ᠰᠢᠯᠭᠠᠯᠳᠠ ᠬᠢᠵᠤ ᠰᠤᠷᠤᠭᠴᠢ ᠡᠯᠰᠡᠬᠦ ᠲᠦᠷᠢᠮ ᠤᠨ ᠦᠭᠡᠷᠡᠴᠢᠯᠡᠯᠳᠡ ᠶᠢᠨ ᠶᠡᠷᠦᠩᠭᠡᠢ ᠲᠦᠰᠦᠯ᠄ | ᠨᠢᠭᠡ᠂ ᠡᠩ ᠤᠨ ᠲᠡᠭᠡᠳᠤ ᠵᠡᠷᠭᠡ ᠶᠢᠨ ᠰᠤᠷᠭᠠᠭᠤᠯᠢ ᠶᠢᠨ ᠵᠢᠩᠬᠢᠨᠢ ᠠᠩᠬᠢ ᠪᠤᠯᠤᠨ ᠲᠡᠭᠡᠳᠤ ᠵᠡᠷᠭᠡ ᠶᠢᠨ | ᠠᠵᠢᠯ ᠮᠡᠷᠭᠡᠵᠢᠯ ᠤᠨ ᠰᠤᠷᠭᠠᠨ ᠬᠦᠮᠦᠵᠢᠯ ᠤᠨ ᠰᠤᠷᠭᠠᠭᠤᠯᠢ ᠳᠤ ᠤᠷᠤᠬᠤ ᠰᠢᠯᠭᠠᠯᠳᠠ ᠶᠢ ᠰᠠᠯᠭᠠᠵᠤ᠂ | ᠴᠢᠳᠠᠪᠤᠷᠢᠳᠠᠨ ᠢ ᠰᠤᠩᠭᠤᠨ ᠰᠢᠯᠭᠠᠷᠠᠭᠤᠯᠬᠤ ᠠᠷᠭ᠎ᠠ ᠶᠢ ᠬᠡᠷᠡᠭᠵᠢᠬᠦᠯᠦᠨ᠎ᠡ᠃ | ᠬᠤᠶᠠᠷ᠂ ᠦᠨᠳᠦᠷ ᠵᠡᠷᠭᠡ ᠶᠢᠨ ᠲᠤᠮᠳᠠᠳᠤ ᠰᠤᠷᠭᠠᠭᠤᠯᠢ ᠶᠢᠨ ᠰᠤᠷᠤᠯᠭ᠎ᠠ ᠶᠢᠨ ᠰᠢᠯᠭᠠᠯᠳᠠ ᠪᠤᠯᠤᠨ | ᠶᠡᠷᠦᠩᠭᠡᠶᠢᠯᠡᠭᠰᠡᠨ ᠬᠡᠪ ᠴᠢᠨᠠᠷ ᠢ ᠦᠨᠡᠯᠡᠬᠦ ᠠᠷᠭ᠎ᠠ ᠶᠢ ᠲᠡᠬᠦᠯᠳᠡᠷᠵᠢᠬᠦᠯᠦᠨ᠂ ᠰᠤᠷᠤᠭᠴᠢᠳ ᠢ ᠬᠢᠴᠢᠶᠠᠯ ᠲᠦᠷᠦᠯ | ᠪᠦᠬᠦᠨ ᠢ ᠰᠠᠶᠢᠳᠦᠷ ᠰᠤᠷᠤᠯᠴᠠᠬᠤ ᠲᠡᠰᠢ ᠬᠦᠳᠦᠯᠦᠨ ᠵᠢᠯᠤᠭᠤᠳᠴᠤ᠂ ᠨᠡᠶᠢᠭᠡᠮ ᠤᠨ ᠰᠢᠨᠵᠢᠯᠡᠭᠡᠨ ᠪᠠ | ᠪᠠᠶᠢᠭᠠᠯᠢ ᠶᠢᠨ ᠰᠢᠨᠵᠢᠯᠡᠭᠡᠨ ᠭᠡᠵᠤ ᠬᠤᠪᠢᠶᠠᠬᠤ ᠶᠢ ᠦᠭᠡᠶᠢᠰᠭᠡᠨ᠎ᠡ᠃ | ᠭᠤᠷᠪᠠ᠂ ᠵᠠᠷᠢᠮ ᠬᠢᠴᠢᠶᠠᠯ ᠲᠦᠷᠦᠯ ᠢ ᠵᠢᠯ ᠳᠤ ᠤᠯᠠᠨ ᠤᠳᠠᠭ᠎ᠠ ᠰᠢᠯᠭᠠᠬᠤ ᠠᠷᠭ᠎ᠠ ᠶᠢ ᠠᠪᠴᠤ | ᠰᠤᠷᠤᠭᠴᠢᠳ ᠤᠨ ᠨᠢᠭᠡᠳᠦᠯᠳᠡᠢ ᠰᠢᠯᠭᠠᠯᠳᠠ ᠳᠤ ᠤᠷᠤᠯᠴᠠᠬᠤ ᠲᠠᠷᠤᠭᠠᠰᠤ ᠶᠢ ᠬᠦᠩᠭᠡᠷᠡᠬᠦᠯᠦᠨ᠎ᠡ᠃ | ᠲᠦᠷᠪᠡ᠂ ᠨᠢᠭᠡᠳᠦᠯᠳᠡᠢ ᠰᠢᠯᠭᠠᠯᠳᠠ ᠶᠢᠨ ᠰᠤᠷᠤᠭᠴᠢ ᠡᠯᠰᠡᠬᠦ ᠤᠷᠤᠨ ᠲᠤᠭ᠎ᠠ ᠶᠢ ᠬᠤᠪᠢᠶᠠᠨ ᠲᠤᠬᠢᠷᠠᠭᠤᠯᠬᠤ | ᠠᠷᠭ᠎ᠠ ᠶᠢ ᠲᠡᠬᠦᠯᠳᠡᠷᠵᠢᠬᠦᠯᠵᠤ᠂ ᠰᠤᠷᠭᠠᠭᠤᠯᠢ ᠲᠡᠪᠰᠢᠬᠦ ᠳᠤ ᠬᠠᠷᠠᠭᠠᠯᠵᠠᠯ ᠤᠨ ᠬᠤᠪᠢ ᠨᠡᠮᠡᠬᠦ ᠲᠦᠷᠦ ᠶᠢᠨ | ᠪᠤᠳᠤᠯᠭ᠎ᠠ ᠶᠢ ᠲᠦᠷᠢᠮᠵᠢᠬᠦᠯᠦᠨ᠂ ᠰᠢᠯᠭᠠᠯᠳᠠ ᠬᠢᠵᠤ ᠰᠤᠷᠤᠭᠴᠢ ᠡᠯᠰᠡᠬᠦ ᠲᠦᠷᠢᠮ ᠤᠨ ᠡᠷᠭᠡ ᠲᠡᠭᠰᠢ᠂ ᠲᠦᠪ | ᠭᠤᠤᠯᠴᠢ ᠶᠢ ᠬᠠᠮᠠᠭᠠᠯᠠᠨ᠎ᠠ᠃ | ᠲᠠᠪᠤ᠂ ᠤᠯᠠᠨ ᠠᠷᠭ᠎ᠠ ᠵᠠᠮ ᠢᠶᠠᠷ ᠰᠤᠷᠭᠠᠭᠤᠯᠢ ᠲᠡᠪᠰᠢᠬᠦ ᠪᠠ ᠰᠤᠷᠤᠯᠴᠠᠬᠤ ᠵᠦᠷᠢᠯᠢᠭ ᠬᠦᠬᠦᠷᠭᠡ ᠶᠢ | ᠲᠦᠷᠭᠡᠳᠭᠡᠨ ᠪᠠᠶᠢᠭᠤᠯᠵᠤ᠂ ᠰᠤᠷᠤᠭᠴᠢᠳ ᠲᠤ ᠴᠢᠳᠠᠪᠤᠷᠢᠳᠠᠨ ᠪᠤᠯᠵᠤ ᠦᠰᠴᠤ ᠪᠤᠶᠢᠵᠢᠬᠤ ᠶᠠᠪᠤᠴᠠ ᠳᠤ ᠤᠯᠠᠨ | ᠤᠳᠠᠭᠠᠨ ᠤ ᠰᠤᠩᠭᠤᠯᠳᠠ ᠬᠢᠬᠦ ᠠᠵᠠ ᠲᠤᠬᠢᠶᠠᠯ ᠬᠠᠩᠭᠠᠨ᠎ᠠ᠃ | ᠵᠢᠷᠭᠤᠭ᠎ᠠ᠂ ᠦᠨᠳᠦᠷ ᠵᠡᠷᠭᠡ ᠶᠢᠨ ᠲᠤᠮᠳᠠᠳᠤ ᠰᠤᠷᠭᠠᠭᠤᠯᠢ ᠳᠤ ᠨᠡᠶᠢᠭᠡᠮ ᠤᠨ ᠰᠢᠨᠵᠢᠯᠡᠭᠡᠨ ᠪᠠ | ᠪᠠᠶᠢᠭᠠᠯᠢ ᠶᠢᠨ ᠰᠢᠨᠵᠢᠯᠡᠭᠡᠨ ᠭᠡᠵᠤ ᠬᠤᠪᠢᠶᠠᠬᠤ ᠦᠭᠡᠢ︔ 2015 ᠤᠨ ᠠᠴᠠ ᠡᠬᠢᠯᠡᠵᠤ ᠪᠡᠶ᠎ᠡ ᠶᠢᠨ ᠲᠠᠮᠢᠷ᠂ | ᠤᠷᠠᠯᠢᠭ ᠵᠡᠷᠭᠡ ᠤᠨᠴᠠᠭᠠᠢ ᠴᠢᠳᠠᠪᠤᠷᠢ ᠶᠢᠨ ᠰᠤᠷᠤᠭᠴᠢ ᠳᠤ ᠬᠤᠪᠢ ᠨᠡᠮᠡᠬᠦ ᠲᠦᠷᠦᠯ ᠵᠦᠢᠯ ᠢ ᠦᠭᠡᠶᠢᠰᠭᠡᠨ᠎ᠡ︔ | ᠦᠪᠡᠷ ᠢᠶᠠᠨ ᠡᠵᠡᠨ ᠮᠡᠳᠡᠵᠤ ᠰᠤᠷᠤᠭᠴᠢ ᠡᠯᠰᠡᠬᠦ ᠬᠦᠷᠢᠶ᠎ᠠ ᠬᠡᠪᠴᠢᠶ᠎ᠡ ᠶᠢ ᠡᠷᠡᠰ ᠬᠢᠵᠠᠭᠠᠷᠯᠠᠨ᠎ᠠ︔ ᠨᠢᠭᠡᠳᠦᠯᠳᠡᠢ | ᠰᠢᠯᠭᠠᠯᠳᠠ ᠶᠢᠨ ᠬᠢᠷᠢ ᠪᠦᠳᠦᠮᠵᠢ ᠶᠢ ᠢᠯᠡ ᠨᠡᠶᠢᠳᠡᠯᠡᠭᠰᠡᠨ ᠤ ᠲᠠᠷᠠᠭ᠎ᠠ ᠰᠤᠷᠭᠠᠭᠤᠯᠢ ᠳᠤ ᠤᠷᠤᠬᠤ ᠡᠷᠡᠮᠡᠯᠵᠡᠯ | ᠲᠠᠭᠯᠠᠬᠤ ᠶᠢ ᠬᠡᠷᠡᠭᠵᠢᠬᠦᠯᠦᠨ᠎ᠡ ︔ ᠬᠦᠳᠡᠭᠡ ᠲᠤᠰᠬᠤᠨ ᠤ ᠰᠤᠷᠤᠭᠴᠢ ᠶᠢᠨ ᠭᠤᠤᠯᠳᠠᠯᠭ᠎ᠠ ᠲᠠᠢ ᠶᠡᠭᠡ | ᠰᠤᠷᠭᠠᠭᠤᠯᠢ ᠳᠤ ᠤᠷᠤᠬᠤ ᠲᠤᠭ᠎ᠠ ᠶᠢ ᠨᠡᠮᠡᠭᠳᠡᠬᠦᠯᠦᠨ᠎ᠡ︔ 2014 ᠤᠨ ᠳᠤ ᠲᠤᠷᠰᠢᠯᠳᠠ ᠶᠢᠨ ᠴᠢᠭ᠋ ᠢ | ᠬᠡᠷᠡᠭᠵᠢᠬᠦᠯᠵᠤ᠂ 2017 ᠤᠨ ᠳᠤ ᠪᠦᠬᠦ ᠲᠠᠯ᠎ᠠ ᠪᠠᠷ ᠬᠡᠷᠡᠭᠵᠢᠬᠦᠯᠵᠤ᠂ 2020 ᠤᠨ ᠪᠤᠯᠬᠤ ᠳᠤ | ᠦᠨᠳᠦᠰᠦᠨ ᠳᠡᠭᠡᠨ ᠲᠦᠭᠡᠮᠡᠯᠵᠢᠬᠦᠯᠦᠨ᠎ᠡ᠃ | ᠰᠢᠯᠭᠠᠯᠳᠠ ᠬᠢᠵᠤ ᠰᠤᠷᠤᠭᠴᠢ ᠡᠯᠰᠡᠬᠦ ᠲᠦᠷᠢᠮ ᠤᠨ ᠦᠭᠡᠷᠡᠴᠢᠯᠡᠯᠳᠡ ᠶᠢᠨ ᠶᠡᠷᠦᠩᠭᠡᠢ ᠬᠠᠷᠠᠯᠳᠠ᠄ | 2014 ᠤᠨ ᠠᠴᠠ ᠡᠬᠢᠯᠡᠨ ᠰᠢᠯᠭᠠᠯᠳᠠ ᠬᠢᠵᠤ ᠰᠤᠷᠤᠭᠴᠢ ᠡᠯᠰᠡᠬᠦ ᠲᠦᠷᠢᠮ ᠤᠨ ᠦᠭᠡᠷᠡᠴᠢᠯᠡᠯᠳᠡ ᠶᠢᠨ | ᠲᠤᠷᠰᠢᠯᠳᠠ ᠶᠢᠨ ᠴᠢᠭ᠋ ᠤᠨ ᠠᠵᠢᠯ ᠢ ᠶᠠᠪᠤᠭᠳᠠᠭᠤᠯᠵᠤ᠂ 2020 ᠤᠨ ᠪᠤᠯᠬᠤ ᠳᠤ ᠲᠤᠮᠳᠠᠳᠤ ᠤᠯᠤᠰ ᠤᠨ | ᠤᠨᠴᠠᠯᠢᠭ ᠲᠠᠢ ᠤᠳᠤ ᠦᠶ᠎ᠡ ᠶᠢᠨ ᠰᠢᠯᠭᠠᠯᠳᠠ ᠬᠢᠵᠤ ᠰᠤᠷᠤᠭᠴᠢ ᠡᠯᠰᠡᠬᠦ ᠲᠦᠷᠢᠮ ᠢ ᠦᠨᠳᠦᠰᠦᠨ ᠳᠡᠭᠡᠨ | ᠪᠠᠶᠢᠭᠤᠯᠵᠤ ᠲᠡᠬᠦᠯᠳᠡᠷᠵᠢᠬᠦᠯᠦᠨ᠎ᠡ᠃ | ᠲᠦᠷᠦᠯ ᠬᠤᠪᠢᠶᠠᠨ ᠰᠢᠯᠭᠠᠵᠤ᠂ ᠤᠯᠠᠨ ᠡᠰᠢᠴᠢᠯᠡᠭᠰᠡᠨ ᠰᠤᠷᠤᠭᠴᠢ ᠡᠯᠰᠡᠬᠦ ᠵᠠᠭᠪᠤᠷ ᠢ ᠪᠤᠢ ᠪᠤᠯᠭᠠᠨ᠂ | ᠡᠷᠭᠡ ᠲᠡᠭᠰᠢ ᠶᠢ ᠠᠬᠢᠭᠤᠯᠵᠤ᠂ ᠰᠢᠨᠵᠢᠯᠡᠬᠦ ᠤᠬᠠᠭᠠᠨᠴᠢ ᠪᠠᠷ ᠴᠢᠳᠠᠪᠤᠷᠢᠳᠠᠨ ᠢ ᠰᠤᠩᠭᠤᠵᠤ ᠰᠢᠯᠭᠠᠷᠠᠭᠤᠯᠤᠨ᠂ ᠡᠷᠡᠰ | ᠴᠢᠩᠭ᠎ᠠ ᠬᠢᠨᠠᠯᠳᠠ ᠲᠠᠯᠪᠢᠭᠰᠠᠨ ᠪᠠᠶᠢᠭᠤᠯᠤᠮᠵᠢ ᠶᠢᠨ ᠲᠤᠭᠳᠠᠴᠠ ᠶᠢ ᠲᠡᠬᠦᠯᠳᠡᠷᠵᠢᠬᠦᠯᠵᠤ᠂ ᠡᠯ᠎ᠡ ᠱᠠᠳᠤᠨ ᠤ ᠡᠯ᠎ᠡ | ᠲᠦᠷᠦᠯ ᠤᠨ ᠰᠤᠷᠭᠠᠨ ᠬᠦᠮᠦᠵᠢᠯ ᠲᠠᠢ ᠠᠭᠤᠰᠤᠯᠴᠠᠨ ᠵᠠᠯᠭᠠᠯᠳᠤᠭᠰᠠᠨ᠂ ᠤᠯᠠᠨ ᠵᠦᠢᠯ ᠤᠨ ᠰᠤᠷᠤᠯᠴᠠᠬᠤ ᠦᠷ᠎ᠡ | ᠪᠦᠳᠦᠮᠵᠢ ᠶᠢ ᠮᠡᠳᠡᠷᠡᠵᠤ ᠵᠦᠪᠰᠢᠶᠡᠷᠡᠭᠰᠡᠨ ᠨᠠᠰᠤᠨ ᠲᠤᠷᠰᠢᠳᠠ ᠰᠤᠷᠤᠯᠴᠠᠬᠤ ︽ᠵᠦᠷᠢᠯᠢᠭ ᠬᠦᠬᠦᠷᠭᠡ︾ ᠶᠢ | ᠪᠠᠶᠢᠭᠤᠯᠤᠨ᠎ᠠ᠃ ᠱᠠᠩᠬᠠᠢ ᠬᠤᠳᠠ᠂ ᠵᠧᠵᠢᠶᠠᠩ ᠮᠤᠵᠢ ᠳᠤ ᠡᠨᠡ ᠵᠢᠯ ᠠᠴᠠ ᠡᠬᠢᠯᠡᠵᠤ ᠲᠤᠷᠰᠢᠯᠳᠠ ᠶᠢᠨ ᠴᠢᠭ᠋ ᠤᠨ | ᠠᠵᠢᠯ ᠢ ᠬᠢᠨ᠎ᠠ︔ 2017 ᠤᠨ ᠪᠤᠯᠬᠤ ᠳᠤ ᠪᠦᠬᠦ ᠲᠠᠯ᠎ᠠ ᠪᠠᠷ ᠬᠡᠷᠡᠭᠵᠢᠬᠦᠯᠦᠨ᠎ᠡ᠃ | ᠰᠢᠯᠭᠠᠯᠳᠠ ᠬᠢᠵᠤ ᠰᠤᠷᠤᠭᠴᠢ ᠡᠯᠰᠡᠬᠦ ᠲᠦᠷᠢᠮ ᠤᠨ ᠦᠭᠡᠷᠡᠴᠢᠯᠡᠯᠳᠡ ᠶᠢᠨ ᠬᠠᠯᠠᠮᠰᠢᠯ ᠴᠡᠭ᠄ | ᠨᠢᠭᠡ᠂ ᠭᠠᠳᠠᠭᠠᠳᠤ ᠬᠡᠯᠡ ᠶᠢ ᠵᠢᠯ ᠳᠤ ᠬᠡᠳᠤ ᠤᠳᠠᠭ᠎ᠠ ᠰᠢᠯᠭᠠᠨ᠎ᠠ᠂ ᠨᠢᠭᠡᠳᠦᠯᠳᠡᠢ ᠰᠢᠯᠭᠠᠯᠳᠠ ᠳᠤ | ᠭᠠᠳᠠᠭᠠᠳᠤ ᠬᠡᠯᠡ ᠶᠢ ᠤᠷᠤᠭᠤᠯᠬᠤ ᠦᠭᠡᠢ᠃ ᠭᠠᠳᠠᠭᠠᠳᠤ ᠬᠡᠯᠡᠨ ᠤ ᠰᠢᠯᠭᠠᠯᠳᠠ ᠶᠢᠨ ᠴᠠᠭ ᠪᠠ ᠬᠡᠳᠤ ᠤᠳᠠᠭ᠎ᠠ | ᠰᠢᠯᠭᠠᠬᠤ ᠪᠠᠨ ᠦᠪᠡᠷᠰᠡᠳ ᠢᠶᠠᠨ ᠲᠤᠭᠳᠠᠭᠠᠬᠤ ᠪᠤᠯᠤᠭᠰᠠᠨ ᠠᠴᠠ ᠰᠤᠷᠤᠭᠴᠢᠳ ᠰᠤᠩᠭᠤᠯᠳᠠ ᠬᠢᠬᠦ ᠡᠷᠭᠡ ᠲᠠᠢ | ᠪᠤᠯᠪᠠ᠃ | ᠬᠤᠶᠠᠷ᠂ ᠨᠢᠭᠡᠳᠦᠯᠳᠡᠢ ᠰᠢᠯᠭᠠᠯᠳᠠ ᠶᠢᠨ ᠬᠢᠴᠢᠶᠠᠯ ᠲᠦᠷᠦᠯ ᠢ ᠴᠦᠭᠡᠳᠭᠡᠵᠤ᠂ ᠨᠢᠭᠡᠳᠦᠯᠳᠡᠢ ᠰᠢᠯᠭᠠᠯᠳᠠ ᠳᠤ | ᠪᠠᠶᠢᠭᠠᠯᠢ ᠪᠠ ᠨᠡᠶᠢᠭᠡᠮ ᠤᠨ ᠰᠢᠨᠵᠢᠯᠡᠭᠡᠨ ᠤ ᠲᠦᠷᠦᠯ ᠭᠡᠵᠤ ᠬᠤᠪᠢᠶᠠᠬᠤ ᠦᠭᠡᠢ᠃ | ᠭᠤᠷᠪᠠ᠂ ᠦᠨᠳᠦᠷ ᠲᠤᠮᠳᠠᠳᠤ ᠶᠢᠨ ᠰᠤᠷᠤᠯᠭ᠎ᠠ ᠶᠢᠨ ᠲᠦᠪᠰᠢᠨ ᠤ ᠰᠢᠯᠭᠠᠯᠳᠠ ᠳᠤ ᠵᠠᠭᠤᠨ ᠬᠤᠪᠢ ᠶᠢᠨ | ᠲᠦᠷᠢᠮ ᠢ ᠦᠭᠡᠶᠢᠰᠭᠡᠵᠤ᠂ ᠰᠤᠷᠤᠭᠠᠳ ᠪᠠᠷᠠᠪᠠᠯ ᠰᠢᠯᠭᠠᠬᠤ ᠲᠦᠷᠢᠮ ᠢ ᠬᠡᠷᠡᠭᠵᠢᠬᠦᠯᠦᠨ᠎ᠡ᠃ | ᠲᠦᠷᠪᠡ᠂ ᠡᠩ ᠤᠨ ᠲᠡᠭᠡᠳᠤ ᠵᠡᠷᠭᠡ ᠶᠢᠨ ᠰᠤᠷᠭᠠᠭᠤᠯᠢ ᠰᠤᠷᠤᠭᠴᠢ ᠡᠯᠰᠡᠬᠦ ᠳᠡᠭᠡᠨ ᠨᠢᠭᠡᠳᠦᠯᠳᠡᠢ ᠰᠢᠯᠭᠠᠯᠳᠠ | ᠪᠤᠯᠤᠨ ᠦᠨᠳᠦᠷ ᠲᠤᠮᠳᠠᠳᠤ ᠶᠢᠨ ᠰᠤᠷᠤᠯᠭ᠎ᠠ ᠶᠢᠨ ᠲᠦᠪᠰᠢᠨ ᠤ ᠰᠢᠯᠭᠠᠯᠳᠠ ᠶᠢᠨ ᠬᠢᠷᠢ ᠪᠦᠳᠦᠮᠵᠢ ᠶᠢᠨ ᠶᠡᠷᠦᠩᠭᠡᠢ | ᠦᠨᠡᠯᠡᠯᠳᠡ ᠪᠠᠷ ᠰᠠᠭᠤᠷᠢ ᠪᠤᠯᠭᠠᠵᠤ ᠤᠯᠠᠨ ᠡᠰᠢᠴᠢᠯᠡᠭᠰᠡᠨ ᠰᠤᠷᠤᠭᠴᠢ ᠡᠯᠰᠡᠬᠦ ᠲᠤᠭᠳᠠᠴᠠ ᠶᠢ ᠬᠡᠷᠡᠭᠵᠢᠬᠦᠯᠦᠨ᠎ᠡ᠃ | | ᠲᠠᠪᠤ᠂ ᠠᠵᠢᠯ ᠮᠡᠷᠭᠡᠵᠢᠯ ᠤᠨ ᠲᠡᠭᠡᠳᠤ ᠰᠤᠷᠭᠠᠭᠤᠯᠢ ᠲᠦᠷᠦᠯ ᠬᠤᠪᠢᠶᠠᠨ ᠰᠤᠷᠤᠭᠴᠢ ᠡᠯᠰᠡᠬᠦ ᠪᠠ | ᠲᠠᠩᠰᠠᠯᠠᠭᠤᠯᠵᠤ ᠰᠤᠷᠭᠠᠭᠤᠯᠢ ᠳᠤ ᠤᠷᠤᠬᠤ ᠶᠢ ᠬᠡᠷᠡᠭᠵᠢᠬᠦᠯᠵᠤ᠂ ᠲᠡᠭᠡᠳᠤ ᠵᠡᠷᠭᠡ ᠶᠢᠨ ᠠᠵᠢᠯ ᠮᠡᠷᠭᠡᠵᠢᠯ ᠤᠨ | ᠰᠤᠷᠭᠠᠨ ᠬᠦᠮᠦᠵᠢᠯ ᠳᠤ ︽ᠮᠡᠳᠡᠯᠭᠡ ᠴᠢᠳᠠᠪᠤᠷᠢ︾ ᠶᠢᠨ ᠰᠢᠯᠭᠠᠯᠳᠠ ᠶᠢᠨ ᠵᠠᠭᠪᠤᠷ ᠢ ᠬᠡᠷᠡᠭᠵᠢᠬᠦᠯᠦᠨ᠎ᠡ᠃ | ᠰᠢᠯᠭᠠᠯᠳᠠ ᠬᠢᠵᠤ ᠰᠤᠷᠤᠭᠴᠢ ᠡᠯᠰᠡᠬᠦ ᠲᠦᠷᠢᠮ ᠤᠨ ᠦᠭᠡᠷᠡᠴᠢᠯᠡᠯᠳᠡ ᠶᠢᠨ ᠠᠴᠢ ᠬᠤᠯᠪᠤᠭᠳᠠᠯ᠄ | ᠨᠢᠭᠡ ᠳᠤ᠂ ᠴᠢᠳᠠᠪᠤᠷᠢᠳᠠᠨ ᠢ ᠰᠢᠨᠵᠢᠯᠡᠬᠦ ᠤᠬᠠᠭᠠᠨᠴᠢ ᠪᠠᠷ ᠰᠤᠩᠭᠤᠨ ᠰᠢᠯᠭᠠᠷᠠᠭᠤᠯᠤᠨ᠎ᠠ᠃ | ᠬᠤᠶᠠᠷ ᠲᠤ᠂ ᠰᠤᠷᠤᠭᠴᠢᠳ ᠤᠨ ᠡᠷᠡᠬᠦᠯ ᠢᠶᠠᠷ ᠪᠤᠶᠢᠵᠢᠵᠤ ᠬᠦᠮᠦᠵᠢᠬᠦ ᠶᠢ ᠠᠬᠢᠭᠤᠯᠤᠨ᠎ᠠ᠃ | ᠭᠤᠷᠪᠠ ᠳᠤ᠂ ᠨᠡᠶᠢᠭᠡᠮ ᠤᠨ ᠡᠷᠭᠡ ᠲᠡᠭᠰᠢ ᠶᠢ ᠬᠠᠮᠠᠭᠠᠯᠠᠨ᠎ᠠ᠃ | |