᠰᠠᠭ ᠤᠨ ᠣᠷᠳᠤᠨ ᠨᠤᠭᠤᠳ ᠤᠯᠤᠰ  ᠠᠷᠠᠳ ᠤᠨ ᠠᠵᠦ ᠠᠬᠤᠢ ᠪᠠ ᠨᠡᠶᠢᠭᠡᠮ ᠤᠨ ᠬᠦᠭᠵᠢᠯᠳᠡ ᠶᠢᠨ ᠲᠦᠯᠦᠪᠵᠢᠬᠦᠯᠭᠡ᠂ ᠤᠯᠤᠰ ᠤᠨ ᠭᠠᠵᠠᠷ ᠰᠢᠷᠦᠢ ᠶᠢ  ᠵᠠᠰᠠᠬᠤ ᠪᠠ ᠡᠬᠢ ᠪᠠᠶᠠᠯᠢᠭ᠂ ᠤᠷᠴᠢᠨ ᠠᠬᠤᠢ ᠶᠢ ᠬᠠᠮᠠᠭᠠᠯᠠᠬᠤ ᠱᠠᠭᠠᠷᠳᠠᠯᠭ᠎ᠠ᠂ ᠭᠠᠵᠠᠷ ᠰᠢᠷᠦᠢ ᠶᠢᠨ  ᠬᠠᠩᠭᠠᠯᠳᠠ ᠶᠢᠨ ᠴᠢᠳᠠᠪᠤᠷᠢ ᠵᠢᠴᠢ ᠡᠯ᠎ᠡ ᠵᠦᠢᠯ ᠤᠨ ᠪᠦᠳᠦᠭᠡᠨ ᠪᠠᠶᠢᠭᠤᠯᠤᠯᠳᠠ ᠳᠤ ᠭᠠᠵᠠᠷ ᠰᠢᠷᠦᠢ ᠬᠡᠷᠡᠭᠰᠡᠬᠦ  ᠱᠠᠭᠠᠷᠳᠠᠯᠭ᠎ᠠ ᠶᠢ ᠦᠨᠳᠦᠰᠦᠯᠡᠨ᠂ ᠭᠠᠵᠠᠷ ᠰᠢᠷᠦᠢ ᠶᠢ ᠠᠰᠢᠭᠯᠠᠬᠤ ᠶᠡᠷᠦᠩᠭᠡᠢ ᠲᠦᠯᠦᠪᠵᠢᠬᠦᠯᠭᠡ ᠶᠢ ᠨᠠᠶᠢᠷᠠᠭᠤᠯᠤᠨ  ᠵᠤᠬᠢᠶᠠᠬᠤ ᠠᠵᠢᠯ ᠢ ᠵᠤᠬᠢᠶᠠᠨ ᠪᠠᠶᠢᠭᠤᠯᠬᠤ ᠬᠡᠷᠡᠭᠲᠠᠢ᠃            ᠭᠠᠵᠠᠷ ᠰᠢᠷᠦᠢ ᠶᠢ ᠠᠰᠢᠭᠯᠠᠬᠤ ᠶᠡᠷᠦᠩᠭᠡᠢ ᠲᠦᠯᠦᠪᠵᠢᠬᠦᠯᠭᠡ ᠶᠢᠨ ᠲᠦᠯᠦᠪᠵᠢᠬᠦᠯᠬᠦ ᠬᠤᠭᠤᠴᠠᠭ᠎ᠠ  ᠬᠢᠵᠠᠭᠠᠷ ᠢ ᠲᠦᠷᠦ ᠶᠢᠨ ᠶᠠᠪᠤᠳᠠᠯ ᠤᠨ ᠬᠤᠷᠢᠶ᠎ᠡ ᠠᠴᠠ ᠲᠤᠭᠳᠠᠭᠠᠨ᠎ᠠ᠃          ᠠᠷᠪᠠᠨ ᠨᠠᠢᠮᠠᠳᠤᠭᠠᠷ ᠵᠦᠢᠯ  ᠲᠤᠤᠷᠠᠳᠦ ᠱᠠᠳᠣᠨ ᠤ ᠭᠠᠵᠠᠷ ᠰᠢᠷᠦᠢ ᠶᠢ ᠠᠰᠢᠭᠯᠠᠬᠤ ᠶᠡᠷᠦᠩᠭᠡᠢ  ᠲᠦᠯᠦᠪᠵᠢᠬᠦᠯᠭᠡ ᠪᠠᠨ ᠲᠡᠭᠡᠷ᠎ᠡ ᠨᠢᠭᠡ ᠱᠠᠳᠤᠨ ᠤ ᠭᠠᠵᠠᠷ ᠰᠢᠷᠦᠢ ᠶᠢ ᠠᠰᠢᠭᠯᠠᠬᠤ ᠶᠡᠷᠦᠩᠭᠡᠢ ᠲᠦᠯᠦᠪᠵᠢᠬᠦᠯᠭᠡ ᠶᠢ  ᠦᠨᠳᠦᠰᠦᠯᠡᠨ ᠨᠠᠶᠢᠷᠠᠭᠤᠯᠵᠦ ᠵᠤᠬᠢᠶᠠᠬᠤ ᠬᠡᠷᠡᠭᠲᠠᠢ᠃            ᠣᠷᠣᠨ ᠨᠤᠳᠤᠭ ᠤᠨ ᠡᠯ᠎ᠡ ᠱᠠᠳᠤᠨ ᠤ ᠠᠷᠠᠳ ᠤᠨ ᠵᠠᠰᠠᠭ ᠤᠨ ᠤᠷᠳᠤᠨ ᠤ ᠨᠠᠶᠢᠷᠠᠭᠤᠯᠤᠨ ᠵᠤᠬᠢᠶᠠᠭᠰᠠᠨ  ᠭᠠᠵᠠᠷ ᠰᠢᠷᠦᠢ ᠶᠢ ᠠᠰᠢᠭᠯᠠᠬᠤ ᠶᠡᠷᠦᠩᠭᠡᠢ ᠲᠦᠯᠦᠪᠵᠢᠬᠦᠯᠭᠡ ᠶᠢᠨ ᠲᠤᠳᠤᠷᠡᠬᠢ ᠪᠦᠳᠦᠭᠡᠨ ᠪᠠᠶᠢᠭᠤᠯᠤᠯᠳᠠ ᠳᠤ  ᠬᠡᠷᠡᠭᠯᠡᠬᠦ ᠭᠠᠵᠠᠷ ᠤᠨ ᠶᠡᠷᠦᠩᠭᠡᠢ ᠬᠡᠮᠵᠢᠶ᠎ᠡ ᠨᠢ ᠲᠡᠭᠡᠷ᠎ᠡ ᠨᠢᠭᠡ ᠱᠠᠳᠤᠨ ᠤ ᠭᠠᠵᠠᠷ ᠰᠢᠷᠦᠢ ᠶᠢ ᠠᠰᠢᠭᠯᠠᠬᠤ ᠶᠡᠷᠦᠩᠭᠡᠢ  ᠲᠦᠯᠦᠪᠵᠢᠬᠦᠯᠭᠡ ᠳᠤ ᠲᠤᠭᠳᠠᠭᠠᠭᠰᠠᠨ ᠬᠢᠵᠠᠭᠠᠷᠯᠠᠬᠤ ᠬᠦᠢᠴᠡᠳᠭᠡᠯ ᠲᠤᠭ᠎ᠠ ᠠᠴᠠ ᠬᠡᠳᠦᠷᠡᠵᠦ ᠪᠤᠯᠬᠤ ᠦᠭᠡᠢ᠂  ᠦᠯᠡᠳᠡᠭᠡᠬᠦ ᠲᠠᠷᠢᠶᠠᠨ ᠭᠠᠵᠠᠷ ᠤᠨ ᠬᠡᠮᠵᠢᠶ᠎ᠡ ᠨᠢ ᠲᠡᠭᠡᠷ᠎ᠡ ᠨᠢᠭᠡ ᠱᠠᠳᠤᠨ ᠤ  ᠭᠠᠵᠠᠷ ᠰᠢᠷᠦᠢ ᠶᠢ ᠠᠰᠢᠭᠯᠠᠬᠤ  ᠶᠡᠷᠦᠩᠭᠡᠢ ᠲᠦᠯᠦᠪᠵᠢᠬᠦᠯᠭᠡ ᠳᠤ ᠲᠤᠭᠳᠠᠭᠠᠭᠰᠠᠨ ᠬᠢᠵᠠᠭᠠᠷᠯᠠᠬᠤ ᠬᠦᠢᠴᠡᠳᠭᠡᠯ ᠲᠤᠭ᠎ᠠ ᠠᠴᠠ ᠲᠤᠳᠠᠭᠤ ᠪᠠᠶᠢᠵᠦ  ᠪᠤᠯᠬᠤ ᠦᠭᠡᠢ᠃            ᠮᠤᠵᠢ᠂ ᠦᠪᠡᠷᠳᠡᠭᠡᠨ ᠵᠠᠰᠠᠬᠤ ᠤᠷᠤᠨ᠂ ᠰᠢᠭᠤᠳ ᠬᠠᠷᠢᠶ᠎ᠡ ᠬᠤᠳᠠ ᠶᠢᠨ ᠠᠷᠠᠳ ᠤᠨ ᠵᠠᠰᠠᠭ ᠤᠨ  ᠤᠷᠳᠤᠨ ᠤ ᠨᠠᠶᠢᠷᠠᠭᠤᠯᠤᠨ ᠵᠤᠬᠢᠶᠠᠭᠰᠠᠨ ᠭᠠᠵᠠᠷ ᠰᠢᠷᠦᠢ ᠶᠢ ᠠᠰᠢᠭᠯᠠᠬᠤ ᠶᠡᠷᠦᠩᠭᠡᠢ ᠲᠦᠯᠦᠪᠵᠢᠬᠦᠯᠬᠡ ᠨᠢ ᠲᠤᠰ  ᠵᠠᠰᠠᠭ ᠵᠠᠬᠢᠷᠭᠠᠨ ᠤ ᠤᠷᠤᠨ ᠤ ᠪᠠᠨ ᠲᠤᠳᠤᠷᠠᠬᠢ ᠲᠠᠷᠢᠶᠠᠨ ᠭᠠᠵᠠᠷ ᠤᠨ ᠪᠦᠬᠦ ᠬᠡᠮᠵᠢᠶ᠎ᠡ ᠬᠠᠰᠣᠭᠳᠠᠬᠤ ᠦᠭᠡᠢ  ᠪᠠᠶᠢᠬᠤ ᠶᠢ ᠦᠨᠡᠨ ᠬᠦ ᠪᠠᠳᠤᠯᠠᠬᠤ ᠬᠡᠷᠡᠭᠲᠠᠢ᠃        ᠠᠷᠪᠠ ᠶᠢᠰᠦᠳᠦᠭᠡᠷ ᠵᠦᠢᠯ  ᠭᠠᠵᠠᠷ ᠰᠢᠷᠦᠢ ᠶᠢ ᠠᠰᠢᠭᠯᠠᠬᠤ ᠶᠡᠷᠦᠩᠭᠡᠢ ᠲᠦᠯᠦᠪᠵᠢᠬᠦᠯᠭᠡ ᠶᠢ ᠲᠤᠤᠷ᠎ᠡ  ᠵᠢᠭᠰᠠᠭᠠᠭᠰᠠᠨ ᠵᠠᠷᠴᠢᠮ ᠶᠤᠰᠤᠭᠠᠷ ᠨᠠᠶᠢᠷᠠᠭᠤᠯᠤᠨ ᠵᠤᠬᠢᠶᠠᠨ᠎ᠠ᠄        ︵ᠨᠢᠭᠡ︶ ᠦᠨᠳᠦᠰᠦᠨ ᠲᠠᠷᠢᠶᠠᠨ ᠭᠠᠵᠠᠷ ᠢ ᠴᠢᠩᠭ᠎ᠠ ᠬᠠᠮᠠᠭᠠᠯᠠᠨ᠂ ᠲᠠᠷᠢᠶᠠᠯᠠᠩ ᠳᠤ ᠬᠡᠷᠡᠭᠯᠡᠬᠦ ᠭᠠᠵᠠᠷ ᠢ ᠡᠵᠡᠯᠡᠨ  ᠲᠠᠷᠢᠶᠠᠯᠠᠩ ᠤᠨ ᠪᠤᠰᠤ ᠪᠦᠳᠦᠭᠡᠨ ᠪᠠᠶᠢᠭᠤᠯᠤᠯᠳᠠ ᠳᠤ ᠬᠡᠷᠡᠭᠯᠡᠬᠦ ᠶᠢ ᠬᠢᠵᠠᠭᠠᠷᠯᠠᠨ᠎ᠠ︔          ︵ᠬᠤᠶᠠᠷ︶ ᠭᠠᠵᠠᠷ ᠰᠢᠷᠦᠢ ᠶᠢᠨ ᠠᠰᠢᠭᠯᠠᠯᠳᠠ ᠶᠢᠨ ᠨᠤᠷᠮ᠎ᠠ ᠶᠢ ᠲᠡᠭᠡᠭᠰᠢᠯᠡᠬᠦᠯᠦᠨ᠎ᠡ︔          ︵ᠭᠤᠷᠪᠠ︶ ᠡᠯ᠎ᠡ ᠲᠦᠷᠦᠯ ᠤᠨ᠂ ᠡᠯ᠎ᠡ ᠤᠷᠤᠨ ᠲᠤᠭᠤᠷᠢᠭ ᠤᠨ ᠬᠡᠷᠡᠭᠯᠡᠬᠦ ᠭᠠᠵᠠᠷ ᠢ ᠨᠢᠭᠡᠳᠦᠯᠲᠠᠢ  ᠲᠦᠯᠦᠪᠯᠡᠨ ᠲᠤᠬᠢᠷᠠᠭᠤᠯᠤᠨ᠎ᠠ︔          ︵ᠲᠦᠷᠪᠡ︶ ᠠᠮᠢ ᠠᠬᠤᠢ ᠶᠢᠨ ᠤᠷᠴᠢᠨ ᠠᠬᠤᠢ ᠶᠢ ᠬᠠᠮᠠᠭᠠᠯᠠᠨ ᠰᠠᠶᠢᠵᠢᠷᠠᠭᠤᠯᠵᠦ᠂ ᠭᠠᠵᠠᠷ ᠰᠢᠷᠦᠢ ᠶᠢᠨ  ᠦᠷᠬᠦᠯᠵᠢᠯᠡᠬᠦ ᠠᠰᠢᠭᠯᠠᠯᠳᠠ ᠶᠢ ᠪᠠᠳᠤᠯᠠᠨ᠎ᠠ︔        ︵ᠲᠠᠪᠤ︶ ᠲᠠᠷᠢᠶᠠᠨ ᠭᠠᠵᠠᠷ ᠢ ᠡᠵᠡᠯᠡᠵᠦ ᠬᠡᠷᠡᠭᠯᠡᠬᠦ ᠬᠡᠮᠵᠢᠶ᠎ᠡ ᠶᠢ ᠲᠠᠷᠢᠶᠠᠨ ᠭᠠᠵᠠᠷ ᠢ ᠨᠡᠭᠡᠭᠡᠨ ᠠᠰᠢᠭᠯᠠᠵᠦ  ᠰᠡᠷᠬᠦᠭᠡᠨ ᠬᠠᠭᠠᠯᠪᠤᠷᠢᠯᠠᠬᠤ ᠬᠡᠮᠵᠢᠶ᠎ᠡ ᠲᠠᠢ ᠲᠡᠩᠴᠡᠬᠦᠷᠢᠲᠠᠢ ᠪᠠᠶᠢᠯᠭᠠᠨ᠎ᠠ᠃          ᠬᠤᠷᠢᠳᠤᠭᠠᠷ ᠵᠦᠢᠯ  ᠰᠢᠶᠠᠨ ᠱᠠᠳᠤᠨ ᠤ ᠭᠠᠵᠠᠷ ᠰᠢᠷᠦᠢ ᠶᠢ ᠠᠰᠢᠭᠯᠠᠬᠤ ᠶᠡᠷᠦᠩᠭᠡᠢ ᠲᠦᠯᠦᠪᠵᠢᠬᠦᠯᠭᠡ ᠳᠤ  ᠭᠠᠵᠠᠷ ᠰᠢᠷᠦᠢ ᠶᠢᠨ ᠠᠰᠢᠭᠯᠠᠯᠳᠠ ᠶᠢᠨ ᠲᠤᠭᠤᠷᠢᠭ ᠢ ᠵᠠᠭᠠᠭᠯᠠᠨ ᠬᠤᠪᠢᠶᠠᠷᠢᠯᠠᠵᠦ᠂ ᠭᠠᠵᠠᠷ ᠰᠢᠷᠦᠢ ᠶᠢᠨ  ᠬᠡᠷᠡᠭᠯᠡᠯᠳᠡ ᠶᠢ ᠲᠤᠳᠤᠷᠬᠠᠢ ᠪᠤᠯᠭᠠᠬᠤ ᠬᠡᠷᠡᠭᠲᠠᠢ᠃          ᠰᠤᠮᠤ ︵ᠪᠠᠯᠭᠠᠰᠤ︶ ᠶᠢᠨ ᠭᠠᠵᠠᠷ ᠰᠢᠷᠦᠢ ᠶᠢ ᠠᠰᠢᠭᠯᠠᠬᠤ ᠶᠡᠷᠦᠩᠭᠡᠢ ᠲᠦᠯᠦᠪᠵᠢᠬᠦᠯᠭᠡ ᠳᠤ ᠭᠠᠵᠠᠷ  ᠰᠢᠷᠦᠢ ᠶᠢᠨ ᠠᠰᠢᠭᠯᠠᠯᠳᠠ ᠶᠢᠨ ᠲᠤᠭᠤᠷᠢᠭ ᠢ ᠵᠠᠭᠠᠭᠯᠠᠨ ᠬᠤᠪᠢᠶᠠᠷᠢᠯᠠᠵᠦ᠂ ᠭᠠᠵᠠᠷ ᠰᠢᠷᠦᠢ ᠬᠡᠷᠡᠭᠯᠡᠬᠦ ᠨᠦᠬᠦᠴᠡᠯ ᠢ  ᠦᠨᠳᠦᠰᠦᠯᠡᠨ ᠬᠡᠰᠡᠭ ᠭᠠᠵᠠᠷ ᠰᠢᠷᠦᠢ ᠨᠢᠭᠡᠪᠦᠷᠢ ᠶᠢᠨ ᠬᠡᠷᠡᠭᠯᠡᠯᠳᠡ ᠶᠢ ᠲᠤᠳᠤᠷᠬᠠᠢ ᠲᠤᠭᠳᠠᠭᠠᠭᠠᠳ ᠢᠯᠡ ᠪᠠᠷ  ᠵᠠᠷᠯᠠᠨ ᠨᠡᠶᠢᠳᠡᠯᠡᠬᠦ ᠬᠡᠷᠡᠭᠲᠠᠢ᠃          ᠬᠤᠷᠢᠨ ᠨᠢᠭᠡᠳᠦᠭᠡᠷ ᠵᠦᠢᠯ  ᠭᠠᠵᠠᠷ ᠰᠢᠷᠦᠢ ᠶᠢ ᠠᠰᠢᠭᠯᠠᠬᠤ ᠲᠦᠯᠦᠪᠵᠢᠬᠦᠯᠭᠡ ᠶᠢ ᠱᠠᠳᠤ ᠬᠤᠪᠢᠶᠠᠵᠦ ᠬᠢᠨᠠᠨ  ᠵᠦᠪᠰᠢᠶᠡᠷᠡᠨ᠎ᠡ            ᠮᠤᠵᠢ᠂ ᠦᠪᠡᠷᠳᠡᠭᠡᠨ ᠵᠠᠰᠠᠬᠤ ᠤᠷᠤᠨ᠂ ᠰᠢᠭᠤᠳ ᠬᠠᠷᠢᠶ᠎ᠡ ᠬᠤᠳᠠ ᠶᠢᠨ ᠭᠠᠵᠠᠷ ᠰᠢᠷᠦᠢ ᠶᠢ ᠠᠰᠢᠭᠯᠠᠬᠤ  ᠶᠡᠷᠦᠩᠭᠡᠢ ᠲᠦᠯᠦᠪᠵᠢᠬᠦᠯᠭᠡ ᠶᠢ ᠲᠦᠷᠦ ᠶᠢᠨ ᠶᠠᠪᠤᠳᠠᠯ ᠤᠨ ᠬᠤᠷᠢᠶᠠᠨ ᠳᠤ ᠮᠡᠳᠡᠬᠦᠯᠵᠦ ᠵᠦᠪᠰᠢᠶᠡᠷᠡᠬᠦᠯᠦᠨ᠎ᠡ᠃          ᠮᠤᠵᠢ᠂ ᠦᠪᠡᠷᠳᠡᠭᠡᠨ ᠵᠠᠰᠠᠬᠤ ᠤᠷᠤᠨ ᠤ ᠠᠷᠠᠳ ᠤᠨ ᠵᠠᠰᠠᠭ ᠤᠨ ᠤᠷᠳᠤᠨ ᠤ ᠪᠠᠶᠢᠭ᠎ᠠ ᠬᠤᠳᠠ᠂ ᠵᠠᠭᠤᠨ  ᠲᠦᠮᠡ ᠠᠴᠠ ᠲᠡᠭᠡᠭᠰᠢᠬᠢ ᠬᠦᠮᠦᠨ ᠠᠮᠠ ᠲᠠᠢ ᠬᠤᠳᠠ ᠵᠢᠴᠢ ᠲᠦᠷᠦ ᠶᠢᠨ ᠶᠠᠪᠤᠳᠠᠯ ᠤᠨ ᠬᠤᠷᠢᠶᠠᠨ ᠠᠴᠠ ᠵᠢᠭᠠᠨ  ᠲᠤᠭᠳᠠᠭᠠᠭᠰᠠᠨ ᠬᠤᠳᠠ ᠶᠢᠨ ᠭᠠᠵᠠᠷ ᠰᠢᠷᠦᠢ ᠶᠢ ᠠᠰᠢᠭᠯᠠᠬᠤ ᠶᠡᠷᠦᠩᠭᠡᠢ ᠲᠦᠯᠦᠪᠵᠢᠬᠦᠯᠭᠡ ᠶᠢ ᠮᠤᠵᠢ᠂  ᠦᠪᠡᠷᠳᠡᠭᠡᠨ ᠵᠠᠰᠠᠬᠤ ᠤᠷᠤᠨ ᠤ ᠠᠷᠠᠳ ᠤᠨ ᠵᠠᠰᠠᠭ ᠤᠨ ᠤᠷᠳᠤᠨ ᠢᠶᠠᠷ ᠬᠢᠨᠠᠨ ᠪᠠᠶᠢᠴᠠᠭᠠᠯᠭᠠᠵᠦ  ᠵᠦᠪᠰᠢᠶᠡᠷᠡᠬᠦᠯᠦᠭᠰᠡᠨ ᠤ ᠲᠠᠷᠠᠭ᠎ᠠ ᠲᠦᠷᠦ ᠶᠢᠨ ᠶᠠᠪᠤᠳᠠᠯ ᠤ ᠬᠤᠷᠢᠶᠠᠨ ᠳᠤ ᠮᠡᠳᠡᠬᠦᠯᠵᠦ ᠵᠦᠪᠰᠢᠶᠡᠷᠡᠬᠦᠯᠦᠨ᠎ᠡ᠃          ᠲᠤᠰ ᠵᠦᠢᠯ ᠤᠨ ᠬᠤᠶᠠᠳᠤᠭᠠᠷ ᠪᠠᠳᠠᠭ᠂ ᠭᠤᠷᠪᠠᠳᠤᠭᠠᠷ ᠪᠠᠳᠠᠭ ᠲᠤ ᠲᠤᠭᠳᠠᠭᠠᠭᠰᠠᠨ ᠠᠴᠠ ᠭᠠᠳᠠᠨᠠᠬᠢ ᠭᠠᠵᠠᠷ  ᠰᠢᠷᠦᠢ ᠶᠢ ᠠᠰᠢᠭᠯᠠᠵᠦ ᠶᠡᠷᠦᠩᠭᠡᠢ ᠲᠦᠯᠦᠪᠵᠢᠬᠦᠯᠭᠡ ᠶᠢ ᠲᠡᠭᠡᠭᠰᠢ ᠪᠠᠨ ᠱᠠᠳᠣ ᠲᠠᠷᠠᠭᠠᠯᠠᠨ ᠮᠤᠵᠢ᠂ ᠦᠪᠡᠷᠳᠡᠭᠡᠨ  ᠵᠠᠰᠠᠬᠤ ᠤᠷᠤᠨ᠂ ᠰᠢᠭᠤᠳ ᠬᠠᠷᠢᠶ᠎ᠡ ᠬᠤᠳᠠ‌‍ᠶᠢᠨ ᠠᠷᠠᠳ ᠤᠨ ᠵᠠᠰᠠᠭ ᠤᠨ ᠤᠷᠳᠤᠨ ᠳᠤ ᠮᠡᠳᠡᠬᠦᠯᠵᠦ  ᠵᠦᠪᠰᠢᠶᠡᠷᠡᠭᠦᠯᠦᠨ᠎ᠡ︔ ᠡᠬᠦᠨ ᠤ ᠲᠤᠳᠤᠷ᠎ᠡ᠂ ᠰᠤᠮᠤ ︵ᠪᠠᠯᠭᠠᠰᠦ︶ ᠶᠢᠨ ᠭᠠᠵᠠᠷ ᠰᠢᠷᠦᠢ ᠶᠢ ᠠᠰᠢᠭᠯᠠᠬᠤ ᠶᠡᠷᠦᠩᠭᠡᠢ  ᠲᠦᠯᠦᠪᠵᠢᠬᠦᠯᠭᠡ ᠶᠢ ᠮᠤᠵᠢ ᠶᠢᠨ ᠱᠠᠳᠤᠨ ᠤ ᠠᠷᠠᠳ ᠤᠨ ᠵᠠᠰᠠᠭ ᠤᠨ ᠤᠷᠳᠤᠨ ᠠᠴᠠ ᠡᠷᠭᠡ ᠤᠯᠭᠤᠭᠰᠠᠨ  ᠲᠤᠭᠤᠷᠢᠭ ᠲᠠᠢ ᠬᠤᠳᠠ᠂ ᠦᠪᠡᠷᠳᠡᠭᠡᠨ ᠵᠠᠰᠠᠬᠤ ᠵᠸᠤ ᠶᠢᠨ ᠠᠷᠠᠳ ᠤᠨ ᠵᠠᠰᠠᠭ ᠤᠨ ᠤᠷᠳᠤᠨ ᠠᠴᠠ ᠵᠦᠪᠰᠢᠶᠡᠷᠡᠵᠦ  ᠪᠤᠯᠤᠨ᠎ᠠ᠃          ᠭᠠᠵᠠᠷ ᠰᠢᠷᠦᠢ ᠶᠢ ᠠᠰᠢᠭᠯᠠᠬᠤ ᠶᠡᠷᠦᠩᠭᠡᠢ ᠲᠦᠯᠦᠪᠵᠢᠬᠦᠯᠭᠡ ᠶᠢ ᠵᠦᠪᠰᠢᠶᠡᠷᠡᠬᠦᠯᠦᠭᠰᠡᠨ ᠤ ᠲᠠᠷᠠᠭ᠎ᠠ ᠡᠷᠭᠡᠪᠰᠢ  ᠴᠢᠩᠭ᠎ᠠ ᠬᠡᠷᠡᠭᠵᠢᠬᠦᠯᠬᠦ ᠬᠡᠷᠡᠭᠲᠠᠢ᠃          ᠬᠤᠷᠢᠨ ᠬᠤᠶᠠᠳᠤᠭᠠᠷ ᠵᠦᠢᠯ  ᠬᠤᠳᠠ ᠶᠢᠨ ᠪᠦᠳᠦᠭᠡᠨ ᠪᠠᠶᠢᠭᠤᠯᠤᠯᠳᠠ ᠳᠤ ᠬᠡᠷᠡᠭᠯᠡᠬᠦ ᠭᠠᠵᠠᠷ ᠤᠨ ᠬᠡᠪᠴᠢᠶ᠎ᠡ   ᠨᠢ ᠤᠯᠤᠰ ᠠᠴᠠ ᠲᠤᠭᠳᠠᠭᠠᠭᠰᠠᠨ ᠪᠡᠷᠢᠮᠵᠢᠶ᠎ᠠ ᠳᠤ ᠨᠡᠶᠢᠴᠡᠭᠰᠡᠨ ᠪᠠᠶᠢᠵᠦ᠂ ᠤᠳᠤ ᠪᠠᠶᠢᠭ᠎ᠠ ᠪᠦᠳᠦᠭᠡᠨ  ᠪᠠᠶᠢᠭᠤᠯᠤᠯᠳᠠ ᠳᠤ ᠬᠡᠷᠡᠭᠯᠡᠬᠦ ᠭᠠᠵᠠᠷ ᠢ ᠬᠦᠢᠴᠡᠳ ᠠᠰᠢᠭᠯᠠᠨ᠂ ᠲᠠᠷᠢᠶᠠᠯᠠᠩ ᠳᠤ ᠬᠡᠷᠡᠭᠯᠡᠬᠦ ᠭᠠᠵᠠᠷ ᠢ ᠡᠵᠡᠯᠡᠬᠦ ᠦᠭᠡᠢ  ᠪᠤᠶᠤ ᠠᠯᠢ ᠴᠢᠳᠠᠬᠤ ᠪᠠᠷ ᠪᠠᠭ᠎ᠠ ᠡᠵᠡᠯᠡᠬᠦ ᠬᠡᠷᠡᠭᠲᠠᠢ᠃          ᠬᠤᠳᠠ ᠶᠢᠨ ᠶᠡᠷᠦᠩᠭᠡᠢ ᠲᠦᠯᠦᠪᠵᠢᠬᠦᠯᠭᠡ᠂ ᠠᠶᠢᠯ ᠲᠤᠰᠬᠤᠨ ᠪᠠ ᠪᠠᠯᠭᠠᠰᠦ ᠶᠢᠨ ᠲᠦᠯᠦᠪᠵᠢᠬᠦᠯᠭᠡ ᠨᠢ  ᠭᠠᠵᠠᠷ ᠰᠢᠷᠦᠢ ᠶᠢ ᠠᠰᠢᠭᠯᠠᠬᠤ ᠶᠡᠷᠦᠩᠭᠡᠢ ᠲᠦᠯᠦᠪᠵᠢᠬᠦᠯᠭᠡ ᠲᠠᠢ ᠠᠪᠴᠠᠯᠳᠤᠭᠰᠠᠨ ᠪᠠᠶᠢᠬᠤ ᠬᠡᠷᠡᠭᠲᠠᠢ᠂  ᠬᠤᠳᠠ ᠶᠢᠨ ᠶᠡᠷᠦᠩᠭᠡᠢ ᠲᠦᠯᠦᠪᠵᠢᠬᠦᠯᠭᠡ᠂ ᠠᠶᠢᠯ ᠲᠤᠰᠬᠤᠨ ᠪᠠ ᠪᠠᠯᠭᠠᠰᠦ ᠶᠢᠨ ᠲᠦᠯᠦᠪᠵᠢᠬᠦᠯᠭᠡ ᠲᠤᠳᠤᠷᠠᠬᠢ  ᠪᠦᠳᠦᠭᠡᠨ ᠪᠠᠶᠢᠭᠤᠯᠤᠯᠳᠠ ᠳᠤ ᠬᠡᠷᠡᠭᠯᠡᠬᠦ ᠭᠠᠵᠠᠷ ᠤᠨ ᠭᠡᠪᠴᠢᠶ᠎ᠡ ᠨᠢ ᠭᠠᠵᠠᠷ ᠰᠢᠷᠦᠢ ᠶᠢ ᠠᠰᠢᠭᠯᠠᠬᠤ ᠶᠡᠷᠦᠩᠭᠡᠢ  ᠲᠦᠯᠦᠪᠵᠢᠬᠦᠯᠭᠡ ᠳᠤ ᠲᠤᠭᠳᠠᠭᠠᠭᠰᠠᠨ ᠬᠤᠳᠠ ᠪᠠ ᠠᠶᠢᠯ ᠲᠤᠰᠬᠤᠨ᠂ ᠪᠠᠯᠭᠠᠰᠦ ᠶᠢᠨ ᠪᠦᠳᠦᠭᠡᠨ  ᠪᠠᠶᠢᠭᠤᠯᠤᠯᠳᠠ ᠳᠤ ᠬᠡᠷᠡᠭᠯᠡᠬᠦ ᠭᠠᠵᠠᠷ ᠤᠨ ᠬᠡᠪᠴᠢᠶ᠎ᠡ ᠠᠴᠠ ᠬᠡᠳᠦᠷᠡᠵᠦ ᠪᠤᠯᠬᠤ ᠦᠭᠡᠢ᠃          ᠬᠤᠳᠠ ᠶᠢᠨ ᠲᠦᠯᠦᠪᠵᠢᠬᠦᠯᠭᠡ ᠶᠢᠨ ᠲᠤᠭᠤᠷᠢᠭ ᠤᠨ ᠲᠤᠳᠤᠷ᠎ᠡ᠂ ᠠᠶᠢᠯ ᠲᠤᠰᠬᠤᠨ ᠪᠠ ᠪᠠᠯᠭᠠᠰᠦ ᠶᠢᠨ  ᠲᠦᠯᠦᠪᠵᠢᠬᠦᠯᠭᠡ ᠶᠢᠨ ᠲᠤᠭᠤᠷᠢᠭ ᠤᠨ ᠲᠤᠳᠤᠷ᠎ᠡ᠂ ᠬᠤᠳᠠ ᠪᠤᠯᠤᠨ ᠠᠶᠢᠯ ᠲᠤᠰᠬᠤᠨ᠂ ᠪᠠᠯᠭᠠᠰᠦ ᠶᠢᠨ ᠪᠦᠳᠦᠭᠡᠨ  ᠪᠠᠶᠢᠭᠤᠯᠤᠯᠳᠠ ᠳᠤ ᠬᠡᠷᠡᠭᠯᠡᠬᠦ ᠭᠠᠵᠠᠷ ᠨᠢ ᠬᠤᠳᠠ ᠶᠢᠨ ᠲᠦᠯᠦᠪᠵᠢᠬᠦᠯᠭᠡ᠂ ᠠᠶᠢᠯ ᠲᠤᠰᠬᠤᠨ ᠪᠠ ᠪᠠᠯᠭᠠᠰᠦ ᠶᠢᠨ  ᠲᠦᠯᠦᠪᠵᠢᠬᠦᠯᠭᠡ ᠳᠤ ᠨᠡᠶᠢᠴᠡᠭᠰᠡᠨ ᠪᠠᠶᠢᠬᠤ ᠬᠡᠷᠡᠭᠲᠠᠢ᠃          ᠬᠤᠷᠢᠨ ᠭᠤᠷᠪᠠᠳᠦᠭᠠᠷ ᠵᠦᠢᠯ  ᠭᠤᠤᠯ ᠮᠦᠷᠡᠨ᠂ ᠨᠠᠭᠤᠷ ᠲᠤᠭᠤᠷᠢᠮ ᠢ ᠶᠡᠷᠦᠩᠭᠡᠶᠢᠯᠡᠨ ᠵᠠᠰᠠᠬᠤ ᠪᠠ ᠨᠡᠭᠡᠭᠡᠨ  ᠠᠰᠢᠭᠯᠠᠬᠤ ᠲᠦᠯᠦᠪᠵᠢᠬᠦᠯᠭᠡ ᠨᠢ ᠭᠠᠵᠠᠷ ᠰᠢᠷᠦᠢ ᠶᠢ ᠠᠰᠢᠭᠯᠠᠬᠤ ᠶᠡᠷᠦᠩᠭᠡᠢ ᠲᠦᠯᠦᠪᠵᠢᠬᠦᠯᠭᠡ ᠲᠠᠢ  ᠠᠪᠴᠠᠯᠳᠤᠭᠰᠠᠨ ᠪᠠᠶᠢᠬᠤ ᠬᠡᠷᠡᠭᠲᠠᠢ᠃ ᠭᠤᠤᠯ ᠮᠦᠷᠡᠨ᠂ ᠨᠠᠭᠤᠷ ᠲᠤᠭᠤᠷᠢᠮ᠂ ᠤᠰᠤᠨ ᠴᠦᠬᠦᠷᠦᠮ ᠤᠨ  ᠬᠠᠮᠢᠶᠠᠷᠤᠯᠳᠠ ᠪᠠ ᠬᠠᠮᠠᠭᠠᠯᠠᠯᠳᠠ ᠶᠢᠨ ᠬᠡᠪᠴᠢᠶᠡᠨ ᠲᠤᠳᠤᠷ᠎ᠡ ᠵᠢᠴᠢ ᠦᠶᠡᠷ ᠢ ᠲᠤᠭᠳᠠᠭᠠᠨ ᠬᠤᠷᠠᠭᠤᠯᠬᠤ ᠤᠷᠤᠨ ᠤ  ᠲᠤᠳᠤᠷᠠᠬᠢ ᠭᠠᠵᠠᠷ ᠰᠢᠷᠦᠢ ᠶᠢᠨ ᠠᠰᠢᠭᠯᠠᠯᠳᠠ ᠨᠢ ᠭᠤᠤᠯ ᠮᠦᠷᠡᠨ᠂ ᠨᠠᠭᠤᠷ ᠲᠤᠭᠤᠷᠢᠮ ᠢ ᠶᠡᠷᠦᠩᠭᠡᠶᠢᠯᠡᠨ ᠵᠠᠰᠠᠬᠤ  ᠪᠠ ᠨᠡᠭᠡᠭᠡᠨ ᠠᠰᠢᠭᠯᠠᠬᠤ ᠲᠦᠯᠦᠪᠵᠢᠬᠦᠯᠭᠡ ᠲᠠᠢ ᠨᠡᠶᠢᠴᠡᠵᠦ᠂ ᠭᠤᠤᠯ ᠤᠨ ᠵᠠᠮ᠂ ᠨᠠᠭᠤᠷ ᠲᠤᠭᠤᠷᠢᠮ ᠤᠨ ᠦᠶᠡᠷ ᠢ  ᠤᠷᠤᠰᠬᠠᠨ ᠦᠩᠭᠡᠷᠡᠬᠦᠯᠬᠦ᠂ ᠦᠶᠡᠷ ᠬᠤᠷᠠᠭᠤᠯᠬᠤ ᠪᠠ ᠤᠰᠤ ᠲᠠᠮᠵᠢᠭᠤᠯᠬᠤ ᠱᠠᠭᠠᠷᠳᠠᠯᠭ᠎ᠠ ᠲᠠᠢ ᠨᠡᠶᠢᠴᠡᠭᠰᠡᠨ  ᠪᠠᠶᠢᠬᠤ ᠬᠡᠷᠡᠭᠲᠠᠢ᠃          ᠬᠤᠷᠢᠨ ᠲᠦᠷᠪᠡᠳᠦᠭᠡᠷ ᠵᠦᠢᠯ  ᠡᠯ᠎ᠡ ᠱᠠᠳᠤᠨ ᠤ ᠠᠷᠠᠳ ᠤᠨ ᠵᠠᠰᠠᠭ ᠤᠨ ᠤᠷᠳᠤᠨ ᠨᠤᠭᠤᠳ ᠭᠠᠵᠠᠷ  ᠰᠢᠷᠦᠢ ᠶᠢᠨ ᠠᠰᠢᠭᠯᠠᠯᠳᠠ ᠶᠢᠨ ᠲᠤᠬᠠᠢ ᠲᠦᠯᠦᠪᠯᠡᠭᠡᠳᠦ ᠬᠠᠮᠢᠶᠠᠷᠤᠯᠳᠠ ᠪᠠᠨ ᠴᠢᠩᠭᠠᠳᠬᠠᠵᠦ᠂ ᠪᠦᠳᠦᠭᠡᠨ  ᠪᠠᠶᠢᠭᠤᠯᠤᠯᠳᠠ ᠳᠤ ᠬᠡᠷᠡᠭᠯᠡᠬᠦ ᠭᠠᠵᠠᠷ ᠤᠨ ᠶᠡᠷᠦᠩᠭᠡᠢ ᠬᠡᠮᠵᠢᠶ᠎ᠡ ᠶᠢ ᠬᠢᠵᠠᠭᠠᠷᠯᠠᠬᠤ ᠬᠡᠷᠡᠭᠲᠠᠢ᠃          ᠭᠠᠵᠠᠷ ᠰᠢᠷᠦᠢ ᠶᠢᠨ ᠠᠰᠢᠭᠯᠠᠯᠳᠠ ᠶᠢᠨ ᠤᠨ ᠤ ᠲᠦᠯᠦᠪᠯᠡᠭᠡ ᠶᠢ ᠤᠯᠤᠰ ᠠᠷᠠᠳ ᠤᠨ ᠠᠵᠦ ᠠᠬᠤᠢ ᠪᠠ  ᠨᠡᠶᠢᠭᠡᠮ ᠤᠨ ᠬᠦᠭᠵᠢᠯᠳᠡ ᠶᠢᠨ ᠲᠦᠯᠦᠪᠯᠡᠭᠡ᠂ ᠤᠯᠤᠰ ᠤᠨ ᠠᠵᠦ ᠦᠢᠯᠡᠰ ᠤᠨ ᠲᠦᠷᠦ ᠶᠢᠨ ᠪᠤᠳᠤᠯᠭ᠎ᠠ᠂ ᠭᠠᠵᠠᠷ  ᠰᠢᠷᠦᠢ ᠶᠢ ᠠᠰᠢᠭᠯᠠᠬᠤ ᠶᠡᠷᠦᠩᠭᠡᠢ ᠲᠦᠯᠦᠪᠵᠢᠬᠦᠯᠭᠡ ᠵᠢᠴᠢ ᠪᠦᠳᠦᠭᠡᠨ ᠪᠠᠶᠢᠭᠤᠯᠤᠯᠳᠠ ᠳᠤ ᠬᠡᠷᠡᠭᠯᠡᠬᠦ ᠭᠠᠵᠠᠷ ᠪᠤᠯᠤᠨ  ᠭᠠᠵᠠᠷ ᠰᠢᠷᠦᠢ ᠶᠢᠨ ᠠᠰᠢᠭᠯᠠᠯᠳᠠ ᠶᠢᠨ ᠪᠤᠳᠠᠳᠦ ᠪᠠᠶᠢᠳᠠᠯ ᠢ ᠦᠨᠳᠦᠰᠦᠯᠡᠵᠦ ᠨᠠᠶᠢᠷᠠᠭᠤᠯᠤᠨ ᠵᠤᠬᠢᠶᠠᠨ᠎ᠠ᠃ ᠭᠠᠵᠠᠷ  ᠰᠢᠷᠦᠢ ᠶᠢᠨ ᠠᠰᠢᠭᠯᠠᠯᠳᠠ ᠶᠢᠨ ᠤᠨ ᠤ ᠲᠦᠯᠦᠪᠯᠡᠭᠡ ᠶᠢ ᠨᠠᠶᠢᠷᠠᠭᠤᠯᠤᠨ ᠵᠤᠬᠢᠶᠠᠵᠦ ᠬᠢᠨᠠᠨ ᠵᠦᠪᠰᠢᠶᠡᠷᠡᠬᠦ ᠵᠢᠷᠦᠮ ᠨᠢ  ᠭᠠᠵᠠᠷ ᠰᠢᠷᠦᠢ ᠶᠢ ᠠᠰᠢᠭᠯᠠᠬᠤ ᠶᠡᠷᠦᠩᠭᠡᠢ ᠲᠦᠯᠦᠪᠵᠢᠬᠦᠯᠭᠡ ᠶᠢ ᠨᠠᠶᠢᠷᠠᠭᠤᠯᠤᠨ ᠵᠤᠬᠢᠶᠠᠵᠦ ᠬᠢᠨᠠᠨ ᠵᠦᠪᠰᠢᠶᠡᠷᠡᠬᠦ  ᠵᠢᠷᠦᠮ ᠲᠠᠢ ᠠᠳᠠᠯᠢ᠂ ᠬᠢᠨᠠᠨ ᠵᠦᠪᠰᠢᠶᠡᠷᠡᠵᠦ ᠪᠠᠭᠤᠯᠭᠠᠭᠰᠠᠨ ᠤ ᠲᠠᠷᠠᠭ᠎ᠠ ᠡᠷᠭᠡᠪᠰᠢ  ᠴᠢᠩᠭ᠎ᠠ ᠵᠢᠷᠦᠮᠯᠠᠨ  ᠬᠡᠷᠡᠭᠵᠢᠬᠦᠯᠬᠦ ᠬᠡᠷᠡᠭᠲᠠᠢ᠃          ᠬᠤᠷᠢᠨ ᠲᠠᠪᠤᠳᠤᠭᠠᠷ ᠵᠦᠢᠯ  ᠮᠤᠵᠢ᠂ ᠦᠪᠡᠷᠳᠡᠭᠡᠨ ᠵᠠᠰᠠᠬᠤ ᠤᠷᠤᠨ᠂ ᠰᠢᠭᠤᠳ ᠬᠠᠷᠢᠶ᠎ᠠ ᠬᠤᠳᠠ ᠶᠢᠨ  ᠠᠷᠠᠳ ᠤᠨ ᠵᠠᠰᠠᠭ ᠤᠨ ᠣᠷᠳᠤᠨ ᠨᠤᠭᠤᠳ ᠭᠠᠵᠠᠷ ᠰᠢᠷᠦᠢ ᠶᠢᠨ ᠠᠰᠢᠭᠯᠠᠯᠳᠠ ᠶᠢᠨ ᠤᠨ ᠤ ᠲᠦᠯᠦᠪᠵᠢᠬᠦᠯᠭᠡ ᠶᠢ  ᠬᠡᠷᠡᠭᠵᠢᠬᠦᠯᠦᠭᠰᠡᠨ ᠪᠠᠶᠢᠳᠠᠯ ᠢ ᠤᠯᠤᠰ ᠠᠷᠠᠳ ᠤᠨ ᠠᠵᠦ ᠠᠬᠤᠢ ᠪᠠ ᠨᠡᠶᠢᠭᠡᠮ ᠤᠨ ᠬᠦᠭᠵᠢᠯᠳᠡ ᠶᠢᠨ  ᠲᠦᠯᠦᠪᠯᠡᠭᠡ ᠶᠢ ᠬᠡᠷᠡᠭᠵᠢᠬᠦᠯᠦᠭᠰᠡᠨ ᠪᠠᠶᠢᠳᠠᠯ ᠤᠨ ᠢᠶᠠᠨ ᠠᠭᠤᠯᠭ᠎ᠠ ᠪᠤᠯᠭᠠᠭᠠᠳ ᠠᠳᠠᠯᠢ ᠱᠠᠳᠤᠨ ᠤ ᠠᠷᠠᠳ ᠤᠨ  ᠲᠦᠯᠦᠭᠡᠯᠡᠭᠴᠢᠳ ᠤᠨ ᠶᠡᠭᠡ ᠬᠤᠷᠠᠯ ᠳᠤ ᠮᠡᠳᠡᠬᠦᠯᠬᠦ ᠬᠡᠷᠡᠭᠲᠠᠢ᠃        ᠬᠤᠷᠢᠨ ᠵᠢᠷᠭᠤᠳᠤᠭᠠᠷ ᠵᠦᠢᠯ  ᠨᠢᠭᠡᠨᠳᠡ ᠵᠦᠪᠰᠢᠶᠡᠷᠡᠬᠦᠯᠦᠭᠰᠡᠨ ᠭᠠᠵᠠᠷ ᠰᠢᠷᠦᠢ ᠶᠢ ᠠᠰᠢᠭᠯᠠᠬᠤ ᠶᠡᠷᠦᠩᠭᠡᠢ  ᠲᠦᠯᠦᠪᠵᠢᠬᠦᠯᠭᠡ ᠳᠤ ᠵᠠᠰᠠᠪᠤᠷᠢ ᠤᠷᠤᠭᠤᠯᠬᠤ ᠳᠤ ᠬᠦᠷᠪᠡᠯ ᠡᠷᠭᠡᠪᠰᠢ ᠤᠤᠯ ᠤᠨ ᠵᠦᠪᠰᠢᠶᠡᠷᠡᠭᠰᠡᠨ ᠪᠠᠶᠢᠭᠤᠯᠭ᠎ᠠ ᠪᠠᠷ  ᠵᠦᠪᠰᠢᠶᠡᠷᠡᠬᠦᠯᠬᠦ ᠬᠡᠷᠡᠭᠲᠠᠢ︔ ᠵᠦᠪᠰᠢᠶᠡᠷᠡᠬᠦᠯᠦᠭᠰᠡᠨ ᠦᠭᠡᠢ ᠪᠤᠯ ᠭᠠᠵᠠᠷ ᠰᠢᠷᠦᠢ ᠶᠢ ᠠᠰᠢᠭᠯᠠᠬᠤ ᠶᠡᠷᠦᠩᠭᠡᠢ  ᠲᠦᠯᠦᠪᠵᠢᠬᠦᠯᠭᠡ ᠳᠤ ᠲᠤᠭᠳᠠᠭᠠᠭᠰᠠᠨ ᠭᠠᠵᠠᠷ ᠰᠢᠷᠦᠢ ᠶᠢᠨ ᠬᠡᠷᠡᠭᠯᠡᠯᠳᠡ ᠶᠢ ᠬᠤᠪᠢᠷᠠᠭᠤᠯᠵᠦ ᠪᠤᠯᠬᠤ ᠦᠭᠡᠢ᠃        ᠲᠦᠷᠦ ᠶᠢᠨ ᠶᠠᠪᠤᠳᠠᠯ ᠤᠨ ᠬᠤᠷᠢᠶᠠᠨ ᠤ ᠵᠦᠪᠰᠢᠶᠡᠷᠡᠭᠰᠡᠨ ᠡᠨᠧᠷᠬᠢ ᠶᠢᠨ ᠰᠣᠷᠪᠤᠯᠵᠢ᠂ ᠵᠠᠮ ᠬᠠᠷᠢᠯᠴᠠᠭ᠎ᠠ᠂  ᠤᠰᠤᠨ ᠠᠰᠢᠭᠯᠠᠯᠳᠠ ᠵᠡᠷᠭᠡ ᠲᠤᠮᠤ ᠬᠡᠯᠪᠡᠷᠢ ᠶᠢᠨ ᠰᠠᠭᠤᠷᠢ ᠲᠦᠬᠦᠭᠡᠷᠦᠮᠵᠢ ᠶᠢᠨ ᠪᠦᠳᠦᠭᠡᠨ ᠪᠠᠶᠢᠭᠤᠯᠤᠯᠳᠠ ᠳᠤ  ᠭᠠᠵᠠᠷ ᠬᠡᠷᠡᠭᠯᠡᠬᠦ ᠠᠴᠠ ᠪᠤᠯᠵᠦ ᠭᠠᠵᠠᠷ ᠰᠢᠷᠦᠢ ᠶᠢ ᠠᠰᠢᠭᠯᠠᠬᠤ ᠶᠡᠷᠦᠩᠭᠡᠢ ᠲᠦᠯᠦᠪᠵᠢᠬᠦᠯᠭᠡ ᠶᠢ ᠬᠤᠪᠢᠷᠠᠭᠤᠯᠬᠤ  ᠴᠢᠬᠤᠯᠠ ᠲᠠᠢ ᠪᠤᠯ᠂ ᠲᠦᠷᠦ ᠶᠢᠨ ᠶᠠᠪᠤᠳᠠᠯ ᠤᠨ ᠬᠤᠷᠢᠶᠠᠨ ᠤ ᠵᠦᠪᠰᠢᠶᠡᠷᠡᠭᠰᠡᠨ ᠪᠢᠴᠢᠭ ᠮᠠᠲ᠋ᠧᠷᠢᠶᠠᠯ ᠢ  ᠦᠨᠳᠦᠰᠦᠯᠡᠨ ᠭᠠᠵᠠᠷ ᠰᠢᠷᠦᠢ ᠶᠢ ᠠᠰᠢᠭᠯᠠᠬᠤ ᠶᠡᠷᠦᠩᠭᠡᠢ ᠲᠦᠯᠦᠪᠵᠢᠬᠦᠯᠭᠡ ᠳᠤ ᠵᠠᠰᠠᠪᠤᠷᠢ ᠤᠷᠤᠭᠤᠯᠤᠨ᠎ᠠ᠃          ᠮᠤᠵᠢ᠂ ᠦᠪᠡᠷᠳᠡᠭᠡᠨ ᠵᠠᠰᠠᠬᠤ ᠤᠷᠤᠨ᠂ ᠰᠢᠭᠤᠳ ᠬᠠᠷᠢᠶ᠎ᠡ ᠬᠤᠳᠠ ᠶᠢᠨ ᠠᠷᠠᠳ ᠤᠨ ᠵᠠᠰᠠᠭ ᠤᠨ ᠤᠷᠳᠤᠨ ᠤ  ᠵᠦᠪᠰᠢᠶᠡᠷᠡᠭᠰᠡᠨ ᠡᠨᠧᠷᠬᠢ ᠶᠢᠨ ᠰᠤᠷᠪᠤᠯᠵᠢ᠂ ᠵᠠᠮ ᠬᠠᠷᠢᠯᠴᠠᠭ᠎ᠠ᠂ ᠤᠰᠤᠨ ᠠᠰᠢᠭᠯᠠᠯᠳᠠ ᠵᠡᠷᠭᠡ ᠰᠠᠭᠤᠷᠢ  ᠲᠦᠬᠦᠭᠡᠷᠦᠮᠵᠢ ᠶᠢᠨ ᠪᠦᠳᠦᠭᠡᠨ ᠪᠠᠶᠢᠭᠤᠯᠤᠯᠳᠠ ᠳᠤ ᠭᠠᠵᠠᠷ ᠬᠡᠷᠡᠭᠯᠡᠬᠦ ᠠᠴᠠ ᠪᠤᠯᠵᠦ ᠭᠠᠵᠠᠷ ᠰᠢᠷᠦᠢ ᠶᠢ ᠠᠰᠢᠭᠯᠠᠬᠤ  ᠶᠡᠷᠦᠩᠭᠡᠢ ᠲᠦᠯᠦᠪᠵᠢᠬᠦᠯᠭᠡ ᠶᠢ  ᠬᠤᠪᠢᠷᠠᠭᠤᠯᠬᠤ ᠴᠢᠬᠤᠯᠠ ᠲᠠᠢ ᠪᠤᠯ᠂ ᠮᠤᠵᠢ ᠶᠢᠨ ᠱᠠᠳᠤᠨ ᠤ ᠠᠷᠠᠳ ᠤᠨ  ᠵᠠᠰᠠᠭ ᠤᠨ ᠤᠷᠳᠤᠨ ᠤ ᠭᠠᠵᠠᠷ ᠰᠢᠷᠦᠢ ᠶᠢ ᠠᠰᠢᠭᠯᠠᠬᠤ ᠶᠡᠷᠦᠩᠭᠡᠢ ᠲᠦᠯᠦᠪᠵᠢᠬᠦᠯᠭᠡ ᠶᠢ ᠵᠦᠪᠰᠢᠶᠡᠷᠡᠬᠦ ᠡᠷᠭᠡ ᠶᠢᠨ  ᠬᠡᠪᠴᠢᠶᠡᠨ ᠳᠤ ᠬᠠᠷᠢᠶᠠᠯᠠᠭᠳᠠᠵᠦ ᠪᠠᠶᠢᠪᠠᠯ᠂ ᠮᠤᠵᠢ ᠶᠢᠨ ᠱᠠᠳᠤᠨ ᠤ ᠠᠷᠠᠳ ᠤᠨ ᠵᠠᠰᠠᠭ ᠤᠨ ᠣᠷᠳᠤᠨ ᠤ  ᠵᠦᠪᠰᠢᠶᠡᠷᠡᠭᠰᠡᠨ ᠪᠢᠴᠢᠭ ᠮᠠᠲ᠋ᠧᠷᠢᠶᠠᠯ ᠢ ᠦᠨᠳᠦᠰᠦᠯᠡᠨ ᠭᠠᠵᠠᠷ ᠰᠢᠷᠦᠢ ᠶᠢ ᠠᠰᠢᠭᠯᠠᠬᠤ ᠶᠡᠷᠦᠩᠭᠡᠢ  ᠲᠦᠯᠦᠪᠵᠢᠬᠦᠯᠭᠡ ᠳᠤ ᠵᠠᠰᠠᠪᠤᠷᠢ ᠤᠷᠤᠭᠤᠯᠤᠨ᠎ᠠ᠃          ᠬᠤᠷᠢᠨ ᠲᠤᠯᠤᠳᠤᠭᠠᠷ ᠵᠦᠢᠯ  ᠤᠯᠤᠰ ᠠᠴᠠ ᠭᠠᠵᠠᠷ ᠰᠢᠷᠦᠢ ᠶᠢᠨ ᠪᠠᠶᠢᠴᠠᠭᠠᠯᠳᠠ ᠬᠢᠬᠦ ᠲᠦᠷᠢᠮ ᠢ  ᠪᠠᠶᠢᠭᠤᠯᠤᠨ᠎ᠠ᠃          ᠰᠢᠶᠠᠨ ᠤ ᠱᠠᠳᠤᠨ ᠠᠴᠠ ᠲᠡᠭᠡᠭᠰᠢᠬᠢ ᠠᠷᠠᠳ ᠤᠨ ᠵᠠᠰᠠᠭ ᠤᠨ ᠤᠷᠳᠤᠨ ᠤ ᠭᠠᠵᠠᠷ ᠰᠢᠷᠦᠢ ᠶᠢᠨ ᠵᠠᠰᠠᠭ  ᠵᠠᠬᠢᠷᠭᠠᠨ ᠤ ᠡᠷᠬᠢᠯᠡᠨ ᠬᠠᠮᠢᠶᠠᠷᠬᠤ ᠰᠠᠯᠠᠭ᠎ᠠ ᠮᠦᠴᠢᠷ ᠠᠳᠠᠯᠢ ᠱᠠᠳᠤᠨ ᠤ ᠪᠠᠨ ᠬᠤᠯᠪᠤᠭᠳᠠᠯ ᠪᠦᠬᠦᠢ ᠰᠠᠯᠠᠭ᠎ᠠ  ᠮᠦᠴᠢᠷ ᠲᠠᠢ ᠬᠠᠮᠳᠤᠷᠠᠨ ᠭᠠᠵᠠᠷ ᠰᠢᠷᠦᠢ ᠶᠢᠨ ᠪᠠᠶᠢᠴᠠᠭᠠᠯᠳᠠ ᠬᠢᠨ᠎ᠡ᠃ ᠭᠠᠵᠷ ᠰᠢᠷᠦᠢ ᠦᠮᠴᠢᠯᠡᠭᠴᠢ ᠪᠤᠶᠤ  ᠬᠡᠷᠡᠭᠯᠡᠭᠴᠢ ᠨᠢ ᠪᠠᠶᠢᠴᠠᠭᠠᠯᠳᠠ ᠳᠤ ᠬᠠᠮᠵᠢᠯᠴᠠᠬᠤ ᠶᠢᠨ ᠬᠠᠮᠳᠦ ᠬᠤᠯᠪᠤᠭᠳᠠᠯ ᠪᠦᠬᠦᠢ ᠮᠠᠲ᠋ᠧᠷᠢᠶᠠᠯ ᠢ ᠬᠠᠩᠭᠠᠵᠦ  ᠦᠭᠬᠦ ᠬᠡᠷᠡᠭᠲᠠᠢ᠃          ᠬᠤᠷᠢᠨ ᠨᠠᠢᠮᠠᠳᠦᠭᠠᠷ ᠵᠦᠢᠯ  ᠰᠢᠶᠠᠨ ᠤ ᠱᠠᠳᠤᠨ ᠠᠴᠠ ᠲᠡᠭᠡᠭᠰᠢᠬᠢ ᠠᠷᠠᠳ ᠤᠨ ᠵᠠᠰᠠᠭ ᠤᠨ ᠣᠷᠳᠤᠨ ᠤ  ᠭᠠᠵᠠᠷ ᠰᠢᠷᠦᠢ ᠶᠢᠨ ᠵᠠᠰᠠᠭ ᠵᠠᠬᠢᠷᠭᠠᠨ ᠤ ᠡᠷᠬᠢᠯᠡᠨ ᠬᠠᠮᠢᠶᠠᠷᠬᠤ ᠰᠠᠯᠠᠭ᠎ᠠ ᠮᠦᠴᠢᠷ ᠠᠳᠠᠯᠢ ᠱᠠᠳᠣᠨ ᠤ ᠪᠠᠨ  ᠬᠤᠯᠪᠤᠭᠳᠠᠯ ᠪᠦᠬᠦᠢ ᠰᠠᠯᠠᠭ᠎ᠠ ᠮᠦᠴᠢᠷ ᠲᠠᠢ ᠬᠠᠮᠳᠣᠷᠠᠵᠦ᠂ ᠭᠠᠵᠠᠷ ᠰᠢᠷᠦᠢ ᠶᠢ ᠪᠠᠶᠢᠴᠠᠭᠠᠭᠰᠠᠨ ᠦᠷ᠎ᠡ ᠪᠦᠳᠦᠭᠡᠯ᠂  ᠲᠦᠯᠦᠪᠵᠢᠬᠦᠯᠦᠭᠰᠡᠨ ᠭᠠᠵᠠᠷ ᠰᠢᠷᠦᠢ ᠶᠢᠨ ᠬᠡᠷᠡᠭᠯᠡᠯᠳᠡ ᠪᠠ ᠤᠯᠤᠰ ᠠᠴᠠ ᠲᠤᠭᠳᠠᠭᠠᠭᠰᠠᠨ ᠨᠢᠭᠡᠳᠦᠯᠲᠠᠢ  ᠪᠠᠷᠢᠮᠵᠢᠶ᠎ᠡ ᠶᠢ ᠦᠨᠳᠦᠰᠦᠯᠡᠵᠦ ᠪᠠᠶᠢᠭᠠᠳ ᠭᠠᠵᠷ ᠰᠢᠷᠦᠢ ᠶᠢᠨ ᠵᠡᠷᠭᠡ ᠲᠡᠰ ᠢ ᠦᠨᠡᠯᠡᠨ ᠲᠤᠭᠳᠠᠭᠠᠨ᠎ᠠ᠃          ᠬᠤᠷᠢ ᠶᠢᠰᠦᠳᠦᠭᠡᠷ ᠵᠦᠢᠯ  ᠣᠯᠣᠰ ᠠᠴᠠ ᠭᠠᠵᠠᠷ ᠰᠢᠷᠦᠢ ᠶᠢᠨ ᠲᠤᠭ᠎ᠠ ᠪᠦᠷᠢᠳᠭᠡᠯ ᠤᠨ ᠲᠦᠷᠢᠮ ᠢ   ᠪᠠᠶᠢᠭᠤᠯᠤᠨ᠎ᠠ᠃          ᠰᠢᠶᠠᠨ ᠤ ᠱᠠᠳᠤᠨ ᠠᠴᠠ ᠲᠡᠭᠡᠭᠰᠢᠬᠢ ᠠᠷᠠᠳ ᠤᠨ ᠵᠠᠰᠠᠭ ᠤᠨ ᠤᠷᠳᠤᠨ ᠤ ᠭᠠᠵᠠᠷ ᠰᠢᠷᠦᠢ ᠶᠢᠨ ᠵᠠᠰᠠᠭ  ᠵᠠᠬᠢᠷᠭᠠᠨ ᠤ ᠡᠷᠬᠢᠯᠡᠨ ᠬᠠᠮᠢᠶᠠᠷᠬᠤ ᠰᠠᠯᠠᠭ᠎ᠠ ᠮᠦᠴᠢᠷ ᠪᠤᠯᠤᠨ ᠠᠳᠠᠯᠢ ᠱᠠᠳᠤᠨ ᠤ ᠲᠤᠭ᠎ᠠ ᠪᠦᠷᠢᠳᠭᠡᠯ ᠤᠨ ᠰᠠᠯᠠᠭ᠎ᠠ  ᠮᠦᠴᠢᠷ ᠲᠤᠭ᠎ᠠ ᠪᠦᠷᠢᠳᠭᠡᠯ ᠤᠨ ᠪᠠᠶᠢᠴᠠᠭᠠᠯᠳᠠ ᠬᠢᠬᠦ ᠲᠦᠰᠦᠯ ᠢ ᠬᠠᠮᠳᠦ ᠪᠠᠷ ᠲᠤᠭᠳᠠᠭᠠᠭᠠᠳ ᠭᠠᠵᠠᠷ ᠰᠢᠷᠦᠢ ᠶᠢᠨ  ᠲᠤᠭ᠎ᠠ ᠪᠦᠷᠢᠳᠭᠡᠯ ᠢ ᠬᠠᠤᠯᠢ ᠶᠤᠰᠤᠭᠠᠷ ᠬᠢᠵᠦ᠂  ᠭᠠᠵᠠᠷ  ᠰᠢᠷᠦᠢ ᠶᠢᠨ ᠲᠤᠭ᠎ᠠ ᠪᠦᠷᠢᠳᠭᠡᠯ ᠤᠨ ᠮᠠᠲ᠋ᠧᠷᠢᠶᠠᠯ ᠢ  ᠲᠤᠭᠳᠠᠮᠠᠯ ᠬᠤᠭᠤᠴᠠᠭ᠎ᠠ ᠲᠠᠢ ᠪᠠᠷ ᠨᠡᠶᠢᠳᠡᠯᠡᠨ᠎ᠡ᠃ ᠭᠠᠵᠠᠷ ᠰᠢᠷᠦᠢ ᠦᠮᠴᠢᠯᠡᠭᠴᠢ ᠪᠤᠶᠤ ᠬᠡᠷᠡᠭᠯᠡᠭᠴᠢ ᠬᠤᠯᠪᠤᠭᠳᠠᠯ  ᠪᠦᠬᠦᠢ ᠮᠠᠲ᠋ᠧᠷᠢᠶᠠᠯ ᠢ ᠬᠠᠩᠭᠠᠵᠦ ᠦᠭᠬᠦ ᠬᠡᠷᠡᠭᠲᠠᠢ᠂ ᠬᠤᠳᠠᠯ ᠮᠡᠳᠡᠬᠦᠯᠵᠦ᠂ ᠲᠠᠷᠤᠭᠠᠳ ᠮᠡᠳᠡᠬᠦᠯᠬᠦ ᠦᠭᠡᠢ ᠪᠠᠶᠢᠵᠦ᠂  ᠮᠡᠳᠡᠬᠦᠯᠬᠦ ᠶᠢ ᠲᠡᠪᠴᠢᠵᠦ᠂ ᠤᠳᠠᠭᠠᠰᠢᠷᠠᠭᠤᠯᠤᠨ ᠮᠡᠳᠡᠬᠦᠯᠵᠦ ᠪᠤᠯᠬᠤ ᠦᠭᠡᠢ᠃          ᠭᠠᠵᠠᠷ ᠰᠢᠷᠦᠢ ᠶᠢᠨ ᠵᠠᠰᠠᠭ ᠵᠠᠬᠢᠷᠭᠠᠨ ᠤ ᠡᠷᠬᠢᠯᠡᠨ ᠬᠠᠮᠢᠶᠠᠷᠬᠤ ᠰᠠᠯᠠᠭ᠎ᠠ ᠮᠦᠴᠢᠷ ᠪᠤᠯᠤᠨ ᠲᠤᠭ᠎ᠠ  ᠪᠦᠷᠢᠳᠭᠡᠯ ᠤᠨ ᠰᠠᠯᠠᠭ᠎ᠠ ᠮᠦᠴᠢᠷ ᠤᠨ ᠬᠠᠮᠳᠦᠪᠡᠷ ᠨᠡᠶᠢᠳᠡᠯᠡᠭᠰᠡᠨ ᠭᠠᠵᠠᠷ ᠰᠢᠷᠦᠢ ᠶᠢᠨ ᠲᠠᠯᠠᠪᠠᠢ ᠶᠢᠨ ᠲᠤᠭ᠎ᠠ  ᠪᠦᠷᠢᠳᠭᠡᠯ ᠤᠨ ᠮᠠᠲ᠋ᠧᠷᠢᠶᠠᠯ ᠪᠤᠯ ᠡᠯ᠎ᠡ ᠱᠠᠳᠤᠨ ᠤ ᠠᠷᠠᠳ ᠤᠨ ᠵᠠᠰᠠᠭ ᠤᠨ ᠣᠷᠳᠤᠨ ᠤ ᠭᠠᠵᠠᠷ ᠰᠢᠷᠦᠢ ᠶᠢ  ᠠᠰᠢᠭᠯᠠᠬᠤ ᠶᠡᠷᠦᠩᠭᠡᠢ ᠲᠦᠯᠦᠪᠵᠢᠬᠦᠯᠭᠡ ᠨᠠᠶᠢᠷᠠᠭᠤᠯᠤᠨ ᠵᠤᠬᠢᠶᠠᠬᠤ ᠦᠨᠳᠦᠰᠦ ᠪᠠᠷᠢᠮᠳᠠ ᠮᠦᠨ᠃          ᠭᠤᠴᠢᠳᠤᠭᠠᠷ ᠵᠦᠢᠯ  ᠤᠯᠤᠰ ᠠᠴᠠ ᠪᠦᠬᠦ ᠤᠯᠤᠰ ᠤᠨ ᠭᠠᠵᠠᠷ ᠰᠢᠷᠦᠢ ᠶᠢᠨ ᠬᠠᠮᠢᠶᠠᠷᠤᠯᠳᠠ ᠶᠢᠨ ᠮᠡᠳᠡᠭᠡ  ᠵᠠᠩᠬᠢ ᠶᠢᠨ ᠰᠢᠰᠲ᠋ᠧᠮ ᠢ ᠪᠠᠶᠢᠭᠤᠯᠵᠦ᠂ ᠭᠠᠵᠠᠷ ᠰᠢᠷᠦᠢ ᠠᠰᠢᠭᠯᠠᠵᠦ ᠪᠠᠶᠢᠭ᠎ᠠ ᠪᠠᠶᠢᠳᠠᠯ ᠢ ᠬᠦᠳᠡᠯᠦᠩᠬᠦᠢ ᠪᠠᠷ  ᠬᠢᠨᠠᠵᠦ ᠬᠡᠮᠵᠢᠨ᠎ᠡ᠃
 
ᠢᠷᠡᠯᠲᠡ᠄ ᠤᠯᠠᠭᠠᠨᠬᠠᠳᠠ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备12002332号