ᠬᠡᠷ ᠬᠦᠷᠦᠩᠭᠡ ᠶᠢᠨ ᠭᠠᠶᠢᠯᠢ ᠶᠢ ᠪᠠᠰᠠ ᠬᠡᠷ ᠪᠠᠶᠢᠰᠢᠩ ᠤᠨ ᠭᠠᠶᠢᠯᠢ ᠭᠡᠳᠡᠭ᠂ ᠤᠯᠤᠰ ᠠᠴᠠ ᠬᠡᠷ ᠬᠦᠷᠦᠩᠭᠡ | ᠪᠠᠷ ᠭᠠᠶᠢᠯᠢ ᠳᠠᠳᠠᠪᠤᠷᠢ ᠶᠢᠨ ᠵᠦᠢᠯ ᠪᠤᠯᠭᠠᠵᠦ᠂ ᠬᠦᠷᠦᠩᠭᠡ ᠶᠢᠨ ᠡᠷᠬᠡ ᠶᠢᠨ ᠦᠮᠴᠢᠯᠡᠭᠴᠢ ᠠᠴᠠ ᠲᠠᠲᠠᠪᠤᠷᠢᠯᠠᠳᠠᠭ | ᠨᠢᠭᠡ ᠵᠦᠢᠯ ᠤᠨ ᠡᠳ᠋ ᠬᠦᠷᠦᠩᠭᠡ ᠶᠢᠨ ᠭᠠᠶᠢᠯᠢ ᠪᠤᠯᠤᠨ᠎ᠠ᠃ ᠬᠡᠷ ᠬᠦᠷᠦᠩᠭᠡ ᠶᠢᠨ ᠭᠠᠶᠢᠯᠢ ᠲᠠᠲᠠᠪᠤᠷᠢᠯᠠᠬᠤ ᠵᠤᠷᠢᠯᠭ᠎ᠠ | ᠨᠢ ᠪᠤᠯ ᠭᠠᠶᠢᠯᠢ ᠲᠠᠲᠠᠪᠤᠷᠢ ᠶᠢᠨ ᠬᠦᠰᠢᠬᠦᠷᠭᠡ ᠶᠢ ᠬᠡᠷᠡᠭᠯᠡᠨ᠂ ᠬᠡᠷ ᠬᠦᠷᠦᠩᠭᠡ ᠶᠢᠨ ᠬᠠᠮᠢᠶᠠᠷᠤᠯᠲᠠ ᠶᠢ | ᠴᠢᠩᠭᠠᠳᠬᠠᠵᠤ᠂ ᠬᠡᠷ ᠬᠦᠷᠦᠩᠭᠡ ᠶᠢᠨ ᠬᠡᠷᠡᠭᠯᠡᠭᠡᠨ ᠤ ᠦᠷ᠎ᠡ ᠪᠦᠲᠦᠮᠵᠢ ᠶᠢ ᠳᠡᠭᠡᠭᠰᠢᠯᠡᠬᠦᠯᠵᠤ᠂ ᠲᠤᠭᠲᠠᠮᠠᠯ | ᠬᠦᠷᠦᠩᠭᠡ ᠶᠢᠨ ᠪᠡᠯᠡ ᠤᠷᠤᠭᠤᠯᠤᠯᠲᠠ ᠶᠢᠨ ᠬᠡᠪᠴᠢᠶ᠎ᠡ ᠶᠢ ᠲᠤᠬᠢᠷᠠᠭᠤᠯᠬᠤ ᠪᠠ ᠤᠯᠤᠰ ᠤᠨ ᠬᠡᠷ ᠬᠦᠷᠦᠩᠭᠡ ᠶᠢᠨ | ᠲᠦᠷᠦ ᠶᠢᠨ ᠪᠤᠳᠤᠯᠭ᠎ᠠ ᠶᠢᠨ ᠲᠤᠬᠢᠷᠠᠭᠤᠯᠤᠯᠲᠠ ᠲᠠᠢ ᠤᠶᠠᠯᠳᠤᠭᠤᠯᠤᠨ᠂ ᠬᠡᠷ ᠬᠦᠷᠦᠩᠭᠡ ᠶᠢᠨ ᠦᠮᠴᠢᠯᠡᠭᠴᠢ ᠪᠠ | ᠡᠵᠡᠩᠨᠡᠭᠴᠢ ᠶᠢᠨ ᠤᠷᠤᠯᠭ᠎ᠠ ᠶᠢ ᠵᠦᠢ ᠵᠤᠬᠢᠰᠲᠠᠢ ᠲᠤᠬᠢᠷᠠᠭᠤᠯᠬᠤ ᠶᠠᠪᠤᠳᠠᠯ ᠪᠤᠯᠤᠨ᠎ᠠ᠃ | ᠬᠡᠷ ᠬᠦᠷᠦᠩᠭᠡ ᠶᠢᠨ ᠭᠠᠶᠢᠯᠢ ᠶᠢᠨ ᠤᠨᠴᠠᠯᠢᠭ᠄ | 1. ᠬᠡᠷ ᠬᠦᠷᠦᠩᠭᠡ ᠶᠢᠨ ᠭᠠᠶᠢᠯᠢ ᠪᠤᠯ ᠡᠳ᠋ ᠬᠦᠷᠦᠩᠭᠡ ᠶᠢᠨ ᠭᠠᠶᠢᠯᠢ ᠶᠢᠨ ᠳᠤᠲᠤᠷᠠᠬᠢ ᠨᠢᠭᠡᠨ ᠤᠨᠴᠠᠭᠠᠢ | ᠡᠳ᠋ ᠬᠦᠷᠦᠩᠭᠡ ᠶᠢᠨ ᠭᠠᠶᠢᠯᠢ ᠪᠠᠶᠢᠵᠤ᠂ ᠲᠡᠭᠦᠨ ᠤ ᠭᠠᠶᠢᠯᠢ ᠳᠠᠳᠠᠪᠤᠷᠢᠯᠠᠭᠳᠠᠭᠴᠢ ᠨᠢ ᠬᠡᠷ ᠪᠠᠶᠢᠰᠢᠩ ᠯᠠ ᠪᠤᠯᠤᠨ᠎ᠠ | ︔ | 2. ᠭᠠᠶᠢᠯᠢ ᠲᠠᠲᠠᠪᠤᠷᠢᠯᠠᠬᠤ ᠬᠡᠪᠴᠢᠶ᠎ᠡ ᠶᠢ ᠵᠦᠪᠬᠡᠨ ᠬᠤᠲᠠ ᠪᠠᠯᠭᠠᠰᠤ ᠶᠢᠨ ᠡᠵᠡᠩᠨᠡᠯᠲᠡ ᠶᠢᠨ ᠴᠢᠨᠠᠷᠲᠠᠢ ᠬᠡᠷ | ᠪᠠᠶᠢᠰᠢᠩ ᠢᠶᠠᠷ ᠬᠢᠵᠠᠭᠠᠷᠯᠠᠨ᠎ᠠ︔ | 3. ᠬᠡᠷ ᠪᠠᠶᠢᠰᠢᠩ ᠤᠨ ᠡᠵᠡᠩᠨᠡᠨ ᠬᠡᠷᠡᠭᠯᠡᠬᠦ ᠬᠡᠯᠪᠡᠷᠢ ᠪᠠᠷ ᠨᠢ ᠢᠯᠭᠠᠨ ᠭᠠᠶᠢᠯᠢ ᠲᠠᠲᠠᠪᠤᠷᠢᠯᠠᠬᠤ ᠠᠷᠭ᠎ᠠ ᠶᠢ | ᠲᠤᠭᠲᠠᠭᠠᠨ᠂ ᠦᠪᠡᠷᠳᠡᠭᠡᠨ ᠬᠡᠷᠡᠭᠯᠡᠵᠦ ᠪᠠᠶᠢᠪᠠᠯ ᠬᠡᠷ ᠬᠦᠷᠦᠩᠭᠡ ᠶᠢᠨ ᠭᠠᠶᠢᠯᠢ ᠶᠢ ᠪᠤᠳᠤᠬᠤ ᠳᠤ ᠦᠯᠡᠳᠡᠪᠦᠷᠢ | ᠦᠷᠲᠡᠭ ᠢᠶᠠᠷ ᠨᠢ ᠭᠠᠶᠢᠯᠢ ᠲᠠᠲᠠᠪᠤᠷᠢᠯᠠᠵᠤ᠂ ᠬᠡᠷ ᠪᠠᠶᠢᠰᠢᠩ ᠢᠶᠠᠨ ᠲᠦᠷᠢᠶᠡᠰᠤᠯᠡᠬᠦᠯᠵᠦ ᠪᠠᠶᠢᠪᠠᠯ ᠳᠦᠷᠢᠶᠡᠰᠦᠨ | ᠮᠦᠡᠭᠭᠦ ᠪᠠᠷ ᠨᠢ ᠭᠠᠶᠢᠯᠢ ᠲᠠᠲᠠᠪᠤᠷᠢᠯᠠᠨ᠎ᠠ᠃ | ᠠᠩᠬᠠᠷᠬᠤ ᠨᠢ᠄ ᠬᠡᠷ ᠪᠠᠶᠢᠰᠢᠩ ᠳᠠᠨᠵᠢᠯᠠᠬᠤ ᠨᠢ ᠲᠦᠷᠢᠶᠡᠰᠤᠯᠡᠬᠦᠯᠬᠦ ᠲᠠᠢ ᠠᠳᠠᠯᠢ ᠦᠬᠡᠢ ᠪᠦᠭᠡᠳ | ᠳᠠᠨᠵᠢᠯᠠᠭᠴᠢ ᠶᠢᠨ ᠬᠤᠷᠢᠶᠠᠬᠤ ᠲᠠᠨᠵᠢ ᠶᠢᠨ ᠮᠦᠡᠭᠭᠦ ᠨᠢ ᠴᠤ ᠳᠦᠷᠢᠶᠡᠰᠦᠨ ᠮᠦᠡᠭᠭᠦ ᠲᠠᠢ ᠠᠳᠠᠯᠢ ᠦᠬᠡᠢ᠃ | ᠡᠶᠢᠮᠦ ᠠᠴᠠ᠂ ᠲᠡᠭᠦᠨ ᠢ ᠲᠦᠷᠢᠶᠡᠰᠤᠯᠡᠭᠦᠯᠬᠦ ᠠᠵᠢᠯᠯᠠᠭ᠎ᠠ ᠶᠢᠨ ᠲᠦᠷᠢᠶᠡᠰᠤ ᠪᠠᠷ ᠪᠤᠳᠤᠨ ᠲᠠᠳᠠᠪᠤᠷᠢᠯᠠᠬᠤ ᠪᠠᠷ | ᠲᠤᠭᠲᠠᠭᠠᠵᠤ ᠪᠤᠯᠬᠤ ᠦᠭᠡᠢ᠂ ᠬᠠᠷᠢᠨ ᠬᠡᠷ ᠬᠦᠷᠦᠩᠭᠡ ᠶᠢᠨ ᠦᠯᠡᠳᠡᠪᠦᠷᠢ ᠦᠷᠲᠡᠭ ᠢᠶᠠᠷ ᠪᠤᠳᠤᠨ ᠲᠤᠰᠢᠶᠠᠯᠭᠠᠪᠠᠯ | ᠵᠤᠬᠢᠨ᠎ᠠ᠃ ᠡᠬᠦᠨ ᠤ ᠲᠤᠯᠠᠳᠠ᠂《 ᠬᠡᠷ ᠬᠦᠷᠦᠩᠭᠡ ᠶᠢᠨ ᠭᠠᠶᠢᠯᠢ ᠬᠤᠲᠠ ᠪᠠᠯᠭᠠᠰᠤ ᠶᠢᠨ ᠭᠠᠵᠠᠷ ᠰᠢᠷᠤᠢ ᠬᠡᠷᠡᠭᠯᠡᠬᠦ | ᠭᠠᠶᠢᠯᠢ ᠶᠢᠨ ᠬᠤᠯᠪᠤᠭᠳᠠᠯ ᠪᠦᠬᠦᠢ ᠠᠰᠠᠭᠤᠳᠠᠯ ᠤᠨ ᠲᠤᠬᠠᠢ ᠡᠳ᠋ ᠤᠨ ᠵᠠᠰᠠᠭ ᠤᠨ ᠶᠠᠮᠤᠨ᠂ ᠤᠯᠤᠰ ᠤᠨ | ᠭᠠᠶᠢᠯᠢ ᠶᠢᠨ ᠶᠠᠪᠤᠳᠠᠯ ᠤᠨ ᠶᠡᠷᠦᠩᠭᠡᠢ ᠲᠤᠪᠴᠢᠶ᠎ᠠ ᠶᠢᠨ ᠮᠡᠳᠡᠭᠳᠡᠯ》 ︵ᠡᠳ᠋ ᠭᠠᠶᠢᠯᠢ ﹇2009﹈128 ᠳ᠋ᠤᠭᠠᠷ | ᠲᠤᠭᠠᠲᠤ︶ ᠳᠤ᠂ ᠦᠮᠴᠢᠯᠡᠯ ᠤᠨ ᠡᠷᠬᠡ ᠪᠠᠷ ᠳᠠᠨᠵᠢᠯᠠᠭᠰᠠᠨ ᠬᠡᠷ ᠬᠦᠷᠦᠩᠭᠡ ᠪᠤᠯ᠂ ᠳᠠᠭᠠᠭᠠᠨ ᠳᠠᠨᠵᠢᠯᠠᠭᠴᠢ ᠨᠢ | ᠬᠡᠷ ᠬᠦᠷᠦᠩᠭᠡ ᠶᠢᠨ ᠦᠯᠡᠳᠡᠪᠦᠷᠢ ᠦᠷᠲᠡᠭ ᠢᠶᠠᠷ ᠬᠡᠷ ᠬᠦᠷᠦᠩᠭᠡ ᠶᠢᠨ ᠭᠠᠶᠢᠯᠢ ᠲᠤᠰᠢᠶᠠᠨ᠎ᠠ᠂ ᠭᠠᠶᠢᠯᠢ ᠶᠢᠨ | ᠨᠤᠷᠮ᠎ᠠ ᠨᠢ 1.2 % ᠪᠤᠯᠤᠨ᠎ᠠ ᠬᠡᠵᠦ ᠲᠤᠳᠤᠷᠬᠠᠢ ᠲᠤᠭᠳᠠᠭᠠᠭᠰᠠᠨ ᠪᠠᠶᠢᠨ᠎ᠠ᠃ |