| ᠡᠯᠴᠢᠨ ᠢᠶᠠᠷ ᠠᠩᠬ᠎ᠠ ᠶᠢᠤ ᠵᠧᠦ ᠳᠤᠷ ᠬᠦᠷᠴᠦ ᠲᠡᠬᠢᠨ ᠲᠤᠮᠳᠠᠳᠤ ᠨᠡᠶᠢᠰᠯᠡᠯ ᠳᠤᠷ ᠬᠦᠷᠴᠦ᠂ ᠲᠡᠬᠢᠨ ᠲᠡᠭᠡᠳᠦ | ᠨᠡᠶᠢᠰᠯᠡᠯ ᠪᠣᠶᠤ ᠰᠢ ᠯᠢᠩ ᠳ᠋ᠢᠶᠠᠨ ᠪᠢᠯᠬᠠᠮᠠᠯ ᠂ ᠪᠧᠢ ᠠᠨ ᠵᠧᠦ᠂ ᠲᠠᠨ ᠱᠠᠨ ᠠᠭᠤᠯᠠ᠂ ᠴᠠᠩ ᠫᠦᠸᠧ ᠨᠠᠭᠤᠷ ᠠᠴᠠ | ᠮᠣᠯᠳᠤᠰᠢ ᠬᠠᠭᠠᠯᠭᠠᠨ ᠤ ᠬᠠᠪᠴᠢᠯ ᠬᠠᠳᠠᠨ ᠤ ᠲᠤᠮᠳᠠᠭᠤᠷᠬᠢ ᠨᠢᠭᠡᠯᠬᠡᠨ ᠲᠡᠷᠭᠡ ᠶᠠᠪᠤᠵᠤ ᠪᠠᠭᠳᠠᠬᠤ ᠨᠠᠷᠢᠬᠠᠨ ᠵᠡᠮ ᠢᠶᠠᠷ | ᠵᠠᠮᠨᠠᠬᠤ ᠪᠦᠯᠦᠭᠡ᠃ ᠬᠠᠭᠠᠯᠭᠠᠨ ᠤ ᠬᠤᠶᠢᠨ᠎ᠠ ᠭᠠᠷᠬᠤᠢ ᠳᠤᠷ ᠲᠡᠭᠡᠰᠦᠨ ᠢᠶᠠᠷ ᠬᠤᠯᠪᠤᠨ ᠲᠡᠯᠢᠭᠰᠡᠨ ᠨᠣᠮᠣ ᠪᠦᠬᠦᠢ ᠭᠠᠵᠠᠷ | ᠪᠣᠯᠵᠤᠬᠤᠢ᠂ ᠡᠨᠡ ᠬᠡᠮᠡᠪᠡᠰᠦ ᠹᠠᠨ ᠶᠠᠩ ᠤᠨ ᠭᠢᠳᠠᠨ ᠢ ᠰᠡᠷᠭᠡᠶᠢᠯᠡᠬᠦ ᠤᠷᠤᠨ ᠪᠣᠯᠬᠤ ᠪᠥᠭᠡᠳ ᠲᠦᠢᠯ ᠤᠨ ᠢᠪᠴᠤᠤ | ᠴᠢᠬᠤᠯ ᠪᠡᠷᠬᠡ ᠪᠠᠷᠳᠠᠭ᠎ᠠ ᠲᠠᠢ ᠭᠠᠵᠠᠷ ᠪᠣᠶᠤ᠃ ᠪᠢᠳᠡ ᠶᠢᠤ ᠵᠧᠦ ᠶᠢᠨ ᠵᠡᠭᠦᠨ ᠳᠤᠷ ᠬᠤᠨᠤᠭᠯᠠᠪᠠᠢ᠃ ᠫᠢᠩ ᠵᠧᠦ ᠶᠢᠨ ᠵᠠᠮ | ᠲᠡᠭᠰᠢᠬᠡᠨ᠂ ᠬᠢᠯᠢ ᠬᠢᠵᠠᠭᠠᠷ ᠢ ᠬᠠᠯᠳᠠᠬᠤᠢ ᠳᠤᠷ ᠤᠯᠠᠩᠬᠢ ᠳᠤᠷ ᠢᠶᠠᠨ ᠡᠭᠦᠪᠡᠷ ᠦᠩᠭᠡᠷᠡᠬᠦ ᠪᠣᠶᠤ᠃ ᠲᠠᠬᠢᠨ ᠳ᠋ᠧ ᠱᠧᠩ | ᠯᠢᠩ ᠳᠠᠪᠠᠭᠠᠨ ᠤ ᠠᠷᠪᠠᠨ ᠬᠡᠳᠦᠨ ᠲᠠᠪᠬᠤᠷᠯᠢᠭ ᠭᠦᠨ ᠰᠧ ᠰᠢᠶᠠᠩ ᠯᠢᠩ ᠵᠢᠯᠠᠭᠠᠨ ᠢ ᠦᠩᠭᠡᠷᠡᠨ ᠨᠠᠶᠠᠨ ᠭᠠᠵᠠᠷ ᠵᠠᠮᠨᠠᠪᠠᠰᠤ | ᠰᠢᠨ ᠭᠤᠧᠠᠨ ᠬᠦᠷᠢᠶᠡᠨ ᠳᠤᠷ ᠬᠦᠷᠴᠦᠬᠦᠢ᠂ ᠳ᠋ᠢᠶᠣᠣ ᠺᠧ ᠯᠢᠩ ᠳᠠᠪᠠᠭᠠᠨ ᠫᠢᠶᠠᠨ ᠴᠢᠶᠠᠩ ᠯᠢᠩ ᠳᠠᠪᠠᠭᠠᠨ ᠢ ᠦᠩᠭᠡᠷᠡᠨ | ᠲᠦᠴᠢᠨ ᠭᠠᠵᠠᠷ ᠵᠠᠮᠨᠠᠪᠠᠰᠤ ᠬᠡᠪᠳᠡᠭᠡ ᠪᠣᠷᠬᠠᠨ ᠤ ᠬᠦᠷᠢᠶᠡᠨ ᠳᠤᠷ ᠲᠣᠯᠣᠮᠣᠢ᠃ ᠡᠨᠡ ᠠᠭᠤᠯᠠᠨ ᠳᠤᠷ ᠱᠠᠭᠵᠠᠮᠤᠨᠢ | ᠪᠣᠷᠬᠠᠨ ᠤ ᠬᠡᠪᠳᠡᠭᠡ ᠬᠦᠷᠦᠭ ᠢ ᠱᠣᠭᠤᠨ ᠪᠦᠳᠦᠭᠡᠭᠰᠡᠨ ᠲᠤᠯᠠ ᠶᠢᠨ ᠬᠦ ᠨᠡᠷᠡᠯᠡᠵᠦᠬᠦᠢ᠃ ᠬᠠᠷ᠎ᠠ ᠯᠤᠧᠠᠨ ᠾᠧ ᠭᠤᠣᠯ ᠢ | ᠲᠣᠭᠤᠯᠪᠠᠰᠤ ᠵᠡᠭᠦᠨ ᠳᠤᠷ ᠢᠨᠦ ᠯᠤᠧᠠᠨ ᠵᠧᠦ ᠪᠠᠶᠢᠮᠣᠢ᠂ ᠯᠤᠧᠠᠨ ᠾᠧ ᠭᠤᠣᠯ ᠤᠨ ᠨᠡᠷ᠎ᠠ ᠪᠠᠷ ᠨᠡᠷᠡᠶᠢᠳᠦᠭᠰᠡᠨ ᠠᠵᠤᠭᠤ᠃ | ᠲᠠᠬᠢᠨ ᠮᠦᠨ ᠮᠦᠸᠧ ᠳ᠋ᠦ᠋ ᠯᠢᠩ ᠳᠠᠪᠠᠭᠠᠨ ᠢ ᠦᠩᠭᠡᠷᠡᠬᠦ ᠪᠦᠯᠦᠭᠡ᠂ ᠶᠡᠷᠤ ᠳᠤᠷ ᠢᠶᠠᠨ ᠪᠠᠰᠠ ᠳ᠋ᠦ᠋ ᠶᠦᠨ ᠯᠢᠩ ᠳᠠᠪᠠᠭᠠᠨ | ᠬᠡᠮᠡᠮᠦᠢ᠂ ᠬᠤᠷᠢ ᠰᠢᠬᠠᠮ ᠭᠠᠵᠠᠷ ᠦᠷᠭᠦᠯᠵᠢᠯᠡᠭᠰᠡᠨ ᠠᠵᠤᠭᠤ᠃ ᠳᠠᠬᠢᠨ ᠴᠣᠭᠤᠷ ᠨᠣᠭᠤᠭ᠎ᠠ ᠳᠠᠪᠠᠭᠠᠨ ᠢ ᠭᠠᠷᠴᠤ ᠳᠠᠯᠠᠨ | ᠭᠠᠵᠠᠷ ᠶᠠᠪᠤᠪᠠᠰᠤ ᠤᠳᠠ ᠭᠤᠣᠯ᠂ ᠬᠦᠷᠢᠶ᠎ᠠ ᠭᠤᠣᠯ ᠲᠣᠯᠳᠠᠭ᠃ ᠬᠦᠷᠢᠶ᠎ᠡ ᠭᠤᠣᠯ ᠤᠨ ᠪᠠᠷᠠᠭᠤᠨ ᠬᠤᠶᠢᠨ᠎ᠠ ᠲᠡᠮᠦᠷ | ᠰᠢᠷᠭᠠᠭᠠᠨ ᠠᠭᠰᠠᠨ ᠪᠦᠧᠧᠬᠠᠢ ᠬᠦᠮᠦᠨ ᠰᠠᠭᠤᠷᠢᠰᠢᠨ ᠠᠵᠤᠭᠤ᠃ ᠭᠤᠣᠯ ᠤᠨ ᠬᠡᠪᠡᠯᠢ ᠶᠢᠨ ᠡᠯᠡᠰᠦ ᠬᠠᠶᠢᠷ ᠠᠴᠠ ᠲᠡᠮᠤᠷ | ᠢᠯᠭᠠᠷᠠᠭᠤᠯᠳᠠᠭ ᠪᠦᠯᠦᠭᠡ᠃ ᠪᠦᠧᠧᠬᠠᠢ ᠬᠥᠮᠥᠨ ᠤ ᠵᠠᠩᠰᠢᠯ ᠠᠨᠤ ᠵᠢᠯ ᠪᠦᠷᠢ ᠲᠤᠭᠳᠠᠭᠰᠠᠨ ᠡᠳᠦᠷ ᠬᠤᠷᠠᠨ ᠴᠤᠭᠯᠠᠷᠠᠵᠤ | ᠨᠠᠶᠢᠷᠯᠠᠯᠳᠤᠨ ᠬᠦᠭᠡᠷᠤᠯᠳᠦᠳᠡᠭ᠃ ᠲᠡᠳᠡᠨ ᠳᠠᠭᠤᠯᠠᠨ ᠪᠦᠵᠢᠭᠯᠡᠬᠦᠢ ᠳᠤᠷ ᠴᠢᠳᠠᠮᠠᠭᠠᠢ᠃ ᠬᠡᠳᠦᠨ ᠦᠶ᠎ᠡ ᠬᠠᠮᠲᠤ | ᠴᠤᠭᠯᠠᠷᠠᠬᠤᠢ ᠳᠤᠷ ᠡᠮᠡᠭᠳᠡᠶᠢᠴᠣᠳ ᠳᠠᠭᠠᠯᠴᠠᠨ ᠬᠠᠷᠢᠯᠴᠠᠨ ᠳᠠᠭᠤᠯᠠᠯᠳᠤᠨ ᠡᠷᠭᠢᠯᠳᠦᠨ ᠪᠦᠵᠢᠭᠯᠡᠳᠡᠭ᠂ ᠡᠭᠦᠨ ᠢ | ᠬᠤᠯᠪᠣᠯᠴᠠᠨ ᠪᠦᠵᠢᠭᠯᠡᠬᠦ ᠬᠡᠮᠡᠳᠡᠭ᠃ ᠰᠠᠭᠤᠬᠤ ᠦᠷᠦᠭᠡ ᠰᠠᠭᠤᠴᠠ ᠬᠡᠮᠡᠪᠡᠰᠦ ᠬᠠᠶᠠᠭᠠᠨ ᠤ ᠬᠠᠨ᠎ᠠ ᠶᠢ ᠨᠦᠬᠡᠯᠡᠨ ᠡᠭᠦᠳᠡ | ᠴᠣᠩᠬᠤ ᠭᠠᠷᠭᠠᠭᠰᠠᠨ ᠪᠦᠯᠦᠭᠡ᠃ ᠳᠠᠯᠠᠨ ᠭᠠᠵᠠᠷ ᠦᠷᠬᠦᠯᠵᠢᠯᠡᠭᠰᠡᠨ ᠰᠦᠩ ᠲᠢᠩ ᠯᠢᠩ ᠳᠠᠪᠠᠭᠠᠨ ᠤ ᠪᠡᠷᠬᠡ ᠪᠠᠷᠳᠠᠭᠠᠨ ᠢ | ᠲᠤᠭᠤᠯᠪᠠᠰᠣ ᠦᠢᠯᠡᠳᠭᠡᠯ ᠤᠨ ᠠᠶᠢᠮᠠᠭ ᠲᠤᠷ ᠬᠦᠷᠴᠦᠬᠦᠢ᠃ ᠲᠡᠳᠡ ᠵᠠᠭᠤ ᠭᠠᠷᠤᠢ ᠬᠠᠷᠢᠶᠠᠳᠤ ᠡᠷᠦᠬᠡ ᠪᠦᠬᠦᠢ | ᠬᠦᠷᠢᠶᠡᠨ ᠳᠤᠷ ᠠᠵᠤ ᠲᠥᠷᠥᠮᠦᠢ᠃ ᠰᠤᠨᠳᠤᠤᠯᠠ ᠶᠢ ᠭᠦᠷᠦᠵᠦ ᠰᠢᠪᠡᠭᠡ ᠬᠢᠨ ᠲᠡᠮᠦᠷ ᠢ ᠲᠠᠪᠳᠠᠵᠤ ᠴᠡᠷᠢᠭ ᠤᠨ ᠵᠡᠪᠰᠡᠭ | ᠦᠢᠯᠡᠳᠬᠦ ᠪᠦᠯᠦᠭᠡ᠃ ᠵᠡᠭᠦᠨ ᠡᠮᠦᠨᠡᠰᠢ ᠲᠠᠪᠢᠨ ᠭᠠᠵᠠᠷ ᠵᠠᠮᠨᠠᠪᠠᠰᠤ ᠨᠢᠦ ᠱᠠᠨ ᠠᠭᠤᠯᠠᠨ ᠤ ᠬᠦᠷᠢᠶᠡᠨ ᠳᠤᠷ ᠤᠴᠢᠮᠣᠢ᠃ | ᠨᠠᠶᠠᠨ ᠭᠠᠵᠠᠷ ᠶᠠᠪᠤᠪᠠᠰᠤ ᠪᠤᠭᠤᠲᠤ ᠬᠠᠪᠴᠢᠯ ᠤᠨ ᠬᠦᠷᠢᠶᠡᠨ ᠪᠣᠯᠤᠮᠤᠢ᠃ ᠮᠡᠯᠡᠬᠡᠢ ᠳᠠᠪᠠᠭᠠᠨ ᠢ ᠦᠩᠭᠡᠷᠡᠨ ᠶᠡᠷᠡᠨ | ᠭᠠᠵᠠᠷ ᠲᠤᠷ ᠲᠢᠶᠧ ᠵᠢᠶᠠᠩ ᠭᠤᠧᠠᠨ ᠬᠦᠷᠢᠶᠡᠨ ᠪᠣᠯᠤᠮᠤᠢ᠃ ᠱᠢ ᠽᠢ ᠯᠢᠩ ᠴᠢᠯᠠᠭᠤᠲᠤ ᠳᠠᠪᠠᠭᠠᠨ ᠢ ᠦᠩᠭᠡᠷᠡᠪᠡᠰᠦ | ᠡᠭᠦᠨ ᠠᠴᠠ ᠡᠬᠢᠯᠡᠨ ᠠᠯᠭᠤᠷ ᠢᠶᠠᠷ ᠠᠭᠤᠯᠠᠨ ᠠᠴᠠ ᠭᠠᠷᠤᠮᠤᠢ᠃ ᠳᠠᠯᠠᠨ ᠭᠠᠵᠠᠷ ᠵᠠᠮᠨᠠᠪᠠᠰᠤ ᠹᠦ᠋ ᠢᠦᠢ ᠭᠤᠧᠠᠨ | ᠬᠦᠷᠢᠶᠡᠨ ᠳᠤᠷ ᠬᠦᠷᠦᠮᠦᠢ᠂ ᠰᠠᠭᠤᠭᠠᠯᠢ ᠢᠷᠭᠡᠳ ᠢᠨᠦ ᠳᠡᠷᠭᠡ ᠦᠢᠯᠡᠳᠦᠭᠴᠢ ᠪᠦᠯᠦᠭᠡ᠃ ᠪᠦᠧᠧᠬᠠᠢ ᠬᠦᠮᠦᠨ ᠤ | ᠨᠤᠲᠤᠭ ᠠᠴᠠ ᠢᠨᠦ ᠴᠢᠭᠡ ᠵᠡᠭᠦᠨᠰᠢ ᠪᠠᠷᠠᠭᠠᠯᠠᠪᠠᠰᠤ ᠮᠠ ᠶᠦᠨ ᠱᠠᠨ ᠠᠭᠤᠯᠠ ᠬᠡᠮᠡᠭᠴᠢ ᠬᠡᠮᠡᠮᠦ᠃ ᠠᠭᠤᠯᠠᠨ ᠳᠤᠷ | ᠠᠷᠢᠶᠠᠳᠠᠨ ᠠᠮᠢᠳᠠᠨ ᠤᠯᠠᠨ᠂ ᠮᠣᠳᠤ ᠰᠢᠭᠤᠢ ᠡᠯᠪᠡᠭ ᠠᠵᠤᠭᠤ᠃ ᠤᠯᠤᠰ ᠤᠨ ᠡᠵᠡᠨ ᠢᠨᠦ ᠡᠨᠡ ᠠᠭᠤᠯᠠᠨ ᠳᠤᠷ | ᠬᠤᠮᠤᠷᠭᠠᠯᠠᠨ ᠠᠪᠠᠯᠠᠳᠠᠭ ᠪᠦᠯᠦᠭᠡ᠃ ᠪᠠᠰᠠ ᠨᠠᠶᠠᠨ ᠭᠠᠵᠠᠷ ᠠᠶᠠᠯᠠᠪᠠᠰᠤ ᠲᠦᠩ ᠲᠢᠶᠠᠨ ᠭᠤᠧᠠᠨ ᠬᠦᠷᠢᠶᠡᠨ ᠳᠤᠷ | ᠲᠤᠯᠤᠮᠤᠢ᠃ ᠬᠤᠷᠢᠨ ᠭᠠᠵᠠᠷ ᠪᠣᠯᠪᠠᠰᠤ ᠳᠣᠮᠳᠠᠳᠤ ᠨᠡᠶᠢᠰᠯᠡᠯ ᠳ᠋ᠠ ᠳ᠋ᠢᠩ ᠹᠦ᠋ ᠬᠤᠲᠠᠨ ᠪᠣᠯᠤᠮᠤᠢ᠃ ᠬᠤᠳᠠ ᠶᠢᠨ | ᠶᠤᠭᠤᠷᠭᠠ ᠬᠡᠷᠡᠮᠢᠨᠦ ᠪᠣᠭᠤᠨᠢ᠂ ᠡᠷᠭᠢᠨ ᠲᠤᠭᠤᠷᠢᠨ ᠲᠦᠷᠪᠡᠬᠡᠨ ᠭᠠᠵᠠᠷ᠂ ᠴᠦᠮ ᠭᠠᠭᠴᠠᠬᠠᠨ ᠡᠭᠦᠳᠡ ᠲᠠᠢ ᠬᠤᠶᠠᠷ | ᠳᠠᠪᠬᠤᠷᠯᠢᠭ ᠭᠡᠷ ᠣᠷᠣᠴᠠ ᠲᠠᠢ᠂ ᠲᠡᠭᠲᠦ ᠬᠡᠮᠡᠨ ᠦᠯᠦ ᠪᠠᠶᠢᠭᠤᠯᠵᠤᠬᠤᠢ᠃ ᠡᠮᠦᠨ᠎ᠠ ᠡᠭᠦᠳᠡ ᠶᠢ ᠳᠡᠯᠭᠡᠷᠡᠬᠦ ᠵᠣᠨ ᠬᠡᠮᠡᠨ | ᠳᠠᠭᠤᠳᠠᠮᠣᠢ᠂ ᠡᠭᠦᠳᠡᠨ ᠤ ᠳᠣᠳᠤᠭᠠᠳᠤ ᠳᠤᠷ ᠵᠠᠮ ᠬᠠᠪᠴᠢᠨ ᠶᠠᠪᠠᠭᠠᠨ ᠭᠤᠳᠤᠮ ᠪᠠᠢᠵᠤ᠂ ᠵᠡᠭᠡᠯᠢ ᠶᠢᠨ ᠡᠭᠦᠳᠡ ᠤᠯᠠᠨ᠂ | ᠪᠠᠰᠠ ᠬᠤᠳᠠᠯᠳᠤᠭᠠᠨ ᠤ ᠲᠠᠪᠬᠤᠷᠯᠢᠭ ᠭᠡᠷ ᠢᠨᠦ ᠲᠦᠷᠪᠡᠨ ᠠᠵᠤᠭᠤ᠂ ᠲᠣᠰᠪᠣᠷᠢ ᠲᠢᠶᠠᠨ ᠹᠠᠩ᠂ ᠳ᠋ᠠ ᠴᠢᠦᠢ᠂ ᠲᠦᠩ | ᠬᠤᠧᠠᠨ᠂ ᠸᠠᠩ ᠴᠢᠦᠧᠡᠢ ᠬᠡᠮᠡᠮᠦ᠃ ᠳᠠᠷᠠᠭᠠᠯᠠᠪᠠᠰᠤ ᠳ᠋ᠠ ᠲᠦᠩ ᠭᠤᠧᠠᠨ ᠬᠦᠷᠢᠶᠡᠨ ᠪᠣᠯᠣᠮᠣᠢ᠃ ᠬᠤᠶᠢᠳᠤ ᠡᠭᠦᠳᠡ ᠶᠢ | ᠢᠨᠦ ᠶᠠᠩ ᠳ᠋ᠧ ᠴᠠᠩ ᠾᠧ ᠬᠡᠮᠡᠮᠦᠢ᠃ ᠬᠤᠳᠠ ᠶᠢᠨ ᠳᠣᠳᠤᠷ᠎ᠠ ᠪᠠᠷᠠᠭᠤᠨ ᠡᠮᠦᠨ᠎ᠠ ᠵᠣᠪᠬᠢᠰ ᠤᠨ ᠲᠣᠪᠤᠴᠠᠭ ᠲᠡᠭᠡᠷ᠎ᠠ | ᠰᠦᠮ᠎ᠠ ᠬᠡᠢᠳ ᠠᠮᠣᠢ᠃ ᠬᠤᠳᠠ ᠵᠢᠨᠡᠮᠦᠨᠡᠬᠢ ᠵᠢᠮᠢᠰ ᠤᠨ ᠬᠦᠷᠢᠶᠡᠯᠡᠩ ᠪᠣᠯᠪᠠᠰᠤ ᠬᠤᠷᠢᠮᠯᠠᠯᠳᠤᠨ ᠨᠠᠶᠢᠷᠯᠠᠯᠳᠤᠨ | ᠬᠠᠷᠪᠣᠯᠳᠤᠨ ᠴᠡᠩᠬᠡᠯᠳᠦᠬᠦ ᠤᠷᠤᠨ ᠪᠣᠯᠠᠢ᠃ | ᠮᠣᠯᠳᠤᠰᠢ ᠬᠠᠭᠠᠯᠭᠠᠨ ᠢ ᠦᠩᠭᠡᠷᠡᠪᠡᠰᠦ ᠳᠠᠷᠤᠢ ᠬᠠᠷᠢ ᠤᠯᠤᠰ ᠤᠨ ᠬᠢᠵᠠᠭᠠᠷ ᠪᠣᠶᠤ᠃ ᠢᠷᠭᠡᠳ ᠢᠨᠦ ᠡᠪᠡᠰᠦᠨ | ᠤᠪᠣᠬᠠᠢ ᠮᠣᠳᠤᠨ ᠭᠡᠷ ᠲᠤᠷ ᠰᠠᠭᠤᠮᠤᠢ᠃ ᠮᠦᠨ ᠲᠠᠷᠢᠶᠠᠯᠠᠩ ᠢ ᠦᠢᠯᠡᠳᠬᠦ ᠪᠣᠯᠪᠠᠴᠤ ᠪᠥᠰ ᠪᠠᠷᠠᠭ᠎ᠠ ᠨᠡᠬᠡᠨ ᠪᠣᠳᠤᠬᠤ | ᠦᠢᠯᠡ ᠶᠢ ᠦᠯᠦ ᠡᠷᠬᠢᠯᠡᠮᠦᠢ᠃ ᠯᠦᠩ ᠱᠠᠩ ᠳᠤᠷ ᠲᠠᠷᠢᠶᠠᠯᠠᠬᠤ ᠪᠦᠯᠦᠭᠡ᠃ ᠨᠡᠶᠢᠳᠡᠮ ᠢᠶᠠᠷ ᠬᠡᠶᠢᠰᠬᠦ ᠡᠯᠡᠰᠦᠨ ᠳᠤᠷ | ᠲᠠᠷᠤᠭᠳᠠᠬᠤ ᠠᠵᠤᠭᠤ᠃ ᠠᠭᠯᠠᠭ ᠠᠭᠤᠯᠠᠨ ᠳᠤᠷ ᠨᠠᠷᠠᠰᠤ ᠴᠡᠯᠭᠡᠷᠡᠨ᠂ ᠬᠦᠨ ᠵᠢᠯᠠᠭᠠᠨ ᠳᠤᠷ ᠨᠡᠭᠦᠷᠡᠰᠦ ᠰᠢᠳᠠᠭᠠᠬᠤ ᠪᠠᠷ | ᠠᠳᠠᠯ ᠪᠣᠯᠭᠠᠮᠣᠢ᠃ ᠦᠬᠡᠷ᠂ ᠠᠳᠤᠭᠤ᠂ ᠲᠡᠮᠡᠭᠡ ᠮᠡᠳᠦ ᠶᠢᠨ ᠮᠠᠯ ᠰᠦᠷᠦᠭ ᠲᠤᠵᠢ ᠬᠠᠷᠠᠭᠳᠠᠨ᠂ ᠢᠮᠠᠭᠠᠨ ᠭᠦᠷᠦᠭᠡᠰᠦ᠂ | ᠰᠢᠷ᠎ᠠ ᠪᠣᠳᠤᠩ ᠲᠡᠷᠢᠭᠦᠲᠡᠨ ᠠᠩ ᠭᠦᠷᠦᠭᠡ ᠣᠨᠴᠠ ᠡᠯᠪᠡᠭ ᠠᠵᠤᠭᠤ᠃ ᠮᠦᠨ ᠴᠦᠷᠬᠦᠯᠡᠭᠰᠡᠨ ᠤᠨᠤᠭ᠎ᠠ ᠬᠦᠰᠭᠡ | ᠬᠠᠷᠠᠭᠳᠠᠨ᠂ ᠡᠪᠡᠰᠦᠨ ᠤ ᠰᠤᠷᠭᠤᠭ ᠤᠰᠤᠨ ᠤ ᠲᠣᠩᠭᠠᠯᠠᠭ ᠢ ᠲᠠᠭᠠᠨ ᠠᠪᠠᠯᠠᠨ ᠶᠠᠪᠤᠮᠤᠢ᠃ ᠰᠢᠩᠭᠡᠨ ᠪᠣᠳᠠᠭ᠎ᠠ᠂ | ᠬᠠᠭᠤᠷᠤᠭᠰᠠᠨ ᠠᠮᠣ ᠪᠠᠷ ᠬᠦᠨᠡᠰᠦᠨ ᠪᠣᠯᠭᠠᠳᠠᠭ ᠠᠵᠤᠭᠤ᠃ | ᠵᠡᠭᠦᠯᠳᠡ᠄ ᠰᠦᠩ ᠤᠯᠤᠰ ᠤᠨ ᠳ᠋ᠠ ᠵᠦᠩ ᠰᠢᠶᠠᠩ ᠹᠦ᠋ ᠶᠢᠨ ᠳᠠᠪᠤᠳᠤᠭᠠᠷ ᠤᠨ ︵1012 ᠤᠨ︶ ᠳᠤ ᠸᠠᠩ ᠽᠧᠩ | ᠭᠤᠣᠯᠯᠠᠨ ᠢᠯᠭᠠᠭᠴᠢ ᠲᠦᠰᠢᠮᠡᠯ ᠪᠣᠯᠵᠤ ᠵᠠᠷᠯᠢᠭ ᠢ ᠤᠬᠠᠭᠤᠯᠬᠤ ᠪᠠᠷ ᠭᠢᠳᠡᠨ ᠤᠯᠤᠰ ᠤᠨ ᠡᠵᠡᠨ ᠤ ᠲᠦᠷᠦᠭᠰᠡᠨ | ᠡᠳᠦᠷ ᠲᠤ ᠪᠠᠶᠠᠷ ᠬᠦᠷᠭᠡᠬᠦ ᠡᠯᠴᠢᠨ ᠢᠶᠠᠷ ᠲᠣᠮᠳᠠᠳᠤ ᠨᠡᠶᠢᠰᠯᠡᠯ ᠳᠤ ᠢᠷᠡᠭᠰᠡᠨ ᠪᠠᠶᠢᠳᠠᠭ᠃ ᠰᠦᠩ ᠤᠯᠤᠰ ᠲᠤ ᠪᠠᠨ | ᠪᠣᠴᠠᠭᠰᠠᠨ ᠠᠴᠠ ᠰᠡᠭᠦᠯᠡᠷ ︽ᠬᠢᠳᠡᠨ ᠳᠤᠷ ᠤᠴᠢᠭᠰᠠᠨ ᠤᠴᠢᠷ︾ ᠢᠶᠠᠨ ᠪᠢᠴᠢᠵᠡᠢ᠂ ᠪᠠᠰᠠ ︽ᠸᠠᠩ ᠢ ᠭᠦᠩ ᠤᠨ | ᠠᠶᠠᠯᠠᠭᠰᠠᠨ ᠲᠡᠮᠳᠡᠭᠯᠡᠯ︾ ᠬᠡᠮᠡᠳᠡᠭ᠃ | |