| ᠬᠦᠷᠡᠯ ᠬᠤᠣᠰ ᠰᠡᠯᠡᠮ᠎ᠡ ᠶᠢᠨ ᠬᠤᠢ ᠪᠠ ᠣᠬᠤᠷ ᠰᠡᠯᠡᠮ᠎ᠡ ︵ ᠪᠠᠷᠠᠭᠤᠨ ᠵᠸᠤ ᠶᠢᠨ ᠰᠡᠭᠦᠯᠴᠢ — ᠴᠦᠨ | ᠴᠢᠦ ᠦᠶ᠎ᠡ ᠶᠢᠨ ᠡᠷᠲᠡᠨ ᠤ ᠦᠶ᠎ᠡ ︶ ᠣᠬᠤᠷ ᠰᠡᠯᠡᠮ᠎ᠡ ᠶᠢᠨ ᠤᠷᠲᠤ ᠨᠢ 36.8 ᠰᠡᠨᠲ᠋ᠢᠮᠧᠲᠷ᠂ ᠪᠠᠷᠢᠭᠤᠯ ᠤᠨ | ᠣᠷᠳᠣ ᠨᠢ 11.5 ᠰᠡᠨᠲ᠋ᠢᠮᠧᠲᠷ᠂ ᠦᠷᠭᠡᠨ ᠨᠢ 5.3 ᠰᠡᠨᠲ᠋ᠢᠮᠧᠲᠷ᠂ ᠰᠡᠯᠡᠮ᠎ᠡ ᠶᠢᠨ ᠬᠤᠢ ᠨᠢ 39.8 ᠰᠡᠨᠲ᠋ᠢᠮᠧᠲᠷ | ᠂ ᠬᠤᠶᠠᠷ ᠬᠤᠢ ᠶᠢᠨ ᠥᠷᠭᠡᠨ ᠨᠢ ᠴᠦᠮ 9 ᠰᠡᠨᠲ᠋ᠢᠮᠧᠲᠷ᠃ ᠤᠷᠳᠤ ᠤᠬᠤᠷ ᠨᠢ ᠠᠳᠠᠯᠢ ᠪᠣᠰᠤ ᠬᠤᠶᠠᠷ ᠰᠡᠯᠡᠮ᠎ᠡ | ᠬᠤᠭᠤᠷᠤᠨᠳᠤ ᠪᠠᠨ ᠵᠠᠯᠭᠠᠯᠳᠤᠵᠤ᠂ ᠡᠮᠦᠨ᠎ᠡ ᠲᠠᠯ ᠠ ᠨᠢ ᠱᠣᠷᠤᠯᠵᠢᠨ ᠬᠡᠯᠪᠡᠷᠢᠲᠦ ᠬᠡ ᠤᠭᠠᠯᠵᠠ ᠰᠡᠶᠢᠯᠵᠦ᠂ | ᠠᠷᠤ ᠲᠠᠯ ᠠ ᠶᠢᠨ ᠬᠤᠶᠠᠷ ᠲᠠᠯ᠎ᠠ ᠳᠤ ᠲᠤᠰ ᠪᠦᠷᠢ ᠬᠤᠶᠠᠷ ᠵᠢᠵᠢᠭ ᠨᠦᠬᠡ ᠲᠠᠢ ᠠᠷᠠᠰᠤᠨ ᠪᠦᠰᠡ ᠪᠠᠶᠢᠵᠤ᠂ | ᠪᠦᠰᠡᠯᠡᠭᠦᠷ ᠳᠡᠭᠡᠷ᠎ᠡ ᠵᠡᠭᠦᠬᠦ ᠪᠠᠷ ᠵᠣᠬᠢᠶᠠᠭᠰᠠᠨ ᠪᠠᠶᠢᠨ᠎ᠠ ᠃ ᠬᠤᠢ ᠳᠤ ᠲᠤᠰ ᠪᠦᠷᠢ ᠤᠷᠲᠤ ᠣᠬᠤᠷ ᠨᠢ ᠠᠳᠠᠯᠢ | ᠪᠣᠰᠤ ᠬᠤᠶᠠᠷ ᠰᠡᠯᠡᠮ᠎ᠡ ᠳᠣᠭᠲᠤᠶᠢᠯᠠᠵᠤ᠂ ᠣᠳᠤ ᠵᠦᠪᠬᠡᠨ ᠤᠷᠲᠤ ᠨᠢᠭᠡ ᠨᠢ ᠦᠯᠡᠳᠡᠵᠦ ᠪᠠᠶᠢᠨ᠎ᠠ᠃ ᠲᠤᠰ | ᠰᠡᠯᠡᠮ᠎ᠡ ᠶᠢᠨ ᠬᠤᠢ ᠪᠣᠯᠣᠨ ᠣᠬᠤᠷ ᠰᠡᠯᠡᠮ᠎ᠡ ᠶᠢ ᠳᠠᠬᠢᠨᠲᠠ ᠢᠯᠡᠷᠡᠭᠦᠯᠦᠭᠰᠡᠨ ᠨᠢ ᠡᠷᠲᠡᠨ ᠤ ᠰᠣᠶᠣᠯ ᠢ | ᠰᠤᠳᠤᠯᠬᠤ ᠳᠤ ᠵᠣᠬᠢᠬᠤ ᠡᠷᠳᠡᠮ ᠰᠢᠨᠵᠢᠯᠡᠭᠡᠨ ᠤ ᠦᠨ᠎ᠡ ᠥᠷᠲᠡᠭ ᠲᠠᠢ ᠶᠤᠮ᠃ |