| 2022 ᠣᠨ ᠳᠤ᠂ ᠰᠧ ᠳ᠋ᠣᠣ ᠸᠠᠨ ᠽᠢ ᠪᠠᠯᠭᠠᠰᠤ ᠨᠢ ᠬᠤᠰᠢᠭᠤᠨ ᠤ ᠨᠠᠮ ᠤᠨ ᠬᠤᠷᠢᠶ᠎ᠠ᠂ ᠵᠠᠰᠠᠭ ᠤᠨ | ᠣᠷᠳᠣᠨ ᠤ ᠣᠶ ᠰᠢᠭᠤᠢ ᠶᠢᠨ ᠦᠢᠯᠡᠰ ᠤᠨ ︽ᠨᠢᠭᠡ ᠶᠢ ᠪᠠᠭᠠᠰᠬᠠᠵᠤ ᠭᠤᠷᠪᠠ ᠶᠢ ᠨᠡᠮᠡᠭᠳᠡᠭᠦᠯᠵᠦ ᠬᠤᠶᠠᠷ ᠢ | ᠥᠭᠡᠷᠡᠴᠢᠯᠡᠬᠦ︾ ᠪᠠᠶᠢᠯᠳᠤᠬᠤ ᠪᠣᠳᠣᠯᠭ᠎ᠠ ᠶᠢᠨ ᠲᠣᠭᠤᠷᠢᠨ ᠳᠤ ᠬᠦᠴᠦᠲᠡᠢ ᠠᠷᠭ᠎ᠠ ᠬᠡᠮᠵᠢᠶ᠎ᠡ ᠠᠪᠴᠤ᠂ ᠠᠮᠢ | ᠠᠬᠤᠢ ᠶᠢᠨ ᠪᠦᠲᠦᠭᠡᠨ ᠪᠠᠶᠢᠭᠤᠯᠤᠯᠲᠠ ᠶᠢᠨ ᠳᠣᠣᠷ᠎ᠠ ᠬᠠᠭᠠᠰ ᠲᠠᠯᠠᠪᠤᠷ ᠢ ᠪᠥᠬᠦ ᠬᠦᠴᠦᠨ ᠢᠶᠠᠷ ᠢᠶᠠᠨ ᠰᠠᠶᠢᠲᠤᠷ | ᠬᠢᠭᠰᠡᠨ ᠪᠠᠶᠢᠨ᠎ᠠ᠃ | ᠠᠮᠢ ᠠᠬᠤᠢ ᠶᠢᠨ ᠣᠷᠴᠢᠨ ᠨᠥᠬᠦᠴᠡᠯ ᠤᠨ ᠬᠠᠮᠠᠭᠠᠯᠠᠯᠲᠠ ᠶᠢᠨ ᠠᠵᠢᠯ ᠢ ᠪᠣᠳᠠᠲᠠᠢ ᠪᠠᠷ ᠠᠳᠬᠤᠪᠠ᠃ ᠨᠠᠮ ᠤᠨ | ᠬᠤᠷᠢᠶ᠎ᠠ᠂ ᠵᠠᠰᠠᠭ ᠤᠨ ᠣᠷᠳᠣᠨ ᠬᠠᠭᠠᠰ ᠵᠢᠯ ᠳᠤ ᠨᠢᠭᠡ ᠤᠳᠠᠭ᠎ᠠ ᠲᠤᠰᠬᠠᠢ ᠰᠡᠳᠦᠪᠲᠦ ᠲᠣᠬᠢᠷᠠᠭᠤᠯᠤᠯᠲᠠ | ᠪᠠᠶᠢᠷᠢᠯᠠᠭᠤᠯᠤᠯᠲᠠ ᠶᠢᠨ ᠬᠤᠷᠠᠯ ᠬᠤᠷᠠᠯᠳᠤᠭᠤᠯᠵᠤ᠂ ᠤᠷᠢᠳ ᠬᠤᠵᠢᠳ ︽ᠰᠧ ᠳ᠋ᠣᠣ ᠸᠠᠨ ᠽᠢ ᠪᠠᠯᠭᠠᠰᠤᠨ ᠤ | ᠭᠤᠣᠯ ᠤᠨ ᠳᠠᠷᠤᠭ᠎ᠠ ᠶᠢᠨ ᠳᠦᠷᠢᠮ ᠤᠨ ᠬᠠᠮᠢᠶᠠᠷᠤᠯᠲᠠ ᠶᠢ ᠳᠣᠭᠤᠰᠢᠯᠠᠭᠤᠯᠤᠨ ᠨᠠᠶᠢᠳᠠᠪᠤᠷᠢᠵᠢᠭᠤᠯᠵᠤ | ᠬᠡᠷᠡᠭᠵᠢᠭᠦᠯᠬᠦ ᠲᠥᠰᠥᠯ︾ ︽ᠰᠧ ᠳ᠋ᠣᠣ ᠸᠠᠨ ᠽᠢ ᠪᠠᠯᠭᠠᠰᠤᠨ ᠤ ᠣᠷᠴᠢᠨ ᠲᠣᠭᠤᠷᠢᠨ ᠤ ᠪᠣᠬᠢᠷᠳᠤᠯ ᠢ ᠰᠡᠷᠭᠡᠶᠢᠯᠡᠨ | ᠵᠠᠰᠠᠵᠤ ᠬᠡᠷᠡᠭᠵᠢᠭᠦᠯᠬᠦ ᠲᠥᠰᠥᠯ︾ ︽ᠰᠧ ᠳ᠋ᠣᠣ ᠸᠠᠨ ᠽᠢ ᠪᠠᠯᠭᠠᠰᠤᠨ ᠤ ᠣᠷᠴᠢᠨ ᠲᠣᠭᠤᠷᠢᠨ ᠤ | ᠬᠠᠮᠠᠭᠠᠯᠠᠯᠲᠠ ᠶᠢᠨ ᠠᠵᠢᠯ ᠤᠨ ᠲᠤᠰᠢᠶᠠᠯ ᠬᠠᠷᠢᠭᠤᠴᠠᠯᠭ᠎ᠠ︾ ︽ᠰᠧ ᠳ᠋ᠣᠣ ᠸᠠᠨ ᠽᠢ ᠪᠠᠯᠭᠠᠰᠤᠨ ᠤ ᠤᠰᠤᠨ | ᠰᠤᠷᠪᠤᠯᠵᠢ ᠶᠢᠨ ᠭᠠᠵᠠᠷ ᠤᠨ ᠬᠠᠮᠢᠶᠠᠷᠤᠯᠲᠠ ᠶᠢᠨ ᠤᠷᠲᠤ ᠬᠤᠭᠤᠴᠠᠭᠠᠨ ᠤ ᠪᠦᠲᠦᠮᠵᠢᠲᠡᠶ ᠲᠣᠭᠲᠠᠴᠠ︾ ᠵᠡᠷᠭᠡ | ᠪᠢᠴᠢᠭ ᠮᠠᠲ᠋ᠧᠷᠢᠶᠠᠯ ᠢ ᠲᠣᠭᠲᠠᠭᠠᠨ ᠳᠠᠷᠤᠮᠠᠯᠯᠠᠨ ᠲᠠᠷᠬᠠᠭᠠᠪᠠ᠃ ᠲᠥᠪ ᠤᠨ ᠣᠷᠴᠢᠨ ᠠᠬᠤᠢ ᠶᠢᠨ | ᠬᠠᠮᠠᠭᠠᠯᠠᠯᠲᠠ ᠶᠢᠨ ᠱᠠᠯᠠᠪᠳᠠᠭᠤᠯᠤᠨ ᠪᠠᠶᠢᠴᠠᠭᠠᠬᠤ ᠳᠤᠭᠤᠶᠢᠯᠠᠩ ᠤᠨ ᠬᠠᠷᠢᠭᠤ ᠲᠤᠰᠬᠠᠭᠰᠠᠨ 3 ᠴᠡᠭᠴᠡᠯᠡᠨ | ᠰᠠᠶᠢᠵᠢᠷᠠᠭᠤᠯᠬᠤ ᠠᠰᠠᠭᠤᠳᠠᠯ ᠢ ᠪᠡᠶᠡᠯᠡᠭᠦᠯᠵᠦ᠂ ᠤᠯᠤᠰ ᠤᠨ ᠵᠠᠮ ᠤᠨ 101 ᠱᠤᠭᠤᠮ ᠤᠨ ᠵᠠᠰᠠᠮᠠᠯ ᠵᠠᠮ ᠤᠨ | ᠬᠤᠶᠠᠷ ᠬᠠᠵᠠᠭᠤ ᠵᠢᠴᠢ ᠯᠤᠤᠬ᠎ᠠ ᠶᠢᠨ ᠭᠤᠣᠯ ᠤᠨ ᠬᠥᠭᠦᠷᠭᠡ ᠶᠢᠨ ᠳᠣᠣᠷᠠᠬᠢ 600 ᠪᠣᠰᠤᠭ᠎ᠠ ᠳᠥᠷᠪᠡᠯᠵᠢᠨ | ᠮᠧᠲᠷ ᠤᠨ ᠬᠤᠭ ᠨᠣᠪᠰᠢ ᠶᠢ ᠴᠡᠪᠡᠷᠯᠡᠵᠦ᠂ ᠬᠠᠷᠢᠶ᠎ᠠ ᠣᠷᠣᠨ ᠤ ᠳᠣᠲᠣᠷᠠᠬᠢ ᠲᠥᠪᠯᠡᠷᠡᠩᠭᠦᠢ ᠮᠠᠶ᠋ᠢᠭ ᠤᠨ ᠤᠤᠭᠤᠬᠤ | ᠤᠰᠤᠨ ᠤ ᠡᠬᠢ ᠰᠤᠷᠪᠤᠯᠵᠢ ᠶᠢᠨ ᠭᠠᠵᠠᠷ ᠤᠨ ᠬᠠᠮᠠᠭᠠᠯᠠᠯᠲᠠ ᠶᠢᠨ ᠬᠡᠪᠴᠢᠶ᠎ᠡ ᠶᠢ ᠲᠣᠳᠣᠷᠬᠠᠶᠢᠯᠠᠵᠤ᠂ ᠬᠠᠤᠯᠢ | ᠬᠡᠷᠡᠭᠵᠢᠭᠦᠯᠵᠦ ᠬᠢᠨᠠᠨ ᠬᠠᠮᠢᠶᠠᠷᠬᠤ ᠡᠷᠴᠢᠮ ᠢᠶᠠᠨ ᠴᠢᠩᠭᠠᠷᠠᠭᠤᠯᠵᠤ᠂ ᠤᠰᠤᠨ ᠤ ᠪᠣᠬᠢᠷᠳᠤᠯ ᠤᠨ ᠡᠬᠢ | ᠰᠤᠷᠪᠤᠯᠵᠢ ᠶᠢᠨ ᠡᠭᠦᠰᠬᠦ ᠶᠢ ᠬᠤᠷᠢᠭᠯᠠᠪᠠ᠃ ᠪᠥᠬᠦ ᠵᠢᠯ ᠳᠤ 1200 ᠮᠦ ᠶᠢᠨ ᠲᠠᠯᠠᠪᠠᠶ ᠶᠢ ᠨᠥᠬᠦᠵᠦ ᠳᠠᠷᠢᠵᠤ᠂ | 2000 ᠮᠦ ᠶᠢ ᠰᠢᠨᠡᠳᠬᠡᠨ ᠣᠶᠢᠵᠢᠭᠤᠯᠬᠤ ᠶᠢ ᠪᠡᠶᠡᠯᠡᠭᠦᠯᠪᠡ᠃ 1728 ᠮᠦ ᠮᠠᠭᠤᠳᠠᠭᠰᠠᠨ ᠣᠶ ᠶᠢᠨ | ᠬᠡᠰᠡᠭᠯᠡᠯ ᠤᠨ ᠥᠭᠡᠷᠡᠴᠢᠯᠡᠯᠲᠡ ᠶᠢ ᠪᠡᠶᠡᠯᠡᠭᠦᠯᠦᠭᠰᠡᠨ ᠪᠥᠭᠡᠳ 1600 ᠮᠦ ᠥᠨᠳᠥᠷ ᠪᠠᠷᠢᠮᠵᠢᠶᠠᠲᠤ ᠱᠠᠲᠤᠨ | ᠲᠠᠷᠢᠶᠠᠨ ᠤ ᠣᠶᠢᠵᠢᠭᠤᠯᠤᠯᠲᠠ ᠶᠢᠨ ᠭᠠᠵᠠᠷ ᠢ ᠲᠡᠭᠰᠢᠯᠡᠪᠡ᠃ 694 ᠮᠦ ᠬᠠᠪᠲᠠᠭᠠᠢ ᠬᠦᠢᠯᠡᠰᠦ ᠶᠢ ᠥᠭᠡᠷᠡᠴᠢᠯᠡᠨ | ᠵᠠᠯᠭᠠᠵᠤ ᠭᠤᠤᠷᠰᠤ ᠲᠡᠭᠰᠢᠯᠡᠵᠦ᠂ ᠠᠷᠠᠴᠢᠯᠠᠨ ᠪᠤᠶᠢᠵᠢᠭᠤᠯᠬᠤ᠂ ᠬᠦᠷᠢᠶᠡᠯᠡᠨ ᠪᠢᠲᠡᠭᠦᠮᠵᠢᠯᠡᠬᠦ ᠶᠢᠨ ᠡᠮᠦᠨᠡᠬᠢ | ᠬᠤᠭᠤᠴᠠᠭᠠᠨ ᠤ ᠠᠵᠢᠯ ᠢ ᠪᠡᠶᠡᠯᠡᠭᠦᠯᠵᠦ᠂ ᠯᠢᠦ ᠳ᠋ᠣᠣ ᠸᠠᠨ ᠽᠢ ᠲᠣᠰᠬᠤᠨ᠂ ᠰᠢᠶᠣᠣ ᠾᠧ ᠶᠠᠨ ᠲᠣᠰᠬᠤᠨ ᠤ | ᠭᠤᠣᠯᠳᠠᠯᠭ᠎ᠠ ᠲᠠᠢ ᠲᠣᠰᠬᠤᠨ ᠤ ᠨᠣᠭᠤᠭᠠᠷᠠᠭᠤᠯᠤᠯᠲᠠ ᠶᠢᠨ ᠠᠵᠢᠯ ᠢ ᠪᠠᠶᠠᠯᠠᠭᠦᠯᠪᠡ᠃ 10 ᠬᠡᠰᠡᠭ ᠨᠤᠲᠤᠭ | ᠪᠡᠯᠴᠢᠭᠡᠷ᠂ 36 ᠬᠡᠰᠡᠭ ᠣᠶᠢᠲᠤ ᠭᠠᠵᠠᠷ ᠤᠨ ᠲᠣᠭᠲᠠᠭᠠᠯ ᠠᠴᠠ ᠵᠥᠷᠢᠴᠡᠭᠰᠡᠨ ᠵᠢᠷᠤᠭ ᠤᠨ ᠲᠣᠯᠪᠤ ᠶᠢ ᠴᠡᠭᠴᠡᠯᠡᠨ | ᠵᠠᠰᠠᠵᠤ ᠰᠡᠷᠭᠦᠭᠡᠬᠦ ᠠᠵᠢᠯ ᠢ ᠪᠡᠶᠡᠯᠡᠭᠦᠯᠪᠡ᠃ ᠣᠶ ᠰᠢᠭᠤᠢ ᠨᠤᠲᠤᠭ ᠪᠡᠯᠴᠢᠭᠡᠷ ᠤᠨ ᠭᠠᠯ ᠰᠡᠷᠭᠡᠶᠢᠯᠡᠨ ᠤᠨᠲᠠᠷᠠᠭᠠᠬᠤ | ᠠᠵᠢᠯ ᠢ ᠴᠢᠩᠭ᠎ᠠ ᠠᠳᠬᠤᠵᠤ᠂ ᠪᠥᠬᠦ ᠪᠠᠯᠭᠠᠰᠤ ᠪᠠᠷ ᠢᠶᠠᠨ ᠭᠠᠮᠰᠢᠭ ᠲᠤ ᠳᠠᠭᠠᠷᠢᠭᠳᠠᠬᠤ ᠦᠭᠡᠢ ᠪᠠᠶᠢᠳᠠᠯ ᠢ | ᠪᠠᠶᠡᠯᠡᠭᠦᠯᠪᠡ᠃ |