ᠬᠤᠸᠠᠩ ᠶᠠᠩ ᠸᠠ ᠶᠢᠨ  ᠰᠡᠩᠳᠡᠩ ᠮᠣᠳᠤᠨ ᠬᠦᠷᠢᠶᠡᠯᠡᠩ
ᠨᠡᠶᠢᠲᠡᠯᠡᠭᠰᠡᠨ ᠴᠠᠭ᠄
2020/2/24
     ᠬᠤᠸᠠᠩ ᠶᠠᠩ ᠸᠠ ᠶᠢᠨ  ᠰᠡᠩᠳᠡᠩ ᠮᠣᠳᠤᠨ ᠬᠦᠷᠢᠶᠡᠯᠡᠩ ᠪᠣᠯ ᠥᠪᠥᠷ ᠮᠣᠩᠭᠤᠯ ᠤᠨ ᠠᠤᠬᠠᠨ ᠬᠤᠰᠢᠭᠤᠨ ᠤ ᠬᠤᠸᠠᠩ ᠶᠠᠩ ᠸᠠ ᠪᠠᠯᠭᠠᠰᠤᠨ ᠳᠤ ᠪᠠᠶᠢᠷᠢᠯᠠᠵᠤ᠂ ᠬᠤᠷᠴᠢᠨ ᠤ ᠡᠯᠡᠰᠦᠷᠬᠡᠭ ᠭᠠᠵᠠᠷ ᠤᠨ ᠡᠮᠦᠨ᠎ᠡ ᠵᠠᠬ᠎ᠠ᠂ ᠯᠤᠤᠬ᠎ᠠ ᠶᠢᠨ ᠭᠤᠤᠯ ᠤᠨ ᠵᠡᠭᠦᠨ ᠡᠷᠭᠢ ᠳᠤ ᠪᠠᠶᠢᠷᠢᠯᠠᠵᠤ᠂ ᠤᠯᠠᠭᠠᠨᠬᠠᠳᠠ ᠠᠴᠠ 80 ᠭᠠᠷᠤᠶ ᠺᠢᠯᠣᠮᠧᠲᠷ ᠵᠠᠶᠢᠲᠠᠶ ᠪᠠᠶᠢᠵᠤ᠂ ᠬᠤᠩᠱᠠᠨ ᠤ ᠨᠠᠭᠤᠷ ᠤᠨ ᠵᠢᠭᠤᠯᠴᠢᠯᠠᠯ ᠤᠨ ᠠᠮᠠᠷᠠᠯᠲᠠ ᠶᠢᠨ ᠲᠣᠰᠬᠤᠨ᠂ ᠭᠦ᠋ ᠾᠧ ᠫᠠᠨ ᠬᠦᠷᠢᠶᠡᠯᠡᠩ᠂  ᠤᠲ᠋ᠠ ᠠᠭᠤᠯᠠ ᠶᠢᠨ ᠮᠠᠯᠵᠢᠯ ᠤᠨ ᠲᠠᠯᠠᠪᠠᠶ ᠲᠠᠢ  ᠬᠠᠷᠢᠯᠴᠠᠨ ᠵᠠᠯᠭᠠᠯᠳᠤᠵᠤ ᠪᠠᠶᠢᠨ᠎ᠠ᠃ ︽ᠠᠮᠢ ᠠᠬᠤᠶ ᠶᠢᠨ ᠠᠵᠤ ᠦᠢᠯᠡᠰ᠂ ᠠᠮᠢ ᠠᠬᠤᠶ ᠶᠢᠨ ᠣᠷᠣᠰᠢᠨ ᠠᠮᠢᠳᠤᠷᠠᠬᠤ ᠪᠠ ᠠᠮᠢ ᠠᠬᠤᠶ ᠶᠢᠨ ᠰᠣᠶᠣᠯ︾  ᠢ ᠤᠷᠭᠠᠨᠢᠭ ᠢᠶᠠᠷ ᠤᠶᠠᠯᠳᠤᠭᠤᠯᠤᠭᠰᠠᠨ ︽ᠠᠮᠢ ᠠᠬᠤᠶ ᠶᠢᠨ ᠬᠦᠷᠢᠶᠡᠯᠡᠩ ᠤᠨ ᠠᠵᠤ ᠠᠬᠤᠶ︾  ᠪᠠᠶᠢᠵᠤ᠂ ᠥᠷᠥᠨᠡᠳᠠᠬᠢᠨ ᠤ ︽ ᠨᠠᠷᠢᠯᠢᠭ ᠰᠠᠶᠢᠨ ᠲᠠᠷᠢᠶᠠᠯᠠᠩ︾  ᠲᠠᠢ ᠠᠳᠠᠯᠢᠪᠲᠤᠷ ᠮᠥᠷᠲᠡᠭᠡᠨ ᠢᠯᠡ ᠲᠣᠳᠣ ᠳᠤᠮᠳᠠᠳᠤ ᠤᠯᠤᠰ ᠤᠨ ᠣᠨᠴᠠᠯᠢᠭ ᠲᠠᠢ ᠣᠲᠣ ᠦᠶ᠎ᠡ ᠶᠢᠨ ᠥᠨᠳᠥᠷ ᠦᠷ᠎ᠡ ᠪᠦᠲᠦᠮᠵᠢᠲᠡᠶ ᠥᠨᠢᠳᠡ ᠶᠢᠨ ᠬᠡᠯᠪᠡᠷᠢ ᠶᠢᠨ ᠲᠠᠷᠢᠶᠠᠯᠠᠩ ᠤᠨ ᠬᠥᠭᠵᠢᠯᠲᠡ ᠶᠢᠨ ᠵᠠᠭᠪᠤᠷ   ᠲᠠᠢ ᠪᠠᠶᠢᠳᠠᠭ᠃      ᠠᠭᠤᠯᠠᠨ ᠳᠤ ᠪᠠᠶᠢᠭᠤᠯᠤᠭᠰᠠᠨ ᠰᠡᠩᠳᠡᠩ ᠮᠣᠳᠤᠨ ᠬᠦᠷᠢᠶᠡᠯᠡᠩ ᠤᠨ ᠣᠷᠣᠶ ᠳᠡᠭᠡᠷ᠎ᠡ ᠠᠴᠠ ᠪᠠᠷᠠᠯᠠᠪᠠᠯ᠂  5200 ᠮᠥ  ᠰᠡᠩᠳᠡᠩ ᠮᠣᠳᠤᠨ ᠬᠦᠷᠢᠶᠡᠯᠡᠩ  ᠤᠨ  ᠵᠢᠮᠢᠰ ᠤᠨᠵᠢᠶ᠎ᠠ ᠰᠣᠨᠵᠢᠶ᠎ᠠ  ᠂ 4000 ᠲᠡᠭᠰᠢ ᠳᠥᠷᠪᠡᠯᠵᠢᠨ ᠮᠧᠲᠷ ᠰᠡᠩᠳᠡᠩ ᠮᠣᠳᠤᠨ ᠰᠤᠳᠤᠯᠤᠨ ᠨᠡᠭᠡᠭᠡᠬᠦ ᠲᠥᠪ ᠤᠨ ᠲᠣᠮᠣ ᠠᠰᠠᠷ ᠭᠢᠯᠠᠯᠵᠠᠨ᠂ ᠡᠷᠬᠢᠨ ᠲᠣᠭᠤᠷᠢᠨ ᠳᠠᠭᠠᠨ ᠪᠥᠬᠦ ᠪᠥᠮᠪᠥᠷᠴᠡᠭ ᠤᠨ ᠠᠮᠢ ᠠᠬᠤᠶ ᠶᠢᠨ 500 ᠰᠢᠯᠢᠳᠡᠭ ᠨᠠᠷᠠᠲᠤ  ᠲᠡᠮᠲᠡᠭᠲᠦ ᠶᠢᠨ ᠪᠠᠭᠠᠰᠬᠠᠭᠰᠠᠨ ᠰᠡᠭᠦᠳᠡᠷ — ᠠᠤᠬᠠᠨ ᠤ ᠬᠤᠸᠠᠩ ᠶᠠᠩ ᠸᠠ ᠮᠠᠯᠵᠢᠯ ᠤᠨ ᠲᠠᠯᠠᠪᠠᠶ ᠶᠢᠨ ᠬᠠᠮᠠᠭᠠᠯᠠᠯᠲᠠ ᠶᠢᠨ ᠣᠶ ᠪᠣᠶ᠃ ᠪᠠᠷᠠᠭᠤᠨᠰᠢ ᠪᠠᠨ ᠠᠯᠤᠰ ᠢ ᠪᠠᠷᠠᠯᠠᠬᠤᠶ᠎ᠠ᠂  ᠳᠠᠯᠠᠶᠢᠴᠠ ᠶᠡᠬᠡᠲᠡᠢ ᠯᠤᠤᠬ᠎ᠠ ᠶᠢᠨ ᠭᠤᠤᠯ ᠨᠢ ᠶᠠᠭ ᠯᠠ ᠨᠢᠭᠡᠨ ᠮᠥᠩᠭᠦᠨ ᠬᠠᠳᠠᠭ ᠰᠢᠭ ᠬᠠᠷᠠᠭᠳᠠᠨ᠎ᠠ᠃ ᠥᠪᠥᠷ ᠮᠣᠩᠭᠤᠯ ᠤᠨ ᠰᠡᠩᠳᠡᠩ ᠮᠣᠳᠤᠨ ᠬᠦᠷᠢᠶᠡᠯᠡᠩ ᠨᠢ᠂  ᠨᠢᠭᠡᠨ ᠲᠠᠯ᠎ᠠ ᠨᠤᠲᠤᠭ ᠲᠤ ᠮᠡᠨᠳᠦᠯᠡᠭᠰᠡᠨ ᠦᠵᠡᠰᠬᠦᠯᠡᠩᠲᠦ ᠰᠠᠶᠢᠬᠠᠨ ᠦᠵᠡᠮᠵᠢ᠃ ᠠᠳᠡ ᠭᠤᠷᠪᠠᠨ ᠵᠠᠭᠤᠨ ᠵᠢᠯ ᠤᠨ ᠯᠢᠶᠣᠤ  ᠶᠢᠨ ᠰᠤᠪᠤᠷᠭ᠎ᠠ ᠶᠢᠨ ᠳᠣᠣᠷᠠᠬᠢ ᠰᠠᠯᠠᠭ᠎ᠠ ᠨᠠᠮᠠᠭ᠎ᠠ ᠨᠢ ᠢᠭᠴᠤ  ᠰᠠᠬᠤᠯᠠᠭ ᠰᠡᠩᠳᠡᠩ ᠮᠣᠳᠤᠨ ᠤ ᠲᠥᠷᠥᠯ ᠪᠠᠶᠢᠵᠤ᠂ ᠳᠡᠭᠡᠳᠦ ᠳᠡᠰ ᠤᠨ ᠰᠢᠨ᠎ᠡ ᠬᠡᠯᠪᠡᠷᠢ ᠶᠢᠨ ᠮᠣᠳᠣᠯᠢᠭ   ᠵᠢᠮᠢᠰ ᠤᠨ ᠲᠣᠰᠣ ᠲᠠᠢ᠂ ᠤᠯᠤᠰ ᠤᠨ ᠬᠤᠶᠠᠳᠤᠭᠠᠷ ᠳᠡᠰ ᠤᠨ ᠨᠢᠭᠤᠴᠠ  ᠨᠠᠶᠢᠷᠠᠯᠭ᠎ᠠ ᠲᠠᠢ ᠰᠡᠩᠳᠡᠩ ᠮᠣᠳᠤᠨ ᠵᠢᠮᠢᠰ ᠤᠨ ᠬᠠᠷ᠎ᠠ ᠴᠠᠶ ᠲᠠᠢ᠂ ᠵᠢᠮᠢᠰ ᠨᠣᠭᠤᠭ᠎ᠠ  ᠶᠢᠨ ᠪᠠᠶᠢᠭᠠᠯᠢᠭ ᠰᠡᠩᠳᠡᠩ ᠮᠣᠳᠤᠨ ᠵᠢᠮᠢᠰ ᠤᠨ ᠠᠮᠢᠳᠤ ᠪᠣᠳᠠᠰ ᠤᠨ ᠤᠬᠢᠶᠠᠯᠭ᠎ᠠ ᠶᠢᠨ ᠡᠳ᠋ ᠪᠠᠶᠢᠨ᠎ᠠ᠃ ᠠᠳᠡᠬᠢ ᠥᠨᠴᠥᠭ ᠪᠤᠯᠤᠩ ᠨᠢᠭᠡᠪᠦᠷᠢ ᠨᠢ ᠪᠦᠷ ᠦᠯᠢᠭᠡᠷ᠂ ᠲᠡᠦᠬᠡ   ᠲᠠᠢ ᠪᠠᠶᠢᠳᠠᠭ᠃ ᠰᠡᠩᠳᠡᠩ ᠮᠣᠳᠤᠨ ᠵᠢᠮᠢᠰ ᠤᠨ ᠪᠦᠬᠦ ᠪᠡᠶ᠎ᠡ ᠨᠢ ᠪᠦᠷ ᠡᠷᠳᠡᠨᠢ ᠪᠠᠶᠢᠵᠤ᠂ ᠨᠡᠯᠢᠶᠡᠳ ᠥᠨᠳᠥᠷ ᠢᠳᠡᠭᠡᠨ ᠤ ᠦᠨ᠎ᠡ ᠥᠷᠲᠡᠭ ᠪᠠ ᠡᠮ ᠳᠤ ᠬᠡᠷᠡᠭᠯᠡᠬᠦ ᠦᠨ᠎ᠡ ᠥᠷᠲᠡᠭ ᠲᠠᠢ᠃ ᠰᠡᠩᠳᠡᠩ ᠮᠣᠳᠤᠨ ᠬᠦᠷᠢᠶᠡᠯᠡᠩ ᠢ ᠠᠮᠢ ᠠᠬᠤᠢ ᠶᠢᠨ ᠵᠢᠭᠤᠯᠴᠢᠯᠠᠯ᠂ ᠠᠵᠤ ᠦᠢᠯᠡᠰ ᠤᠨ ᠨᠡᠬᠡᠭᠡᠯᠲᠡ᠂ ᠬᠠᠮᠵᠢᠯᠴᠠᠨ ᠰᠢᠨ᠎ᠡ ᠶᠢ ᠡᠭᠦᠳᠬᠦ ᠶᠢ ᠨᠢᠭᠡ ᠴᠣᠭᠴᠠᠵᠢᠭᠤᠯᠤᠭᠰᠠᠨ ᠣᠳᠣᠬᠢᠴᠢᠯᠠᠭᠰᠠᠨ ᠬᠦᠷᠢᠶᠡᠯᠡᠩ ᠪᠣᠯᠭᠠᠨ ᠪᠠᠶᠢᠭᠤᠯᠬᠤ ᠪᠠᠷ ᠪᠠᠶᠢᠨ᠎ᠠ᠃            ᠡᠨᠡ ᠪᠣᠯ ᠨᠢᠭᠡᠨ ᠣᠳᠣᠬᠢᠴᠢᠯᠠᠭᠰᠠᠨ ᠬᠦᠷᠢᠶᠡᠯᠡᠩ᠂  ᠨᠢᠭᠡᠨ ᠡᠷᠲᠡᠨ ᠤ ᠮᠥᠷᠲᠡᠭᠡᠨ ᠨᠢᠭᠤᠴᠠᠭᠠᠶ ᠭᠠᠵᠠᠷ᠂ ᠠᠳᠡ ᠢᠷᠡᠵᠦ  ᠰᠡᠳᠬᠢᠯ  ᠰᠠᠨᠠᠭ᠎ᠠ ᠪᠠᠨ ᠪᠠᠶᠠᠰᠬᠠᠵᠤ᠂ ᠪᠡᠶ᠎ᠡ ᠰᠡᠳᠭᠢᠴᠡ ᠪᠠᠨ ᠠᠮᠤᠷᠵᠢᠭᠤᠯᠬᠤ ᠳᠠᠭᠠᠲᠠᠢ ᠣᠷᠤᠨ ᠪᠣᠯᠬᠤ ᠶᠤᠮ᠃
 
ᠢᠷᠡᠯᠲᠡ᠄ ᠠᠣᠬᠠᠨ ᠬᠤᠰᠢᠭᠤᠨ ᠤ ᠠᠷᠠᠳ ᠤᠨ ᠵᠠᠰᠠᠭ ᠤᠨ ᠣᠷᠳᠤᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备12002332号