| ᠪᠢᠯᠢᠭ ᠤᠨ ᠤᠯᠠᠷᠢᠯ ᠤᠨ ᠴᠠᠭᠠᠨ ᠰᠠᠷ᠎ᠠ ᠶᠢᠨ ᠬᠤᠷᠢᠨ ᠲᠠᠪᠣᠨ ᠤ ᠡᠳᠦᠷ ᠪᠣᠯᠣᠨ᠎ᠠ᠃ ᠥᠷᠯᠦᠭᠡ ᠡᠷᠲᠡᠯᠡᠨ | ᠬᠦᠷᠢᠶᠠᠨ ᠳᠤᠮᠳᠠ ᠪᠠᠨ ᠡᠪᠡᠰᠤ ᠮᠤᠳᠤᠨ ᠤ ᠦᠨᠡᠰᠦ ᠪᠠᠷ ᠨᠢᠭᠡ ᠪᠤᠶᠤ ᠣᠯᠠᠨ ᠲᠣᠮᠣ ᠴᠠᠭᠠᠷᠢᠭ ᠵᠢᠷᠤᠵᠤ᠂ | ᠳᠤᠲᠤᠷ᠎ᠠ ᠨᠢ ᠨᠢᠭᠡ ᠪᠠᠭ᠎ᠠ ᠴᠠᠭᠠᠷᠢᠭ ᠵᠢᠷᠤᠨ ᠠᠮᠤ ᠪᠤᠳᠠᠭ᠎ᠠ ᠶᠢᠨ ᠬᠦᠮᠦᠷᠭᠡ ᠶᠢ ᠲᠥᠯᠥᠭᠡᠯᠡᠭᠦᠯᠳᠡᠭ᠃ | ᠴᠠᠭᠠᠷᠢᠭ ᠳᠤᠳᠤᠷ᠎ᠠ ᠨᠢ ᠨᠢᠭᠡᠨ ᠲᠤᠨᠤᠯᠵᠢᠨ ᠲᠡᠮᠳᠡᠭ ᠵᠢᠷᠤᠵᠤ᠂ ᠲᠤᠨᠤᠯᠵᠢᠨ ᠤ ᠠᠭᠤᠯᠵᠠᠭᠤᠷ ᠲᠤ ᠲᠠᠪᠤᠨ | ᠲᠠᠷᠢᠶ᠎ᠠ ᠶᠢᠨ ᠦᠷ᠎ᠡ ᠶᠢ ᠲᠠᠯᠪᠢᠨ᠂ ᠬᠦᠵᠢ ᠠᠰᠠᠭᠠᠳᠠᠭ᠃ ᠭᠡᠷ ᠤᠨ ᠡᠭᠦᠳᠡ ᠵᠦᠭ ᠬᠠᠨᠳᠤᠭᠰᠠᠨ ᠴᠠᠭᠠᠷᠢᠭ ᠤᠨ | ᠭᠠᠳᠠᠨ᠎ᠠ ᠨᠢᠭᠡᠨ ᠤᠷᠳᠤ ᠲᠦᠷᠪᠡᠯᠵᠢᠨ ᠵᠢᠷᠤᠭᠠᠳ᠂ ᠰᠠᠩ ᠬᠦᠮᠦᠷᠭᠡ ᠶᠢᠨ ᠡᠭᠦᠳᠡ ᠶᠢ ᠲᠦᠯᠦᠭᠡᠯᠡᠭᠦᠯᠵᠦ ᠲᠠᠪᠤᠨ | ᠲᠠᠷᠢᠶ᠎ᠠ ᠡᠯᠪᠡᠭ ᠲᠦᠷᠦᠵᠣ᠂ ᠠᠮᠤ ᠪᠤᠳᠠᠭ᠎ᠠ ᠬᠦᠮᠦᠷᠭᠡ ᠲᠦᠭᠦᠷᠡᠩ ᠪᠠᠶᠢᠬᠤ ᠶᠢ ᠢᠯᠡᠳᠬᠡᠳᠡᠭ᠃ | ᠲᠤᠰ ᠡᠳᠦᠷ ᠤᠨ ᠥᠷᠯᠥᠭᠡ ᠨᠢ ᠠᠤᠬᠠᠨ ᠤ ᠭᠠᠵᠠᠷ ᠤᠷᠤᠨ ᠤ ᠬᠢᠨ ᠪᠠᠩᠰᠢ ᠢᠳᠡᠳᠡᠭ᠂ ᠬᠠᠷᠠᠴᠢᠨ ᠤ ᠬᠢᠨ | ᠪᠠᠰᠠ ᠵᠠᠪᠠᠯ ᠭᠤᠯᠢᠷ ᠬᠤᠭᠤᠯᠠ ᠮᠢᠨᠲᠤᠤᠷ᠂ ᠪᠣᠷᠴᠠᠭ ᠲᠠᠢ ᠪᠣᠤᠪᠤ᠂ ᠨᠠᠩᠭᠢ ᠶᠢᠨ ᠪᠤᠣᠪᠤ ᠵᠡᠷᠭᠡ ᠶᠢ ᠢᠳᠡᠳᠡᠭ᠃ | ᠨᠤᠭᠤᠭ᠎ᠠ ᠵᠠᠭᠤᠰᠢ ᠪᠠᠨ ᠡᠯᠪᠡᠭ ᠲᠡᠯᠪᠡᠭ ᠠᠮᠲᠠ ᠰᠢᠮᠲᠡ ᠲᠠᠢ ᠪᠡᠯᠡᠳᠴᠤ᠂ ᠠᠮᠤ ᠪᠤᠳᠠᠭ᠎ᠠ ᠲᠤᠲᠠᠵᠤ ᠳᠤᠨᠳᠠᠷᠠᠰᠢ | ᠦᠭᠡᠢ ᠠᠮᠢᠳᠤᠷᠠᠯ ᠨᠢ ᠪᠠᠶᠠᠨ ᠲᠠᠩᠰᠤᠭ ᠭᠡᠰᠡᠨ ᠢᠶᠠᠨ ᠢᠯᠡᠷᠬᠡᠶᠢᠯᠡᠳᠡᠭ᠃ | ᠲᠠᠷᠢᠶᠠᠴᠢᠨ ᠠᠶᠢᠯ ᠤᠨ ᠬᠢᠨ ᠪᠠᠰᠠ ᠭᠡᠷ ᠤᠨ ᠢᠶᠠᠨ ᠴᠤᠩᠬᠤᠨ ᠲᠡᠭᠡᠷ᠎ᠠ ᠡᠷ᠎ᠡ ᠰᠠᠷᠢᠮᠰᠠᠭ ᠡᠯᠬᠦᠵᠤ᠂ ᠦᠷ᠎ᠡ | ᠬᠡᠤᠬᠡᠳ ᠨᠢ ᠴᠡᠴᠡᠭ ᠡᠪᠡᠳᠴᠢᠨ ᠤ ᠭᠠᠢ ᠵᠤᠪᠠᠯᠠᠩ ᠠᠴᠠ ᠵᠠᠶᠢᠯᠠᠵᠤ ᠴᠢᠳᠠᠨ᠎ᠠ ᠭᠡᠵᠤ ᠦᠵᠡᠳᠡᠭ᠃ | | | |