2017 ᠣᠨ ᠤ ᠵᠠᠰᠠᠭ ᠤᠨ ᠣᠷᠳᠤᠨ ᠤ ᠠᠵᠢᠯ ᠤᠨ ᠢᠯᠡᠳᠭᠡᠯ
ᠨᠡᠶᠢᠲᠡᠯᠡᠭᠰᠡᠨ ᠴᠠᠭ᠄
2017/8/11
ᠬᠤᠶᠠᠷ᠂ 2017 ᠣᠨ ᠤ ᠠᠵᠢᠯ ᠤᠨ ᠳᠣᠬᠢᠷᠠᠭᠤᠯᠤᠯᠲᠠ      2017 ᠣᠨ ᠪᠣᠯ ᠠᠷᠪᠠ ᠶᠢᠰᠦᠳᠦᠭᠡᠷ ᠶᠡᠭᠡ ᠬᠤᠷᠠᠯ ᠢᠯᠠᠯᠲᠠ ᠲᠠᠢ ᠬᠤᠷᠠᠯᠳᠤᠬᠤ ᠪᠠ ᠥᠪᠡᠷᠲᠡᠭᠡᠨ ᠵᠠᠰᠠᠬᠤ ᠣᠷᠣᠨ ᠪᠠᠶᠢᠭᠤᠯᠤᠭᠳᠠᠭᠰᠠᠨ 70 ᠵᠢᠯ ᠤᠨ ᠣᠢ ᠶᠢ ᠤᠭᠲᠤᠬᠤ ᠵᠢᠯ ᠪᠣᠯᠤᠨ᠎ᠠ᠂ ︽ᠠᠷᠪᠠᠨ ᠭᠤᠷᠪᠠᠳᠤᠭᠠᠷ ᠲᠠᠪᠤ︾ ᠶᠢᠨ ᠲᠥᠯᠥᠪᠵᠢᠭᠦᠯᠭᠡ ᠢ ᠨᠠᠶᠢᠳᠠᠪᠦᠷᠢᠵᠢᠭᠤᠯᠬᠤ ᠵᠠᠩᠬᠢᠯᠠᠭ᠎ᠠ ᠶᠢᠨ ᠨᠢᠭᠡ ᠵᠢᠯ ᠮᠦᠨ᠂ ᠬᠠᠩᠭᠠᠯᠭ᠎ᠠ ᠶᠢᠨ ᠲᠠᠯ᠎ᠠ ᠶᠢᠨ ᠪᠦᠲᠦᠴᠡ ᠶᠢᠨ ᠴᠢᠨᠠᠷᠲᠠᠢ ᠦᠭᠡᠷᠴᠢᠯᠯᠡᠲᠠ ᠶᠢ ᠭᠦᠨᠵᠡᠭᠡᠶᠢᠷᠡᠭᠦᠯᠬᠦ ᠶᠢᠨ ᠵᠠᠩᠭᠢᠯᠠᠭ᠎ᠠ ᠶᠢᠨ ᠵᠢᠯ᠂ ᠪᠠᠰᠠᠴᠤ ᠶᠠᠳᠠᠭᠤ ᠠᠴᠠ ᠠᠩᠭᠢᠵᠢᠷᠠᠭᠤᠯᠵᠤ ᠪᠣᠭᠤᠮᠲᠠ ᠰᠢᠪᠲᠤᠯᠬᠤ ᠳᠠᠶᠢᠯᠠᠯᠳᠤᠭᠠᠨ ᠢ ᠠᠬᠢᠭᠤᠯᠬᠤ᠂ ᠴᠢᠨᠡᠭᠡᠯᠢᠭ ᠨᠡᠶᠢᠭᠡᠮ ᠢ ᠪᠠᠶᠢᠭᠤᠯᠬᠤ ᠶᠢᠨ ᠵᠠᠩᠭᠢᠯᠠᠭ᠎ᠠ ᠶᠢᠨ ᠬᠤᠭᠤᠴᠠᠭ᠎ᠠ᠂ ᠪᠦᠬᠦ  ᠬᠤᠰᠢᠭᠤᠨ ᠤ ᠬᠥᠭᠵᠢᠯᠲᠡ ᠳᠤ ᠠᠰᠢᠭ ᠦᠭᠡᠢ ᠡᠯᠧᠮᠧᠨ᠋ᠲ ᠪᠠ ᠭᠦᠴᠢᠷ ᠣᠷᠤᠰᠢᠵᠤ ᠪᠠᠶᠢᠨ᠎ᠠ᠂ ᠡᠨᠡᠬᠦ ᠬᠥᠭᠵᠢᠯᠲᠡ ᠶᠢᠨ ᠬᠠᠳᠠᠭᠤ ᠪᠡᠷᠬᠡᠰᠢᠶᠡᠯ ᠲᠠᠢ ᠨᠦᠭᠦᠴᠡᠯ ᠢ ᠢᠯᠠᠨ ᠳᠠᠪᠠᠵᠤ ᠪᠦᠬᠦ ᠬᠤᠰᠢᠭᠤᠨ ᠤ ᠲᠣᠭᠲᠠᠭᠤᠨ ᠪᠥᠭᠡᠳ ᠤᠷᠤᠭᠰᠢ ᠠᠬᠢᠭᠤᠯᠬᠤ ᠶᠡᠷᠦᠩᠬᠡᠢ ᠠᠶᠢᠵᠢᠮ ᠢ ᠪᠠᠷᠢᠮᠲᠠᠯᠠᠵᠤ᠂ ᠬᠠᠩᠭᠠᠯᠭ᠎ᠠ ᠶᠢᠨ ᠲᠠᠯ᠎ᠠ ᠶᠢᠨ ᠪᠥᠲᠦᠴᠡ ᠶᠢᠨ ᠴᠢᠨᠠᠷᠲᠠᠢ ᠥᠭᠡᠷᠡᠴᠢᠯᠡᠯᠲᠡ ᠶᠢ ᠭᠦᠨᠵᠡᠭᠡᠶᠢᠷᠡᠭᠦᠯᠵᠦ᠂ ᠬᠥᠭᠵᠢᠭᠦᠯᠬᠦ᠂ ᠠᠮᠢ ᠠᠬᠤᠢ ᠶᠢᠨ ᠬᠠᠮᠠᠭᠠᠯᠠᠯᠲᠠ ᠪᠠ ᠠᠷᠠᠳ ᠤᠨ ᠠᠮᠢᠳᠤᠷᠠᠯ ᠢ ᠰᠠᠶᠢᠵᠢᠷᠠᠭᠤᠯᠬᠤ ᠭᠤᠷᠪᠠᠨ ᠦᠨᠳᠦᠰᠦᠨ ᠱᠠᠭᠠᠷᠳᠠᠯᠭ᠎ᠠ ᠶᠢ ᠪᠠᠷᠢᠮᠲᠠᠯᠠᠵᠤ  ᠂ ᠲᠥᠷᠦᠯ ᠵᠦᠢᠯ ᠤᠨ ᠪᠦᠲᠦᠭᠡᠨ ᠪᠠᠶᠢᠭᠤᠯᠤᠯᠲᠠ ᠂ ᠠᠵᠦ ᠦᠢᠯᠡᠰ ᠤᠨ ᠬᠦᠭᠵᠢᠯᠲᠡ᠂ ᠬᠤᠲᠠ ᠬᠥᠳᠡᠭᠡ ᠶᠢ ᠨᠢᠭᠡᠳᠦᠯᠲᠡᠢ ᠲᠥᠯᠥᠪᠵᠢᠭᠦᠯᠬᠦ᠂ ᠥᠭᠡᠷᠡᠴᠢᠯᠡᠯᠲᠡ ᠨᠡᠭᠡᠭᠡᠯᠲᠡ᠂ ᠠᠷᠠᠳ ᠤᠨ ᠠᠮᠢᠳᠤᠷᠠᠯ ᠢ ᠰᠠᠶᠢᠵᠢᠷᠠᠭᠤᠯᠬᠤ᠂ ᠠᠮᠤᠷ ᠲᠦᠪᠰᠢᠨ ᠲᠣᠭᠲᠠᠭᠤᠨ ᠢ ᠪᠠᠲᠤᠯᠠᠬᠤ ᠵᠡᠷᠭᠡ ᠠᠵᠢᠯ ᠢ ᠪᠥᠬᠦ ᠲᠠᠯ᠎ᠠ ᠪᠠᠷ ᠰᠠᠶᠢᠲᠤᠷ ᠬᠢᠵᠤ᠂  ᠠᠣᠬᠠᠨ ᠬᠤᠰᠢᠭᠤᠨ ᠤ ᠦᠰᠦᠷᠦᠯᠲᠡ ᠮᠠᠨᠳᠤᠯᠲᠠ ᠶᠢᠨ ᠠᠯᠬᠤᠴᠠ ᠶᠢ ᠴᠢᠷᠮᠠᠶᠢᠨ ᠲᠥᠷᠭᠡᠳᠬᠡᠵᠦ᠂ ᠴᠢᠨᠡᠭᠡᠯᠢᠭ ᠨᠡᠶᠢᠭᠡᠮ ᠢ ᠪᠥᠬᠦ ᠲᠠᠯ᠎ᠠ ᠪᠠᠷ ᠪᠠᠶᠢᠭᠤᠯᠬᠤ ᠳᠤ ᠪᠠᠳᠤᠲᠠᠢ ᠰᠠᠭᠤᠷᠢ ᠲᠠᠯᠪᠢᠵᠤ᠂  ᠨᠢᠭᠡ ᠰᠡᠳᠭᠢᠯ ᠨᠢᠭᠡ ᠵᠣᠷᠢᠭ ᠢᠶᠠᠷ ᠬᠥᠭᠵᠢᠯᠲᠡ ᠢ ᠰᠦᠪᠡᠭᠴᠢᠯᠡᠵᠦ᠂ ᠬᠦᠴᠦᠨ ᠢᠶᠠᠨ ᠲᠦᠪᠯᠡᠷᠡᠭᠦᠯᠦᠨ ᠨᠠᠶᠢᠳᠠᠪᠤᠷᠢᠵᠢᠭᠤᠯᠤᠨ᠂ ᠡᠬᠢᠯᠡᠯ ᠤᠨ ᠵᠣᠷᠢᠯᠲᠡ ᠪᠠᠨ ᠮᠠᠷᠳᠠᠯ ᠦᠭᠡᠢ᠂ ᠡᠬᠡᠨᠡᠭᠲᠡ ᠰᠠᠬᠢᠨ ᠪᠠᠷᠠᠯᠠᠵᠤ᠂ ᠬᠠᠷᠢᠯᠴᠢᠨ ᠳᠣᠰᠠᠯᠠᠯᠴᠠᠨ  ᠬᠥᠭᠵᠢᠯᠲᠡ ᠶᠢᠨ ᠠᠯᠬᠤᠮ ᠢᠶᠠᠨ ᠲᠦᠷᠭᠡᠳᠭᠡᠬᠦ ᠬᠡᠷᠡᠭᠲᠡᠢ᠃      ᠶᠡᠷᠥᠩᠬᠡᠢ ᠠᠵᠢᠯ ᠤᠨ ᠰᠡᠳᠭᠢᠴᠡ᠄ ᠰᠢ ᠶᠢᠨ ᠫᠢᠩ ᠶᠡᠷᠦᠩᠬᠡᠢ ᠱᠦᠵᠢ ᠶᠢᠨ ᠰᠢᠷᠢᠰ ᠴᠢᠬᠤᠯᠠ ᠢᠯᠡᠳᠬᠡᠯ ᠤᠨ ᠵᠤᠷᠢᠭ ᠰᠠᠨᠠᠭ᠎ᠠ ᠪᠣᠯᠣᠨ ᠲᠦᠷᠦ ᠪᠠᠨ ᠵᠠᠰᠠᠵᠤ ᠵᠠᠰᠠᠭ ᠶᠠᠪᠤᠭᠤᠯᠬᠤ ᠰᠢᠨ᠎ᠡ ᠦᠵᠡᠯᠲᠡ ᠰᠢᠨ᠎ᠡ ᠦᠵᠡᠯ ᠰᠠᠨᠠᠭ᠎ᠠ ᠰᠢᠨ᠎ᠡ ᠪᠠᠶᠢᠯᠳᠤᠬᠤ ᠪᠣᠳᠣᠯᠭ᠎ᠠ ᠶᠢ ᠭᠦᠨᠵᠡᠭᠡᠢ ᠲᠤᠤᠱᠯᠠᠭᠤᠯᠤᠨ᠂  ᠳᠡᠭᠡᠲᠦ ᠱᠠᠲᠤᠨ ᠡᠯ᠎ᠡ ᠵᠦᠢᠯ ᠤᠨ ᠰᠢᠢᠳᠪᠦᠷᠢᠲᠦ ᠪᠣᠳᠣᠯᠭ᠎ᠠ ᠵᠣᠷᠢᠭ ᠰᠠᠨᠠᠭ᠎ᠠ ᠶᠢ ᠪᠦᠬᠦ ᠲᠠᠯ᠎ᠠ ᠪᠠᠷ ᠨᠠᠶᠢᠳᠠᠪᠤᠷᠢᠵᠢᠭᠤᠯᠵᠤ᠂  ᠬᠤᠰᠢᠭᠤᠨ ᠤ ᠨᠠᠮ ᠤᠨ ᠬᠤᠷᠢᠶᠠᠨ ᠤ ᠠᠷᠪᠠᠨ ᠲᠠᠪᠤᠳᠦᠭᠠᠷ ᠬᠤᠭᠤᠴᠠᠭᠠᠨ ᠤ ᠳᠦᠷᠪᠡᠳᠦᠭᠡᠷ ᠣᠳᠠᠭᠠᠨ ᠤ ᠪᠦᠬᠦ ᠬᠡᠰᠢᠭᠦᠨ ︵ᠥᠷᠭᠡᠳᠭᠡᠭᠰᠡᠨ ︶ ᠤ ᠬᠤᠷᠠᠯ ᠤᠨ ᠵᠣᠷᠢᠭ ᠰᠠᠨᠠᠭ᠎ᠠ ᠶᠢ ᠬᠢᠨᠠᠮᠠᠭᠠᠢ  ᠲᠣᠣᠱᠯᠠᠭᠤᠯᠵᠤ᠂ ︽ ᠲᠠᠪᠤ ᠶᠢ ᠨᠢᠭᠡ  ᠴᠣᠭᠴᠠᠵᠢᠭᠤᠯᠬᠤ︾ ᠶᠡᠷᠥᠩᠬᠡᠢ ᠪᠠᠶᠢᠷᠢᠰᠢᠭᠤᠯᠤᠯᠲᠠ ᠪᠠ ︽ᠳᠦᠷᠪᠡᠨ ᠪᠦᠬᠦ ᠲᠠᠯ᠎ᠠ︾ ᠶᠢᠨ ᠪᠠᠶᠢᠯᠳᠤᠬᠤ ᠪᠣᠳᠤᠯᠭ᠎ᠠ ᠶᠢᠨ ᠪᠠᠶᠢᠷᠢᠰᠢᠭᠤᠯᠤᠯᠲᠠ ᠶᠢ ᠨᠢᠭᠡᠳᠦᠯᠳᠡᠢ ᠲᠦᠯᠦᠪᠯᠡᠭᠦᠯᠦᠨ ᠠᠬᠢᠭᠤᠯᠵᠤ᠂ ᠰᠢᠨ᠎ᠡ ᠶᠢ ᠡᠭᠦᠳᠬᠦ᠂  ᠵᠣᠬᠢᠴᠠᠩᠭᠤᠢ᠂ ᠪᠣᠬᠢᠷᠳᠠᠯ ᠦᠭᠡᠢ᠂ ᠨᠡᠬᠡᠭᠡᠯᠲᠡ ᠲᠠᠢ᠂ ᠬᠠᠮᠲᠤ ᠪᠠᠷ ᠡᠳ᠋ᠯᠡᠬᠦ ︽ᠲᠠᠪᠤᠨ ᠶᠡᠭᠡ ᠬᠥᠭᠵᠢᠯᠲᠡ ᠶᠢᠨ ᠣᠶᠢᠯᠠᠭᠠᠭᠳᠠᠬᠤᠨ︾ ᠢ ᠪᠣᠢ ᠪᠣᠯᠭᠠᠵᠤ᠂ ᠰᠢᠨ᠎ᠡ ᠮᠠᠶ᠋ᠢᠭ ᠤᠨ ᠠᠵᠤ ᠦᠢᠯᠡᠳᠪᠦᠷᠢᠵᠢᠭᠦᠯᠦᠯᠲᠡ᠂ ᠮᠡᠳᠡᠭᠡ ᠵᠠᠩᠬᠢᠴᠢᠯᠠᠯᠲᠠ᠂ ᠬᠤᠲᠠ ᠪᠠᠯᠭᠠᠰᠤᠴᠢᠯᠠᠯᠲᠠ᠂ ᠲᠠᠷᠢᠶᠠᠯᠠᠩ ᠮᠠᠯ ᠠᠵᠤ ᠠᠬᠤᠢ ᠶᠢᠨ ᠣᠳᠣᠬᠢᠴᠢᠯᠠᠯᠲᠠ ᠪᠠ ᠨᠣᠭᠤᠭᠠᠵᠢᠷᠠᠭᠤᠯᠤᠯᠲᠠ ᠲᠠᠪᠤ ᠶᠢ  ᠬᠠᠮᠲᠤᠷᠠᠯᠴᠠᠬᠤ ᠶᠢ ᠠᠬᠢᠭᠤᠯᠵᠤ᠂  ᠳᠣᠭᠲᠠᠩᠭᠤᠢ ᠨᠡᠮᠡᠭᠳᠡᠯ᠂ ᠪᠦᠲᠦᠴᠡ ᠶᠢᠨ ᠲᠣᠬᠢᠷᠠᠭᠤᠯᠤᠯᠲᠠ᠂ ᠬᠤᠲᠠ ᠬᠥᠳᠡᠭᠡ ᠶᠢ ᠨᠢᠭᠡᠳᠦᠯᠲᠡᠢ ᠲᠦᠯᠦᠪᠵᠢᠭᠦᠯᠬᠦ᠂ ᠠᠷᠠᠳ ᠤᠨ ᠠᠮᠢᠳᠤᠷᠠᠯ ᠢ ᠰᠠᠶᠢᠵᠢᠷᠠᠭᠤᠯᠬᠤ᠂ ᠠᠮᠤᠷ ᠲᠦᠪᠰᠢᠨ ᠳᠣᠭᠲᠠᠭᠤᠨ ᠢ ᠪᠠᠳᠤᠯᠠᠬᠤ ᠵᠡᠷᠭᠡ ᠠᠵᠢᠯ ᠢ ᠪᠦᠬᠦ ᠲᠠᠯ᠎ᠠ ᠪᠠᠷ ᠰᠠᠶᠢᠳᠤᠷ ᠬᠢᠵᠦ᠂ ᠰᠢᠯᠢᠳᠡᠭ ᠠᠮᠵᠢᠯᠲᠠ ᠪᠠᠷ ᠢᠶᠠᠨ ᠥᠪᠡᠷᠲᠡᠭᠡᠨ ᠵᠠᠰᠠᠬᠤ ᠣᠷᠣᠨ ᠪᠠᠶᠢᠭᠤᠯᠤᠭᠳᠠᠭᠰᠠᠨ 70 ᠵᠢᠯ ᠤᠨ ᠣᠢ ᠶᠢ ᠪᠡᠯᠭᠡᠯᠡᠵᠦ᠂ ᠨᠠᠮ ᠤᠨ ᠠᠷᠪᠠ ᠶᠢᠰᠦᠳᠦᠭᠡᠷ ᠶᠡᠭᠡ ᠬᠤᠷᠠᠯ ᠢᠯᠠᠯᠲᠠ ᠲᠠᠢ ᠬᠤᠷᠠᠯᠳᠤᠬᠤ ᠶᠢ ᠤᠭᠲᠤᠨ᠎ᠠ  ᠃      ᠭᠤᠣᠯ ᠤᠷᠢᠳᠴᠢᠯᠠᠭᠰᠠᠨ ᠬᠠᠷᠠᠯᠲᠠ ᠪᠣᠯ᠄ ᠤᠷᠤᠠ ᠨᠤᠳᠤᠭ ᠤᠨ ᠥᠢᠯᠠᠳᠪᠤᠷᠢᠯᠠᠯ ᠤᠨ ᠶᠠᠷᠤᠩᠭᠡᠢ ᠥᠷᠳᠡᠭ 191.05 ᠳ᠋ᠥᠩᠰᠢᠭᠤᠷ ᠲᠦᠭᠦᠷᠢᠭ ᠢ ᠪᠡᠶᠡᠯᠡᠭᠦᠯᠵᠦ᠂  ᠥᠩᠭᠡᠷᠡᠭᠰᠡᠨ ᠤ ᠠᠳᠠᠯᠢ ᠬᠤᠭᠤᠴᠠᠭᠠᠨ ᠤ ᠬᠢ ᠠᠴᠠ 8 %  ᠨᠡᠮᠡᠭᠳᠡᠭᠦᠯᠦᠨ᠃  ᠡᠭᠦᠨ ᠳᠤ᠂  ᠨᠢᠭᠡᠳᠤᠭᠡᠷ ᠠᠵᠤ ᠥᠢᠯᠠᠰ ᠤᠨ ᠨᠡᠮᠡᠭᠳᠡᠯ ᠥᠷᠲᠡᠭ 45.79 ᠳ᠋ᠥᠩᠰᠢᠭᠤᠷ ᠂ ᠥᠩᠭᠡᠷᠡᠭᠰᠡᠨ ᠤ ᠠᠳᠠᠯᠢ ᠬᠤᠭᠤᠴᠠᠭᠠᠨ ᠤ ᠬᠢ ᠠᠴᠠ 6 % ᠨᠡᠮᠡᠭᠳᠡᠭᠦᠯᠦᠨ︔  ᠬᠤᠶᠠᠳᠤᠭᠠᠷ ᠠᠵᠤ ᠥᠢᠯᠠᠰ  ᠤᠨ ᠨᠡᠮᠡᠭᠳᠡᠯ ᠥᠷᠲᠡᠭ 81 ᠳ᠋ᠥᠩᠰᠢᠭᠤᠷ᠂ ᠥᠩᠭᠡᠷᠡᠭᠰᠡᠨ ᠤ ᠠᠳᠠᠯᠢ ᠬᠤᠭᠤᠴᠠᠭᠠᠨ ᠤ   ᠬᠢ ᠠᠴᠠ 8.3 % ᠨᠡᠮᠡᠭᠳᠡᠭᠦᠯᠦᠨ︔ ᠭᠤᠷᠪᠠᠳᠤᠭᠠᠷ ᠠᠵᠤ  ᠥᠢᠯᠠᠰ ᠤᠨ ᠨᠡᠮᠡᠭᠳᠡᠯ ᠥᠷᠲᠡᠭ 64.26 ᠳ᠋ᠥᠩᠰᠢᠭᠤᠷ  ᠂ ᠥᠩᠭᠡᠷᠡᠭᠰᠡᠨ  ᠤ ᠠᠳᠠᠯᠢ ᠬᠤᠭᠤᠴᠠᠭᠠᠨ ᠤ ᠬᠢ ᠠᠴᠠ 9.1% ᠨᠡᠮᠡᠭᠳᠡᠭᠦᠯᠦᠨ᠃  ᠨᠠᠶᠢᠳᠠ ᠶᠢᠨ ᠡᠳ᠋ ᠤᠨ ᠵᠠᠰᠠᠭ ᠤᠨ ᠲᠥᠰᠥᠪ  ᠤᠨ ᠤᠷᠤᠯᠭ᠎ᠠ 6.36 ᠳ᠋ᠥᠩᠰᠢᠭᠤᠷ ᠪᠠᠶᠢᠵᠤ᠂ ᠥᠩᠭᠡᠷᠡᠭᠰᠡᠨ ᠤ ᠠᠳᠠᠯᠢ ᠬᠤᠭᠤᠴᠠᠭᠠᠨ ᠤ   ᠬᠢ ᠠᠴᠠ 6.7% ᠨᠡᠮᠡᠭᠳᠡᠭᠦᠯᠦᠨ᠃ 500 ᠲᠦᠮᠡᠨ ᠲᠦᠭᠦᠷᠢᠭ ᠠᠴᠠ ᠳᠡᠭᠡᠭᠰᠢ ᠲᠦᠷᠦᠯ ᠵᠦᠢᠯ ᠤᠨ ᠳᠤᠭᠲᠠᠮᠠᠯ ᠬᠥᠷᠥᠩᠭᠡ ᠶᠢᠨ ᠪᠡᠯᠡ ᠣᠷᠤᠭᠤᠯᠤᠯᠲᠠ143.49 ᠳ᠋ᠥᠩᠰᠢᠭᠤᠷ ᠲᠦᠭᠦᠷᠢᠭ ᠪᠠᠶᠢᠵᠤ  ᠂ ᠥᠩᠭᠡᠷᠡᠭᠰᠡᠨ ᠤ ᠠᠳᠠᠯᠢ ᠬᠤᠭᠤᠴᠠᠭᠠᠨ ᠤ   ᠬᠢ ᠠᠴᠠ 16 % ᠨᠡᠮᠡᠭᠳᠡᠭᠦᠯᠦᠨ︔ ᠨᠡᠶᠢᠭᠡᠮ ᠤᠨ ᠬᠡᠷᠡᠭᠯᠡᠭᠡᠨ ᠤ ᠰᠤᠯᠠ ᠬᠤᠳᠠᠯᠳᠤᠭᠰᠠᠨ ᠶᠡᠷᠥᠩᠬᠡᠢ ᠨᠣᠷᠮ᠎ᠠ   ᠶᠢ51.95 ᠳ᠋ᠥᠩᠰᠢᠭᠤᠷ  ᠲᠦᠭᠦᠷᠢᠭ᠂ ᠥᠩᠭᠡᠷᠡᠭᠰᠡᠨ ᠤ ᠠᠳᠠᠯᠢ ᠬᠤᠭᠤᠴᠠᠭᠠᠨ ᠤ   ᠬᠢ ᠠᠴᠠ 11 % ᠨᠡᠮᠡᠭᠳᠡᠭᠦᠯᠦᠨ︔ ᠬᠤᠲᠠ  ᠬᠥᠳᠡᠭᠡ ᠶᠢᠨ ᠪᠠᠶᠢᠩᠭᠤ ᠰᠠᠭᠤᠭᠠᠯᠢ ᠠᠷᠠᠳ ᠤᠨ ᠵᠠᠷᠤᠴᠠᠭᠤᠯᠵᠤ ᠪᠣᠯᠬᠤ ᠣᠷᠤᠯᠭ᠎ᠠ ᠶᠢ ᠳᠣᠰᠪᠤᠷᠢ 26373 ᠲᠦᠭᠦᠷᠢᠭ ᠪᠠ 10333 ᠲᠦᠭᠦᠷᠢᠭ᠂ ᠥᠩᠭᠡᠷᠡᠭᠰᠡᠨ ᠤ ᠠᠳᠠᠯᠢ ᠬᠤᠭᠤᠴᠠᠭᠠᠨ ᠤ ᠬᠢ  ᠠᠴᠠ ᠳᠣᠰ ᠳᠣᠰ 9% ᠪᠠ 10 %  ᠨᠡᠮᠡᠭᠳᠡᠭᠦᠯᠦᠨ᠎ᠡ᠃      ᠳᠡᠭᠡᠷᠡᠬᠢ ᠬᠠᠷᠠᠯᠲᠠ ᠶᠢ ᠪᠡᠶᠡᠯᠡᠭᠦᠯᠬᠦ ᠳᠤ᠂ ᠳᠣᠣᠷᠠᠬᠢ ᠠᠵᠢᠯ ᠤᠳ ᠢ ᠭᠤᠣᠯᠳᠠᠯᠭᠠᠲᠠᠢ ᠰᠠᠶᠢᠲᠤᠷ ᠬᠢᠨ᠎ᠡ᠃      ︵ᠨᠢᠭᠡ︶ ᠶᠠᠳᠠᠭᠤ ᠠᠴᠠ ᠠᠩᠭᠢᠵᠢᠷᠠᠭᠤᠯᠵᠤ ᠪᠣᠭᠤᠮᠲᠠ ᠶᠢ ᠰᠢᠪᠳᠤᠯᠬᠤ ᠶᠢ ᠪᠦᠬᠦ ᠬᠥᠴᠦᠨ ᠢᠶᠠᠷ ᠢᠶᠠᠨ ᠬᠡᠷᠡᠭᠵᠢᠭᠦᠯᠦᠨ᠎ᠡ      ᠣᠨᠤᠪᠴᠢᠲᠠᠢ ᠲᠦᠰᠦᠪᠯᠡᠵᠦ ᠣᠨᠢᠨ ᠳᠡᠭᠡᠷ᠎ᠡ ᠨᠢ ᠬᠦᠴᠦᠯᠡᠨ᠎ᠡ᠃ ᠥᠪᠡᠷᠲᠡᠭᠡᠨ ᠵᠠᠰᠠᠬᠤ ᠣᠷᠤᠨ ᠤ ︽ᠤᠳᠤᠷᠢᠳᠤᠯᠭ᠎ᠠ ᠨᠠᠷ ᠶᠠᠳᠠᠭᠤ ᠬᠦᠴᠢᠷᠳᠡᠯᠲᠡᠢ ᠬᠥᠳᠡᠭᠡ ᠲᠣᠰᠬᠤᠨ ᠭᠡᠷ ᠡᠷᠦᠬᠡ ᠶᠢ ᠡᠷᠬᠢᠨ ᠦᠵᠡᠬᠦ︾ ᠬᠥᠳᠡᠯᠭᠡᠭᠡᠨ ᠂ ︽ᠡᠷᠬᠢᠨ ᠬᠠᠷᠠᠬᠤ︾ ᠠᠵᠢᠯ ᠢ ᠣᠯᠠᠮ ᠨᠢᠭᠡ ᠠᠯᠬᠤᠮ ᠭᠦᠨᠵᠡᠭᠡᠶᠢᠷᠡᠭᠦᠯᠦᠨ᠂ ᠳᠠᠩᠰᠠᠯᠠᠵᠤ ᠦᠨᠡᠮᠯᠡᠯ ᠣᠯᠭᠤᠬᠤ ᠮᠡᠳᠡᠭᠡ ᠵᠠᠩᠬᠢᠴᠢᠯᠠᠯᠲᠠ ᠳᠤ ᠬᠦᠳᠠᠯᠤᠩᠬᠦᠢ ᠬᠠᠮᠢᠶᠠᠷᠤᠯᠲᠠ᠂ ᠬᠡᠪᠰᠢᠭᠦᠯᠬᠦ ᠪᠠᠶᠢᠴᠠᠭᠠᠯᠲᠠ ᠶᠠᠪᠤᠭᠤᠯᠵᠤ᠂  ᠶᠠᠳᠠᠭᠤ ᠬᠥᠴᠢᠷᠲᠡᠢ ᠬᠥᠮᠦᠨ ᠠᠮᠠ ᠶᠢᠨ ᠡᠯ᠎ᠡ ᠵᠦᠢᠯ ᠤᠨ ᠳᠠᠩᠰᠠ ᠶᠢ ᠣᠨᠤᠪᠴᠢᠲᠠᠢ ᠣᠶᠢᠯᠭᠠᠬᠤ   ᠶᠢ ᠪᠦᠬᠦ ᠲᠠᠯ᠎ᠠ ᠪᠠᠷ ᠬᠡᠷᠡᠭᠵᠢᠭᠦᠯᠵᠦ  ᠃ ᠳᠠᠩᠰᠠᠯᠠᠵᠤ ᠦᠨᠡᠮᠯᠡᠯ ᠣᠯᠭᠤᠬᠤ ᠶᠢᠨ ᠲᠤᠭ᠎ᠠ ᠪᠠᠷᠢᠮᠳᠠ ᠳᠡᠭᠡᠷ᠎ᠡ ᠢᠲᠡᠭᠡᠮᠵᠢᠲᠡᠢ᠂ ᠰᠢᠨᠵᠢᠯᠡᠬᠦ ᠤᠬᠠᠭᠠᠨᠴᠢ ᠪᠠ ᠡᠷᠬᠡ ᠬᠦᠨᠳᠦᠳᠦ ᠲᠠᠢ ᠪᠠᠶᠢᠬᠤ ᠶᠢ ᠪᠠᠳᠤᠯᠠᠬᠤ ᠬᠡᠷᠡᠭᠲᠡᠢ᠃      ᠣᠨᠤᠪᠴᠢᠲᠠᠢ ᠳᠡᠳᠭᠦᠵᠦ ᠪᠦᠷᠢᠯᠳᠦᠬᠦ ᠳᠡᠭᠡᠷ᠎ᠡ ᠬᠥᠴᠦ ᠪᠠᠨ ᠨᠢᠭᠡᠳᠭᠡᠨ᠎ᠡ᠃ ᠣᠨᠤᠪᠴᠢᠲᠠᠢ ᠤᠬᠤᠷᠢᠵᠤ ᠪᠠᠲᠤᠯᠠᠬᠤ ᠳᠡᠭᠡᠷ᠎ᠡ ᠬᠥᠴᠦᠯᠡᠨ᠎ᠡ᠃  ᠨᠢᠭᠡ᠂ ᠶᠠᠳᠠᠭᠤ ᠬᠥᠴᠢᠷᠲᠡᠢ  ᠬᠥᠮᠦᠨ ᠠᠮᠠ ᠶᠢᠨ ᠪᠣᠳᠠᠳᠤ ᠪᠠᠶᠢᠳᠠᠯ ᠢ ᠨᠢ ᠦᠨᠳᠦᠰᠦᠯᠡᠵᠦ᠂  ᠶᠠᠳᠠᠭᠤ ᠬᠥᠴᠢᠷᠲᠡᠢ ᠬᠥᠮᠦᠨ ᠠᠮᠠ ᠶᠢ ᠲᠣᠯᠤᠭᠠᠶᠢᠯᠠᠭᠴᠢ ᠠᠵᠤ ᠠᠬᠤᠶᠢᠯᠠᠯ  ᠂ ᠬᠤᠷᠰᠢᠶᠠᠵᠢᠯ  ᠤᠨ ᠪᠠᠶᠢᠭᠤᠯᠭ᠎ᠠ ᠶᠢᠨ ᠠᠰᠢᠭ ᠳᠣᠰᠠ ᠲᠠᠢ ᠵᠣᠬᠢᠰᠲᠠᠢ ᠬᠤᠯᠪᠤᠯᠳᠤᠭᠤᠯᠵᠤ᠂ ᠦᠢᠯᠡᠳᠪᠦᠷᠢᠯᠡᠯ ᠤᠨ ᠬᠥᠭᠵᠢᠯᠲᠡ  ᠪᠠᠷ ᠳᠠᠮᠵᠢᠨ 2135 ᠡᠷᠦᠬᠡ᠂ 5980 ᠬᠥᠮᠦᠨ ᠢ ᠶᠠᠳᠠᠭᠤ ᠠᠴᠠ ᠠᠩᠭᠢᠵᠢᠷᠠᠭᠤᠯᠬᠤ ᠶᠢ ᠪᠡᠶᠡᠯᠡᠭᠦᠯᠪᠡ︔ ᠬᠤᠶᠠᠷ  ᠂ ᠨᠠᠷᠢᠨ ᠬᠢᠨᠠᠮᠠᠭᠠᠢ ᠨᠡᠶᠢᠳᠠᠪᠤᠷᠢᠵᠢᠭᠤᠯᠵᠤ᠂ ᠭᠤᠷᠪᠠ᠂ ᠲᠦᠯᠤᠪᠯᠡᠭᠡ ᠲᠠᠢ ᠪᠠᠷ ᠶᠠᠳᠠᠭᠤ ᠬᠥᠴᠢᠷᠲᠡᠢ ᠬᠥᠮᠦᠨ ᠠᠮᠠ ᠶᠢ ᠨᠡᠭᠦᠯᠭᠡᠨ   ᠰᠢᠯᠵᠢᠭᠦᠯᠬᠦ ᠵᠡᠷᠭᠡ ᠠᠷᠭ᠎ᠠ ᠪᠠᠷ ᠪᠦᠬᠦ ᠬᠤᠰᠢᠭᠤᠨ ᠤ 4324 ᠡᠷᠦᠬᠡ᠂ 1.04 ᠲᠦᠮᠡᠨ ᠬᠥᠮᠦᠨ ᠠᠮᠠ ᠶᠢ ᠶᠠᠳᠠᠭᠤ ᠠᠴᠠ ᠨᠢ ᠠᠩᠭᠢᠵᠢᠷᠠᠭᠤᠯᠬᠤ ᠡᠭᠦᠷᠭᠡ ᠪᠠᠨ ᠪᠠᠳᠤᠳᠠᠢ ᠳᠠᠪᠠᠭᠤᠯᠤᠨ ᠪᠡᠶᠡᠯᠡᠭᠦᠯᠵᠦ᠂ ᠭᠤᠷᠪᠠᠳᠤᠭᠠᠷ ᠡᠳᠡᠭᠡᠳ ᠠᠴᠠ ᠮᠠᠭᠠᠳᠯᠠᠨ ᠦᠨᠡᠯᠡᠬᠦ  ᠪᠠᠷᠢᠮᠵᠢᠶ᠎ᠡ ᠳᠤ ᠬᠦᠷᠬᠦ ᠬᠡᠷᠡᠭᠲᠡᠢ᠃      ︵ᠬᠤᠶᠠᠷ︶ ᠲᠦᠷᠦᠯ ᠵᠦᠢᠯ ᠤᠨ ᠪᠦᠲᠦᠭᠡᠨ ᠪᠠᠶᠢᠭᠤᠯᠤᠯᠲᠠ ᠶᠢ ᠭᠤᠶᠢᠪᠢᠰᠢ ᠦᠭᠡᠢ ᠠᠬᠢᠭᠤᠯᠤᠨ᠎ᠠ      ᠲᠦᠷᠦᠯ ᠵᠦᠢᠯ ᠤᠨ ᠪᠦᠲᠦᠭᠡᠨ ᠪᠠᠶᠢᠭᠤᠯᠤᠯᠲᠠ ᠶᠢᠨ ᠬᠦᠴᠦᠨ ᠢ ᠶᠡᠬᠡᠰᠭᠡᠨ᠎ᠡ᠃ ᠡᠮᠦᠨᠡᠬᠢ ᠬᠤᠭᠤᠴᠠᠭᠠᠨ ᠤ ᠭᠠᠷ ᠭᠦᠢᠴᠡᠳᠭᠡᠯ ᠢ ᠭᠦᠢᠴᠡᠳᠭᠡᠬᠦ ᠠᠵᠢᠯ ᠢ ᠪᠡᠶᠡᠯᠡᠭᠦᠯᠵᠦ᠂ ᠡᠯ᠎ᠡ ᠲᠦᠷᠦᠯ ᠵᠦᠢᠯ ᠢ ᠡᠷᠲᠡ ᠠᠵᠢᠯ ᠡᠬᠢᠯᠡᠭᠦᠯᠵᠦ᠂ ᠪᠠᠶᠢᠭᠤᠯᠤᠨ ᠪᠦᠲᠦᠭᠡᠵᠦ᠂ ᠡᠵᠡᠩᠨᠡᠯᠲᠡ ᠳᠤ ᠣᠷᠤᠭᠤᠯᠬᠤ ᠶᠢ ᠠᠬᠢᠭᠤᠯᠤᠨ᠎ᠠ᠃ 1000 ᠲᠦᠮᠡᠨ ᠲᠦᠭᠦᠷᠢᠭ ︵ᠨᠡᠶᠢᠭᠡᠮ ᠤᠨ ᠠᠵᠢᠯ ᠦᠢᠯᠡᠰ ᠤᠨ 500 ᠲᠦᠮᠡᠨ ᠲᠦᠭᠦᠷᠢᠭ︶ ᠠᠴᠠ ᠳᠡᠭᠡᠭᠰᠢ 151 ᠲᠦᠷᠦᠯ ᠵᠦᠢᠯ ᠢ ᠠᠵᠢᠯ ᠡᠬᠢᠯᠡᠭᠦᠯᠵᠦ᠂  ᠡᠭᠦᠨ ᠳᠤ 92 ᠲᠦᠷᠦᠯ ᠵᠦᠢᠯ ᠢ ᠰᠢᠨ᠎ᠡ ᠪᠠᠷ  ᠡᠬᠢᠯᠡᠨ ᠪᠠᠶᠢᠭᠤᠯᠵᠤ᠂ 59 ᠲᠦᠷᠦᠯ ᠵᠦᠢᠯ ᠢ ᠥᠷᠭᠦᠯᠵᠢᠯᠡᠨ ᠪᠠᠶᠢᠭᠤᠯᠵᠤ᠂ ᠪᠦᠬᠦ ᠵᠢᠯ ᠳᠤ 145 ᠳ᠋ᠥᠩᠰᠢᠭᠤᠷ ᠲᠦᠭᠦᠷᠢᠭ ᠤᠨ ᠪᠡᠯᠡ ᠣᠷᠤᠭᠤᠯᠤᠯᠲᠠ ᠶᠢ ᠪᠡᠶᠡᠯᠡᠭᠦᠯᠦᠨ᠎ᠡ᠃      ᠪᠡᠯᠡ ᠮᠥᠩᠬᠦ ᠶᠢᠨ ᠲᠤᠯᠭᠠᠭᠤᠷᠢ ᠶᠢᠨ ᠪᠠᠶᠢᠭᠤᠯᠤᠯᠲᠠ ᠶᠢ ᠪᠠᠲᠤᠯᠠᠨ᠎ᠠ᠃ ᠲᠦᠷᠦᠯ ᠵᠦᠢᠯ᠂ ᠪᠡᠯᠡ ᠮᠥᠩᠬᠦ ᠪᠠ ᠮᠡᠷᠭᠡᠵᠢᠯ ᠢ ᠲᠠᠲᠠᠨ ᠣᠷᠤᠭᠤᠯᠵᠤ᠂ ︽ᠦᠢᠯᠡᠳᠪᠦᠷᠢᠯᠡᠯ ᠵᠣᠭᠰᠤᠩᠬᠢᠷᠠᠭᠰᠠᠨ ᠠᠵᠤ ᠠᠬᠤᠶᠢᠯᠠᠯ︾ ᠢ ᠭᠦᠴᠦᠯᠡᠨ ᠴᠢᠯᠦᠭᠡᠲᠡᠢ  ᠠᠮᠢᠯᠠᠭᠤᠯᠤᠨ᠎ᠠ᠃ ᠨᠠᠢᠮᠠᠨ PPP ᠲᠦᠷᠦᠯ ᠵᠦᠢᠯ ᠢ ᠳᠣᠭᠲᠠᠩᠭᠤᠢ ᠬᠡᠷᠡᠭᠵᠢᠭᠦᠯᠦᠨ᠎ᠡ  ᠃      ︵ᠭᠤᠷᠪᠠ︶ ᠠᠷᠠᠯᠵᠢᠶᠠᠴᠢᠨ ᠣᠷᠢᠵᠤ ᠪᠡᠯᠡ ᠳᠠᠲᠠᠬᠤ ᠬᠦᠴᠦᠯᠡᠴᠡ ᠪᠠᠨ ᠥᠷᠭᠦᠯᠵᠢᠯᠡᠨ ᠨᠡᠮᠡᠭᠳᠡᠭᠦᠯᠦᠨ᠎ᠡ᠃      ᠭᠤᠣᠯᠳᠠᠯᠭ᠎ᠠ ᠲᠠᠢ ᠣᠷᠤᠨ ᠬᠡᠪᠴᠢᠶ᠎ᠡ ᠶᠢ ᠣᠨᠢᠯᠠᠨ᠎ᠠ᠃ ᠤᠯᠤᠰ᠂ ᠥᠪᠡᠷᠲᠡᠭᠡᠨ ᠵᠠᠰᠠᠬᠤ ᠣᠷᠤᠨ  ᠪᠣᠯᠤᠨ ᠤᠯᠠᠭᠠᠨᠬᠠᠲᠠ ᠬᠤᠳᠠ ᠲᠣᠭᠤᠷᠢᠭ ᠤᠨ ᠬᠥᠭᠵᠢᠯᠲᠡ ᠶᠢᠨ ᠪᠠᠶᠢᠷᠢᠷᠠᠭᠤᠯᠤᠯᠲᠠ ᠳᠤ  ᠵᠣᠬᠢᠴᠠᠭᠤᠯᠵᠤ᠂ ᠵᠦᠵᠢᠶᠠᠩ ᠮᠦᠷᠡᠨ ᠤ ᠭᠤᠷᠪᠠᠯᠵᠢᠨ ᠬᠤᠶᠢᠭ᠂ ᠪᠡᠭᠡᠵᠢᠩ ᠲᠢᠶᠠᠨᠵᠢᠨ ᠡᠾᠧᠪᠸᠢ ᠣᠷᠤᠨ ᠲᠡᠶᠢᠰᠢ ᠴᠢᠭᠯᠡᠭᠦᠯᠵᠦ᠂  ᠳᠣᠰᠬᠠᠢ ᠬᠥᠮᠦᠨ ᠲᠣᠰᠬᠠᠢ ᠠᠩᠬᠢ ᠶᠢ ᠲᠣᠳᠤᠷᠬᠠᠢ ᠳᠣᠭᠲᠠᠭᠠᠵᠤ᠂ ᠴᠢᠭᠯᠡᠭᠦᠯᠬᠦ ᠴᠢᠨᠠᠷᠲᠠᠢ ᠪᠠᠷ ᠨᠢᠭᠡ ᠨᠢᠭᠡ ᠪᠠᠷ ᠬᠠᠷᠢᠯᠴᠢᠨ ᠬᠠᠷᠠᠭᠠᠯᠵᠠᠭᠤᠯᠤᠨ ᠠᠷᠠᠯᠵᠢᠶᠠᠴᠢᠨ ᠤᠷᠢᠬᠤ ᠶᠢ ᠥᠷᠨᠢᠭᠦᠯᠵᠦ᠂ ᠠᠷᠠᠯᠵᠢᠶ᠎ᠠ ᠪᠠᠷ ᠠᠷᠠᠯᠵᠢᠶᠠᠴᠢᠨ ᠤᠷᠢᠬᠤ᠂ ᠠᠵᠤ ᠦᠢᠯᠡᠰ ᠤᠨ ᠬᠡᠯᠬᠢᠶᠡᠵᠢᠯ ᠢᠶᠠᠷ ᠠᠷᠠᠯᠵᠢᠶᠠᠴᠢᠨ ᠤᠷᠢᠬᠤ ᠶᠢ ᠠᠬᠢᠭᠤᠯᠵᠤ᠂ ᠠᠷᠭ᠎ᠠ ᠪᠦᠬᠦᠨ ᠢ ᠰᠦᠪᠡᠭᠴᠢᠯᠡᠵᠦ ᠲᠦᠷᠦᠯ ᠵᠦᠢᠯ᠂ ᠠᠵᠤ ᠦᠢᠯᠡᠰᠲᠡᠨ ᠪᠠ ᠪᠡᠯᠡ ᠣᠷᠤᠭᠤᠯᠤᠯᠲᠠ ᠶᠢ ᠨᠠᠶᠢᠳᠠᠪᠤᠷᠢᠵᠢᠭᠤᠯᠵᠤ᠂ ᠠᠷᠠᠯᠵᠢᠶᠠᠴᠢᠨ  ᠣᠷᠢᠵᠤ ᠪᠡᠯᠡ ᠳᠠᠲᠠᠬᠤ ᠲᠤᠭ᠎ᠠ ᠬᠡᠮᠵᠢᠶ᠎ᠡ᠂ ᠶᠠᠰᠤ ᠴᠢᠨᠡᠷ ᠤᠨ ᠪᠦᠬᠦ ᠲᠠᠯ᠎ᠠ ᠪᠠᠷ ᠳᠡᠭᠡᠭᠰᠢᠯᠡᠭᠦᠯᠬᠦ ᠶᠢ ᠪᠡᠶᠡᠯᠡᠭᠦᠯᠦᠨ᠎ᠡ      ᠪᠡᠯᠡ ᠣᠷᠤᠭᠤᠯᠤᠯᠲᠠ ᠶᠢᠨ ᠬᠡᠯᠪᠡᠷᠢ ᠶᠢ ᠰᠠᠶᠢᠵᠢᠷᠠᠭᠤᠯᠵᠤ᠂ ᠪᠡᠯᠡ ᠣᠷᠤᠭᠤᠯᠤᠯᠲᠠ ᠶᠢᠨ ᠪᠦᠲᠦᠮᠵᠢ ᠶᠢ  ᠭᠤᠣᠯᠴᠢᠯᠠᠨ᠎ᠠ᠃  ᠪᠡᠯᠡ ᠣᠷᠤᠭᠤᠯᠬᠤ ᠠᠵᠤ ᠠᠬᠤᠶᠢᠯᠠᠯ ᠳᠤ ᠪᠦᠬᠦ ᠲᠠᠯ᠎ᠠ ᠶᠢᠨ ᠪᠠᠶᠢᠴᠠᠭᠠᠯᠲᠠ ᠦᠨᠡᠯᠡᠯᠲᠡ ᠬᠢᠭᠰᠡᠨ ᠤ ᠳᠠᠷᠠᠭ᠎ᠠ᠂ ᠲᠦᠷᠦᠯ ᠵᠦᠢᠯ ᠤᠨ ᠪᠦᠲᠦᠭᠡᠨ ᠪᠠᠶᠢᠭᠤᠯᠤᠯᠲᠠ ᠶᠢᠨ ᠠᠯᠢᠪᠠ ᠳᠠᠮᠵᠢᠭ᠎ᠠ ᠶᠢᠨ ᠬᠠᠷᠢᠭᠤᠴᠠᠯᠭᠠᠳᠠᠨ ᠢ ᠨᠠᠷᠢᠨ ᠲᠣᠳᠤᠯᠠᠵᠤ᠂ ᠲᠦᠷᠦᠯ ᠵᠦᠢᠯ ᠤᠨ ᠬᠡᠷᠡᠭᠵᠢᠭᠦᠯᠦᠯᠲᠡ ᠶᠢᠨ ᠪᠦᠬᠦ ᠶᠠᠪᠤᠴᠠ ᠶᠢ ᠲᠠᠭᠠᠨ ᠦᠢᠯᠡᠴᠢᠯᠡᠵᠦ᠂ ᠬᠤᠳᠠᠯᠳᠤᠭᠠᠴᠢᠨ ᠤᠷᠢᠵᠤ ᠪᠡᠯᠡ  ᠣᠷᠤᠭᠤᠯᠤᠯᠲᠠ ᠶᠢᠨ ᠴᠢᠭᠯᠡᠯᠲᠦ ᠰᠢᠨᠵᠢ ᠪᠠ ᠠᠮᠵᠢᠯᠲᠠ ᠶᠢᠨ ᠨᠣᠷᠮ᠎ᠠ ᠶᠢ ᠳᠡᠭᠡᠭᠰᠢᠯᠡᠭᠦᠯᠵᠦ᠂ 1000 ᠲᠦᠮᠡᠨ ᠲᠦᠭᠦᠷᠢᠭ   ᠤᠨ ᠲᠦᠷᠦᠯ ᠵᠦᠢᠯ ᠢ 20 ᠠᠴᠠ ᠳᠡᠭᠡᠭᠰᠢ ᠪᠡᠯᠡ ᠣᠷᠤᠭᠤᠯᠬᠤ ᠪᠠᠷ ᠲᠦᠯᠦᠪᠯᠡᠵᠦ ᠪᠠᠶᠢᠨ᠎ᠠ᠃      ︵ᠳᠦᠷᠪᠡ︶ ᠲᠠᠷᠢᠶᠠᠯᠠᠩ  ᠮᠠᠯ ᠠᠵᠤ ᠠᠬᠤᠢ ᠶᠢᠨ ᠠᠵᠢᠯ ᠢ  ᠤᠳᠠᠭᠠᠨ  ᠳᠠᠭᠠᠭᠠᠮᠠᠭᠠᠢ  ᠪᠠᠷᠢᠮᠳᠠᠯᠠᠬᠤ ᠶᠢ ᠴᠢᠩᠭᠠᠳᠬᠠᠨ᠎ᠠ᠃      ᠪᠦᠲᠦᠴᠡ ᠶᠢᠨ ᠳᠣᠬᠢᠷᠠᠭᠤᠯᠤᠯᠲᠠ᠂ ᠲᠠᠷᠢᠶᠠᠯᠠᠩ ᠮᠠᠯ ᠠᠵᠤ ᠠᠬᠤᠢ ᠶᠢᠨ ᠪᠦᠬᠦᠯᠢ ᠴᠣᠭᠴᠠ ᠶᠢᠨ  ᠦᠷ᠎ᠡ ᠠᠰᠢᠭ ᠢ ᠳᠡᠭᠡᠭᠰᠢᠯᠡᠭᠦᠯᠦᠨ᠎ᠡ᠃  ︽4662︾ ᠢᠨᠵᠧᠨᠧᠷᠢᠩ ᠢ ᠳᠣᠭᠲᠠᠩᠭᠤᠢ ᠠᠬᠢᠭᠤᠯᠵᠤ᠂ ︽ᠭᠤᠷᠪᠠᠨ ᠶᠡᠭᠡ ᠪᠠᠶᠢᠯᠳᠤᠬᠤ ᠪᠣᠳᠤᠯᠭ᠎ᠠ︾ ᠶᠢ ᠳᠣᠭᠲᠠᠩᠭᠤᠢ ᠲᠡᠭᠦᠯᠳᠡᠷᠵᠢᠭᠦᠯᠵᠦ᠂ ᠪᠣᠬᠢᠷᠳᠠᠯ ᠦᠭᠡᠢ᠂ ᠤᠰᠤ ᠠᠷᠪᠢᠯᠠᠬᠤ ᠪᠠ  ᠦᠷ᠎ᠡ ᠠᠰᠢᠭᠲᠤ ᠲᠠᠷᠢᠶᠠᠯᠠᠩ ᠮᠠᠯ ᠠᠵᠤ ᠠᠬᠤᠢ ᠶᠢ ᠬᠥᠭᠵᠢᠭᠦᠯᠦᠨ᠎ᠡ᠃ ᠲᠠᠷᠢᠮᠠᠯ ᠤᠨ ᠦᠢᠯᠡᠰ ᠨᠢ ︽ᠬᠤᠶᠠᠷ ᠢ ᠪᠠᠭᠠᠰᠬᠠᠵᠤ᠂ ᠬᠤᠶᠠᠷ ᠢ  ᠨᠡᠮᠡᠭᠳᠡᠭᠦᠯᠬᠦ︾ ᠪᠠᠶᠢᠯᠳᠤᠬᠤ ᠪᠣᠳᠤᠯᠭ᠎ᠠ ᠶᠢ ᠪᠠᠷᠢᠮᠳᠠᠯᠠᠵᠤ᠂ ᠬᠠᠭᠤᠷᠠᠢ ᠲᠠᠷᠢᠶᠠᠯᠠᠩ ᠳᠤ ᠲᠦᠰᠢᠭᠯᠡᠨ᠂ ᠡᠷᠳᠡᠨᠢ ᠰᠢᠰᠢ᠂  ᠰᠢᠰᠢ ᠶᠢ 20 ᠲᠦᠮᠡᠨ ᠮᠤ᠋ ᠪᠠᠭᠠᠰᠬᠠᠨ᠂ ᠨᠠᠷᠢᠮᠤ ᠮᠡᠲᠦ ᠶᠢᠨ ᠪᠦᠳᠦᠭᠦᠯᠢᠭ ᠠᠮᠤ ᠪᠣᠷᠴᠠᠭ ᠢ 10 ᠲᠦᠮᠡᠨ ᠮᠤ᠋  ᠂ 10 ᠮᠤ᠋ ᠪᠣᠷᠳᠤᠭᠠᠨ ᠤ ᠲᠠᠷᠢᠮᠠᠯ ᠢ ᠨᠡᠮᠡᠭᠳᠡᠭᠦᠯᠵᠦ᠂ ︽ᠨᠢᠭᠡᠯᠡ ᠲᠦᠷᠦᠯ ᠤᠨ ᠠᠮᠤ ᠪᠠᠷ ᠲᠤᠯᠭᠠᠭᠤᠷᠢᠯᠠᠭᠤᠯᠬᠤ︾ ︵ᠡᠷᠳᠡᠨᠢ ᠰᠢᠰᠢ︶  ᠠᠰᠠᠭᠤᠳᠠᠯ ᠢ ᠠᠯᠭᠤᠷ ᠰᠢᠢᠳᠪᠦᠷᠢᠯᠡᠨ᠎ᠡ  ᠃      ᠰᠠᠭᠤᠷᠢ ᠶᠢ ᠴᠢᠩᠭᠠᠳᠬᠠᠨ᠂ ᠦᠢᠯᠡᠳᠪᠦᠷᠢᠯᠡᠯ ᠤᠨ ᠡᠵᠡᠩᠨᠡᠯᠲᠡ ᠶᠢᠨ ᠨᠦᠭᠦᠴᠡᠯ ᠢ ᠰᠠᠶᠢᠵᠢᠷᠠᠭᠤᠯᠤᠨ᠎ᠠ᠃ ᠲᠤᠮᠤ ᠬᠡᠯᠪᠡᠷᠢ ᠵᠢᠨ‌‍ᠲᠷᠠᠺᠲ᠋ᠤᠷ᠂ ᠦᠨᠳᠦᠷ ᠠᠰᠢᠭᠲᠤ ᠬᠠᠳᠣᠵᠤ ᠬᠤᠷᠢᠶᠠᠬᠤ ᠬᠠᠮ ᠮᠠᠰᠢᠠ᠂ ᠬᠤᠣᠰᠯᠠᠭᠰᠠᠨ ᠮᠠᠶ᠋ᠢᠭᠳᠤ ᠠᠵᠢᠯᠯᠠᠬᠤ ᠮᠧᠬᠠᠨᠢᠭ ᠵᠡᠷᠭᠡ ᠲᠠᠷᠢᠶᠠᠯᠠᠩ ᠤᠨ ᠲᠣᠨᠤᠭ ᠲᠦᠬᠦᠭᠡᠷᠦᠮᠵᠢ ᠶᠢ  ᠳᠡᠯᠭᠡᠷᠡᠭᠦᠯᠦᠨ᠎ᠡ᠃ ᠨᠡᠶᠢᠯᠡᠭᠦᠯᠬᠦ ᠶᠢ ᠠᠬᠢᠭᠤᠯᠵᠤ᠂ ᠠᠰᠢᠭ ᠳᠤᠰᠠ ᠬᠤᠯᠪᠤᠯᠳᠤᠭᠰᠠᠨ ᠵᠣᠬᠢᠶᠠᠮᠵᠢ   ᠶᠢ ᠪᠡᠬᠡᠵᠢᠭᠦᠯᠦᠨ᠎ᠡ᠃ ᠨᠡᠷᠡᠲᠦ ᠳᠡᠮᠳᠡᠭᠲᠦ ᠶᠢ ᠡᠭᠦᠳᠴᠦ᠂  ᠦᠢᠯᠡᠳᠭᠦᠨ ᠤ ᠨᠡᠮᠡᠭᠳᠡᠯ ᠥᠷᠳᠡᠭ ᠢ ᠨᠡᠮᠡᠭᠳᠡᠭᠦᠯᠦᠨ᠎ᠡ᠃      ︵ᠲᠠᠪᠤ︶ ᠠᠵᠤ ᠦᠢᠯᠡᠳᠪᠦᠷᠢᠵᠢᠯᠡᠯᠲᠡ ᠳᠡᠰᠢ ᠰᠢᠯᠵᠢᠬᠦ ᠶᠢ ᠣᠯᠠᠨ ᠠᠷᠭ᠎ᠠ ᠪᠠᠷ ᠠᠬᠢᠭᠤᠯᠤᠨ᠎ᠠ      ᠳᠣᠭᠲᠠᠩᠭᠤᠢ ᠨᠡᠮᠡᠭᠳᠡᠭᠦᠯᠵᠦ᠂ ᠰᠢᠨ᠎ᠠ ᠪᠠᠷ ᠪᠤᠢ ᠪᠤᠯᠣᠬᠰᠠᠠ ᠠᠵᠤ ᠦᠢᠯᠠᠰ ᠢ ᠲᠠᠲᠠᠨ ᠣᠷᠤᠭᠤᠯᠤᠨ᠎ᠠ᠃ ︽ᠴᠢᠯᠣᠬᠡᠳᠠᠢ ᠪᠤᠯᠭᠠᠬᠤ ᠪᠠ ᠲᠠᠲᠠᠨ ᠣᠷᠤᠭᠤᠯᠬᠤ ᠶᠢ ᠵᠠᠷᠬᠡ ᠪᠠᠷ ᠬᠦᠭᠵᠢᠬᠦᠯᠬᠦ᠂ ᠤ‍‌ᠵᠭᠡᠷᠠᠴ‍‌ᠵᠯᠠᠬᠦ ᠪᠠ ᠬᠠᠮ‍‌ᠵᠶᠠᠷᠤᠯᠳᠡ ᠶᠢ ᠵᠠᠷᠬᠡ ᠪᠠᠷ ᠴᠢᠬᠤᠯᠠᠴᠢᠯᠠᠬᠤ︾ ᠵᠠᠷᠴᠢᠮ ᠢ ᠪᠠᠷᠢᠮᠳᠠᠯᠠᠵᠤ᠂ 1000 ᠲᠦᠮᠡ ᠠᠴᠠ ᠳᠡᠭᠡᠭᠰᠢ ᠠᠵᠤ  ᠦᠢᠯᠡᠳᠪᠦᠷᠢ ᠶᠢᠨ ᠲᠦᠷᠦᠯ ᠵᠦᠢᠯ ᠢ 20  ᠬᠡᠷᠡᠭᠵᠢᠭᠦᠯᠬᠦ ᠪᠠᠷ ᠲᠦᠯᠦᠪᠯᠡᠵᠦ᠂ ᠵᠢᠯ ᠤᠨ ᠳᠣᠲᠤᠷ᠎ᠠ 48 ᠳ᠋ᠥᠩᠰᠢᠭᠤᠷ ᠲᠦᠭᠦᠷᠢᠭ ᠤᠨ ᠪᠡᠯᠡ ᠣᠷᠤᠭᠤᠯᠤᠯᠲᠠ ᠶᠢ ᠪᠡᠶᠡᠯᠡᠭᠦᠯᠦᠨ᠎ᠡ᠃      ᠨᠡᠮᠡᠭᠦᠦ ᠦᠢᠯᠡᠳᠪᠦᠷᠢᠯᠡᠬᠦ ᠴᠢᠳᠠᠪᠦᠷᠢ ᠶᠢ ᠬᠠᠰᠤᠵᠤ᠂ ᠬᠤᠴᠤᠷᠤᠩᠭᠤᠢ ᠲᠦᠷᠦᠯ ᠵᠦᠢᠯ ᠢ ᠰᠢᠯᠢᠳᠡᠭᠵᠢᠭᠦᠯᠦᠨ᠎ᠡ᠃ ᠤᠯᠤᠰ ᠤᠨ ᠪᠣᠳᠤᠯᠭ᠎ᠠ ᠶᠢ ᠴᠢᠩᠭ᠎ᠠ ᠬᠡᠷᠡᠭᠵᠢᠭᠦᠯᠵᠦ᠂  ᠨᠡᠮᠡᠭᠦᠦ ᠦᠢᠯᠡᠳᠪᠦᠷᠢᠯᠡᠬᠦ ᠴᠢᠳᠠᠪᠦᠷᠢ ᠶᠢ  ᠪᠦᠲᠦᠮᠵᠢᠲᠡᠢ ᠰᠢᠢᠳᠪᠦᠷᠢᠯᠡᠨ᠎ᠡ᠃      ᠥᠪᠡᠷ ᠤᠨ ᠥᠷᠳᠡᠭ ᠢ ᠪᠠᠭᠤᠷᠠᠭᠤᠯᠵᠤ᠂ ᠠᠵᠤ ᠠᠬᠤᠶᠢᠯᠠᠯ ᠤᠨ ᠳᠠᠷᠤᠭᠠᠰᠤ ᠶᠢ ᠪᠠᠭᠠᠰᠬᠠᠨ᠎ᠠ᠃ ᠵᠠᠰᠠᠭ ᠵᠠᠬᠢᠷᠭᠠᠨ ᠤ ᠠᠵᠢᠯ ᠦᠢᠯᠡᠰ ᠤᠨ ᠰᠦᠢᠤᠠᠭᠡᠯ ᠬᠤᠷ‍‌ᠵᠶᠠᠬᠤ᠂ ᠵᠠᠭᠤᠴᠢ   ᠶᠢᠨ ᠦᠢᠯᠡᠴᠢᠯᠡᠭᠡ᠂ ᠴᠠᠭᠢᠯᠭᠠᠡ ᠭᠡᠷᠡᠭᠯᠠᠬᠦ ᠨᠦᠬᠦᠪᠤᠷᠢ ᠵᠡᠷᠭᠡ ᠶᠢᠨ ᠥᠪᠡᠷ ᠤᠨ ᠥᠷᠳᠡᠭ ᠢ ᠨᠢ ᠪᠠᠭᠤᠷᠠᠭᠤᠯᠬᠤ ᠠᠷᠭ᠎ᠠ ᠶᠢ ᠴᠢᠩᠭ᠎ᠠ ᠨᠠᠶᠢᠳᠠᠪᠤᠷᠢᠵᠢᠭᠤᠯᠤᠨ᠂ ᠮᠡᠳᠡᠭᠡ ᠵᠠᠩᠬᠢ ᠶᠢᠨ ᠬᠠᠮᠳᠤ ᠶᠢᠨ ᠠᠰᠢᠭᠯᠠᠯᠳᠠ ᠪᠠᠷ ᠳᠠᠮᠵᠢᠨ᠂  ᠠᠵᠤ ᠠᠬᠤᠶᠢᠯᠠᠯ ᠤᠨ ᠬᠡᠷᠡᠭ ᠡᠷᠬᠢᠯᠡᠬᠦ ᠶᠠᠪᠤᠴᠠ  ᠶᠢ ᠳᠦᠭᠦᠮᠴᠢᠯᠡᠬᠦ ᠦᠢᠯᠡᠴᠢᠯᠡᠭᠡ ᠶᠢ ᠰᠢᠯᠢᠳᠡᠭᠵᠢᠭᠦᠯᠦᠨ᠎ᠡ᠃ ᠳᠠᠪᠴᠠᠩ ᠪᠠᠶᠢᠭᠤᠯᠵᠤ᠂ ᠲᠣᠭᠤᠷᠢᠭ ᠤᠨ ᠴᠢᠳᠠᠮᠵᠢ  ᠶᠢ ᠥᠷᠭᠡᠳᠭᠡᠨ᠎ᠡ᠃      ︵ᠵᠢᠷᠭᠤᠭ᠎ᠠ︶  ᠵᠣᠭᠠᠴᠠᠯ ᠤᠨ ᠦᠢᠯᠡᠰ ᠤᠨ ᠳᠠᠪᠠᠭᠤᠯᠢᠭ ᠪᠠᠶᠢᠷᠢ ᠶᠢᠨ ᠵᠣᠭᠰᠤᠴᠠ ᠶᠢ ᠬᠥᠭᠵᠢᠭᠦᠯᠦᠨ᠎ᠡ      ᠰᠢᠨᠵᠢᠯᠡᠬᠦ ᠤᠬᠠᠭᠠᠨᠴᠢ ᠵᠦᠢ  ᠵᠣᠬᠢᠰᠲᠠᠢ ᠲᠦᠯᠦᠪᠵᠢᠭᠦᠯᠦᠨ᠎ᠡ᠃ ︽ᠪᠦᠬᠦ ᠬᠤᠲᠠ ᠶᠢᠨ ᠵᠤᠭᠠᠴᠠᠯ ᠤᠨ ᠦᠢᠯᠡᠰ ᠤᠨ ᠭᠤᠷᠪᠠᠨ ᠵᠢᠯ ᠤᠨ ᠬᠥᠭᠵᠢᠯᠲᠡ ᠶᠢᠨ ᠠᠵᠢᠯᠯᠠᠭ᠎ᠠ ᠶᠢᠨ ᠲᠦᠯᠦᠪᠯᠡᠭᠡ︾ ᠶᠢ  ᠨᠠᠶᠢᠳᠠᠪᠤᠷᠢᠵᠢᠭᠤᠯᠤᠨ᠂ ᠪᠦᠬᠦ ᠬᠤᠰᠢᠭᠤᠨ ᠤ ᠰᠣᠶᠤᠯ ᠤᠨ ᠵᠣᠭᠠᠴᠠᠯ ᠤᠨ ᠦᠢᠯᠡᠰ ᠤᠨ ᠬᠥᠭᠵᠢᠯᠲᠡ ᠶᠢᠨ ᠺᠣᠮᠢᠰ ᠢ ᠪᠠᠶᠢᠭᠤᠯᠵᠤ᠂ ᠵᠢᠯ ᠪᠦᠷᠢ 1000 ᠲᠦᠮᠡᠨ ᠲᠦᠭᠦᠷᠢᠭ ᠤᠨ ᠰᠣᠶᠤᠯ ᠤᠨ ᠵᠣᠭᠠᠴᠠᠯ ᠤᠨ ᠪᠡᠯᠡ ᠮᠥᠩᠬᠦ ᠶᠢ  ᠬᠥᠭᠵᠢᠯᠲᠡ ᠶᠢᠨ ᠰᠠᠭᠤᠷᠢ ᠮᠥᠩᠬᠦ ᠪᠣᠯᠭᠠᠨ᠂ ᠭᠤᠣᠯᠳᠠᠯᠭ᠎ᠠ ᠲᠠᠢ ᠠᠵᠤ ᠠᠬᠤᠶᠢᠯᠠᠯ ᠤᠨ ᠪᠠᠯᠡ  ᠮᠥᠩᠬᠦ ᠶᠢ ᠳᠠᠲᠠᠨ ᠣᠷᠤᠭᠤᠯᠤᠨ᠎ᠠ᠃      ᠣᠷᠤᠨ ᠨᠤᠳᠤᠭ ᠤᠨ ᠣᠨᠴᠠᠯᠢᠭᠲᠤ ᠶᠢ ᠳᠣᠪᠤᠶᠢᠯᠭᠠᠨ᠎ᠠ᠃ ᠪᠠᠯᠠᠷ ᠡᠷᠲᠡᠨ ᠤ ᠰᠣᠶᠤᠯ᠂ ᠬᠠᠭᠤᠷᠠᠢ ᠲᠠᠷᠢᠮᠠᠯ  ᠤᠨ ᠦᠢᠯᠡᠰ᠂ ᠠᠮᠢ ᠠᠬᠤᠢ ᠶᠢᠨ ᠪᠦᠲᠦᠭᠡᠨ ᠪᠠᠶᠢᠭᠤᠯᠤᠯᠲᠠ᠂ ᠬᠠᠯᠠᠭᠤᠨ ᠷᠠᠰᠢᠶᠠᠨᠲᠤ ᠰᠡᠯᠡᠭᠦᠴᠡᠯ ᠵᠡᠷᠭᠡ ᠦᠵᠡᠮᠵᠢ  ᠶᠢᠨ ᠣᠷᠤᠨ ᠢᠶᠠᠷ ᠭᠤᠣᠯ ᠴᠡᠭ  ᠪᠣᠯᠭᠠᠵᠤ᠂ ᠴᠢᠨᠠᠷᠯᠢᠭ ᠰᠠᠶᠢᠬᠠᠨ ᠵᠣᠭᠠᠴᠠᠯ ᠤᠨ ᠵᠠᠮ ᠱᠣᠭᠤᠮ ᠢ  ᠪᠠᠶᠢᠭᠤᠯᠤᠨ᠎ᠠ  ︔ ︽ ᠨᠠᠢᠮᠠᠨ ᠬᠦᠷᠢᠶᠡᠯᠡᠩ︾ ᠢ ᠪᠠᠶᠢᠭᠤᠯᠬᠤ ᠪᠠᠷ ᠠᠴᠢᠶᠠᠯᠠᠭᠴᠢ ᠪᠣᠯᠭᠠᠨ᠂ ᠰᠡᠯᠡᠭᠦᠴᠡᠯ᠂  ᠲᠣᠭᠤᠷᠢᠨ ᠦᠵᠡᠬᠦ  ᠵᠤᠭᠠᠴᠠᠯ ᠤᠨ ᠰᠠᠭᠤᠷᠢᠨ ᠭᠠᠵᠠᠷ ᠢ ᠪᠠᠶᠢᠭᠤᠯᠤᠨ᠎ᠠ︔ ᠬᠥᠳᠡᠭᠡ ᠲᠣᠰᠬᠤᠨ ᠤ ᠦᠵᠡᠮᠵᠢ ᠪᠠ ᠭᠤᠣᠯᠯᠠᠭᠴᠢ ᠠᠵᠤ ᠦᠢᠯᠡᠰ ᠪᠠᠷ ᠲᠦᠰᠢᠭ ᠪᠣᠯᠭᠠᠵᠤ᠂ ᠬᠥᠳᠡᠭᠡ ᠲᠣᠰᠬᠤᠨ ᠤ ᠣᠨᠴᠠᠯᠢᠭᠲᠤ ᠵᠣᠭᠠᠴᠠᠯ ᠤᠨ ᠦᠢᠯᠡᠰ ᠢ ᠪᠦᠬᠦ ᠲᠠᠯ᠎ᠠ  ᠪᠠᠷ ᠠᠬᠢᠭᠤᠯᠤᠨ᠎ᠠ᠃      ᠵᠤᠭᠠᠴᠠᠯ ᠤᠨ ᠨᠡᠷᠡᠲᠦ ᠲᠡᠮᠲᠡᠭᠲᠦ ᠶᠢ ᠪᠦᠲᠦᠭᠡᠨ ᠪᠠᠶᠢᠭᠤᠯᠤᠨ᠎ᠠ᠃ ︽ᠭᠤᠷᠪᠠᠨ ᠬᠠᠭᠤᠳᠠᠰᠤ ᠨᠡᠷᠡᠲᠦ ᠳᠡᠮᠳᠡᠭᠲᠦ︾   ᠳᠤ ᠲᠦᠰᠢᠭᠯᠡᠨ᠂ ᠰᠣᠶᠤᠯ ᠪᠠ ᠵᠣᠭᠠᠴᠠᠯ   ᠤᠨ ᠨᠡᠶᠢᠯᠡᠯᠲᠡ ᠶᠢ ᠠᠬᠢᠭᠤᠯᠵᠤ᠂  ᠰᠣᠶᠤᠯ᠂ ᠲᠠᠷᠢᠶᠠᠯᠠᠩ᠂ ᠠᠮᠢ ᠠᠬᠤᠢ᠂ ᠬᠠᠯᠠᠭᠤᠨ ᠷᠠᠰᠢᠶᠠᠨᠳᠤ᠂ ᠮᠠᠩᠬᠠᠨ ᠭᠠᠵᠠᠷ᠂ ᠵᠠᠩ ᠦᠢᠯᠡ᠂ ᠱᠠᠰᠢᠨ ᠰᠤᠷᠲᠠᠬᠤᠨ ᠳᠣᠯᠤᠭᠠᠨ ᠶᠡᠭᠡ  ᠵᠣᠭᠠᠴᠠᠯ ᠤᠨ ᠨᠡᠷᠡᠲᠦ ᠳᠡᠮᠳᠡᠭᠲᠦ ᠶᠢ ᠪᠠᠶᠢᠭᠤᠯᠤᠨ᠎ᠠ᠃  ᠭᠤᠣᠯᠳᠠᠯᠭ᠎ᠠ ᠲᠠᠢ ᠴᠡᠭ᠂ ᠭᠠᠵᠠᠷ ᠣᠷᠤᠨ ᠢ ᠠᠳᠬᠤᠨ ᠱᠤᠴᠢᠯᠠᠵᠤ᠂ ᠪᠦᠬᠦ ᠲᠠᠯ᠎ᠠ ᠪᠠᠷ ᠤᠬᠠᠭᠤᠯᠵᠤ᠂ ᠵᠣᠭᠠᠴᠠᠯ ᠤᠨ ᠨᠡᠷᠡᠲᠦ ᠳᠡᠮᠳᠡᠭᠲᠦ ᠪᠠ ᠳᠠᠪᠠᠭᠤᠯᠢᠭ ᠢ ᠠᠬᠢᠭᠤᠯᠵᠤ᠂  ᠵᠣᠭᠠᠴᠠᠯ ᠤᠨ ᠦᠢᠯᠡᠰ   ᠢ ᠠᠵᠤ ᠠᠬᠤᠢ ᠶᠢᠨ ᠨᠡᠮᠡᠭᠳᠡᠯ ᠢ ᠳᠠᠲᠠᠬᠤ ᠭᠤᠣᠯ ᠬᠥᠴᠦᠨ ᠤ ᠨᠢᠭᠡ ᠪᠣᠯᠭᠠᠬᠤ ᠬᠡᠷᠡᠭᠲᠡᠢ᠃      ︵ ᠳᠣᠯᠤᠭ᠎ᠠ︶ ᠠᠷᠭ᠎ᠠ ᠪᠦᠬᠦᠨ ᠢ ᠰᠦᠪᠡᠭᠴᠢᠯᠡᠵᠦ ᠬᠥᠭᠵᠢᠯᠲᠡ ᠶᠢᠨ ᠡᠯᠧᠮᠧᠨ᠋ᠲ ᠶᠢ ᠢᠳᠡᠪᠬᠢᠵᠢᠭᠦᠯᠦᠨ᠎ᠡ      ᠠᠷᠠᠯᠵ‍‌ᠵᠶ᠎ᠠ ᠬᠤᠳᠠᠯᠳᠣᠭᠠᠨ ᠤ ᠬᠦᠢᠯᠬᠡᠬᠡᠨ ᠤ ᠤ‍‌ᠵ‍‌ᠵᠯᠠᠰ ᠤᠨ ᠬᠡᠪᠴᠢᠶ᠎ᠡ ᠪᠠ ᠳᠡᠰ ᠳᠠᠪᠬᠤᠷᠭ᠎ᠠ ᠶᠢ ᠳᠡᠭᠡᠭᠰᠢᠯᠡᠭᠦᠯᠦᠨ᠎ᠡ᠃ ᠡᠳ᠋ ᠪᠠᠷᠠᠭᠠᠨ ᠤ ᠭᠥᠢᠯᠭᠡᠭᠡᠨ ᠤ ᠲᠣᠭᠤᠷᠢᠭ ᠤᠨ ᠬᠤᠶᠠᠳᠤᠭᠠᠷ ᠬᠤᠭᠤᠴᠠᠭᠠᠨ ᠤ ᠢᠨᠵᠧᠨᠧᠷᠢᠩ ᠤᠨ ᠠᠵᠢᠯ ᠢ ᠡᠬᠢᠯᠡᠭᠦᠯᠵᠦ᠂ ᠣᠯᠠᠨ ᠨᠡᠶᠢᠲᠡ ᠶᠢᠨ ᠡᠳ᠋ ᠪᠠᠷᠠᠭᠠᠨ ᠤ ᠭᠦᠢᠯᠭᠡᠭᠡ ᠶᠢᠨ ᠮᠡᠳᠡᠭᠡ ᠵᠠᠩᠬᠢ  ᠶᠢᠨ ᠳᠠᠪᠴᠠᠩ᠂ ᠲᠤᠬᠢᠷᠠᠭᠤᠯᠤᠨ ᠬᠦᠷᠭᠡᠬᠦ ᠲᠦᠪ  ᠂ ᠮᠠᠰᠢᠨ ᠰᠡᠯᠪᠢᠨ ᠵᠠᠰᠠᠬᠤ ᠪᠠ ᠡᠬᠢ ᠪᠠᠶᠠᠯᠢᠭ ᠤᠨ ᠰᠣᠯᠢᠯᠴᠠᠭᠠᠨ ᠤ ᠵᠠᠬ᠎ᠠ ᠳᠡᠯᠭᠡᠭᠦᠷ ᠤᠨ ᠪᠠᠶᠢᠭᠤᠯᠤᠯᠲᠠ   ᠶᠢ ᠳᠠᠬᠢᠨ ᠰᠡᠷᠭᠡᠬᠦ ᠶᠢ ᠠᠬᠢᠭᠤᠯᠵᠤ᠂ ᠭᠦᠢᠲᠡᠨ ᠬᠡᠯᠬᠢᠶᠠᠲᠤ ᠡᠳ᠋ ᠪᠠᠷᠠᠭᠠᠨ ᠤ  ᠭᠦᠢᠯᠭᠡᠭᠡ ᠶᠢᠨ ᠬᠥᠭᠵᠢᠯᠲᠡ ᠶᠢ  ᠠᠬᠢᠭᠤᠯᠤᠨ  ᠂ ᠮᠥᠩᠬᠦᠨ ᠭᠦᠢᠯᠭᠡᠭᠡᠨ ᠤ ᠦᠢᠯᠡᠴᠢᠯᠡᠭᠡᠨ ᠤ ᠦᠢᠯᠡᠰ ᠤᠨ ᠦᠢᠯᠡᠳᠦᠯ ᠪᠠ ᠴᠢᠳᠠᠮᠵᠢ ᠶᠢ ᠳᠡᠯᠭᠡᠷᠡᠭᠦᠯᠦᠨ᠎ᠡ᠃      ︵ ᠨᠠᠢᠮᠠ︶ ᠭᠠᠵᠠᠷ ᠣᠷᠤᠨ ᠤ ᠲᠣᠬᠠᠢ ᠶᠢᠨ ᠪᠠᠶᠢᠳᠠᠯ ᠳᠤᠨᠢ ᠲᠣᠬᠢᠷᠠᠭᠤᠯᠤᠨ ᠬᠤᠲᠠ ᠬᠥᠳᠡᠭᠡ ᠶᠢᠨ ᠬᠥᠭᠵᠢᠯᠲᠡ ᠶᠢ ᠠᠬᠢᠭᠤᠯᠤᠨ᠎ᠠ      ᠵᠦᠢ ᠵᠣᠬᠢᠰᠲᠠᠢ ᠪᠠᠶᠢᠷᠢᠯᠠᠭᠤᠯᠵᠤ᠂ ᠲᠥᠯᠥᠪᠵᠢᠭᠦᠯᠭᠡ ᠶᠢᠨ ᠬᠢᠷᠢ ᠬᠡᠮᠵᠢᠶ᠎ᠡ ᠶᠢ ᠳᠡᠭᠡᠭᠰᠢᠯᠡᠭᠦᠯᠦᠨ᠎ᠡ᠃ ᠰᠢᠨ ᠬᠤᠢ ᠬᠤᠲᠠ ᠲᠣᠭᠤᠷᠢᠭ ᠢᠶᠠᠷ ᠲᠦᠪ ᠪᠣᠯᠭᠠᠨ᠂ ᠬᠥᠳᠡᠭᠡ ᠪᠠᠯᠭᠠᠰᠤ ᠪᠠᠷ ᠠᠭᠤᠯᠵᠠᠷ ᠪᠣᠯᠭᠠᠨ᠂ ᠭᠤᠣᠯᠳᠠᠯᠭ᠎ᠠ ᠲᠠᠢ ᠬᠥᠳᠡᠭᠡ ᠲᠣᠰᠬᠤᠨ ᠢᠶᠠᠷ ᠵᠠᠩᠭᠢᠯᠠᠭ᠎ᠠ ᠪᠣᠯᠭᠠᠨ᠂ ᠪᠦᠲᠦᠴᠡ ᠶᠢᠨ ᠳᠠᠷᠠᠭᠠᠯᠠᠯ ᠳᠣᠳᠤᠷᠬᠠᠢ᠂ ᠪᠠᠶᠢᠷᠢᠯᠠᠭᠤᠯᠤᠯᠲᠠ ᠵᠣᠬᠢᠰᠳᠠᠢ᠂ ᠠᠵᠤ ᠦᠢᠯᠡᠰ ᠳᠣᠳᠤᠷᠬᠠᠢ᠂ ᠣᠨᠴᠠᠯᠢᠭ ᠳᠣᠪᠤᠶᠢᠮ᠎ᠠ᠂ ᠠᠯᠤᠰ ᠢ ᠪᠠᠷᠠᠯᠠᠭᠰᠠᠨ ᠬᠤᠲᠠ ᠬᠥᠳᠡᠭᠡ ᠶᠢᠨ ᠪᠦᠲᠦᠴᠡ ᠶᠢ ᠪᠣᠢ ᠪᠣᠯᠭᠠᠨ᠎ᠠ᠃ ᠰᠢᠨ ᠬᠤᠢ ᠬᠤᠲᠠ ᠲᠣᠭᠤᠷᠢᠭ ᠤᠨ ᠪᠦᠬᠦ ᠲᠠᠯ᠎ᠠ ᠶᠢᠨ ᠲᠦᠯᠦᠪᠵᠢᠬᠦᠯᠬᠡ ᠶᠢ ᠵᠠᠰᠠᠪᠤᠷᠢᠯᠠᠵᠤ᠂ ᠪᠠᠯᠭᠠᠰᠤ᠂ ᠳᠣᠰᠬᠤᠨ ᠤ ᠲᠦᠯᠦᠪᠵᠢᠭᠦᠯᠭᠡ ᠶᠢᠨ ᠰᠢᠨᠵᠢᠯᠡᠬᠦ ᠤᠬᠠᠭᠠᠨᠴᠢ ᠴᠢᠨᠠᠷ ᠪᠠ ᠭᠡᠷᠡᠭᠯᠠᠭᠡᠡ ᠤ ᠴ‍‌ᠵᠨᠠᠷ ᠢ ᠳᠡᠭᠡᠭᠰᠢᠯᠡᠭᠦᠯᠦᠨ᠎ᠡ᠃      ᠳᠣᠳᠠᠭᠳᠠᠯ ᠢᠶᠠᠨ ᠨᠦᠬᠦᠪᠦᠷᠢᠯᠡᠵᠦ᠂ ᠴᠢᠳᠠᠪᠤᠷᠢ ᠶᠢᠨ ᠪᠠᠲᠤᠯᠭ᠎ᠠ ᠶᠢ ᠨᠡᠮᠡᠭᠳᠡᠭᠦᠯᠦᠨ᠎ᠡ  ᠂ ᠵᠣᠬᠢᠴᠠᠩᠭᠤᠢ ᠠᠬᠢᠭᠤᠯᠵᠤ᠂ ᠬᠥᠳᠡᠭᠡ ᠲᠣᠰᠬᠤᠨ ᠤ ᠣᠷᠴᠢᠨ ᠠᠬᠤᠢ ᠶᠢ ᠰᠠᠶᠢᠵᠢᠷᠠᠭᠤᠯᠤᠨ᠎ᠠ᠂ ᠰᠢᠨᠵᠢᠯᠡᠬᠦ ᠤᠬᠠᠭᠠᠨᠴᠢ ᠬᠠᠮᠢᠶᠠᠷᠤᠯᠲᠠ᠂ ᠣᠷᠲᠤ ᠬᠤᠭᠤᠴᠠᠭᠠᠨ ᠤ ᠵᠣᠬᠢᠶᠠᠮᠵᠢ ᠶᠢ ᠪᠠᠶᠢᠭᠤᠯᠤᠨ᠎ᠠ᠃ ᠪᠦᠬᠦ ᠬᠤᠰᠢᠭᠤᠨ ᠤ ᠨᠣᠭᠤᠭᠠᠷᠠᠯᠲᠠ  ᠶᠢᠨ ᠢᠨᠵᠧᠨᠧᠷᠢᠩ ᠢ ᠪᠠ ᠰᠢᠨ ᠬᠤᠢ ᠬᠤᠲᠠ ᠲᠣᠭᠤᠷᠢᠭ ᠤᠨ ᠥᠩᠭᠡ ᠭᠡᠷᠡᠯᠲᠦ ᠢᠨᠵᠧᠨᠧᠷᠢᠩ ᠤᠨ ᠳᠡᠰ ᠢ ᠭᠤᠣᠯᠳᠠᠯᠭ᠎ᠠ ᠲᠠᠢ ᠳᠡᠭᠡᠭᠰᠢᠯᠡᠭᠦᠯᠦᠨ᠎ᠡ᠃ ᠬᠠᠮ ᠪᠤᠳᠠᠰ ᠤᠨ ᠺᠤᠮᠫᠠᠨᠢ ᠶᠢᠨ ᠬᠠᠮ‍‌ᠵᠶᠠᠷᠤᠯᠳᠡ ᠢ  ᠴᠢᠩᠭᠠᠳᠬᠠᠨ᠂ ᠬᠠᠭᠤᠴᠢᠨ ᠬᠤᠲᠠ ᠲᠣᠭᠤᠷᠢᠭ ᠤᠨ ᠠᠳᠠᠯ ᠠᠬᠤᠢ ᠶᠢᠨ ᠳᠦᠬᠦᠬᠡᠷᠣᠮᠵᠢ ᠶᠢᠨ ᠥᠭᠡᠷᠡᠴᠢᠯᠡᠯᠲᠡ ᠶᠢᠨ ᠢᠨᠵᠧᠨᠧᠷᠢᠩ  ᠢ ᠠᠵᠢᠯᠯᠠᠭᠤᠯᠵᠤ᠂ ᠤᠷᠤᠡ ᠰᠠᠭᠤᠴᠡ ᠶᠢᠨ ᠲᠤᠭᠤᠷ‍‌ᠵᠭ᠋ ᠤᠨ ᠠᠳᠡᠯ ᠠᠬᠤᠢ ᠶᠢᠨ ᠤ‍‌ᠵ‍‌ᠵᠯᠠᠴᠢᠯᠡᠭᠡ ᠶᠢᠨ ᠬᠢᠷᠢ ᠬᠡᠮᠵᠢᠶ᠎ᠡ ᠶᠢ ᠰᠠᠶᠢᠵᠢᠷᠠᠭᠤᠯᠤᠨ᠎ᠠ᠃      ︵ᠶᠡᠰᠦ︶ ᠴᠠᠭ ᠳᠣᠬᠢᠶᠠᠯ   ᠢ ᠠᠮᠵᠢᠨ ᠬᠥᠭᠵᠢᠯᠲᠡ ᠶᠢᠨ ᠰᠠᠭᠤᠷᠢ ᠶᠢ ᠪᠡᠬᠡᠵᠢᠭᠦᠯᠦᠨ᠎ᠡ      ᠵᠠᠮ ᠬᠠᠷᠢᠯᠴᠠᠭ᠎ᠠ ᠲᠡᠭᠡᠭᠡᠪᠦᠷᠢ ᠶᠢᠨ ᠨᠦᠭᠦᠴᠡᠯ ᠶᠢ ᠳᠡᠭᠡᠭᠰᠢᠯᠡᠭᠦᠯᠦᠨ᠎ᠡ᠃ ᠮᠤᠵᠢ ᠶᠢᠨ ᠳᠡᠰ ᠤᠨ ᠵᠠᠮ 210 ᠱᠣᠭᠤᠮ ᠤᠨ ᠰᠢᠨ ᠬᠤᠢ ᠠᠴᠠ ᠯᠣᠣ ᠬᠤ᠋ ᠱᠠᠨ ᠬᠦᠷᠲᠡᠯᠡᠬᠢ ᠨᠢᠭᠡᠳᠦᠭᠡᠷ ᠳᠡᠰ ᠤᠨ ᠵᠠᠰᠠᠮᠠᠯ ᠵᠠᠮ ᠢ ᠵᠠᠰᠠᠵᠤ ᠲᠡᠷᠭᠡ ᠨᠡᠪᠲᠡᠷᠡᠬᠦ ᠶᠢ  ᠪᠠᠲᠤᠯᠠᠨ᠂ ᠤᠯᠤᠰ ᠤᠨ ᠵᠠᠮ 305 ᠱᠣᠭᠤᠮ ᠤᠨ ᠮᠠᠨᠢᠬᠠᠨ ᠠᠴᠠ ᠢᠦᠢ ᠲᠢᠶᠠᠨ ᠭᠤᠣ ᠬᠦᠷᠲᠡᠯᠡᠬᠢ  ᠬᠤᠶᠠᠳᠤᠭᠠᠷ ᠳᠡᠰ ᠤᠨ ᠵᠠᠰᠠᠮᠠᠯ ᠵᠠᠮ ᠤᠨ ᠪᠠᠶᠢᠭᠤᠯᠤᠯᠲᠠ ᠶᠢ ᠠᠵᠢᠯ ᠡᠬᠢᠯᠡᠭᠦᠯᠵᠦ᠂ ᠮᠣᠵᠢ ᠶᠢᠨ ᠳᠡᠰ  ᠤᠨ ᠵᠠᠮ 210 ᠱᠣᠭᠤᠮ ᠤᠨ ᠭᠤᠷᠤᠬᠠᠨ ᠠᠴᠠ ᠶᠠᠩ ᠴᠠᠩ  ᠬᠦᠷᠲᠡᠯᠡᠬᠢ ᠬᠤᠶᠠᠳᠤᠭᠠᠷ ᠳᠡᠰ ᠤᠨ ᠵᠠᠮ ᠶᠢᠨ ᠢᠨᠵᠧᠨᠧᠷᠢᠩ ᠢ  ᠠᠬᠢᠭᠤᠯᠤᠨ᠎ᠠ᠃ ᠲᠣᠰᠬᠤᠨ ᠳᠤ ᠨᠡᠪᠲᠡᠷᠡᠬᠦ ᠵᠠᠰᠠᠮᠠᠯ ᠵᠠᠮ ᠤᠨ ᠰᠢᠷᠢᠰ ᠢᠨᠵᠧᠨᠧᠷᠢᠩ ᠢ ᠬᠡᠷᠡᠭᠵᠢᠭᠦᠯᠵᠦ᠂ 47 ᠺᠢᠯᠣᠮᠧᠲᠷ ᠢ ᠰᠢᠨ᠎ᠡ ᠪᠠᠷ ᠪᠠᠶᠢᠭᠤᠯᠵᠤ᠂ 119 ᠺᠢᠯᠣᠮᠧᠲᠷ ᠢ ᠥᠭᠡᠷᠡᠴᠢᠯᠡᠨ ᠵᠠᠰᠠᠵᠤ᠂ 87 ᠺᠢᠯᠣᠮᠧᠲᠷ ᠢ ᠵᠠᠰᠠᠨ ᠬᠠᠮᠠᠭᠠᠯᠠᠨ᠎ᠠ᠃      ᠤᠰᠤᠨ ᠠᠰᠢᠭᠯᠠᠯᠲᠠ ᠶᠢᠨ ᠰᠠᠭᠤᠷᠢ ᠲᠦᠬᠦᠭᠡᠷᠦᠮᠵᠢ ᠶᠢ ᠲᠡᠭᠦᠯᠳᠡᠷᠵᠢᠭᠦᠯᠦᠨ᠎ᠡ᠃ ᠬᠤᠶᠢᠲᠤ ᠬᠡᠰᠡᠭ ᠤᠨ ᠲᠠᠪᠤᠨ ᠰᠢᠶᠠᠩ ᠪᠠᠯᠭᠠᠰᠤᠨ ᠤ ᠤᠤᠭᠤᠬᠤ ᠤᠰᠤᠨ ᠤ ᠠᠶᠦᠯᠭᠦᠢ ᠥᠷᠭᠡᠳᠭᠡᠭᠰᠡᠨ ᠢᠨᠵᠧᠨᠧᠷᠢᠩ᠂ ᠯᠣᠤᠬ᠎ᠠ ᠶᠢᠨ ᠭᠤᠣᠯ᠂ ᠨᠠᠷᠢᠳ ᠤᠨ ᠭᠤᠣᠯ ᠤᠨ ᠦᠶᠡᠷ ᠰᠡᠷᠬᠡᠶᠢᠯᠡᠬᠦ ᠢᠨᠵᠧᠨᠧᠷᠢᠩ ᠪᠣᠯᠤᠨ ᠱᠠᠨ ᠽᠦᠢ ᠶᠢᠨ ᠤᠰᠤᠯᠤᠯᠲᠠ ᠶᠢᠨ ᠣᠷᠣᠨ ᠤ ᠢᠵᠢ ᠪᠦᠷᠢᠯᠳᠦᠭᠦᠯᠬᠦ ᠶᠢ ᠵᠠᠯᠭᠠᠨ ᠪᠠᠶᠢᠭᠤᠯᠬᠤ ᠵᠢᠴᠢ ᠤᠰᠤ ᠠᠷᠪᠢᠯᠠᠬᠤ ᠢᠨᠵᠧᠨᠧᠷᠢᠩ ᠢ ᠥᠭᠡᠷᠡᠴᠢᠯᠡᠨ ᠪᠠᠶᠢᠭᠤᠯᠬᠤ ᠶᠢ ᠬᠡᠷᠡᠭᠵᠢᠭᠦᠯᠵᠦ᠂  ᠪᠡᠯ ᠭᠠᠵᠠᠷ ᠢ ᠬᠠᠭᠠᠯᠪᠤᠷᠢᠯᠠᠬᠤ᠂ ᠵᠢᠩ ᠶᠢᠨ ᠡᠯᠡᠰᠦᠨ ᠰᠢᠭᠤᠷᠭ᠎ᠠ ᠶᠢᠨ ᠡᠬᠢ ᠶᠢ ᠵᠠᠰᠠᠬᠤ ᠲᠦᠷᠦᠯ ᠵᠦᠢᠯ ᠳᠤ ᠲᠦᠰᠢᠭᠯᠡᠨ 1.5 ᠲᠦᠮᠡᠨ ᠮᠤ᠋ ᠥᠨᠳᠦᠷ ᠪᠠᠷᠢᠮᠵᠢᠶᠠᠲᠤ ᠬᠡᠪᠲᠡᠭᠡ ᠱᠠᠲᠤᠨ ᠲᠠᠷᠢᠶ᠎ᠠ ᠪᠣᠯᠭᠠᠨ ᠥᠭᠡᠷᠡᠴᠢᠯᠡᠨ ᠪᠠᠶᠢᠭᠤᠯᠤᠨ᠎ᠠ᠃      ᠡᠨᠧᠷᠬᠢ ᠶᠢᠨ ᠰᠣᠷᠪᠤᠯᠵᠢ ᠶᠢᠨ ᠬᠠᠩᠭᠠᠯᠲᠠ ᠶᠢᠨ ᠬᠡᠮᠵᠢᠶ᠎ᠡ ᠶᠢ ᠨᠡᠮᠡᠭᠳᠡᠭᠦᠯᠦᠨ᠎ᠡ᠃ ᠬᠥᠳᠡᠭᠡ ᠲᠣᠰᠬᠤᠨ ᠤ ᠴᠠᠬᠢᠯᠭᠠᠨ ᠲᠣᠣᠷ ᠢ ᠥᠭᠡᠷᠡᠴᠢᠯᠡᠨ ᠳᠡᠰ ᠳᠡᠪᠰᠢᠭᠦᠯᠬᠦ ᠢᠨᠵᠧᠨᠧᠷᠢᠩ ᠢ ᠪᠦᠬᠦ ᠲᠠᠯ᠎ᠠ ᠪᠠᠷ ᠬᠡᠷᠡᠭᠵᠢᠭᠦᠯᠵᠦ᠂ ᠺᠠᠩ ᠵᠢᠶᠠ ᠶᠢᠩ ᠽᠢ ᠶᠢᠨ 220 ᠺᠢᠯᠣᠧᠣᠯᠲ ᠶᠢᠨ ᠴᠠᠭᠢᠯᠭᠠᠡ ᠬᠦᠷᠭᠡᠬᠦ ᠬᠤᠪᠢᠰᠬᠠᠬᠤ ᠢᠨᠵᠧᠨᠧᠷᠢᠩ ᠤᠨ ᠠᠵᠢᠯ   ᠢ ᠳᠠᠭᠤᠰᠬᠠᠬᠤ ᠶᠢ ᠪᠠᠲᠤᠯᠠᠵᠤ᠂ ᠬᠤᠶᠢᠲᠤ ᠰᠢᠶᠠᠩ ᠪᠠᠯᠭᠠᠰᠤᠨ ᠤ ᠳᠣᠣᠷ᠎ᠠ  ᠬᠥᠴᠦᠳᠡᠯᠲᠤ ᠴᠠᠬᠢᠯᠭᠠᠨ ᠤ ᠠᠰᠠᠭᠤᠳᠠᠯ  ᠢ ᠪᠦᠷᠢᠮᠦᠰᠦᠨ ᠰᠢᠢᠳᠪᠦᠷᠢᠯᠡᠨ᠎ᠡ᠃      ᠬᠥᠭᠵᠢᠯᠲᠡ ᠶᠢᠨ ᠬᠡᠷᠡᠭᠯᠡᠭᠡᠨ ᠤ ᠭᠠᠵᠠᠷ ᠤᠨ ᠱᠠᠭᠠᠷᠳᠠᠯᠭ᠎ᠠ ᠶᠢ ᠪᠠᠲᠤᠯᠠᠨ᠎ᠠ᠃ ᠦᠨᠳᠦᠰᠦᠨ ᠲᠠᠷᠢᠶᠠᠨ ᠭᠠᠵᠠᠷ  ᠤᠨ ᠢᠯᠭᠠᠨ ᠳᠣᠭᠲᠠᠭᠠᠯᠲᠠ ᠪᠣᠯᠤᠨ ᠭᠠᠵᠠᠷ ᠰᠢᠷᠤᠢ ᠶᠢ ᠠᠰᠢᠭᠯᠠᠬᠤ  ᠶᠡᠷᠥᠩᠬᠡᠢ ᠲᠦᠯᠦᠪᠵᠢᠭᠦᠯᠭᠡ ᠶᠢᠨ ᠲᠣᠬᠢᠷᠠᠭᠤᠯᠤᠯᠲᠠ ᠶᠢᠨ ᠠᠵᠢᠯ ᠢ  ᠪᠡᠶᠡᠯᠡᠭᠦᠯᠵᠦ᠂  ᠡᠯ᠎ᠡ ᠵᠦᠢᠯ ᠤᠨ ᠬᠡᠷᠡᠭᠯᠡᠭᠡᠨ ᠤ ᠭᠠᠵᠠᠷ ᠤᠨ ᠪᠦᠲᠦᠴᠡ ᠶᠢ ᠰᠢᠯᠢᠳᠡᠭᠵᠢᠭᠦᠯᠦᠨ᠎ᠡ᠃6000 ᠲᠦᠮᠡᠨ ᠲᠦᠭᠦᠷᠢᠭ ᠵᠣᠭᠤᠰ ᠮᠥᠩᠬᠦ ᠶᠢ ᠵᠠᠷᠤᠴᠠᠭᠤᠯᠵᠤ 5 ᠲᠦᠮᠡᠨ ᠮᠤ᠋ ᠭᠠᠵᠠᠷ ᠰᠢᠷᠤᠢ ᠶᠢ ᠵᠠᠰᠠᠵᠤ᠂ 600 ᠲᠦᠮᠡᠨ ᠲᠦᠭᠦᠷᠢᠭ ᠵᠣᠭᠤᠰ ᠮᠥᠩᠬᠦ ᠶᠢ ᠵᠠᠷᠤᠴᠠᠭᠤᠯᠵᠤ3000 ᠮᠤ᠋ ᠲᠠᠷᠢᠶᠠᠨ ᠭᠠᠵᠠᠷ   ᠢ ᠨᠦᠬᠦᠪᠦᠷᠢᠯᠡᠵᠦ᠂  ᠭᠠᠵᠠᠷ ᠰᠢᠷᠤᠢ ᠶᠢᠨ ᠨᠦᠬᠦᠪᠦᠷᠢᠯᠡᠯᠲᠡ ᠶᠢᠨ ᠶᠡᠷᠥᠩᠬᠡᠢ ᠲᠡᠩᠴᠡᠭᠦᠷᠢ ᠶᠢ  ᠪᠡᠶᠡᠯᠡᠭᠦᠯᠦᠨ᠎ᠡ᠃      ︵ᠠᠷᠪᠠ︶ ᠠᠮᠢ ᠠᠬᠤᠢ ᠶᠢᠨ ᠪᠦᠲᠦᠭᠡᠨ ᠪᠠᠶᠢᠭᠤᠯᠤᠯᠲᠠ ᠪᠠ ᠬᠠᠮᠠᠭᠠᠯᠠᠯᠲᠠ ᠶᠢ ᠴᠦᠬᠦᠷᠠᠯ ᠤ‍‌ᠵᠭᠡᠢ ᠴᠢᠩᠭᠠᠳᠬᠠᠨ᠎ᠠ᠃ ᠠᠮᠢ ᠠᠬᠤᠢ ᠶᠢᠨ ᠪᠦᠲᠦᠭᠡᠯ ᠢ ᠥᠷᠭᠦᠯᠵᠢᠯᠡᠨ ᠪᠠᠬᠢᠵᠢᠭᠦᠯᠦᠨ᠎ᠡ᠃ ᠠᠮᠢ ᠠᠬᠤᠢ ᠶᠢᠨ ᠪᠦᠲᠦᠭᠡᠨ ᠪᠠᠶᠢᠭᠤᠯᠤᠯᠲᠠ ᠨᠢ ᠪᠦᠬᠦ ᠬᠤᠰᠢᠭᠤᠨ ᠤ ᠲᠡᠷᠢᠭᠦᠨ ᠴᠢᠬᠤᠯᠠ ᠠᠰᠠᠭᠤᠳᠠᠯ ᠪᠠᠶᠢᠵᠤ᠂ ︽ᠠᠮᠢ ᠠᠬᠤᠢ ᠶᠢᠨ ᠪᠦᠲᠦᠭᠡᠨ ᠪᠠᠶᠢᠭᠤᠯᠤᠯᠲᠠ ᠪᠠ ᠬᠠᠮᠠᠭᠠᠯᠠᠯᠲᠠ ᠶᠢᠨ ᠠᠵᠢᠯ   ᠤᠨ ᠮᠡᠳᠡᠭᠦᠯᠦᠯᠲᠡ ᠶᠢᠨ ᠰᠢᠢᠳᠪᠦᠷᠢ ᠶᠢ ᠣᠯᠠᠮ ᠨᠢᠭᠡ ᠠᠯᠬᠤᠮ ᠴᠢᠩᠭᠠᠳᠬᠠᠬᠤ ᠲᠣᠬᠠᠢ︾ ᠥᠷᠭᠦᠯᠵᠢᠯᠡᠨ ᠨᠠᠶᠢᠳᠠᠪᠤᠷᠢᠵᠢᠭᠤᠯᠤᠨ᠂ ︽ᠲᠠᠪᠤᠨ ᠶᠡᠭᠡ ᠢᠨᠵᠧᠨᠧᠷᠢᠩ ᠨᠢᠭᠡᠨ ᠰᠠᠭᠤᠷᠢᠨ ᠭᠠᠵᠠᠷ︾ ᠢ ᠰᠠᠶᠢᠲᠦᠷ ᠬᠡᠷᠡᠭᠵᠢᠭᠦᠯᠵᠦ᠂ 17 ᠲᠦᠮᠡᠨ ᠮᠤ᠋ ᠣᠶᠢᠵᠢᠭᠤᠯᠬᠤ ᠶᠢ ᠪᠡᠶᠡᠯᠡᠭᠦᠯᠦᠨ᠎ᠡ᠃      ᠣᠷᠴᠢᠯ ᠠᠵᠤ ᠠᠬᠤᠢ ᠶᠢ ᠬᠦᠴᠦᠯᠡᠨ ᠭᠥᠭᠵᠢᠭᠦᠯᠦᠨ᠎ᠡ᠃ ᠠᠵᠤ ᠠᠬᠤᠶᠢᠯᠠᠯ ᠠᠴᠠ ᠬᠠᠶᠠᠭᠳᠠᠮᠠᠯ ᠪᠤᠳᠠᠰ  ᠂ ᠭᠡᠭᠡᠭᠳᠡᠮᠡᠯ ᠰᠢᠭᠠᠷᠣ ᠶᠢ ᠬᠤᠶᠠᠳᠠᠬᠢ ᠤᠳᠠᠭ᠎ᠠ ᠠᠰᠢᠭᠯᠠᠬᠤ ᠶᠢ ᠵᠢᠯᠤᠭᠤᠳᠴᠤ᠂ ᠰᠢᠨ᠎ᠡ ᠬᠡᠯᠪᠡᠷᠢ ᠶᠢᠨ ᠡᠨᠧᠷᠬᠢ ᠠᠷᠪᠢᠯᠠᠬᠤ ᠣᠷᠴᠢᠨ ᠠᠬᠤᠢ ᠶᠢ ᠬᠠᠮᠠᠭᠠᠯᠠᠬᠤ ᠮᠠᠲ᠋ᠧᠷᠢᠶᠠᠯ ᠢ ᠰᠣᠳᠤᠯᠤᠨ ᠦᠢᠯᠡᠳᠴᠦ᠂ ᠬᠠᠳᠠᠭᠤ ᠪᠡᠶᠡᠲᠦ ᠬᠠᠶᠠᠭᠳᠠᠮᠠᠯ ᠪᠣᠳᠠᠰ ᠤᠨ ᠲᠠᠯᠠᠪᠠᠢ ᠶᠢ ᠠᠰᠢᠭᠯᠠᠯᠲᠠ ᠳᠤ ᠣᠷᠤᠭᠤᠯᠬᠤ ᠶᠢ ᠠᠬᠢᠭᠤᠯᠤᠨ᠎ᠠ᠃      ᠣᠷᠴᠢᠨ ᠲᠣᠭᠤᠷᠢᠨ ᠤ ᠬᠠᠮᠠᠭᠠᠯᠠᠯᠲᠠ ᠶᠢ ᠦᠨᠡᠨᠬᠦ ᠴᠢᠩᠭᠠᠳᠬᠠᠨ᠎ᠠ᠃ ᠠᠭᠠᠷ ᠮᠠᠨᠳᠠᠯ᠂ ᠤᠰᠤ᠂ ᠬᠦᠷᠦᠰᠦ ᠰᠢᠷᠤᠢ ᠵᠡᠷᠭᠡ   ᠶᠢᠨ ᠪᠣᠬᠢᠷᠳᠠᠯ ᠢ ᠰᠡᠷᠭᠡᠶᠢᠯᠡᠨ ᠠᠷᠢᠯᠭᠠᠬᠤ ᠠᠵᠢᠯ ᠢ ᠰᠠᠶᠢᠲᠤᠷ ᠠᠳᠬᠤᠨ᠂  ᠣᠷᠴᠢᠨ ᠲᠣᠭᠤᠷᠢᠨ  ᠤ  ᠬᠠᠤᠯᠢ ᠴᠠᠭᠠᠵᠠ ᠠᠴᠠ ᠵᠦᠷᠢᠴᠡᠭᠰᠡᠨ ᠲᠦᠷᠦᠯ ᠵᠦᠢᠯ ᠢ ᠴᠡᠭᠴᠡᠯᠡᠬᠦ ᠬᠥᠴᠦᠨ ᠢ ᠥᠷᠭᠡᠳᠭᠡᠵᠦ᠂ ᠪᠠᠶᠢᠭᠠᠯᠢ  ᠶᠢᠨ ᠬᠠᠮᠠᠭᠠᠯᠠᠯᠲᠠ ᠶᠢᠨ ᠣᠷᠤᠨ ᠤ  ᠣᠷᠴᠢᠨ ᠲᠣᠭᠤᠷᠢᠨ ᠤ ᠬᠠᠮᠠᠭᠠᠯᠠᠯᠲᠠ ᠶᠢᠨ ᠠᠵᠢᠯ ᠢ ᠰᠠᠶᠢᠳᠤᠷ ᠬᠢᠵᠦ᠂ ᠪᠦᠬᠦ ᠬᠤᠰᠢᠭᠤᠨ ᠤ ᠣᠷᠴᠢᠨ ᠲᠣᠭᠤᠷᠢᠨ ᠤ ᠪᠦᠬᠦᠯᠢ ᠴᠣᠭᠴᠠ ᠶᠢᠨ ᠶᠠᠰᠤ ᠴᠢᠨᠠᠷ ᠢ ᠳᠠᠰᠤᠷᠠᠯᠳᠠ ᠦᠭᠡᠢ ᠰᠠᠶᠢᠵᠢᠷᠠᠭᠤᠯᠬᠤ ᠶᠢ ᠠᠬᠢᠭᠤᠯᠤᠨ᠎ᠠ᠃      ︵ᠠᠷᠪᠠᠨ ᠨᠢᠭᠡ︶  ᠬᠦᠴᠦᠨ ᠢᠶᠠᠨ ᠲᠦᠪᠯᠡᠷᠡᠭᠦᠯᠦᠨ ᠠᠷᠠᠳ ᠤᠨ ᠠᠮᠢᠳᠤᠷᠠᠯ ᠤᠨ ᠦᠢᠯᠡᠰ ᠢ ᠬᠥᠭᠵᠢᠭᠦᠯᠦᠨ᠎ᠡ      ᠰᠤᠷᠭᠠᠨ ᠬᠥᠮᠦᠵᠢᠯ ᠤᠨ ᠵᠣᠬᠢᠴᠠᠩᠭᠤᠢ ᠬᠥᠭᠵᠢᠯᠲᠡ ᠶᠢ ᠠᠬᠢᠭᠤᠯᠤᠨ᠎ᠠ᠃ ︽ᠬᠤᠰᠢᠭᠤᠨ ᠤ ᠳᠤᠮᠳᠠᠲᠤ ᠰᠤᠷᠭᠠᠭᠤᠯᠢ᠂ ᠰᠢᠶᠠᠩ   ᠤᠨ ᠪᠠᠭ᠎ᠠ ᠰᠣᠷᠭᠠᠭᠤᠯᠢ᠂ ᠲᠣᠰᠬᠤᠨ ᠤ ᠬᠡᠦᠬᠡᠳ ᠤᠨ ᠴᠡᠴᠡᠷᠯᠢᠭ  ᠡᠷᠬᠢᠯᠡᠬᠦ︾ ᠳᠦᠷᠢᠮ  ᠢ ᠪᠠᠷᠢᠮᠳᠠᠯᠠᠵᠤ᠂ ︽ᠬᠡᠦᠬᠡᠳ ᠤᠨ ᠴᠡᠴᠡᠷᠯᠢᠭ  + ᠪᠠᠭ᠎ᠠ ᠰᠣᠷᠭᠠᠭᠤᠯᠢ ᠶᠢᠨ ᠨᠢᠭᠡ  / ᠬᠤᠶᠠᠳᠤᠭᠠᠷ ᠣᠨ︾ ᠡᠶᠢᠮᠦᠷᠬᠦ ᠮᠠᠶ᠋ᠢᠭ ᠤᠨ ᠰᠤᠷᠭᠠᠭᠤᠯᠢ ᠡᠷᠬᠢᠯᠡᠬᠦ ᠬᠡᠯᠪᠡᠷᠢ ᠶᠢ ᠰᠦᠪᠡᠭᠴᠢᠯᠡᠵᠦ᠂ ᠰᠤᠷᠭᠠᠨ ᠬᠥᠮᠦᠵᠢᠯ ᠤᠨ ᠪᠠᠶᠢᠷᠢᠯᠠᠭᠤᠯᠤᠯᠲᠠ ᠶᠢ ᠲᠣᠬᠢᠷᠠᠭᠤᠯᠬᠤ ᠶᠢ ᠠᠬᠢᠭᠤᠯᠤᠨ᠎ᠠ᠃ 3.2 ᠳ᠋ᠥᠩᠰᠢᠭᠤᠷ ᠲᠦᠭᠦᠷᠢᠭ ᠤᠨ ᠪᠡᠯᠡ  ᠮᠥᠩᠬᠦ ᠵᠠᠷᠤᠴᠠᠭᠤᠯᠵᠤ᠂ ᠰᠢᠨ ᠬᠤᠢ ᠶᠢᠨ ᠳᠦᠷᠪᠡᠳᠦᠭᠡᠷ ᠬᠡᠦᠬᠡᠳ ᠤᠨ ᠴᠡᠴᠡᠷᠯᠢᠭ ᠪᠠ ᠰᠢᠨ ᠬᠤᠢ ᠶᠢᠨ ᠳᠤᠮᠳᠠᠲᠤ ᠰᠤᠷᠭᠠᠭᠤᠯᠢ ᠶᠢ ᠪᠣᠰᠤᠳ ᠭᠠᠵᠠᠷ ᠰᠢᠯᠵᠢᠭᠦᠯᠦᠨ ᠰᠢᠨ᠎ᠡ ᠪᠠᠷ  ᠪᠠᠶᠢᠭᠤᠯᠤᠨ᠎ᠠ᠃ 8449 ᠲᠦᠮᠡᠨ ᠲᠦᠭᠦᠷᠢᠭ ᠪᠡᠯᠡ  ᠮᠥᠩᠬᠦ ᠵᠠᠷᠤᠴᠠᠭᠤᠯᠵᠤ᠂ ᠰᠣᠷᠭᠠᠨ ᠬᠥᠮᠦᠵᠢᠯ ᠤᠨ ᠮᠡᠳᠡᠭᠡ ᠵᠠᠩᠬᠢᠴᠢᠯᠠᠯᠲᠠ ᠶᠢᠨ ᠪᠠᠶᠢᠭᠤᠯᠤᠯᠲᠠ ᠶᠢᠨ ᠢᠨᠵᠧᠨᠧᠷᠢᠩ ᠤᠨ ᠪᠠᠶᠢᠭᠤᠯᠤᠯᠲᠠ ᠶᠢ  ᠬᠡᠷᠡᠭᠵᠢᠭᠦᠯᠦᠨ᠎ᠡ᠃ 3.2 ᠳ᠋ᠥᠩᠰᠢᠭᠤᠷ ᠲᠦᠭᠦᠷᠢᠭ ᠤᠨ ᠪᠡᠯᠡ ᠮᠥᠩᠬᠦ ᠵᠠᠷᠤᠴᠠᠭᠤᠯᠵᠤ᠂ ᠬᠥᠳᠡᠭᠡ ᠲᠣᠰᠬᠤᠨ ᠤ ᠮᠠᠯᠵᠢᠬᠤ ᠣᠷᠤᠨ ᠤ ᠳᠤᠮᠳᠠᠲᠤ ᠪᠠᠭ᠎ᠠ ᠰᠤᠷᠭᠠᠭᠤᠯᠢ ᠶᠢᠨ ᠨᠦᠬᠦᠴᠡᠯ ᠢ ᠰᠠᠶᠢᠵᠢᠷᠠᠭᠤᠯᠬᠤ ᠢᠨᠵᠧᠨᠧᠷᠢᠩ ᠪᠠ ᠠᠯᠪᠠᠨ ᠵᠢᠷᠤᠮ ᠤᠨ ᠰᠤᠷᠭᠠᠨ ᠬᠥᠮᠦᠵᠢᠯ ᠤᠨ ᠪᠠᠷᠢᠮᠵᠢᠶ᠎ᠠ ᠳᠤ ᠬᠦᠷᠬᠦ ᠠᠵᠢᠯ ᠢ ᠳᠡᠩᠴᠡᠭᠦᠷᠢᠲᠠᠢ ᠬᠦᠭᠵᠢᠭᠦᠯᠬᠦ ᠶᠢ ᠪᠡᠶᠡᠯᠡᠭᠦᠯᠦᠨ᠎ᠡ᠃ ᠦᠨᠳᠦᠰᠦᠲᠡᠨ ᠤ ᠰᠣᠷᠭᠠᠨ ᠬᠥᠮᠦᠵᠢᠯ ᠢ ᠲᠡᠷᠢᠭᠦᠨ ᠳᠤ ᠬᠦᠭᠵᠢᠭᠦᠯᠦᠨ᠂  ᠦᠨᠳᠦᠰᠦᠲᠡᠨ ᠤ ᠰᠣᠷᠭᠠᠨ ᠬᠥᠮᠦᠵᠢᠯ ᠤᠨ ᠰᠢᠰᠲ᠋ᠧᠮ ᠢ ᠲᠡᠭᠦᠯᠳᠡᠷᠵᠢᠭᠦᠯᠦᠨ᠎ᠡ︔      ᠠᠵᠢᠯ ᠣᠯᠭᠤᠬᠤ ᠠᠳᠠᠯ ᠦᠢᠯᠡᠰ ᠪᠣᠰᠬᠠᠬᠤ ᠢᠨᠵᠧᠨᠧᠷᠢᠩ ᠢ ᠬᠡᠷᠡᠭᠵᠢᠭᠦᠯᠦᠨ᠎ᠡ᠃ ᠬᠤᠲᠠ ᠬᠥᠳᠡᠭᠡ ᠶᠢᠨ ᠪᠦᠬᠦ ᠬᠥᠳᠡᠯᠮᠦᠷᠢᠴᠢᠳ ᠤᠨ ᠠᠵᠢᠯ ᠮᠡᠷᠭᠡᠵᠢᠯ ᠤᠨ ᠪᠤᠯᠪᠠᠰᠤᠷᠠᠯ ᠤᠨ ᠳᠦᠷᠢᠮ ᠢ ᠨᠡᠶᠢᠳᠡᠮ  ᠨᠠᠶᠢᠳᠠᠪᠤᠷᠢᠵᠢᠭᠤᠯᠤᠨ᠂ ᠦᠢᠯᠡᠰ ᠪᠦᠲᠦᠭᠡᠬᠦ ᠪᠠᠷ ᠠᠵᠢᠯ ᠣᠯᠭᠤᠯᠳᠠ ᠶᠢ ᠳᠠᠶᠢᠴᠢᠯᠠᠨ᠎ᠠ᠃      ᠨᠡᠶᠢᠭᠡᠮ ᠤᠨ ᠪᠠᠲᠤᠯᠠᠭ᠎ᠠ ᠶᠢᠨ ᠰᠢᠰᠲ᠋ᠧᠮ ᠤᠨ ᠪᠠᠶᠢᠭᠤᠯᠤᠯᠲᠠ ᠶᠢ ᠪᠦᠷᠢᠨᠰᠢᠭᠦᠯᠦᠨ᠎ᠡ᠃ ᠪᠠᠶᠢᠭᠤᠯᠭ᠎ᠠ ᠶᠢᠨ ᠦᠢᠯᠡᠰ ᠤᠨ ᠨᠠᠰᠣᠳᠠᠠ ᠢ ᠠᠰᠠᠷᠠᠬᠤ ᠳᠠᠭᠠᠣᠠᠬᠠᠯ ᠤᠨ ᠥᠭᠡᠷᠡᠴᠢᠯᠡᠯᠲᠡ ᠶᠢᠨ ᠠᠵᠢᠯ ᠢ ᠠᠬᠢᠭᠤᠯᠵᠤ᠂ ︽ᠪᠦᠬᠦ ᠠᠷᠠᠳ ᠢᠶᠠᠷ ᠢᠶᠠᠨ ᠳᠠᠭᠠᠳᠬᠠᠯ ᠳᠤ ᠣᠷᠤᠯᠴᠠᠬᠤ ᠲᠦᠯᠦᠪᠯᠡᠭᠡ︾ ᠶᠢ ᠶᠠᠪᠤᠭᠤᠯᠵᠤ᠂ ᠡᠮ ᠡᠮᠨᠡᠯᠬᠡ ᠶᠢᠨ ᠲᠠᠭᠠᠳᠬᠠᠯ  ᠤᠨ ᠬᠠᠮᠢᠶᠠᠷᠤᠯᠲᠠ ᠶᠢᠨ ᠳᠠᠪᠴᠠᠩ ᠤᠨ ᠪᠠᠶᠢᠭᠤᠯᠤᠯᠲᠠ ᠶᠢ ᠳᠡᠭᠦᠯᠳᠡᠷᠵᠢᠭᠦᠯᠵᠦ᠂  ᠬᠤᠲᠠ ᠶᠢᠨ ᠭᠠᠳᠠᠨ᠎ᠠ ᠪᠣᠰᠤᠳ ᠣᠷᠤᠨ ᠳᠤ ᠡᠮᠨᠡᠭᠦᠯᠦᠭᠰᠡᠨ ᠢ ᠰᠢᠭᠤᠳ ᠵᠠᠷᠣᠳᠠᠯ ᠢᠶᠠᠨ ᠮᠡᠳᠡᠭᠦᠯᠦᠨ ᠳ᠋ᠥᠩᠨᠡᠨ  ᠪᠣᠳᠤᠬᠤ ᠶᠢ ᠠᠭᠠᠵᠢᠮ ᠪᠡᠶᠡᠯᠡᠭᠦᠯᠦᠨ᠎ᠡ᠃ ᠨᠡᠶᠢᠭᠡᠮ ᠤᠨ ᠨᠠᠰᠤᠳᠠᠨ ᠢ ᠠᠰᠠᠷᠠᠬᠤ ᠠᠵᠢᠯ ᠢ ᠪᠦᠬᠦ ᠲᠠᠯ᠎ᠠ ᠪᠠᠷ  ᠲᠦᠯᠦᠪᠵᠢᠭᠦᠯᠦᠨ  ᠠᠬᠢᠭᠤᠯᠵᠤ᠂ ᠰᠢᠶᠠᠩ ᠪᠠᠯᠭᠠᠰᠤᠨ ᠤ ᠨᠠᠰᠤᠳᠠᠨ ᠢ ᠠᠰᠠᠷᠠᠬᠤ ᠬᠦᠷᠢᠶᠡᠯᠡᠩ ᠤᠨ ᠨᠦᠭᠦᠴᠡᠯ ᠢ ᠰᠠᠶᠢᠵᠢᠷᠠᠭᠤᠯᠵᠤ᠂  ᠬᠤᠰᠢᠭᠤᠨ ᠤ ᠶᠡᠷᠥᠩᠬᠡᠶᠢᠯᠡᠭᠰᠡᠨ  ᠠᠰᠠᠷᠠᠮᠵᠢ ᠶᠢᠨ ᠲᠦᠪ ᠢ ᠴᠠᠭ ᠲᠣᠬᠠᠢ ᠳᠤᠨᠢ ᠬᠡᠷᠡᠭᠯᠡᠭᠡᠨ ᠳᠤ  ᠤᠷᠤᠭᠤᠯᠬᠤ ᠶᠢ ᠪᠠᠲᠤᠯᠠᠨ᠂ ᠨᠡᠶᠢᠭᠡᠮ ᠤᠨ ᠨᠢᠭᠦᠯᠡᠰᠦᠩᠭᠦᠢ᠂  ᠨᠡᠶᠢᠭᠡᠮ ᠤᠨ ᠬᠠᠨᠳᠢᠪᠯᠡᠨ ᠳᠣᠰᠠᠯᠠᠬᠤ᠂ ᠨᠡᠶᠢᠭᠡᠮ ᠤᠨ ᠠᠰᠠᠷᠠᠮᠵᠢ ᠵᠡᠷᠭᠡ ᠦᠢᠯᠡᠰ ᠤᠨ ᠬᠥᠭᠵᠢᠯᠲᠡ ᠶᠢ ᠳᠠᠮᠵᠢᠨ᠂ ᠠᠪᠤᠷᠠᠨ ᠳᠣᠰᠠᠯᠠᠬᠤ ᠰᠢᠰᠲ᠋ᠧᠮ ᠤᠨ ᠪᠠᠶᠢᠭᠤᠯᠤᠯᠲᠠ ᠶᠢ ᠲᠡᠭᠦᠯᠳᠡᠷᠵᠢᠭᠦᠯᠦᠨ᠂ ᠨᠣᠳᠤᠭ   ᠲᠤ ᠪᠠᠨ ᠬᠤᠴᠤᠷᠠᠭᠰᠠᠨ ᠬᠡᠦᠬᠡᠳ᠂ ᠦᠨᠦᠴᠢᠨ ᠬᠡᠦᠬᠡᠳ᠂ ᠵᠡᠮᠳᠡᠭᠴᠦᠳ᠂ ᠲᠡᠨᠦᠭᠦᠯ ᠭᠤᠶᠤᠯᠭᠠᠴᠢᠨ ᠵᠡᠷᠭᠡ ᠪᠠᠭᠤᠷᠠᠶᠢᠴᠤᠳ ᠢ ᠬᠠᠯᠠᠮᠵᠢᠯᠡᠨ ᠪᠠᠳᠤᠯᠠᠭ᠎ᠠ ᠦᠵᠡᠭᠦᠯᠬᠦ ᠠᠵᠢᠯ ᠢ ᠰᠠᠶᠢᠳᠤᠷ ᠬᠢᠵᠦ᠂ ᠭᠦᠴᠢᠷᠲᠠᠢ ᠬᠥᠮᠦᠰ ᠤᠨ ᠦᠨᠳᠦᠰᠦᠨ ᠠᠮᠢᠳᠦᠷᠠᠯ ᠤᠨ ᠪᠠᠲᠤᠯᠠᠭ᠎ᠠ ᠤᠨ ᠳᠣᠣᠷᠵᠢᠯ ᠢ ᠪᠠᠲᠤ ᠪᠠᠬᠢ ᠪᠣᠢ ᠪᠣᠯᠭᠠᠨ᠎ᠠ᠃      ᠰᠢᠨᠵᠢᠯᠡᠭᠡ ᠮᠡᠷᠭᠡᠵᠢᠯ ᠤᠨ ᠴᠢᠳᠠᠪᠤᠷᠢᠲᠠᠨ ᠤ ᠠᠵᠢᠯ   ᠢ ᠠᠬᠢᠭᠤᠯᠤᠨ᠎ᠠ᠃ ︽ ᠭᠤᠷᠪᠠᠨ ᠬᠥᠳᠡᠭᠡ ᠪᠠᠭᠤᠬᠤ︾ ᠬᠥᠳᠡᠯᠭᠡᠭᠡᠨ ᠢ ᠥᠷᠨᠢᠭᠦᠯᠵᠦ᠂ ᠲᠠᠷᠢᠶᠠᠴᠢᠨ ᠮᠠᠯᠴᠢᠨ ᠲᠦᠮᠡᠨ ᠤ ᠰᠢᠨᠵᠢᠯᠡᠭᠡ ᠮᠡᠷᠭᠡᠵᠢᠯ ᠤᠨ ᠬᠡᠪ ᠴᠢᠨᠠᠷ ᠢ ᠳᠡᠭᠡᠭᠰᠢᠯᠡᠭᠦᠯᠦᠨ᠎ᠡ᠃      ᠠᠷᠠᠳ ᠣᠯᠠᠨ ᠤ ᠡᠷᠡᠭᠦᠯ ᠮᠡᠨᠳᠦ ᠶᠢᠨ ᠬᠢᠷᠢ ᠲᠦᠪᠰᠢᠨ ᠢ ᠳᠡᠭᠡᠭᠰᠢᠯᠡᠭᠦᠯᠦᠨ᠎ᠡ᠃ ᠡᠮ ᠡᠮᠨᠡᠯᠭᠡ ᠡᠷᠡᠭᠦᠯ ᠬᠠᠮᠠᠭᠠᠯᠠᠯ ᠤᠨ ᠰᠢᠰᠲ᠋ᠧᠮ ᠤᠨ ᠶᠡᠷᠥᠩᠬᠡᠶᠢᠯᠡᠭᠰᠡᠨ ᠥᠭᠡᠷᠡᠴᠢᠯᠡᠯᠲᠡ ᠶᠢ ᠭᠦᠨᠵᠡᠭᠡᠶᠢᠷᠡᠭᠦᠯᠦᠨ᠂ ᠳᠡᠰ ᠬᠤᠪᠢᠶᠠᠨ ᠪᠠᠶᠢᠴᠠᠭᠠᠨ ᠡᠮᠨᠡᠬᠦ ᠳᠦᠷᠢᠮ ᠢ ᠪᠦᠬᠦ ᠲᠠᠯ᠎ᠠ ᠪᠠᠷ ᠨᠠᠶᠢᠳᠠᠪᠤᠷᠢᠵᠢᠭᠤᠯᠤᠨ᠎ᠠ᠃      ᠰᠣᠶᠤᠯ ᠪᠡᠶ᠎ᠡ ᠲᠠᠮᠢᠷ ᠷᠠᠳᠢᠤ᠋ ᠲᠧᠯᠸᠢᠰ ᠤᠨ ᠦᠢᠯᠡᠰ ᠢ ᠬᠥᠭᠵᠢᠭᠦᠯᠦᠨ᠎ᠡ᠃ ᠰᠢᠨ ᠬᠤᠸᠠ ᠠᠭᠤᠳᠠᠮ ᠲᠠᠯᠠᠪᠠᠢ ᠶᠢᠨ ᠪᠠᠶᠢᠭᠤᠯᠤᠯᠲᠠ ᠶᠢᠨ ᠬᠤᠷᠳᠤᠴᠠ ᠶᠢ ᠲᠦᠷᠭᠡᠳᠭᠡᠨ᠂ ᠬᠤᠰᠢᠭᠤ᠂ ᠰᠢᠶᠠᠩ᠂ ᠲᠣᠰᠬᠤᠨ ᠤ ᠰᠣᠶᠤᠯ ᠲᠠᠮᠢᠷ ᠤᠨ ᠬᠥᠳᠡᠯᠭᠡᠭᠡᠨ ᠤ ᠲᠠᠯᠠᠪᠤᠷ ᠤᠨ ᠦᠢᠯᠡᠳᠦᠯ ᠢ ᠪᠠᠳᠠᠷᠠᠭᠤᠯᠵᠤ᠂ ᠬᠥᠳᠡᠭᠡ ᠲᠣᠰᠬᠤᠨ ᠤ 2 ᠲᠦᠮᠡᠨ ᠡᠷᠦᠬᠡ   ᠳᠤ ᠤᠳᠠᠰᠤᠲᠤ ᠲᠧᠯᠸᠢᠰ ᠤᠨ ᠥᠭᠡᠷᠡᠴᠢᠯᠡᠯᠲᠡ ᠶᠢᠨ ᠢᠨᠵᠧᠨᠧᠷᠢᠩ ᠢ ᠬᠡᠷᠡᠭᠵᠢᠭᠦᠯᠦᠨ᠂ ᠬᠤᠲᠠ ᠬᠥᠳᠡᠭᠡ  ᠶᠢᠨ ᠠᠷᠠᠳ ᠣᠯᠠᠨ ᠤ ᠡᠷᠠᠬᠦᠯᠵᠢᠯ ᠦᠬᠡᠳᠠ ᠤᠷᠠᠡ ᠰᠠᠶᠢᠬᠠᠡ ᠠᠮᠢᠳᠤᠷᠠᠯ ᠢ ᠪᠣᠢ ᠪᠣᠯᠭᠠᠨ᠎ᠠ᠃      ᠬᠥᠮᠦᠨ ᠠᠮᠠ ᠶᠢᠨ ᠵᠣᠬᠢᠴᠠᠩᠭᠤᠢ ᠬᠥᠭᠵᠢᠯᠲᠡ ᠶᠢ ᠠᠬᠢᠭᠤᠯᠤᠨ᠎ᠠ᠃ ᠦᠨᠳᠦᠰᠦᠨ ᠱᠠᠲᠤᠨ ᠤ ᠲᠦᠯᠦᠪᠯᠡᠭᠡᠲᠦ ᠦᠷᠡᠵᠢᠯ ᠤᠨ ᠠᠵᠢᠯᠯᠠᠭᠠᠨ ᠤ ᠡᠩᠨᠡᠭᠡ ᠶᠢ  ᠳᠣᠭᠳᠠᠪᠤᠷᠢᠵᠢᠭᠤᠯᠤᠨ᠂ ᠬᠤᠶᠠᠳᠤᠭᠠᠷ ᠬᠡᠦᠬᠡᠳ ᠠᠪᠬᠤ ᠲᠦᠷᠦ ᠪᠣᠳᠤᠯᠭ᠎ᠠ ᠶᠢ ᠪᠦᠬᠦ ᠲᠠᠯ᠎ᠠ ᠪᠠᠷ ᠬᠡᠷᠡᠭᠵᠢᠭᠦᠯᠦᠨ᠎ᠡ᠃      ᠡᠳ᠋ ᠤᠨ ᠵᠠᠰᠠᠭ ᠤᠨ ᠪᠠᠲᠤᠯᠠᠭ᠎ᠠ ᠶᠢᠨ ᠴᠢᠳᠠᠪᠤᠷᠢ ᠶᠢ ᠳᠡᠭᠡᠭᠰᠢᠯᠡᠭᠦᠯᠦᠨ᠎ᠡ᠃  ᠭᠤᠣᠯᠳᠠᠯᠭᠠᠲᠠᠢ ᠲᠦᠷᠦᠯ ᠵᠦᠢᠯ ᠤᠨ ᠪᠠᠶᠢᠭᠤᠯᠤᠯᠲᠠ ᠶᠢ ᠳᠡᠮᠵᠢᠨ᠂ ᠤᠯᠤᠰ ᠤᠨ ᠬᠥᠷᠥᠩᠭᠡ ᠶᠢᠨ ᠬᠠᠳᠠᠭᠠᠯᠠᠯᠲᠠ ᠶᠢᠨ ᠬᠡᠮᠵᠢᠶ᠎ᠡ ᠶᠢ ᠴᠢᠯᠦᠭᠡᠲᠡᠢ ᠪᠣᠯᠭᠠᠨ᠂ ᠤᠯᠤᠰ ᠤᠨ ᠪᠡᠯᠡ ᠣᠷᠤᠭᠤᠯᠤᠯᠲᠠ ᠶᠢ ᠢᠳᠡᠪᠬᠢᠲᠡᠢ ᠲᠡᠮᠡᠴᠡᠨ ᠣᠯᠵᠤ᠂ ᠭᠠᠶᠢᠯᠢ ᠶᠢᠨ ᠣᠷᠤᠯᠭ᠎ᠠ ᠶᠢᠨ ᠲᠠᠯᠳᠡ  ᠬᠥᠴᠦᠨ ᠢ ᠭᠦᠨᠵᠡᠭᠡᠢ ᠰᠦᠪᠡᠭᠴᠢᠯᠡᠨ᠂ ᠪᠦᠬᠦ ᠬᠤᠰᠢᠭᠤᠨ ᠤ ᠬᠡᠷᠡᠭᠯᠡᠵᠦ  ᠪᠣᠯᠬᠤᠶᠢᠴᠠ ᠡᠳ᠋ ᠤᠨ ᠬᠦᠴᠦᠨ ᠢ ᠦᠨᠡᠨᠬᠦ ᠨᠡᠮᠡᠭᠳᠡᠭᠦᠯᠬᠦ ᠬᠡᠷᠡᠭᠲᠡᠢ᠃      ︵ᠠᠷᠪᠠᠨ ᠬᠤᠶᠠᠷ︶  ᠴᠦᠬᠦᠷᠡᠯ ᠦᠭᠡᠢ ᠠᠵᠢᠯᠯᠠᠵᠤ ᠨᠡᠶᠢᠭᠡᠮ ᠤᠨ ᠠᠮᠤᠷ ᠳᠦᠪᠰᠢᠨ ᠤ ᠳᠣᠭᠲᠠᠭᠤᠨ ᠢ  ᠬᠠᠮᠠᠭᠠᠯᠠᠨ᠎ᠠ᠃      ᠠᠮᠤᠷ ᠲᠠᠶᠢᠪᠤᠩ ᠪᠠᠶᠢᠭᠤᠯᠤᠯᠲᠠ ᠶᠢ ᠭᠦᠨᠵᠡᠭᠡᠢ ᠠᠬᠢᠭᠤᠯᠤᠨ᠎ᠠ᠃  ᠱᠣᠴᠢᠯᠠᠭᠰᠠᠨ ᠠᠮᠤᠷ ᠢ ᠬᠠᠮᠠᠭᠠᠯᠠᠬᠤ ᠰᠡᠷᠭᠡᠶᠢᠯᠡᠯᠲᠡ ᠶᠢᠨ ᠰᠢᠰᠲ᠋ᠧᠮ ᠢ ᠲᠡᠭᠦᠯᠳᠡᠷᠵᠢᠭᠦᠯᠦᠨ᠂     ᠬᠠᠤᠯᠢ ᠶᠢ ᠵᠦᠷᠢᠴᠡᠭᠰᠡᠨ ᠡᠯ᠎ᠡ ᠵᠦᠢᠯ ᠤᠨ ᠶᠠᠯᠠᠲᠤ ᠠᠵᠢᠯᠯᠠᠭ᠎ᠠ   ᠳᠤ ᠴᠣᠬᠢᠯᠲᠠ ᠦᠭᠴᠦ᠂ ᠣᠯᠠᠨ ᠲᠦᠮᠡᠨ ᠤ ᠠᠮᠤᠷ ᠲᠤᠪᠰᠢᠨ ᠤ ᠰᠡᠳᠭᠢᠭᠳᠡᠯ ᠪᠣᠯᠤᠨ ᠬᠠᠨᠤᠮᠵᠢ ᠶᠢᠨ ᠬᠡᠮᠵᠢᠶ᠎ᠡ ᠶᠢ ᠳᠡᠭᠡᠭᠰᠢᠯᠡᠭᠦᠯᠦᠨ᠎ᠡ᠃ ᠠᠶᠦᠯᠭᠦᠢ ᠡᠨᠡᠬᠦ ᠬᠦᠪᠴᠢ ᠶᠢ ᠴᠠᠭ ᠢᠮᠠᠭᠳᠠ ᠴᠢᠩᠭᠠᠯᠠᠵᠤ᠂ ᠠᠶᠦᠯᠭᠦᠢ ᠬᠥᠭᠵᠢᠯᠲᠡ ᠶᠢᠨ ᠰᠠᠭᠤᠷᠢ ᠱᠣᠭᠤᠮ ᠢ ᠪᠠᠷᠢᠮᠳᠠᠯᠠᠵᠤ᠂ ︽ᠠᠶᠤᠯᠭᠦᠢ ᠦᠢᠯᠡᠳᠪᠦᠷᠢᠯᠡᠯ ᠳᠤ ᠬᠢᠨᠠᠯᠲᠠ ᠲᠠᠯᠪᠢᠨ ᠬᠠᠤᠯᠢ ᠬᠡᠷᠡᠭᠵᠢᠭᠦᠯᠬᠦ ᠣᠨ︾ ᠤ ᠠᠵᠢᠯᠯᠠᠭᠠᠨ ᠢ ᠥᠷᠨᠢᠭᠦᠯᠵᠦ᠂ ᠠᠶᠤᠯᠭᠦᠢ ᠦᠢᠯᠡᠳᠪᠦᠷᠢᠯᠡᠯ ᠤᠨ ᠶᠡᠷᠥᠩᠬᠡᠢ ᠴᠣᠭᠴᠠ ᠶᠢᠨ ᠳᠣᠭᠲᠠᠭᠤᠨ ᠪᠠᠶᠢᠳᠠᠯ ᠢ ᠪᠠᠲᠤᠯᠠᠨ᠎ᠠ᠃ ᠢᠳᠡᠭᠡᠨ ᠤ ᠵᠦᠢᠯ ᠡᠮ ᠤᠨ ᠵᠦᠢᠯ ᠤᠨ ᠠᠮᠤᠷ ᠲᠦᠪᠰᠢᠨ  ᠤ ᠬᠢᠨᠠᠨ ᠬᠠᠮᠢᠶᠠᠷᠤᠯᠲᠠ ᠶᠢ ᠴᠢᠩᠭᠠᠳᠬᠠᠵᠤ᠂ ᠬᠤᠰᠢᠭᠤᠨ ᠤ ᠳᠡᠰ ᠤᠨ ᠰᠢᠯᠭᠠᠠ   ᠪᠠᠶᠢᠴᠠᠭᠠᠬᠤ ᠬᠢᠨᠠᠯᠲᠠ ᠶᠢᠨ ᠲᠦᠪ ᠢ ᠪᠠᠶᠢᠭᠤᠯᠤᠨ᠂  ᠦᠨᠳᠤᠰᠤᠨ ᠱᠠᠲᠤᠨ ᠤ ᠲᠦᠷᠭᠡᠨ ᠪᠠᠶᠢᠴᠠᠭᠠᠯᠲᠠ ᠶᠢᠨ ᠲᠣᠨᠤᠭ ᠲᠦᠬᠦᠭᠡᠷᠦᠮᠵᠢ ᠶᠢ ᠪᠦᠷᠢᠨᠰᠢᠭᠦᠯᠵᠦ᠂ ᠰᠣᠷᠭᠠᠭᠤᠯᠢ ︵ᠬᠡᠦᠬᠡᠳ ᠤᠨ ᠴᠡᠴᠡᠷᠯᠢᠭ︶ ᠶᠢᠨ ᠬᠤᠭᠤᠯᠠᠨ ᠭᠡᠷ᠂ ᠢᠳᠡᠭᠡᠨ ᠤ ᠦᠢᠯᠡᠳᠪᠦᠷᠢᠯᠡᠯ ᠪᠠ ᠡᠵᠡᠩᠨᠡᠯᠲᠡ ᠶᠢᠨ ᠠᠵᠤ ᠠᠬᠤᠶᠢᠯᠠᠯ᠂ ᠡᠮ ᠤᠨ ᠦᠢᠯᠡᠰ ᠤᠨ ᠡᠵᠡᠩᠨᠡᠯᠲᠡ ᠶᠢᠨ ᠠᠵᠤ ᠠᠬᠤᠶᠢᠯᠠᠯ ᠤᠨ ᠡᠯᠧᠲᠷᠣᠨ ᠬᠢᠨᠠᠨ ᠬᠠᠮᠢᠶᠠᠷᠤᠯᠲᠠ ᠶᠢᠨ ᠰᠢᠰᠲ᠋ᠧᠮ ᠢ ᠪᠠᠶᠢᠭᠤᠯᠵᠤ᠂ ᠪᠣᠯᠭᠤᠭᠰᠠᠨ ᠢᠳᠡᠭᠡᠨ ᠪᠣᠯᠪᠠᠰᠤᠷᠠᠭᠤᠯᠬᠤ ᠲᠦᠪᠯᠡᠷᠡᠭᠰᠡᠨ ᠣᠷᠤᠨ ᠢ ᠪᠦᠲᠦᠭᠡᠨ ᠪᠠᠶᠢᠭᠤᠯᠵᠤ᠂ ᠠᠵᠤ ᠠᠬᠤᠶᠢᠯᠠᠯ ᠳᠤ ᠬᠤᠯᠪᠤᠭᠳᠠᠬᠤ ᠮᠡᠳᠡᠭᠡ ᠵᠠᠩᠬᠢ ᠶᠢ ᠬᠠᠮᠳᠤᠪᠡᠷ ᠡᠳ᠋ᠯᠡᠬᠦ ᠠᠷᠭ᠎ᠠ ᠬᠡᠮᠵᠢᠶ᠎ᠡ ᠠᠪᠬᠤ ᠬᠡᠷᠡᠭᠲᠡᠢ᠃      ᠨᠡᠶᠢᠭᠡᠮ ᠤᠨ ᠵᠦᠷᠢᠴᠡᠯ ᠢ ᠳᠣᠬᠢᠷᠠᠮᠵᠢᠲᠠᠢ ᠡᠶᠡᠳᠡᠭᠦᠯᠦᠨ᠎ᠡ᠃ ︽ᠭᠡᠯᠠᠯᠴᠠᠡ ᠡᠶᠠᠳᠠᠬᠦᠯᠬᠦ︾ ᠰᠢᠰᠲ᠋ᠧᠮ ᠤᠨ ᠪᠠᠶᠢᠭᠤᠯᠤᠯᠲᠠ ᠶᠢ ᠨᠡᠩ ᠲᠡᠭᠦᠯᠳᠡᠷᠵᠢᠭᠦᠯᠦᠨ᠂ ᠬᠤᠲᠠ ᠬᠥᠳᠡᠭᠡ ᠶᠢᠨ ᠰᠦᠯᠵᠢᠶᠡᠨᠴᠢᠯᠡᠭᠰᠡᠨ᠂ ᠤᠶᠤᠨᠴᠢᠯᠠᠭᠰᠠᠨ᠂ ᠲᠤᠰᠬᠠᠶᠢᠵᠢᠭᠤᠯᠤᠭᠰᠠᠨ ᠬᠠᠮᠢᠶᠠᠷᠤᠯᠲᠠ ᠶᠢ  ᠠᠬᠢᠭᠤᠯᠤᠨ᠂ ᠡᠯ᠎ᠡ ᠵᠦᠢᠯ ᠤᠨ ᠲᠦᠭᠰᠢᠭᠦᠷᠢᠲᠦ ᠪᠠᠶᠢᠳᠠᠯ ᠢ ᠲᠦᠰᠦᠭᠡᠯᠡᠭᠦᠯᠬᠦ᠂ ᠰᠡᠷᠡᠮᠵᠢᠯᠡᠭᠦᠯᠬᠦ᠂ ᠰᠡᠷᠭᠡᠶᠢᠯᠡᠭᠦᠯᠬᠦ ᠴᠢᠳᠠᠪᠤᠷᠢ ᠶᠢ ᠳᠡᠭᠡᠭᠰᠢᠯᠡᠭᠦᠯᠦᠨ᠎ᠡ᠃      ᠡᠭᠦᠨ ᠤ ᠳᠠᠠᠭᠤ  ᠂ ᠳᠠᠩᠰᠠ ᠡᠪᠬᠡᠮᠡᠯ᠂ ᠠᠷᠠᠳ ᠤᠨ ᠠᠭᠠᠷ ᠰᠡᠷᠭᠡᠶᠢᠯᠡᠯᠲᠡ᠂ ᠲᠡᠤᠬᠡ ᠤᠶᠢᠯᠠᠯᠭ᠎ᠠ᠂ ᠬᠦᠮᠣᠠ ᠠᠮᠠ ᠶᠢᠨ ᠦᠠᠳᠣᠷ ᠨᠠᠰᠣᠵᠢᠯ᠂ ᠨᠢᠭᠦᠯᠡᠰᠦᠩᠭᠦᠢ᠂ ᠵᠡᠮᠳᠡᠭᠴᠦᠳ᠂  ᠤᠯᠠᠭᠠᠨ ᠵᠠᠭᠠᠯᠮᠠᠶᠢᠳᠠᠨ ᠤ ᠨᠡᠶᠢᠭᠡᠮᠯᠢᠭ ᠵᠡᠷᠭᠡ ᠠᠵᠢᠯ ᠢ ᠨᠠᠷᠢᠨ ᠬᠢᠨᠡᠮᠠᠭᠠᠢ ᠪᠡᠶᠡᠯᠡᠭᠦᠯᠦᠨ᠂  ᠠᠵᠢᠯᠴᠢᠳ᠂ ᠵᠠᠯᠠᠭᠤᠴᠤᠳ᠂ ᠡᠮᠡᠭᠲᠡᠶᠢᠴᠦᠳ ᠤᠨ ᠪᠦᠯᠬᠦᠮ ᠤᠨ ᠵᠣᠬᠢᠶᠠᠨ ᠪᠠᠶᠢᠭᠤᠯᠤᠯᠲᠠ ᠶᠢᠨ ᠠᠵᠢᠯ ᠢ ᠳᠡᠮᠵᠢᠨ᠎ᠡ᠃      ᠭᠤᠷᠪᠠ᠂  ᠵᠠᠰᠠᠭ ᠤᠨ ᠣᠷᠳᠤᠨ ᠤ ᠳᠣᠰ ᠪᠡᠶ᠎ᠡ ᠶᠢᠨ ᠪᠠᠶᠢᠭᠤᠯᠤᠯᠲᠠ ᠪᠠᠨ ᠴᠢᠩᠭᠠᠳᠬᠠᠨ᠎ᠠ      ᠪᠢᠳᠡᠨ ᠯᠠᠪᠳᠠᠢ ᠺᠠᠳ᠋ᠷ ᠤᠳᠤᠷᠢᠳᠤᠯᠭ᠎ᠠ ᠶᠢᠨ ᠬᠠᠲᠠᠭᠤᠵᠢᠯᠲᠠᠢ ᠴᠢᠷᠮᠠᠶᠢᠯᠭ᠎ᠠ ᠪᠠᠷ ᠳᠠᠮᠵᠢᠨ ᠠᠷᠠᠳ ᠣᠯᠠᠨ ᠳᠤ ᠵᠤᠯ ᠵᠢᠷᠭᠠᠯ ᠬᠥᠷᠲᠡᠭᠡᠵᠦ᠂ ᠠᠷᠠᠳ ᠣᠯᠠᠨ ᠳᠤ ᠬᠠᠨᠤᠮᠵᠢᠲᠠᠢ ᠵᠠᠰᠠᠭ ᠤᠨ ᠣᠷᠳᠤᠨ ᠢ ᠴᠢᠷᠮᠠᠶᠢᠨ  ᠪᠠᠶᠢᠭᠤᠯᠤᠨ᠎ᠠ᠃      ︵ᠨᠢᠭᠡ︶ ᠥᠭᠡᠷᠡᠴᠢᠯᠡᠯᠲᠡ ᠬᠢᠵᠦ ᠰᠢᠨ᠎ᠡ ᠶᠢ ᠡᠭᠦᠳᠬᠦ ᠶᠢ ᠥᠷᠭᠦᠯᠵᠢᠯᠡᠨ ᠪᠠᠷᠢᠮᠳᠠᠯᠠᠵᠤ᠂ ᠬᠠᠮᠲᠤᠷᠠᠭᠰᠠᠨ ᠲᠠᠯᠪᠢᠭᠤ ᠬᠥᠭᠵᠢᠯᠲᠡ ᠶᠢᠨ ᠣᠷᠴᠢᠨ ᠢ ᠪᠠᠶᠢᠭᠤᠯᠤᠨ᠎ᠠ᠃ ︽ᠵᠠᠬ᠎ᠠ ᠳᠡᠯᠭᠡᠭᠦᠷ ᠤᠨ ᠬᠢᠨᠠᠨ ᠬᠠᠮᠢᠶᠠᠷᠬᠤ ᠰᠠᠯᠠᠭ᠎ᠠ ᠮᠦᠴᠢᠷ ᠤᠨ ᠬᠢᠨᠢ ᠦᠢᠯᠡᠳᠪᠦᠷᠢ ᠬᠤᠳᠠᠯᠳᠤᠭᠠᠨ ᠤ ᠴᠢᠳᠠᠪᠬᠢ ᠶᠢ ᠬᠠᠤᠯᠢ ᠶᠣᠰᠤᠭᠠᠷ ᠬᠢᠨᠠᠨ ᠪᠠᠶᠢᠴᠠᠭᠠᠬᠤ ᠦᠢᠶᠡᠰ ᠂ ᠳᠣᠬᠢᠶᠠᠯ ᠢ ᠲᠠᠭᠠᠨ ᠪᠠᠶᠢᠴᠠᠭᠠᠬᠤ ᠠᠷᠭ᠎ᠠ ᠪᠠᠷ ᠪᠠᠶᠢᠴᠠᠭᠠᠭᠳᠠᠬᠤ ᠡᠳᠡᠭᠡᠳ ᠢ  ᠰᠤᠭᠤᠴᠠᠨ ᠪᠠᠶᠢᠴᠠᠭᠠᠵᠤ᠂ ᠳᠣᠬᠢᠶᠠᠯ   ᠢ ᠲᠠᠭᠠᠨ ᠪᠠᠶᠢᠴᠠᠭᠠᠬᠤ ᠠᠷᠭ᠎ᠠ ᠪᠠᠷ ᠬᠠᠤᠯᠢ ᠪᠠᠷ ᠪᠠᠶᠢᠴᠠᠭᠠᠭᠴᠢ ᠶᠢ ᠰᠤᠩᠭᠤᠨ ᠲᠤᠮᠢᠯᠠᠵᠤ ᠪᠠᠶᠢᠴᠠᠭᠠᠭᠰᠠᠨ ᠦᠷ᠎ᠡ ᠳ᠋ᠦᠩ ᠶᠢ ᠴᠠᠭ ᠲᠣᠬᠠᠢ ᠳᠤᠨᠢ ᠮᠡᠳᠡᠭᠦᠯᠵᠦ᠂ ᠲᠦᠪ ᠭᠤᠣᠯᠴᠢ᠂ ᠢᠯᠡᠷᠬᠡᠢ ᠵᠠᠷᠴᠢᠮ ᠢᠶᠠᠷ ᠵᠣᠬᠢᠶᠠᠨ ᠪᠠᠶᠢᠭᠤᠯᠬᠤ︾  ᠳᠦᠷᠢᠮ ᠢ ᠬᠡᠷᠡᠭᠵᠢᠭᠦᠯᠵᠦ᠂ ︽ᠭᠤᠷᠪᠠᠨ ᠨᠠᠷᠢᠨ ᠳᠠᠩᠰᠠ ᠨᠢᠭᠡ ᠭᠠᠷᠴᠠᠭ︾   ᠤᠨ ᠳᠦᠷᠢᠮ ᠢ ᠨᠠᠶᠢᠳᠠᠪᠤᠷᠢᠵᠢᠭᠤᠯᠤᠨ᠂ ᠨᠠᠷᠠᠨ ᠭᠡᠷᠡᠯᠲᠦ ᠵᠠᠰᠠᠭ ᠪᠠᠷᠢᠬᠤ ᠪᠠ ᠵᠠᠰᠠᠭ ᠢ ᠴᠣᠮᠬᠠᠣᠠᠬᠠᠵᠤ ᠡᠷᠬᠡ ᠶᠢ ᠳᠠᠯᠪᠢᠬᠤ ᠶᠢ ᠠᠬᠢᠭᠤᠯᠤᠨ᠎ᠠ᠃      ︵ᠬᠤᠶᠠᠷ︶ ᠬᠠᠤᠯᠢ ᠪᠠᠷ ᠵᠠᠰᠠᠭ ᠢᠶᠠᠨ ᠵᠠᠰᠠᠬᠤ ᠶᠢ ᠥᠷᠭᠦᠯᠵᠢᠯᠡᠨ ᠪᠠᠷᠢᠮᠳᠠᠯᠠᠵᠤ᠂ ᠲᠦᠪ ᠭᠤᠣᠯᠴᠢ ᠢᠯᠡᠷᠬᠡᠢ ᠨᠡᠶᠢᠭᠡᠮ ᠤᠨ ᠣᠷᠴᠢᠨ ᠢ ᠪᠠᠶᠢᠭᠤᠯᠤᠨ᠎ᠠ᠃ ᠬᠠᠤᠯᠢ ᠪᠠᠷ ᠵᠠᠰᠠᠬᠤ ᠰᠡᠳᠭᠢᠭᠦᠢ ᠪᠠ ᠬᠠᠤᠯᠢ ᠪᠠᠷ ᠵᠠᠰᠠᠬᠤ ᠠᠷᠭ᠎ᠠ ᠪᠠᠷ ᠥᠭᠡᠷᠡᠴᠢᠯᠡᠯᠲᠡ ᠶᠢ  ᠭᠦᠨᠵᠡᠭᠡᠶᠢᠷᠡᠭᠦᠯᠦᠨ᠂ ᠭᠥᠭᠵᠢᠯᠲᠡ ᠶᠢ ᠠᠬᠢᠭᠤᠯᠤᠨ᠎ᠠ᠃ ︽ᠳᠣᠯᠤᠳᠤᠭᠠᠷ ᠳᠠᠪᠤᠨ ᠵᠢᠯ︾ ᠤᠨ ᠬᠠᠤᠯᠢ ᠴᠠᠭᠠᠵᠠ ᠶᠢ ᠲᠥᠭᠡᠮᠡᠯᠵᠢᠭᠦᠯᠬᠦ ᠠᠵᠢᠯ ᠢ ᠭᠦᠨᠵᠡᠭᠡᠢ ᠥᠷᠨᠢᠭᠦᠯᠦᠨ ᠪᠦᠬᠦ ᠨᠡᠶᠢᠭᠡᠮ ᠤᠨ ᠬᠠᠤᠯᠢ ᠪᠠᠷ ᠵᠠᠰᠠᠬᠤ ᠣᠶᠢᠯᠠᠭᠠᠭᠳᠠᠬᠤᠨ ᠢ ᠳᠡᠭᠡᠭᠰᠢᠯᠡᠭᠦᠯᠦᠨ᠎ᠡ᠃ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠵᠢᠴᠢ ᠲᠡᠭᠦᠨ ᠤ ᠪᠠᠶᠢᠩᠭᠤ ᠬᠤᠷᠢᠶᠠᠨ ᠤ ᠬᠠᠤᠯᠢ ᠴᠠᠭᠠᠵᠠ ᠪᠠᠷ ᠬᠢᠨᠠᠯᠲᠠ ᠲᠠᠯᠪᠢᠬᠤ ᠪᠣᠯᠤᠨ ᠠᠵᠢᠯ ᠤᠨ ᠬᠢᠨᠠᠯᠲᠠ ᠲᠠᠯᠪᠢᠬᠤ ᠶᠢ ᠰᠠᠨᠠᠭᠠᠴᠢᠯᠠᠭ᠎ᠠ ᠠᠴᠠ ᠪᠠᠨ ᠬᠦᠯᠢᠶᠡᠵᠦ᠂ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠪᠠᠶᠢᠩᠭᠤ ᠬᠤᠷᠢᠶᠠᠨ ᠤ ᠡᠯ᠎ᠡ ᠵᠦᠢᠯ ᠤᠨ ᠰᠢᠢᠳᠪᠤᠷᠢ ᠶᠢ ᠬᠢᠨᠠᠮᠠᠭᠠᠢ ᠬᠡᠷᠡᠭᠵᠢᠭᠦᠯᠵᠦ᠂ ᠳᠣᠭᠳᠠᠭᠰᠠᠨ ᠴᠠᠭ ᠲᠤ ᠠᠵᠢᠯ ᠤᠨ ᠮᠡᠳᠡᠭᠦᠯᠦᠯᠲᠡ ᠬᠢᠵᠦ᠂ ᠲᠦᠯᠦᠭᠡᠯᠡᠭᠴᠢᠳ ᠤᠨ ᠰᠠᠨᠠᠯ ᠢ ᠭᠦᠢᠴᠡᠳᠭᠡᠬᠦ ᠠᠵᠢᠯ ᠢ ᠰᠠᠶᠢᠲᠤᠷ ᠬᠢᠵᠦ᠂ ᠵᠠᠰᠠᠭ ᠤᠨ ᠣᠷᠳᠤᠨ ᠤ ᠰᠢᠢᠳᠪᠦᠷᠢᠲᠦ ᠪᠣᠳᠤᠯᠭ᠎ᠠ ᠶᠢ ᠰᠢᠨᠵᠢᠯᠡᠬᠦ ᠣᠬᠠᠭᠠᠨᠴᠢᠯᠠᠬᠤ᠂ ᠠᠷᠠᠳᠴᠢᠯᠠᠬᠤ᠂ ᠬᠠᠤᠯᠢ ᠳᠦᠷᠢᠮᠵᠢᠭᠦᠯᠬᠦ ᠬᠢᠷᠢ ᠲᠦᠪᠰᠢᠨ ᠢᠶᠠᠨ ᠳᠡᠭᠡᠭᠰᠢᠯᠡᠭᠦᠯᠦᠨ᠎ᠡ᠃      ︵ᠭᠤᠷᠪᠠ︶ ᠠᠷᠠᠳ ᠤᠨ ᠲᠦᠯᠦᠭᠡ ᠠᠵᠢᠯᠴᠢ ᠬᠢᠴᠢᠶᠡᠩᠭᠦᠢ ᠪᠠᠷ ᠵᠠᠰᠠᠭ ᠪᠠᠷᠢᠬᠤ ᠶᠢ ᠥᠷᠭᠦᠯᠵᠢᠯᠡᠨ ᠪᠠᠷᠢᠮᠳᠠᠯᠠᠵᠤ  ᠂ ᠳᠦᠭᠦᠮ ᠳᠦᠳᠡ ᠦᠨᠳᠣᠷ ᠦᠷ᠎ᠡ ᠠᠰᠢᠭᠲᠤ ᠦᠢᠯᠡᠴᠢᠯᠡᠭᠡᠨ ᠤ ᠣᠷᠴᠢᠨ ᠢ ᠪᠠᠶᠢᠭᠤᠯᠤᠨ᠎ᠠ᠃ ᠨᠠᠮ  ᠤᠨ ᠲᠦᠪ ᠬᠤᠷᠢᠶᠠᠨ ᠤ ᠨᠠᠢᠮᠠᠨ ᠵᠦᠢᠯ ᠤᠨ ᠳᠣᠭᠲᠠᠭᠠᠯ ᠢ ᠦᠨᠢ ᠡᠭᠦᠷᠢᠳᠡ ᠦᠯᠦ ᠬᠤᠪᠢᠷᠠᠭᠤᠯᠬᠤ ᠦᠭᠡᠢ   ᠨᠠᠶᠢᠳᠠᠪᠤᠷᠢᠵᠢᠭᠤᠯᠤᠨ᠂ ᠨᠠᠮ ᠤᠨ ᠣᠯᠠᠨ ᠲᠦᠮᠡᠨᠴᠢ ᠱᠣᠭᠤᠮ ᠤᠨ ᠰᠤᠷᠭᠠᠨ ᠬᠥᠮᠦᠵᠢᠯ ᠤᠨ ᠦᠢᠯᠡᠳᠦᠯᠭᠡ ᠶᠢᠨ ᠬᠥᠳᠡᠯᠭᠡᠭᠡᠨ᠂ ︽ᠭᠤᠷᠪᠠᠨ ᠴᠢᠩᠭ᠎ᠠ ᠭᠤᠷᠪᠠᠨ ᠪᠣᠳᠠᠳᠠᠢ︾ ᠲᠣᠰᠬᠠᠢ ᠰᠡᠳᠦᠪᠲᠦ ᠰᠣᠷᠭᠠᠨ ᠬᠥᠮᠦᠵᠢᠯ ᠪᠠ ︽ᠬᠤᠶᠠᠷ ᠢ ᠰᠤᠷᠤᠯᠴᠠᠵᠤ ᠬᠢᠷᠢ ᠳᠡᠩᠴᠡᠭᠰᠡᠨ ᠨᠠᠮ ᠤᠨ ᠬᠡᠰᠢᠭᠦᠨ ᠪᠣᠯᠬᠤ︾ ᠰᠤᠷᠤᠯᠴᠠᠯᠭ᠎ᠠ ᠬᠥᠮᠦᠵᠢᠯ ᠤᠨ ᠠᠵᠢᠯᠯᠠᠭ᠎ᠠ ᠶᠢ ᠪᠠᠬᠢᠵᠢᠭᠦᠯᠦᠨ᠂ ᠠᠵᠢᠯᠯᠠᠭ᠎ᠠ ᠶᠢᠨ ᠰᠣᠷᠲᠠᠯ ᠢ ᠥᠷᠭᠦᠯᠵᠢᠯᠡᠨ ᠰᠠᠶᠢᠵᠢᠷᠠᠭᠤᠯᠬᠤ ᠶᠢ ᠠᠬᠢᠭᠤᠯᠤᠨ᠎ᠠ᠃ ᠬᠤᠰᠢᠭᠤ᠂ ᠰᠢᠶᠠᠩ᠂ ᠳᠣᠰᠬᠤᠨ ᠤ ᠠᠷᠠᠳ ᠲᠤ ᠦᠢᠯᠡᠴᠢᠯᠡᠭᠡ ᠬᠠᠩᠭᠠᠬᠤ ᠲᠠᠰᠤᠭ ᠢ ᠪᠦᠷᠢᠨᠰᠢᠭᠦᠯᠵᠦ᠂ 227 ᠨᠡᠷᠡᠰ ᠲᠤᠰᠬᠠᠢ ᠺᠠᠳ᠋ᠷᠴᠤᠳ ᠢ ᠲᠣᠰᠬᠤᠨ   ᠳᠤ ᠰᠠᠭᠤᠯᠭᠠᠵᠤ ᠦᠢᠯᠡᠴᠢᠯᠡᠭᠦᠯᠦᠨ  ᠂ ᠵᠠᠰᠠᠭ ᠵᠠᠬᠢᠷᠭᠠᠨ ᠤ ᠪᠦᠳᠦᠮᠵᠢ ᠪᠠ ᠦᠢᠯᠡᠴᠢᠯᠡᠭᠡᠨ ᠤ ᠬᠡᠮᠵᠢᠶ᠎ᠡ ᠶᠢ ᠳᠡᠭᠡᠭᠰᠢᠯᠡᠭᠦᠯᠦᠨ᠂ ᠪᠦᠬᠦ ᠬᠦᠴᠦᠨ ᠢᠶᠠᠷ ᠢᠶᠠᠨ ᠬᠠᠮᠤᠭ ᠤᠨ ᠰᠢᠯᠢᠳᠡᠭ ᠬᠥᠭᠵᠢᠯᠲᠡ ᠶᠢᠨ ᠣᠷᠴᠢᠨ ᠢ ᠪᠣᠢ ᠪᠣᠯᠭᠠᠬᠤ ᠬᠡᠷᠡᠭᠲᠡᠢ᠃      ︵ᠳᠦᠷᠪᠡ  ︶ ᠠᠷᠢᠭᠤᠨ ᠴᠢᠭᠡᠴᠢ ᠪᠠᠷ ᠪᠡᠶ᠎ᠡ ᠪᠠᠨ ᠪᠠᠷᠢᠬᠤ ᠶᠢ ᠥᠷᠭᠦᠯᠵᠢᠯᠡᠨ ᠪᠠᠷᠢᠮᠳᠠᠯᠠᠵᠤ᠂ ᠰᠠᠶᠢᠨ ᠰᠠᠶᠢᠬᠠᠨ ᠠᠵᠢᠯᠯᠠᠬᠤ ᠣᠷᠴᠢᠨ ᠢ ᠪᠠᠶᠢᠭᠤᠯᠤᠨ᠎ᠠ᠃     ᠨᠠᠮ ᠤᠨ ᠰᠣᠷᠳᠠᠯ ᠠᠷᠢᠭᠤᠨ ᠴᠢᠭᠡᠴᠢ ᠪᠠᠷ ᠵᠠᠰᠠᠭ  ᠪᠠᠷᠢᠬᠤ ᠪᠠᠶᠢᠭᠤᠯᠤᠯᠲᠠ ᠶᠢᠨ ᠳᠦᠷᠢᠮ ᠢ ᠪᠦᠬᠦ ᠲᠠᠯ᠎ᠠ ᠪᠠᠷ ᠨᠠᠶᠢᠳᠠᠪᠤᠷᠢᠵᠢᠭᠤᠯᠵᠤ᠂ ᠠᠷᠢᠭᠤᠨ ᠴᠢᠭᠡᠴᠢ ᠪᠠᠷ ᠪᠡᠶ᠎ᠡ  ᠪᠠᠨ ᠪᠠᠷᠢᠬᠤ ᠳᠦᠷᠢᠮ᠂  ᠰᠠᠬᠢᠯᠭ᠎ᠠ ᠪᠠᠲᠤ ᠪᠠᠷ ᠰᠢᠢᠳᠭᠡᠬᠦ ᠳᠦᠷᠢᠮ ᠢ  ᠨᠠᠷᠢᠨ ᠬᠢᠨᠠᠮᠠᠭᠠᠢ ᠬᠡᠷᠡᠭᠵᠢᠭᠦᠯᠦᠨ᠎ᠡ᠃      ᠲᠦᠯᠦᠭᠡᠯᠡᠭᠴᠢᠳ ᠡ︕ ᠠᠷᠠᠳ ᠣᠯᠠᠨ ᠤ ᠠᠮᠢᠳᠤᠷᠠᠯ ᠢ ᠨᠡᠩ ᠵᠤᠯ ᠵᠢᠷᠭᠠᠯ ᠲᠠᠢ ᠪᠣᠯᠭᠠᠨ᠂ ᠠᠣᠬᠠᠨ  ᠢᠶᠠᠨ ᠨᠡᠩ ᠦᠵᠡᠰᠭᠦᠯᠡᠩᠲᠦ ᠰᠠᠶᠢᠬᠠᠨ ᠣᠷᠤᠨ ᠪᠣᠯᠭᠠᠨ ᠪᠠᠶᠢᠭᠤᠯᠵᠤ᠂   ᠪᠢᠳᠡᠨ ᠬᠤᠰᠢᠭᠤᠨ ᠤ ᠨᠠᠮ ᠤᠨ ᠬᠤᠷᠢᠶᠠᠨ ᠤ ᠪᠠᠲᠤ ᠴᠢᠩᠭ᠎ᠠ ᠤᠳᠤᠷᠢᠳᠤᠯᠭ᠎ᠠ ᠳᠣᠣᠷ᠎ᠠ᠂ ︽ᠬᠢᠬᠦ ᠦᠭᠡᠢ ᠪᠠᠶᠢᠵᠤ ᠪᠣᠯᠬᠤ ᠦᠭᠡᠢ᠂ ᠬᠢᠪᠡᠯ ᠵᠠᠪᠠᠯ ᠰᠠᠶᠢᠬᠠᠨ ᠬᠢᠬᠦ︾ ᠠᠣᠬᠠᠨ ᠤ ᠵᠣᠷᠢᠭ ᠰᠠᠨᠠᠭ᠎ᠠ ᠶᠢ ᠥᠷᠭᠦᠯᠵᠢᠯᠡᠨ ᠪᠠᠳᠠᠷᠠᠭᠤᠯᠵᠤ᠂ ᠴᠣᠴᠠᠯᠳᠠ ᠦᠭᠡᠢ ᠣᠷᠤᠭᠰᠢᠯᠠᠵᠤ᠂ ᠡᠬᠢᠯᠡᠯ ᠤᠨ ᠵᠣᠷᠢᠯᠲᠠ ᠪᠠᠨ ᠮᠠᠷᠲᠠᠯ ᠦᠭᠡᠢ᠂ ᠡᠬᠡᠨᠡᠭᠲᠡ ᠰᠠᠬᠢᠨ ᠪᠠᠷᠠᠯᠠᠵᠤ᠂ ᠶᠠᠳᠠᠭᠤ ᠠᠴᠠ ᠠᠩᠭᠢᠵᠢᠷᠠᠭᠤᠯᠵᠤ ᠪᠣᠭᠤᠮᠲᠠ ᠶᠢ ᠰᠢᠪᠲᠤᠯᠠᠬᠤ  ᠳᠠᠶᠢᠯᠠᠯᠳᠤᠭᠠᠨ ᠪᠠ ᠴᠢᠨᠡᠭᠡᠯᠢᠭ ᠨᠡᠶᠢᠭᠡᠮ   ᠤᠨ ᠪᠦᠬᠦ ᠲᠠᠯ᠎ᠠ ᠶᠢᠨ ᠪᠠᠶᠢᠭᠤᠯᠤᠯᠲᠠ ᠶᠢᠨ ᠢᠯᠠᠯᠲᠠ ᠣᠯᠬᠤ ᠠᠶᠠᠨ ᠵᠠᠮ ᠳᠤ ᠨᠠᠮ ᠪᠠ ᠠᠷᠠᠳ ᠣᠯᠠᠨ ᠳᠤ ᠬᠠᠩᠭᠠᠮᠵᠢᠲᠠᠢ ᠨᠢᠭᠡᠨ ᠬᠠᠷᠢᠭᠤᠯᠲᠠ ᠥᠭᠬᠦ ᠬᠡᠷᠡᠭᠲᠡᠢ︕
 
ᠢᠷᠡᠯᠲᠡ᠄ ᠠᠣᠬᠠᠨ ᠬᠤᠰᠢᠭᠤᠨ ᠤ ᠠᠷᠠᠳ ᠤᠨ ᠵᠠᠰᠠᠭ ᠤᠨ ᠣᠷᠳᠤᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备12002332号