| ᠠᠤᠬᠠᠨ ᠬᠤᠰᠢᠭᠤ ᠤᠯᠠᠭᠠᠨᠬᠠᠳᠠ ᠬᠤᠲᠠ ᠶᠢᠨ ᠵᠡᠭᠦᠨ ᠡᠮᠦᠨ᠎ᠡ ᠬᠡᠰᠡᠭ ᠲᠤ ᠪᠠᠶᠢᠷᠢᠯᠠᠵᠤ᠂ ᠲᠠᠷᠢᠶᠠᠯᠠᠩ ᠮᠠᠯ | ᠠᠵᠤ ᠠᠬᠤᠶ ᠶᠢᠨ ᠲᠣᠮᠣ ᠬᠤᠰᠢᠭᠤᠨ ᠳᠤ ᠬᠠᠷᠢᠶᠠᠯᠠᠭᠳᠠᠵᠤ᠂ ᠲᠠᠷᠢᠶᠠᠨ ᠭᠠᠵᠠᠷ ᠤᠨ ᠲᠠᠯᠠᠪᠠᠶ 400 ᠭᠠᠷᠤᠶ | ᠲᠦᠮᠡᠨ ᠮᠥ ᠪᠠᠶᠢᠵᠤ᠂ ᠠᠮᠤ ᠪᠤᠳᠠᠭᠠᠨ ᠤ ᠤᠨᠠᠯᠲᠠ 14 ᠵᠢᠯ ᠳᠠᠷᠠᠭᠠᠯᠠᠨ 20 ᠳ᠋ᠦᠩᠰᠢᠭᠤᠷ ᠵᠢᠩ ᠠᠴᠠ | ᠳᠡᠭᠡᠭᠰᠢ ᠳᠤ ᠲᠣᠭᠲᠠᠪᠤᠷᠢᠵᠢᠵᠤ᠂ ᠮᠠᠯ ᠠᠵᠤ ᠠᠬᠤᠶ ᠶᠢᠨ ᠲᠤᠭ᠎ᠠ ᠲᠣᠯᠣᠭᠠᠶ 350 ᠲᠦᠮᠡ ᠳᠤ ᠬᠦᠷᠴᠦ᠂ | ᠢᠳᠡᠰᠢᠨ ᠦᠬᠡᠷ 28.3 ᠲᠦᠮᠡ᠂ ᠢᠳᠡᠰᠢᠨ ᠬᠤᠨᠢ 185 ᠲᠦᠮᠡ ᠪᠠᠶᠢᠵᠤ᠂ ᠥᠪᠡᠷᠲᠡᠭᠡᠨ ᠵᠠᠰᠠᠬᠤ ᠣᠷᠣᠨ ᠤ | ᠦᠬᠡᠷ ᠬᠤᠨᠢ ᠠᠴᠠ ᠰᠢᠯᠵᠢᠭᠦᠯᠦᠨ ᠭᠠᠷᠭᠠᠭᠰᠠᠨ ᠲᠣᠮᠣ ᠰᠢᠶᠠᠨ ᠤ ᠨᠢᠭᠡᠨ ᠪᠣᠯᠤᠨ᠎ᠠ᠃ | ᠣᠶᠢᠷ᠎ᠠ ᠶᠢᠨ ᠵᠢᠯ ᠠᠴᠠ ᠨᠠᠰᠢ᠂ ᠠᠤᠬᠠᠨ ᠬᠤᠰᠢᠭᠤ ᠡᠬᠢ ᠪᠠᠶᠠᠯᠢᠭ ᠤᠨ ᠳᠠᠪᠠᠭᠤᠯᠢᠭ ᠲᠠᠭᠠᠨ ᠰᠠᠭᠤᠷᠢᠯᠠᠨ᠂ | ᠢᠳᠡᠰᠢᠨ ᠦᠬᠡᠷ ᠤᠨ ᠠᠵᠤ ᠦᠢᠯᠡᠰ ᠢ ᠬᠥᠭᠵᠢᠭᠦᠯᠦᠨ ᠪᠤᠵᠠᠭᠠᠶᠢᠷᠠᠭᠤᠯᠬᠤ ᠪᠠ ᠣᠯᠠᠨ ᠲᠦᠮᠡᠨ ᠢ ᠳᠠᠶᠢᠴᠢᠯᠠᠨ | ᠣᠷᠣᠯᠭ᠎ᠠ ᠶᠢ ᠨᠢ ᠨᠡᠮᠡᠭᠳᠡᠭᠦᠯᠦᠨ ᠪᠠᠶᠠᠵᠢᠭᠤᠯᠬᠤ ᠶᠢ ᠨᠢᠭᠲᠠ ᠤᠶᠠᠯᠳᠤᠭᠤᠯᠵᠤ᠂ ︽ᠦᠬᠡᠷ︾ ᠤᠨ ᠪᠡᠶ᠎ᠡ ᠳᠡᠭᠡᠷ᠎ᠡ | ᠬᠦᠴᠦ ᠣᠷᠣᠭᠤᠯᠵᠤ᠂ ᠢᠳᠡᠰᠢᠨ ᠦᠬᠡᠷ ᠤᠨ ᠨᠠᠷᠠᠲᠤ ᠲᠡᠮᠳᠡᠭᠲᠦ ᠶᠢᠨ ᠪᠠᠶᠢᠭᠤᠯᠤᠯᠲᠠ ᠶᠢ ᠲᠠᠰᠤᠷᠠᠯᠲᠠ ᠥᠬᠡᠶ | ᠲᠦᠷᠭᠡᠳᠬᠡᠨ᠂ ᠢᠳᠡᠰᠢᠨ ᠦᠬᠡᠷ ᠤᠨ ᠠᠵᠤ ᠦᠢᠯᠡᠰ ᠤᠨ ᠡᠷᠡᠭᠦᠯ ᠪᠥᠭᠡᠳ ᠡᠮᠬᠢ ᠵᠢᠷᠤᠮ ᠲᠠᠢ ᠬᠥᠭᠵᠢᠬᠦ ᠶᠢ | ᠪᠥᠬᠦ ᠲᠠᠯ᠎ᠠ ᠪᠠᠷ ᠳᠥᠯᠭᠢᠨ ᠠᠬᠢᠭᠤᠯᠪᠠ᠃ | ᠤᠯᠠᠭᠠᠨᠬᠠᠳᠠ ᠬᠤᠲᠠ ᠶᠢᠨ ᠵᠣᠣ ᠤᠳᠠ ᠶᠢᠨ ᠢᠳᠡᠰᠢᠨ ᠦᠬᠡᠷ ᠤᠨ ᠡᠭᠦᠯᠳᠡᠷ ᠪᠤᠶᠢᠵᠢᠭᠤᠯᠬᠤ ᠠᠵᠢᠯ ᠳᠤ | ᠢᠳᠡᠪᠬᠢᠲᠡᠶ ᠣᠷᠣᠯᠴᠠᠵᠤ᠂ ᠪᠥᠬᠦ ᠬᠤᠰᠢᠭᠤᠨ ᠤ ᠢᠳᠡᠰᠢᠨ ᠦᠬᠡᠷ ᠤᠨ ᠨᠠᠷᠠᠲᠤ ᠲᠡᠮᠳᠡᠭ ᠢ ᠳᠡᠭᠡᠭᠰᠢᠯᠡᠭᠦᠯᠦᠨ᠎ᠡ᠃ | ᠠᠤᠬᠠᠨ ᠬᠤᠰᠢᠭᠤ ᠪᠣᠯ ᠤᠯᠠᠭᠠᠨᠬᠠᠳᠠ ᠶᠢᠨ ᠵᠣᠣ ᠤᠳᠠ ᠢᠳᠡᠰᠢᠨ ᠦᠬᠡᠷ ᠤᠨ ᠡᠭᠦᠯᠳᠡᠷ ᠪᠤᠶᠢᠵᠢᠭᠤᠯᠬᠤ 5 | ᠬᠤᠰᠢᠭᠤ ᠰᠢᠶᠠᠨ ᠤ ᠨᠢᠭᠡ ᠪᠠᠶᠢᠵᠤ᠂ ᠣᠲᠣ ᠵᠣᠣ ᠤᠳᠠ ᠢᠳᠡᠰᠢᠨ ᠦᠬᠡᠷ ᠤᠨ ᠭᠤᠤᠯ ᠰᠦᠷᠦᠭ ᠲᠤ 2 000 | ᠭᠠᠷᠤᠢ ᠦᠨᠢᠶ᠎ᠡ ᠲᠡᠵᠢᠭᠡᠵᠦ ᠪᠠᠶᠢᠨ᠎ᠠ᠃ ᠭᠤᠣᠯ ᠡᠭᠦᠯᠳᠡᠷ ᠪᠤᠶᠢᠵᠢᠭᠤᠯᠬᠤ 2 ᠲᠠᠯᠠᠪᠠᠢ ᠪᠠ ᠵᠤᠤ ᠤᠳᠠ ᠢᠳᠡᠰᠢᠨ | ᠦᠬᠡᠷ ᠤᠨ ᠭᠤᠣᠯ ᠡᠭᠦᠯᠳᠡᠷ ᠪᠤᠶᠢᠵᠢᠭᠤᠯᠬᠤ 5 ᠡᠷᠦᠬᠡ ᠲᠠᠢ᠃ | ᠪᠠᠷᠢᠮᠵᠢᠶᠠᠵᠢᠭᠰᠠᠨ ᠵᠢᠱᠢᠶ᠎ᠡ ᠦᠵᠡᠭᠦᠯᠬᠦ ᠲᠠᠯᠠᠪᠠᠢ ᠶᠢᠨ ᠪᠠᠶᠢᠭᠤᠯᠤᠯᠲᠠ ᠶᠢ ᠴᠢᠩᠭᠠᠳᠬᠠᠵᠤ᠂ ᠪᠦᠬᠦ | ᠬᠤᠰᠢᠭᠤᠨ ᠤ ᠢᠳᠡᠰᠢᠨ ᠦᠬᠡᠷ ᠤᠨ ᠴᠢᠨᠠᠷ ᠰᠠᠶᠢᠲᠠᠢ ᠬᠥᠭᠵᠢᠯᠲᠡ ᠶᠢ ᠳᠠᠶᠢᠴᠢᠯᠠᠨ᠎ᠠ᠃ ᠠᠤᠬᠠᠨ ᠬᠤᠰᠢᠭᠤ | ᠬᠤᠷᠴᠢᠨ ᠤ ᠢᠳᠡᠰᠢᠨ ᠦᠬᠡᠷ ᠤᠨ ᠠᠵᠤ ᠦᠢᠯᠡᠰ ᠤᠨ ᠰᠦᠷᠦᠭᠵᠢᠯ ᠤᠨ ᠲᠥᠷᠥᠯ ᠵᠦᠢᠯ ᠢ ᠠᠰᠢᠭᠯᠠᠨ᠂ 2 | ᠵᠢᠯ ᠤᠨ ᠲᠤᠷᠰᠢ ᠪᠥᠬᠦ ᠬᠤᠰᠢᠭᠤᠨ ᠤ ᠭᠤᠤᠯᠳᠠᠯᠭ᠎ᠠ ᠲᠠᠢ ᠰᠢᠶᠠᠩ ᠪᠠᠯᠭᠠᠰᠤᠨ ᠳᠤ ᠥᠨᠳᠥᠷ ᠪᠠᠷᠢᠮᠵᠢᠶᠠᠲᠤ | ᠢᠳᠡᠰᠢᠨ ᠦᠬᠡᠷ ᠤᠨ ᠵᠢᠱᠢᠶ᠎ᠡ ᠦᠵᠡᠭᠦᠯᠬᠦ ᠲᠠᠯᠠᠪᠠᠶ ᠶᠢ 20 ᠪᠠᠶᠢᠭᠤᠯᠵᠤ᠂ ᠮᠠᠰᠢᠨᠴᠢᠯᠠᠭᠰᠠᠨ ᠪᠠᠭᠠᠰᠤ ᠴᠡᠪᠡᠷᠯᠡᠬᠦ᠂ | ᠮᠠᠰᠢᠨᠴᠢᠯᠠᠯᠲᠠ ᠪᠠᠷ ᠪᠣᠷᠳᠤᠭ᠎ᠠ ᠲᠡᠵᠢᠭᠡᠬᠦ᠂ ᠪᠠᠷᠢᠮᠵᠢᠶᠠᠵᠢᠭᠤᠯᠤᠨ ᠦᠢᠯᠡᠳᠪᠦᠷᠢᠯᠡᠬᠦ᠂ ᠨᠠᠷᠠᠲᠤ ᠲᠡᠮᠳᠡᠭᠵᠢᠭᠦᠯᠦᠨ | ᠡᠵᠡᠩᠨᠡᠬᠦ ᠶᠢ ᠪᠡᠶᠡᠯᠡᠭᠦᠯᠪᠡ᠃ | ᠪᠠᠯᠠ ᠮᠥᠩᠭᠦ ᠪᠠᠷ ᠲᠡᠳᠬᠦᠬᠦ ᠡᠷᠴᠢᠮ ᠢᠶᠠᠨ ᠲᠠᠰᠤᠷᠠᠯᠲᠠ ᠥᠬᠡᠶ ᠴᠢᠩᠭᠠᠷᠠᠭᠤᠯᠵᠤ᠂ ᠪᠥᠬᠦ ᠬᠤᠰᠢᠭᠤᠨ ᠤ | ᠢᠳᠡᠰᠢᠨ ᠦᠬᠡᠷ ᠤᠨ ᠠᠵᠤ ᠦᠢᠯᠡᠰ ᠤᠨ ᠬᠥᠭᠵᠢᠯᠲᠡ ᠶᠢ ᠪᠠᠲᠤᠯᠠᠨ᠎ᠠ᠃ 2021 ᠣᠨ ᠠᠴᠠ ᠨᠠᠰᠢ᠂ ᠠᠤᠬᠠᠨ | ᠬᠤᠰᠢᠭᠤ ᠣᠯᠠᠨ ᠵᠦᠢᠯ ᠤᠨ ᠬᠠᠷᠠᠭᠠᠯᠵᠠᠯ ᠤᠨ ᠲᠥᠷᠥ ᠶᠢᠨ ᠪᠣᠳᠣᠯᠭ᠎ᠠ ᠶᠢ ᠨᠡᠶᠢᠲᠡᠯᠡᠵᠦ᠂ ᠢᠳᠡᠰᠢᠨ ᠦᠬᠡᠷ ᠤᠨ | ᠠᠵᠤ ᠦᠢᠯᠡᠰ ᠤᠨ ᠪᠠᠯᠠ ᠮᠥᠩᠭᠦ ᠪᠠᠷ ᠲᠡᠳᠬᠦᠬᠦ ᠡᠷᠴᠢᠮ ᠢᠶᠠᠨ ᠲᠠᠰᠤᠷᠠᠯᠲᠠ ᠥᠬᠡᠶ ᠴᠢᠩᠭᠠᠷᠠᠭᠤᠯᠵᠤ᠂ ᠵᠢᠯ ᠪᠦᠷᠢ | ᠬᠤᠰᠢᠭᠤᠨ ᠤ ᠲᠣᠰ ᠱᠠᠲᠤᠨ ᠤ ᠪᠠᠯᠠ ᠮᠥᠩᠭᠦ ᠶᠢ 1000 ᠭᠠᠷᠤᠶ ᠲᠦᠮᠡᠨ ᠲᠥᠭᠦᠷᠢᠭ ᠳᠣᠭᠢᠷᠠᠭᠤᠯᠵᠤ᠂ | ᠢᠳᠡᠰᠢᠨ ᠦᠬᠡᠷ ᠤᠨ ᠠᠵᠤ ᠦᠢᠯᠡᠰ ᠤᠨ ᠨᠥᠬᠦᠪᠥᠷᠢ ᠶᠢᠨ ᠲᠥᠷᠥ ᠶᠢᠨ ᠪᠣᠳᠣᠯᠭ᠎ᠠ ᠳᠤ ᠬᠡᠷᠡᠭᠯᠡᠵᠦ᠂ ᠪᠥᠬᠦ | ᠬᠤᠰᠢᠭᠤᠨ ᠤ ᠢᠳᠡᠰᠢᠨ ᠦᠬᠡᠷ ᠤᠨ ᠠᠵᠤ ᠦᠢᠯᠡᠰ ᠤᠨ ᠬᠥᠭᠵᠢᠯᠲᠡ ᠳᠤ ᠪᠠᠯᠠ ᠮᠥᠩᠭᠦ ᠶᠢᠨ ᠪᠠᠲᠤᠯᠠᠭ᠎ᠠ | ᠬᠠᠩᠭᠠᠪᠠ᠃ | ᠲᠠᠷᠠᠭᠠᠴᠢ ᠶᠢᠨ ᠠᠯᠬᠤᠮ ᠳᠤ᠂ ᠠᠤᠬᠠᠨ ᠬᠤᠰᠢᠭᠤ ᠪᠣᠳᠠᠲᠤ ᠪᠠᠶᠢᠳᠠᠯ ᠳᠤ ᠰᠠᠭᠤᠷᠢᠯᠠᠨ᠂ ᠢᠳᠡᠰᠢᠨ | ᠦᠬᠡᠷ ᠤᠨ ᠠᠵᠤ ᠦᠢᠯᠡᠰ ᠤᠨ ᠬᠥᠭᠵᠢᠯᠲᠡ ᠶᠢᠨ ᠲᠥᠯᠥᠪᠵᠢᠭᠦᠯᠭᠡ ᠶᠢ ᠲᠡᠭᠦᠯᠳᠡᠷᠵᠢᠭᠦᠯᠵᠦ᠂ ᠢᠳᠡᠰᠢᠨ ᠦᠬᠡᠷ ᠤᠨ | ᠰᠠᠶᠢᠨ ᠡᠭᠦᠯᠳᠡᠷ ᠢ ᠪᠤᠶᠢᠵᠢᠭᠤᠯᠬᠤ ᠪᠠ ᠪᠡᠶ᠎ᠡ ᠪᠠᠨ ᠳᠠᠭᠠᠭᠠᠵᠤ ᠦᠷᠡᠵᠢᠭᠦᠯᠦᠨ ᠪᠤᠶᠢᠵᠢᠭᠤᠯᠬᠤ ᠰᠢᠰᠲ᠋ᠧᠮ ᠤᠨ | ᠪᠠᠶᠢᠭᠤᠯᠤᠯᠲᠠ ᠶᠢ ᠴᠢᠩᠭᠠᠳᠬᠠᠨ᠂ ᠥᠪᠡᠰᠦᠪᠡᠨ ᠦᠷᠡᠵᠢᠭᠦᠯᠦᠨ ᠪᠤᠶᠢᠵᠢᠭᠤᠯᠬᠤ ᠢᠳᠡᠰᠢᠨ ᠦᠬᠡᠷ ᠤᠨ | ᠬᠠᠩᠭᠠᠯᠭ᠎ᠠ ᠶᠢᠨ ᠴᠢᠳᠠᠪᠤᠷᠢ ᠶᠢ ᠴᠢᠩᠭᠠᠷᠠᠭᠤᠯᠵᠤ᠂ ᠢᠳᠡᠰᠢᠨ ᠦᠬᠡᠷ ᠤᠨ ᠠᠵᠤ ᠦᠢᠯᠡᠰ ᠢ ᠶᠠᠳᠠᠭᠤ ᠠᠴᠠ | ᠠᠩᠭᠢᠵᠢᠷᠠᠭᠤᠯᠤᠭᠰᠠᠨ ᠦᠷ᠎ᠡ ᠪᠦᠲᠦᠭᠡᠯ ᠢ ᠦᠷᠭᠦᠯᠵᠢᠯᠡᠨ ᠪᠠᠬᠢᠵᠢᠭᠦᠯᠦᠨ ᠳᠡᠭᠡᠭᠰᠢᠯᠡᠭᠦᠯᠬᠦ᠂ ᠠᠵᠤ ᠠᠬᠤᠶ | ᠨᠡᠶᠢᠭᠡᠮ ᠤᠨ ᠬᠥᠭᠵᠢᠯᠲᠡ ᠶᠢ ᠠᠬᠢᠭᠤᠯᠬᠤ ᠴᠢᠬᠤᠯᠠ ᠠᠵᠤ ᠦᠢᠯᠡᠰ ᠪᠣᠯᠭᠠᠵᠤ᠂ ᠠᠤᠬᠠᠨ ᠤ ᠠᠵᠤ ᠦᠢᠯᠡᠰ ᠤᠨ | ᠨᠠᠷᠠᠲᠤ ᠲᠡᠮᠳᠡᠭ ᠢ ᠪᠣᠶ ᠪᠣᠯᠭᠠᠨ᠎ᠠ᠃ |