| ᠬᠤᠭ ᠨᠣᠪᠰᠢ ᠪᠠᠭ᠎ᠠ ᠪᠣᠯᠪᠠᠴᠤ ᠪᠣᠯᠪᠠᠰᠤᠨ ᠲᠠᠢ ᠬᠤᠯᠪᠣᠭᠳᠠᠵᠤ᠂ ᠠᠷᠠᠳ ᠤᠨ ᠠᠮᠢᠳᠤᠷᠠᠯ ᠲᠠᠢ ᠬᠤᠯᠪᠣᠭᠳᠠᠨ᠎ᠠ | ᠃ ᠤᠢᠢᠷ᠎ᠠ ᠶᠢᠨ ᠵᠢᠯ ᠠᠴᠠ᠂ ᠰᠧ ᠳ᠋ᠤᠤ ᠸᠠᠨ ᠽᠢ ᠪᠠᠯᠭᠠᠰᠤ ᠶᠢᠨ ᠬᠢᠨ ᠤᠯᠠᠨ ᠲᠦᠮᠡᠨ ᠤ ᠤᠬᠠᠮᠰᠠᠷ ᠢ | ᠳᠡᠭᠡᠭᠰᠢᠯᠡᠭᠦᠯᠬᠦ᠂ ᠲᠥᠬᠦᠭᠡᠷᠦᠮᠵᠢ ᠶᠢᠨ ᠪᠦᠳᠦᠭᠡᠨ ᠪᠠᠶᠢᠭᠤᠯᠤᠯᠲᠠ ᠶᠢ ᠲᠡᠭᠦᠯᠳᠡᠷᠵᠢᠭᠦᠯᠬᠦ᠂ ᠬᠤᠭ ᠨᠣᠪᠰᠢ ᠶᠢ | ᠴᠡᠪᠡᠷᠯᠡᠬᠦ ᠲᠤᠰᠬᠠᠢ ᠠᠵᠢᠯᠯᠠᠭ᠎ᠠ ᠥᠷᠨᠢᠭᠦᠯᠬᠦ ᠵᠡᠷᠭᠡ ᠲᠠᠯ᠎ᠠ ᠠᠴᠠ ᠭᠠᠷᠳᠠᠵᠦ᠂ ᠠᠰᠠᠭᠤᠳᠠᠯ ᠢᠶᠠᠷ ᠤᠳᠤᠷᠢᠳᠤᠮᠵᠢ | ᠪᠣᠯᠭᠠᠬᠤ ᠶᠢ ᠪᠠᠷᠢᠮᠲᠠᠯᠠᠵᠤ᠂ ᠠᠶᠢᠯ ᠲᠣᠰᠬᠤᠨ᠂ ᠵᠡᠭᠡᠯᠢ ᠭᠤᠳᠤᠮᠵᠢ᠂ ᠠᠭᠤᠳᠠᠮ ᠲᠠᠯᠠᠪᠠᠢ ᠵᠡᠷᠭᠡ ᠭᠤᠣᠯᠳᠠᠯᠭ᠎ᠠ ᠲᠠᠢ | ᠣᠷᠣᠨ ᠪᠦᠰᠡ ᠳᠤ ᠠᠩᠬᠠᠷᠤᠯ ᠢᠶᠠᠨ ᠲᠥᠪᠯᠡᠷᠡᠭᠦᠯᠵᠦ᠂ ᠬᠤᠭ ᠨᠣᠪᠰᠢ ᠶᠢ ᠲᠤᠰᠬᠠᠢ ᠵᠠᠰᠠᠬᠤ ᠪᠣᠭᠤᠮᠲᠠ | ᠰᠢᠪᠲᠤᠯᠬᠤ ᠶᠢ ᠲᠥᠪᠯᠡᠷᠡᠭᠦᠯᠵᠦ᠂ ᠬᠥᠳᠡᠭᠡ ᠲᠣᠰᠬᠤᠨ ᠤ ᠬᠥᠮᠦᠰ ᠤᠨ ᠣᠷᠣᠰᠢᠨ ᠰᠠᠭᠤᠬᠤ ᠣᠷᠴᠢᠨ | ᠨᠦᠭᠦᠴᠡᠯ ᠤᠨ ᠶᠠᠰᠤ ᠴᠢᠨᠠᠷ ᠢ ᠦᠨᠡᠨᠬᠦ ᠳᠡᠭᠡᠭᠰᠢᠯᠡᠭᠦᠯᠵᠦ᠂ ᠬᠥᠳᠡᠭᠡ ᠲᠣᠰᠬᠤᠨ ᠤ ᠨᠡᠩ ᠦᠵᠡᠰᠬᠦᠯᠡᠩᠲᠦ ᠰᠠᠶᠢᠬᠠᠨ | ᠣᠷᠣᠰᠢᠨ ᠰᠠᠭᠤᠬᠤ ᠳᠤ ᠲᠠᠭᠠᠯᠠᠮᠵᠢᠲᠠᠢ ᠪᠣᠯᠬᠤ ᠳᠤ ᠬᠦᠴᠦ ᠨᠡᠮᠡᠷᠢᠯᠡᠵᠡᠢ᠃ | ︽ᠪᠠᠯᠭᠠᠰᠤᠨ ᠤ ᠵᠠᠰᠠᠭ ᠤᠨ ᠣᠷᠳᠣᠨ ᠠᠴᠠ ᠪᠢᠳᠡᠨ ᠳᠤ ᠰᠢᠨ᠎ᠡ ᠬᠤᠭ ᠤᠨ ᠰᠠᠪᠠ ᠲᠣᠬᠢᠷᠠᠭᠤᠯᠵᠤ ᠥᠭᠴᠡᠢ᠂ | ᠪᠢᠳᠡ ᠰᠠᠶᠢᠲᠤᠷ ᠠᠰᠢᠭᠯᠠᠵᠤ᠂ ᠥᠪᠡᠷ ᠤᠨ ᠪᠡᠶ᠎ᠡ ᠠᠴᠠ ᠪᠠᠨ ᠡᠬᠢᠯᠡᠨ ᠬᠢᠵᠦ᠂ ᠮᠠᠨ ᠤ ᠲᠣᠰᠬᠤᠨ ᠤ ᠪᠠᠨ ᠣᠷᠴᠢᠨ | ᠲᠣᠭᠤᠷᠢᠨ ᠢ ᠬᠠᠮᠠᠭᠠᠯᠠᠵᠤ᠂ ᠮᠠᠨ ᠤ ᠲᠣᠰᠬᠤᠨ ᠢᠶᠠᠨ ᠨᠡᠩ ᠦᠵᠡᠰᠬᠦᠯᠡᠩᠲᠦ ᠰᠠᠶᠢᠬᠠᠨ ᠪᠣᠯᠭᠠᠬᠤ ᠬᠡᠷᠡᠭᠲᠡᠢ︕︾ | ᠭᠡᠵᠦ ᠬᠡᠯᠡᠪᠡ᠃ ᠰᠧ ᠳ᠋ᠤᠤ ᠸᠠᠨ ᠽᠢ ᠪᠠᠯᠭᠠᠰᠤᠨ ᠤ ᠡᠯ ᠳ᠋ᠤᠤ ᠸᠠᠨ ᠽᠢ ᠲᠣᠰᠬᠤᠨ ᠤ ᠠᠷᠠᠳ ᠰᠢᠨ᠎ᠡ ᠪᠠᠷ | ᠲᠦᠭᠡᠭᠡᠵᠦ ᠥᠭᠭᠦᠭᠰᠡᠨ ᠬᠤᠭ ᠤᠨ ᠰᠠᠪᠠ ᠪᠣᠯᠤᠨ ᠬᠤᠭ ᠤᠨ ᠲᠦᠷᠦᠯ ᠬᠤᠪᠢᠶᠠᠬᠤ ᠭᠠᠷ ᠳᠡᠪᠲᠡᠷ ᠢ ᠠᠪᠤᠭᠰᠠᠨ ᠤ | ᠳᠠᠷᠠᠭ᠎ᠠ ᠪᠠᠶᠠᠷᠲᠠᠢ ᠪᠠᠷ ᠬᠡᠯᠡᠪᠡ᠃ | ᠣᠷᠴᠢᠨ ᠲᠣᠭᠤᠷᠢᠨ ᠤ ᠠᠷᠢᠭᠤᠨ ᠴᠡᠪᠡᠷ ᠢ ᠴᠡᠭᠴᠡᠯᠡᠨ ᠵᠠᠰᠠᠬᠤ ᠠᠵᠢᠯ ᠢ ᠤᠯᠠᠮ ᠴᠢᠨᠠᠭᠰᠢᠳᠠ ᠠᠬᠢᠭᠤᠯᠵᠤ | ᠪᠠᠯᠭᠠᠰᠤ ᠲᠣᠰᠬᠤᠨ ᠤ ᠪᠦᠬᠦ᠋ᠢᠯᠡ ᠳᠦᠷᠰᠦ ᠪᠠᠶᠢᠳᠠᠯ ᠢ ᠦᠷᠭᠦᠯᠵᠢᠯᠡᠨ ᠰᠠᠶᠢᠵᠢᠷᠠᠭᠤᠯᠵᠤ᠂ ᠰᠧ ᠳ᠋ᠤᠤ ᠸᠠᠨ ᠽᠢ | ᠪᠠᠯᠭᠠᠰᠤ ᠪᠠᠭ᠎ᠠ ᠶᠠᠪᠤᠳᠠᠯ ᠠᠴᠠ ᠭᠠᠷᠳᠠᠵᠤ᠂ ᠨᠠᠷᠢᠨ ᠲᠠᠯ᠎ᠠ ᠠᠴᠠ ᠬᠦᠴᠦᠯᠡᠵᠦ ᠨᠠᠷᠢᠨ ᠬᠢᠨᠠᠮᠠᠭᠠᠶ ᠲᠥᠯᠥᠪᠯᠡᠵᠦ᠂ | ᠡᠷᠦᠬᠡ ᠶᠢᠨ ᠬᠦᠷᠢᠶ᠎ᠡ ᠶᠢᠨ ᠬᠤᠷᠠᠯ᠂ ᠦᠵᠡᠰᠬᠦᠯᠡᠩᠲᠦ ᠰᠠᠶᠢᠬᠠᠨ ᠬᠦᠷᠢᠶ᠎ᠡ ᠬᠠᠰᠢᠶ᠎ᠠ ᠶᠢ ᠠᠳᠠᠯᠢᠳᠬᠠᠨ | ᠰᠢᠯᠭᠠᠷᠠᠭᠤᠯᠬᠤ ᠵᠡᠷᠭᠡ ᠪᠠᠷ ᠠᠵᠠ ᠲᠣᠬᠢᠶᠠᠯ ᠪᠣᠯᠭᠠᠵᠤ᠂ ᠪᠦᠬᠦ ᠲᠣᠰᠬᠤᠨ ᠤ ᠠᠷᠠᠳ ᠢ ᠥᠷᠭᠡᠨ ᠢᠶᠠᠷ ᠤᠬᠠᠭᠤᠯᠤᠨ | ᠳᠠᠶᠢᠴᠢᠯᠠᠵᠤ᠂ ᠣᠷᠴᠢᠨ ᠲᠣᠭᠤᠷᠢᠨ ᠢ ᠬᠠᠮᠠᠭᠠᠯᠠᠬᠤ ᠣᠶᠢᠯᠠᠭᠠᠭᠳᠠᠬᠤᠨ ᠢ ᠢᠳᠡᠪᠬᠢᠲᠡᠶ ᠦᠢᠯᠡᠳᠦᠯᠭᠡᠵᠢᠭᠦᠯᠵᠦ᠂ | ᠲᠣᠰᠬᠤᠨ ᠤ ︽ᠬᠤᠶᠠᠷ ᠵᠥᠪᠯᠡᠯ︾ ᠤᠨ ᠵᠢᠯᠣᠭᠤᠳᠣᠯᠭ᠎ᠠ᠂ ᠰᠦᠯᠵᠢᠶᠡᠨ ᠤ ᠲᠠᠰᠤᠭ ᠤᠨ ᠳᠠᠷᠤᠭ᠎ᠠ ᠬᠠᠷᠢᠭᠤᠴᠠᠬᠤ᠂ | ᠣᠯᠠᠨ ᠲᠦᠮᠡᠨ ᠬᠠᠮᠲᠤ ᠪᠠᠷ ᠣᠷᠣᠯᠴᠠᠬᠤ ᠵᠠᠭᠪᠤᠷ ᠢᠶᠠᠷ ᠡᠯ᠎ᠡ ᠲᠣᠰᠬᠤᠨ ᠤ ᠬᠤᠭ ᠨᠣᠪᠰᠢ ᠴᠡᠪᠡᠷᠯᠡᠬᠦ ᠠᠵᠢᠯ ᠢ | ᠡᠭᠦᠷᠭᠡ ᠶᠢᠨ ᠲᠣᠳᠣᠷᠬᠠᠶ ᠬᠠᠭᠤᠳᠠᠰᠤ ᠶᠢᠨ ᠬᠡᠯᠪᠡᠷᠢ ᠪᠠᠷ ᠬᠡᠰᠡᠭ ᠲᠣᠭᠤᠷᠢᠭ ᠬᠤᠪᠢᠶᠠᠵᠤ᠂ ᠬᠤᠭ ᠨᠣᠪᠰᠢ | ᠴᠡᠪᠡᠷᠯᠡᠬᠦ ᠳᠤ ᠢᠳᠡᠪᠬᠢᠲᠡᠶ ᠣᠷᠣᠯᠴᠠᠭᠰᠠᠨ ᠲᠣᠰᠬᠤᠨ ᠤ ᠠᠷᠠᠳ ᠢ ᠨᠢᠭᠡ ᠤᠳᠠᠭ᠎ᠠ ᠶᠢᠨ ᠴᠢᠨᠠᠷᠲᠠᠶ ᠪᠠᠷ 10 ᠬᠤᠪᠢ | ᠱᠠᠩᠨᠠᠵᠤ᠂ ᠬᠤᠪᠢ ᠬᠤᠷᠠᠮᠳᠤᠭᠤᠯᠪᠠᠯ ᠬᠠᠶᠢᠷ᠎ᠠ ᠬᠠᠯᠠᠮᠵᠢ ᠶᠢᠨ ᠬᠡᠲᠦ ᠳᠡᠯᠭᠡᠭᠦᠷ ᠲᠤ ᠣᠴᠢᠵᠤ ᠬᠤᠪᠴᠠᠰᠤ | ᠤᠬᠢᠶᠠᠬᠤ ᠡᠳ᠋᠂ ᠠᠯᠴᠢᠭᠤᠷ ᠵᠡᠷᠭᠡ ᠠᠮᠢᠳᠤᠷᠠᠯ ᠤᠨ ᠬᠡᠷᠡᠭᠰᠡᠯ ᠢ ᠰᠣᠯᠢᠵᠤ ᠪᠣᠯᠤᠨ᠎ᠠ᠂ ᠡᠨᠡ ᠨᠢ ᠲᠣᠰᠬᠤᠨ ᠤ | ᠠᠷᠠᠳ ᠤᠨ ᠤᠬᠠᠮᠰᠠᠷ ᠠᠴᠠ ᠪᠠᠨ ᠠᠷᠢᠭᠤᠨ ᠴᠡᠪᠡᠷ ᠢ ᠡᠷᠬᠢᠮᠯᠡᠬᠦ ᠬᠠᠯᠠᠭᠤᠨ ᠰᠡᠳᠬᠢᠯᠭᠡ ᠶᠢ ᠲᠦᠢᠯ ᠤᠨ ᠶᠡᠭᠡ ᠪᠠᠷ | ᠬᠥᠭᠵᠢᠭᠡᠵᠡᠶ᠃ | ᠰᠧ ᠳ᠋ᠤᠤ ᠸᠠᠨ ᠽᠢ ᠪᠠᠯᠭᠠᠰᠤ ᠬᠥᠳᠡᠭᠡ ᠲᠣᠰᠬᠤᠨ ᠤ ᠣᠷᠣᠰᠢᠨ ᠰᠠᠭᠤᠬᠤ ᠣᠷᠴᠢᠨ ᠨᠦᠭᠦᠴᠡᠯ ᠢ | ᠰᠠᠶᠢᠵᠢᠷᠠᠭᠤᠯᠬᠤ ᠶᠠᠪᠤᠳᠠᠯ ᠢ ᠠᠮᠢ ᠠᠬᠤᠶ ᠶᠢᠨ ᠣᠷᠣᠰᠢᠨ ᠰᠠᠭᠤᠬᠤ ᠳᠤ ᠲᠣᠬᠢᠷᠠᠮᠵᠢᠲᠠᠶ ᠦᠵᠡᠰᠬᠦᠯᠡᠩᠲᠦ ᠰᠠᠶᠢᠬᠠᠨ | ᠬᠥᠳᠡᠭᠡ ᠲᠣᠰᠬᠤᠨ ᠢ ᠪᠦᠲᠦᠭᠡᠨ ᠪᠠᠶᠢᠭᠤᠯᠬᠤ ᠬᠦᠴᠦᠲᠡᠶ ᠭᠠᠷᠳᠠᠴᠠ ᠪᠣᠯᠭᠠᠵᠤ᠂ ︽ᠪᠥᠬᠦ ᠠᠷᠠᠳ ᠢᠶᠠᠷ ᠢᠶᠠᠨ | ᠬᠠᠮᠲᠤ ᠪᠠᠷ ᠪᠠᠶᠢᠭᠤᠯᠬᠤ᠂ ᠪᠦᠬᠦᠯᠢ ᠴᠣᠭᠴᠠ ᠪᠠᠷ ᠠᠬᠢᠭᠤᠯᠬᠤ᠂ ᠪᠠᠶᠢᠩᠭᠤ ᠵᠠᠰᠠᠬᠤ ᠣᠷᠳᠣ ᠬᠤᠭᠤᠴᠠᠭᠠᠨ ᠤ | ᠪᠦᠲᠦᠮᠵᠢᠲᠡᠶ ᠪᠠᠶᠢᠬᠤ︾ ᠰᠡᠳᠬᠢᠮᠵᠢ ᠶᠢ ᠦᠷᠭᠦᠯᠵᠢᠯᠡᠨ ᠪᠠᠷᠢᠮᠲᠠᠯᠠᠵᠤ᠂ ᠠᠷᠭ᠎ᠠ ᠬᠡᠮᠵᠢᠶ᠎ᠡ ᠶᠢ ᠨᠠᠶᠢᠳᠠᠪᠤᠷᠢᠵᠢᠭᠤᠯᠬᠤ | ᠲᠠᠯ᠎ᠠ ᠪᠠᠷ ᠬᠦᠴᠦ ᠲᠠᠯᠪᠢᠵᠤ᠂ ᠦᠷ᠎ᠡ ᠪᠦᠲᠦᠮᠵᠢ ᠶᠢ ᠪᠠᠬᠢᠵᠢᠭᠦᠯᠬᠦ ᠲᠠᠯ᠎ᠠ ᠪᠠᠷ ᠠᠷᠭ᠎ᠠ ᠪᠤᠳᠤᠵᠤ᠂ ᠲᠦᠷᠢᠮ | ᠲᠣᠭᠲᠠᠭᠠᠯ ᠲᠣᠭᠲᠠᠭᠠᠬᠤ ᠲᠠᠯ᠎ᠠ ᠪᠠᠷ ᠰᠢᠪᠲᠤᠯᠤᠯᠲᠠ ᠭᠠᠷᠭᠠᠬᠤ ᠪᠠᠷ ᠴᠢᠷᠮᠠᠶᠢᠵᠤ᠂ ᠣᠷᠴᠢᠨ ᠠᠬᠤᠶ ᠶᠢᠨ ᠡᠷᠡᠭᠦᠯ | ᠬᠠᠮᠠᠭᠠᠯᠠᠯ ᠢ ᠴᠡᠭᠴᠡᠯᠡᠨ ᠵᠠᠰᠠᠬᠤ ᠠᠵᠢᠯ ᠢ ᠪᠠᠶᠢᠩᠭᠤᠵᠢᠭᠤᠯᠤᠨ ᠥᠷᠨᠢᠭᠦᠯᠵᠦ᠂ ᠠᠷᠠᠳ ᠣᠯᠠᠨ ᠤ ᠵᠣᠯ ᠵᠢᠷᠭᠠᠯ ᠤᠨ | ᠵᠢᠭᠠᠯᠲᠠ ᠲᠤᠭ᠎ᠠ ᠶᠢ ᠦᠷᠭᠦᠯᠵᠢᠯᠡᠨ ᠳᠡᠭᠡᠭᠰᠢᠯᠡᠭᠦᠯᠦᠨ᠎ᠡ᠃ | |