ᠮᠣᠩᠭᠤᠯ ᠭᠡᠷ ᠲᠤ ᠪᠠᠭᠤᠵᠤ ᠰᠠᠭᠤᠬᠤ ᠳᠤ ᠤᠯᠠᠮᠵᠢᠯᠠᠯᠲᠤ ᠶᠣᠰᠣ ᠵᠠᠩᠰᠢᠯ ᠣᠯᠠᠨ ᠪᠠᠶᠢᠳᠠᠭ ᠶᠤᠮ᠃ | ᠮᠣᠩᠭᠤᠯᠴᠤᠳ ᠡᠨᠡᠬᠦ ᠶᠣᠰᠣ ᠵᠠᠩᠰᠢᠯ ᠢᠶᠠᠨ ᠪᠡᠯᠭᠡ ᠳᠡᠮᠪᠡᠷᠢᠯ ᠲᠠᠢ᠂ ᠰᠠᠶᠢᠨ ᠰᠠᠶᠢᠬᠠᠨ ᠭᠡᠵᠤ ᠦᠵᠡᠳᠡᠭ᠃ | ᠡᠶᠢᠮᠦ ᠠᠴᠠ ᠡᠳᠡᠭᠡᠷ ᠵᠠᠩ ᠦᠢᠯᠡ ᠨᠢ ᠮᠣᠩᠭᠤᠯ ᠬᠥᠮᠥᠨ ᠳᠤ ᠬᠠᠯᠠᠭᠤᠨ ᠳᠣᠲᠣᠨᠣ᠂ ᠡᠯᠢᠭᠡᠰᠡᠭ ᠰᠠᠨᠠᠭᠳᠠᠳᠠᠭ᠃ | ᠬᠡᠷᠪᠡ ᠶᠠᠮᠠᠷ ᠨᠢᠭᠡᠨ ᠬᠥᠮᠥᠨ ᠡᠨᠡᠬᠦ ᠶᠣᠰᠣ ᠵᠠᠩᠰᠢᠯ ᠢ ᠡᠪᠳᠡᠬᠦ ᠳᠤ ᠬᠦᠷᠪᠡᠯ ᠲᠡᠷᠡ ᠨᠢ ᠮᠣᠩᠭᠤᠯᠴᠤᠳ ᠤᠨ | ᠡᠭ᠍ᠳᠡᠭᠦᠦ ᠶᠢ ᠬᠦᠷᠭᠡᠨ᠂ ᠰᠡᠳᠬᠢᠯ ᠢ ᠬᠥᠨᠳᠡᠳᠡᠭ᠃ | ᠮᠣᠩᠭᠤᠯ ᠭᠡᠷ ᠲᠤ ᠣᠷᠣᠬᠤ ᠳᠠᠭᠠᠨ ᠢᠰᠡᠭᠡᠢ ᠡᠭᠦᠳᠡ ᠶᠢ ᠨᠢ ᠵᠡᠭᠦᠨ᠂ ᠪᠠᠷᠠᠭᠤᠨ ᠲᠠᠯ᠎ᠠ ᠠᠴᠠ ᠨᠢ ᠰᠡᠬᠦᠬᠦ | ᠪᠣᠯᠣᠮᠵᠢ ᠪᠦᠷ ᠪᠣᠢ᠃ ᠭᠡᠬᠦ ᠳᠡᠭᠡᠨ ᠡᠭᠦᠳᠡᠨ ᠤ ᠵᠡᠭᠦᠨ ᠲᠠᠯ᠎ᠠ ᠶᠢ ︽ᠵᠥᠪ︾ ᠲᠠᠯ᠎ᠠ ᠭᠡᠳᠡᠭ ᠪᠣᠯᠬᠤᠷ ᠡᠷᠬᠡᠪᠰᠢ | ᠵᠥᠪ ᠲᠠᠯ᠎ᠠ ᠠᠴᠠ ᠨᠢ ᠰᠡᠬᠦᠬᠦ ᠶᠣᠰᠣ ᠲᠠᠢ᠃ ᠪᠤᠷᠤᠭᠤ ᠲᠠᠯ᠎ᠠ ᠠᠴᠠ ᠨᠢ ᠰᠡᠬᠦᠪᠡᠯ ᠪᠡᠯᠭᠡ ᠳᠡᠮᠪᠡᠷᠢᠯ ᠮᠠᠭᠤᠲᠠᠢ | ᠭᠡᠵᠤ ᠳᠤᠷ᠎ᠠ ᠦᠭᠡᠶᠢᠴᠡᠳᠡᠭ᠃ ᠵᠠᠷᠢᠮ ᠳᠠᠭᠠᠨ ᠢᠰᠡᠭᠡᠢ ᠡᠭᠦᠳᠡ ᠶᠢ ᠵᠡᠭᠦᠨ ᠲᠠᠯ᠎ᠠ ᠠᠴᠠ ᠨᠢ ᠰᠡᠬᠦᠭᠡᠳ | ᠲᠣᠲᠣᠭᠤ ᠶᠢᠨ ᠳᠡᠭᠡᠷ᠎ᠡ ᠨᠢ ᠲᠠᠯᠪᠢᠳᠠᠭ ᠶᠣᠰᠣ ᠴᠦ ᠪᠠᠶᠢᠳᠠᠭ᠃ | ᠮᠣᠩᠭᠤᠯ ᠭᠡᠷ ᠤᠨ ᠲᠤᠯᠭ᠎ᠠ᠂ ᠲᠣᠲᠣᠭᠤ᠂ ᠪᠣᠱᠤᠭ᠎ᠠ ᠭᠤᠷᠪᠠ ᠪᠣᠯ ᠳᠠᠷᠬᠠᠨ ᠬᠦᠨᠳᠦᠲᠡᠢ᠂ ᠶᠠᠮᠠᠷ ᠴᠦ ᠬᠥᠮᠥᠨ | ᠭᠡᠳ ᠡᠨᠡ ᠭᠤᠷᠪᠠ ᠶᠢ ᠬᠥᠨᠳᠡᠵᠦ ᠪᠣᠯᠬᠤ ᠦᠭᠡᠢ᠃ ᠬᠡᠷᠪᠡ ᠰᠠᠨᠠᠮᠰᠠᠷ ᠦᠭᠡᠢ ᠭᠠᠷ ᠬᠥᠯ ᠢᠶᠠᠨ ᠬᠦᠷᠭᠡᠬᠦ ᠳᠤ | ᠬᠦᠷᠪᠡᠯ ᠭᠡᠷ ᠤᠨ ᠡᠵᠡᠨ ᠢ ᠳᠣᠷᠣᠮᠵᠢᠯᠠᠭᠰᠠᠨ ᠳᠤ ᠲᠣᠭᠠᠴᠢᠭᠳᠠᠨ᠎ᠠ᠃ | ᠡᠶᠢᠮᠦ ᠠᠴᠠ ᠮᠣᠩᠭᠤᠯ ᠭᠡᠷ ᠲᠤ ᠣᠷᠣᠬᠤ ᠳᠤ ᠡᠨᠡ ᠭᠤᠷᠪᠠ ᠳᠤ ᠭᠠᠯ ᠬᠥᠯ ᠬᠦᠷᠭᠡᠬᠦ ᠠᠴᠠ ᠪᠠᠨ | ᠪᠣᠯᠭᠤᠮᠵᠢᠯᠠᠳᠠᠭ᠃ | ᠬᠡᠨ ᠴᠦ ᠭᠡᠰᠡᠨ ᠭᠡᠷ ᠲᠤ ᠣᠷᠣᠬᠤ ᠳᠠᠭᠠᠨ ᠲᠣᠯᠣᠭᠠᠢ ᠪᠠᠨ ᠪᠥᠬᠦᠶᠢᠵᠦ ᠪᠠᠶᠢᠳᠠᠭ ᠶᠣᠰᠣᠨ ᠪᠣᠢ᠃ ᠡᠨᠡ ᠨᠢ | ᠲᠣᠲᠣᠭᠤ᠂ ᠭᠠᠯ ᠭᠤᠯᠣᠮᠲᠠ᠂ ᠰᠢᠲᠦᠭᠡᠨ ᠪᠤᠷᠬᠠᠨ ᠳᠤᠨᠢ ᠪᠥᠬᠦᠶᠢᠨ ᠶᠣᠰᠣᠯᠠᠵᠤ᠂ ᠭᠡᠷ ᠤᠨ ᠡᠵᠡᠨ ᠢ | ᠬᠦᠨᠳᠦᠳᠬᠡᠵᠦ ᠪᠠᠶᠢᠭ᠎ᠠ ᠤᠳᠬ᠎ᠠ ᠲᠠᠢ᠃ ᠵᠠᠷᠢᠮ ᠬᠥᠮᠥᠨ ᠭᠡᠷ ᠲᠤ ᠣᠷᠣᠬᠤ ᠳᠠᠭᠠᠨ ᠪᠠᠷᠠᠭᠤᠨ ᠭᠠᠷ ᠢᠶᠠᠨ | ᠰᠤᠩᠭᠠᠨ ᠲᠣᠲᠣᠭᠤ ᠠᠴᠠ ᠨᠢ ᠠᠳᠢᠰ ᠠᠪᠴᠤ ᠮᠠᠩᠨᠠᠢ ᠳᠠᠭᠠᠨ ᠲᠦᠷᠬᠢᠨ ᠭᠡᠷ ᠤᠨ ᠡᠵᠡᠨ ᠳᠤ ᠬᠦᠨᠳᠦᠳᠬᠡᠯ | ᠳᠡᠪᠰᠢᠭᠦᠯᠦᠨ᠂ ᠭᠡᠷ ᠤᠨ ᠡᠵᠡᠨ ᠢ ᠨᠢ ᠬᠦᠨᠳᠦᠳᠬᠡᠵᠦ ᠪᠠᠶᠢᠭ᠎ᠠ ᠪᠠᠨ ᠢᠯᠡᠳᠬᠡᠳᠡᠭ᠃ | ᠭᠡᠷ ᠤᠨ ᠪᠣᠱᠤᠭ᠎ᠠ ᠶᠢ ᠠᠯᠬᠤᠬᠤ ᠳᠠᠭᠠᠨ ᠬᠠᠲᠠᠪᠴᠢ ᠳᠤ ᠬᠥᠯ ᠬᠦᠷᠬᠦ ᠠᠴᠠ ᠪᠣᠯᠭᠤᠮᠵᠢᠯᠠᠨ᠂ ᠬᠠᠲᠠᠪᠴᠢ ᠶᠢᠨ | ᠵᠡᠭᠦᠨ ᠬᠠᠭᠠᠰ ᠲᠠᠯ᠎ᠠ ᠪᠠᠷ ᠠᠯᠬᠤᠨ ᠣᠷᠣᠨ᠎ᠠ ᠃ ᠥᠨᠳᠥᠷ ᠨᠠᠰᠤᠲᠠᠨ᠂ ᠲᠣᠮᠤᠭ᠎ᠠ ᠲᠠᠢ ᠬᠥᠮᠥᠨ ᠢ ᠬᠠᠲᠠᠪᠴᠢ ᠶᠢᠨ | ᠪᠠᠷᠠᠭᠤᠨ ᠬᠠᠭᠠᠰ ᠲᠠᠯ᠎ᠠ ᠪᠠᠷ ᠤᠷᠢᠨ ᠣᠷᠣᠭᠤᠯᠳᠠᠭ᠃ ᠲᠥᠷᠥ ᠶᠢᠨ ᠶᠡᠭᠡ ᠲᠤᠰᠢᠶᠠᠯᠲᠠᠨ ᠬᠥᠮᠥᠨ ᠢ | ᠤᠷᠢᠬᠤ ᠳᠠᠭᠠᠨ ᠬᠠᠲᠠᠪᠴᠢ ᠶᠢᠨ ᠲᠥᠪ ᠳᠤᠮᠳᠠᠭᠤᠷ ᠠᠯᠬᠤᠨ ᠣᠷᠣᠭᠤᠯᠳᠠᠭ᠃ ᠡᠩ ᠤᠨ ᠦᠶ᠎ᠡ ᠳᠤ ᠪᠠᠷᠠᠭᠤᠨ | ᠬᠠᠲᠠᠪᠴᠢ ᠪᠠᠷ ᠠᠯᠬᠤᠨ ᠣᠷᠣᠭᠰᠠᠳ ᠢ ᠪᠡᠶ᠎ᠡ ᠪᠠᠨ ᠳᠡᠭᠡᠭᠦᠷ ᠦᠵᠡᠵᠦ᠂ ᠭᠡᠷ ᠤᠨ ᠡᠵᠡᠨ ᠢ ᠳᠣᠣᠷ᠎ᠠ ᠦᠵᠡᠨ | ᠳᠣᠷᠣᠮᠵᠢᠯᠠᠭᠰᠠᠨ ᠳᠤ ᠲᠣᠭᠠᠴᠢᠳᠠᠭ᠃ | ᠭᠡᠷ ᠲᠤ ᠣᠷᠣᠭᠰᠠᠨ ᠤ ᠳᠠᠷᠠᠭ᠎ᠠ ᠪᠦᠰᠡᠲᠡᠶᠢᠴᠦᠳ ᠲᠤᠯᠭ᠎ᠠ ᠶᠢᠨ ᠪᠠᠷᠠᠭᠤᠨ ᠢᠶᠠᠷ᠂ ᠪᠦᠰᠡᠭᠦᠶᠢᠴᠦᠳ | ᠲᠤᠯᠭ᠎ᠠ ᠶᠢᠨ ᠵᠡᠭᠦᠨ ᠢᠶᠠᠷ ᠰᠠᠭᠤᠳᠠᠭ᠃ ᠲᠤᠯᠭ᠎ᠠ ᠵᠤᠤᠬ᠎ᠠ ᠠᠴᠠ ᠵᠠᠶᠢᠲᠠᠢ ᠰᠢᠭ᠋ ᠪᠠᠶᠢᠵᠤ᠂ ᠬᠤᠷᠮᠣᠢ ᠭᠤᠳᠣᠯ᠂ | ᠬᠥᠯ ᠭᠠᠷ ᠢᠶᠠᠨ ᠲᠤᠯᠭ᠎ᠠ ᠵᠤᠤᠬᠠᠨ ᠳᠤ ᠬᠦᠷᠭᠡᠬᠦ ᠠᠴᠠ ᠬᠢᠴᠢᠶᠡᠨ᠎ᠡ᠃ | ᠣᠯᠠᠨ ᠬᠥᠮᠥᠨ ᠬᠠᠮᠲᠤ ᠪᠠᠷ ᠮᠣᠩᠭᠤᠯ ᠭᠡᠷ ᠲᠤ ᠣᠷᠣᠬᠤ ᠳᠤ᠂ ᠬᠠᠮᠤᠭ ᠤᠨ ᠲᠡᠷᠢᠭᠦᠨ ᠳᠤ ᠥᠨᠳᠥᠷ | ᠨᠠᠰᠤᠲᠠᠨ ᠢ ᠤᠷᠢᠨ ᠣᠷᠣᠭᠤᠯᠵᠤ᠂ ᠪᠤᠰᠤᠳ ᠨᠢ ᠨᠠᠰᠤᠨ ᠤ ᠪᠠᠨ ᠳᠠᠷᠠᠭᠠᠯᠠᠯ ᠢᠶᠠᠷ ᠣᠷᠣᠳᠠᠭ ᠶᠣᠰᠣ ᠲᠠᠢ᠃ | ᠮᠣᠩᠭᠤᠯ ᠭᠡᠷ ᠠᠴᠠ ᠭᠠᠷᠬᠤ ᠳᠠᠭᠠᠨ ᠬᠠᠶᠠᠭ᠎ᠠ ᠶᠢ ᠲᠠᠭᠠᠨ ᠭᠠᠷᠳᠠᠭ᠃ ᠲᠤᠯᠭ᠎ᠠ ᠵᠤᠤᠬ᠎ᠠ᠂ ᠲᠣᠭᠤᠭ᠎ᠠ ᠰᠢᠨᠠᠭ᠎ᠠ | ᠂ ᠡᠷᠭᠢᠨᠡᠭ ᠳᠠᠮᠵᠢᠭᠤᠷᠭᠠ ᠳᠤ ᠬᠤᠷᠮᠣᠢ ᠭᠤᠳᠣᠯ ᠢᠶᠠᠨ ᠬᠦᠷᠭᠡᠬᠦ ᠶᠢ ᠴᠡᠭᠡᠷᠯᠡᠨ᠎ᠡ᠃ ᠭᠠᠯ ᠤᠨ ᠬᠠᠶᠢᠴᠢ ᠰᠢᠯᠡᠭᠡᠪᠦᠷ | ᠳᠡᠭᠡᠷ᠎ᠡ ᠭᠢᠰᠬᠢᠬᠦ ᠪᠤᠶᠤ ᠳᠡᠭᠡᠭᠦᠷ ᠨᠢ ᠠᠯᠬᠤᠬᠤ ᠶᠢ ᠮᠥᠨ ᠴᠡᠭᠡᠷᠯᠡᠳᠡᠭ᠃ ᠲᠤᠯᠭ᠎ᠠ ᠵᠤᠤᠬ᠎ᠠ ᠶᠢ ᠪᠦᠷᠢᠨ ᠡᠷᠭᠢᠵᠦ | ᠭᠠᠷᠳᠠᠭ ᠦᠭᠡᠢ᠃ ᠪᠠᠭᠠᠴᠤᠳ ᠬᠡᠦᠬᠡᠳ᠂ ᠪᠦᠰᠡᠭᠦᠶᠢᠴᠦᠳ ᠤᠷᠢᠳᠠᠪᠠᠷ ᠭᠠᠷᠤᠨ᠎ᠠ᠃ ᠭᠡᠬᠦ ᠳᠡᠭᠡᠨ ᠠᠷᠤ ᠪᠠᠷ ᠢᠶᠠᠨ | ᠪᠤᠶᠤ ᠪᠡᠶ᠎ᠡ ᠪᠠᠨ ᠬᠠᠵᠠᠭᠤᠯᠰᠬᠢᠨ ᠤᠬᠤᠷᠢᠵᠤ ᠭᠠᠷᠳᠠᠭ ᠪᠠᠶᠢᠨ᠎ᠠ᠃ ᠬᠤᠯᠠ ᠵᠠᠮ ᠶᠠᠪᠤᠬᠤ ᠬᠥᠮᠥᠨ ᠪᠤᠶᠤ ᠵᠣᠴᠢᠨ | ᠭᠡᠷ ᠠᠴᠠ ᠭᠠᠷᠬᠤ ᠳᠤ ᠰᠢᠨᠠᠭ᠎ᠠ ᠶᠢ ᠵᠠᠪᠠᠯ ᠲᠣᠭᠤᠭ᠎ᠠ ᠠᠴᠠ ᠰᠠᠯᠭᠠᠬᠤ ᠶᠣᠰᠣ ᠲᠠᠢ ᠡᠰᠡᠪᠡᠯ ᠵᠠᠮ ᠳᠤ ᠰᠠᠭᠠᠳ | ᠭᠠᠷᠤᠨ᠎ᠠ ᠭᠡᠳᠡᠭ᠃ | ᠭᠡᠷ ᠠᠴᠠ ᠭᠠᠷᠬᠤ ᠳᠠᠭᠠᠨ ᠪᠡᠯᠭᠡ ᠲᠠᠮᠪᠡᠷᠢᠯ ᠲᠠᠢ ᠦᠭᠡ ᠬᠡᠯᠡᠵᠦ ᠢᠷᠦᠭᠡᠯ ᠲᠠᠯᠪᠢᠳᠠᠭ᠃ ᠴᠠᠭᠠᠨ ᠢᠳᠡᠭᠡ | ᠠᠮᠰᠠᠵᠤ᠂ ︽ᠵᠠᠮ ᠴᠠᠭᠠᠨ ᠪᠣᠯᠲᠤᠭᠠᠢ︕︾ ᠭᠡᠳᠡᠭ᠃ ᠭᠡᠷ ᠤᠨ ᠡᠵᠡᠨ ᠳᠤᠨᠢ ︽ᠲᠠ ᠨᠠᠷ ᠰᠠᠶᠢᠨ ᠰᠠᠭᠠᠲᠠᠵᠤ | ᠪᠠᠶᠢᠭᠠᠷᠠᠢ︕︾ ᠭᠡᠵᠤ ᠬᠡᠯᠡᠭᠡᠳ ᠠᠭᠠᠵᠢᠮ ᠢᠶᠠᠷ ᠠᠶᠠᠷᠯᠠᠨ ᠭᠠᠷᠳᠠᠭ᠃ ︽ᠠᠮᠠᠨ ᠪᠡᠯᠭᠡ ᠬᠠᠮᠢᠭᠠᠰᠢ ᠪᠠᠨ ᠪᠣᠯ | ᠠᠯᠤᠰ ᠤᠨ ᠪᠡᠯᠭᠡ ᠲᠡᠰᠢ ᠪᠠᠨ︾ ᠭᠡᠵᠤ ᠪᠡᠯᠭᠡ ᠳᠡᠮᠪᠡᠷᠢᠯ ᠲᠠᠢ ᠮᠣᠷᠳᠠᠨ ᠭᠠᠷᠬᠤ ᠶᠢ ᠡᠷᠬᠢᠮᠯᠡᠳᠡᠭ᠃ ︵ᠰᠠᠮᠫᠢᠯᠨᠤᠷᠪᠤ | ︶ | |