| 4 ᠰᠠᠷ᠎ᠠ ᠳᠤ ᠤᠯᠤᠰ ᠤᠨ ᠡᠵᠡᠮᠰᠢᠯ ᠤᠨ ᠣᠭᠲᠣᠯᠤᠭᠠᠰᠤ ᠬᠡᠰᠡᠭ ᠤᠨ ᠪᠥᠬᠦ ᠬᠦᠢᠴᠡᠳᠬᠡᠯ ᠲᠤᠭ᠎ᠠ ᠶᠢᠨ ᠬᠢᠨᠠᠨ | ᠬᠡᠮᠵᠢᠯᠲᠡ ᠶᠢᠨ ᠰᠠᠷ᠎ᠠ ᠳᠤ ᠂ ᠣᠨ ᠤ ᠤᠰᠤᠨ ᠤ ᠪᠣᠬᠢᠷᠲᠤᠯ ᠢ ᠰᠡᠷᠭᠡᠶᠢᠯᠡᠨ ᠵᠠᠰᠠᠬᠤ ᠬᠠᠷᠠᠯᠲᠠ ᠪᠠᠨ ᠪᠡᠶᠡᠯᠡᠭᠦᠯᠬᠦ ᠶᠢ | ᠪᠠᠲᠤᠯᠠᠬᠤ ᠶᠢᠨ ᠲᠥᠯᠥᠭᠡ᠂ ᠤᠯᠠᠭᠠᠨᠬᠠᠳᠠ ᠬᠤᠲᠠ ᠶᠢᠨ ᠠᠮᠢ ᠠᠬᠤᠶ ᠣᠷᠴᠢᠨ ᠲᠣᠭᠤᠷᠢᠨ ᠤ ᠲᠣᠪᠴᠢᠶ᠎ᠠ ᠶᠢᠨ ᠠᠤᠬᠠᠨ | ᠬᠤᠰᠢᠭᠤᠨ ᠳᠠᠬᠢ ᠬᠤᠪᠢᠶᠠᠷᠢ ᠲᠣᠪᠴᠢᠶ᠎ᠠ ᠬᠠᠷᠠᠯᠲᠠ ᠪᠠᠷ ᠤᠳᠤᠷᠢᠳᠤᠮᠵᠢ ᠪᠣᠯᠭᠠᠬᠤ ᠶᠢ ᠪᠠᠷᠢᠮᠲᠠᠯᠠᠵᠤ᠂ ᠣᠯᠠᠨ ᠵᠦᠢᠯ ᠤᠨ | ᠠᠷᠭ᠎ᠠ ᠬᠡᠮᠵᠢᠶ᠎ᠡ ᠶᠢ ᠵᠡᠷᠭᠡ ᠪᠠᠷ ᠬᠡᠷᠡᠭᠯᠡᠨ᠂ ᠭᠤᠤᠯᠳᠠᠯᠭ᠎ᠠ ᠲᠠᠢ ᠣᠭᠲᠣᠯᠤᠭᠠᠰᠤ ᠬᠡᠰᠡᠭ ᠤᠨ ᠤᠰᠤᠨ ᠤ ᠴᠢᠨᠠᠷ ᠢ | ᠲᠣᠭᠲᠠᠭᠤᠨ ᠢᠶᠠᠷ ᠪᠠᠷᠢᠮᠵᠢᠶ᠎ᠠ ᠳᠤ ᠬᠦᠷᠭᠡᠬᠦ ᠶᠢ ᠪᠠᠲᠤᠯᠠᠨ᠎ᠠ᠃ | ᠨᠢᠭᠡ᠂ ᠪᠦᠬᠦ ᠲᠠᠯ᠎ᠠ ᠪᠠᠷ ᠲᠣᠭᠤᠷᠢᠨ ᠪᠠᠶᠢᠴᠠᠭᠠᠵᠤ᠂ ᠥᠨᠴᠥᠭ ᠪᠤᠯᠤᠩ ᠦᠯᠡᠳᠡᠭᠡᠬᠦ ᠦᠭᠡᠢ | ᠪᠥᠬᠦ ᠲᠠᠯ᠎ᠠ ᠶᠢᠨ᠂ ᠥᠨᠴᠥᠭ ᠪᠤᠯᠤᠩ ᠦᠯᠡᠳᠡᠭᠡᠬᠦ ᠥᠬᠡᠶ ᠵᠢᠭᠰᠠᠭᠠᠨ ᠪᠠᠶᠢᠴᠠᠭᠠᠬᠤ ᠠᠵᠢᠯ ᠤᠨ ᠱᠠᠭᠠᠷᠳᠠᠯᠭ᠎ᠠ | ᠶᠣᠰᠣᠭᠠᠷ᠂ ᠠᠤᠬᠠᠨ ᠬᠤᠰᠢᠭᠤᠨ ᠳᠠᠬᠢ ᠬᠤᠪᠢᠶᠠᠷᠢ ᠲᠣᠪᠴᠢᠶ᠎ᠠ ᠶᠢᠨ ᠵᠣᠬᠢᠶᠠᠨ ᠪᠠᠶᠢᠭᠤᠯᠤᠨ ᠬᠠᠮᠢᠶᠠᠷᠬᠤ᠂ ᠬᠢᠨᠠᠨ ᠬᠡᠮᠵᠢᠬᠦ᠂ | ᠬᠠᠤᠯᠢ ᠬᠡᠷᠡᠭᠵᠢᠭᠦᠯᠬᠦ ᠬᠠᠮᠲᠤᠷᠠᠭᠰᠠᠨ ᠪᠠᠶᠢᠭ᠎ᠠ ᠭᠠᠵᠠᠷ ᠤᠨ ᠰᠢᠶᠠᠩ ᠪᠠᠯᠭᠠᠰᠤᠨ ᠤ ᠵᠠᠰᠠᠭ ᠤᠨ ᠣᠷᠳᠣᠨ᠂ ᠯᠣᠣ ᠬᠤ᠋ ᠱᠠᠨ | ᠾᠧ ᠭᠤᠤᠯ ᠤᠨ ᠯᠣᠣ ᠬᠤ᠋ ᠱᠠᠨ ᠶᠡᠭᠡ ᠬᠥᠭᠦᠷᠭᠡ ᠶᠢᠨ ᠣᠭᠲᠣᠯᠤᠭᠠᠰᠤ᠂ ᠯᠤᠤᠬ᠎ᠠ ᠶᠢᠨ ᠭᠤᠤᠯ ᠤᠨ ᠳ᠋ᠦᠩ ᠱᠠᠨ ᠸᠠᠨ | ᠶᠡᠭᠡ ᠬᠥᠭᠦᠷᠭᠡ ᠶᠢᠨ ᠣᠭᠲᠣᠯᠤᠭᠠᠰᠤ ᠬᠡᠰᠡᠭ ᠤᠨ ᠲᠤᠬᠠᠶ ᠶᠢᠨ ᠲᠠᠯᠠᠪᠠᠶ ᠶᠢ ᠲᠣᠭᠤᠷᠢᠨ ᠪᠠᠶᠢᠴᠠᠭᠠᠬᠤ ᠠᠵᠢᠯ ᠢ | ᠭᠤᠤᠯᠳᠠᠯᠭ᠎ᠠ ᠲᠠᠢ ᠥᠷᠨᠢᠭᠦᠯᠪᠡ᠃ ᠲᠣᠭᠤᠷᠢᠨ ᠪᠠᠶᠢᠴᠠᠭᠠᠬᠤ ᠳᠤᠮᠳᠠ ᠣᠯᠵᠤ ᠮᠡᠳᠡᠭᠰᠡᠨ ᠭᠤᠣᠯ ᠤᠨ ᠵᠠᠮ ᠤᠨ ᠬᠤᠭ | ᠨᠣᠪᠰᠢ ᠵᠡᠷᠭᠡ ᠠᠰᠠᠭᠤᠳᠠᠯ ᠢ ᠰᠢᠶᠠᠩ ᠪᠠᠯᠭᠠᠰᠤ ᠠᠴᠠ ᠲᠤᠰᠬᠠᠶ ᠬᠥᠮᠦᠨ ᠲᠣᠮᠢᠯᠠᠨ ᠴᠡᠪᠡᠷᠯᠡᠵᠦ᠂ ᠤᠰᠤᠨ ᠤ ᠴᠢᠨᠠᠷ ᠤᠨ | ᠠᠮᠤᠷ ᠲᠦᠪᠰᠢᠨ ᠢ ᠦᠨᠡᠨᠬᠦ ᠪᠠᠲᠤᠯᠠᠬᠤ ᠬᠡᠷᠡᠭᠲᠡᠶ᠃ | ᠬᠤᠶᠠᠷ᠂ ᠬᠢᠨᠠᠨ ᠬᠡᠮᠵᠢᠬᠦ ᠶᠢ ᠥᠷᠨᠢᠭᠦᠯᠵᠦ᠂ ᠴᠠᠭ ᠲᠤᠬᠠᠶ ᠳᠤᠨᠢ ᠰᠡᠷᠡᠮᠵᠢᠯᠡᠭᠦᠯᠬᠦ ᠬᠡᠷᠡᠭᠲᠡᠶ | ᠲᠣᠭᠤᠷᠢᠨ ᠪᠠᠶᠢᠴᠠᠭᠠᠬᠤ ᠶᠠᠪᠤᠴᠠ ᠳᠤ ᠣᠭᠲᠣᠯᠤᠭᠠᠰᠤ ᠬᠡᠰᠡᠭ ᠤᠨ ᠵᠡᠷᠭᠡᠪᠡᠷ ᠦᠯᠢᠭᠡᠷ ᠠᠪᠴᠤ ᠰᠢᠯᠭᠠᠨ ᠪᠠᠶᠢᠴᠠᠭᠠᠵᠤ | ᠂ ᠭᠠᠵᠠᠷ ᠳᠡᠭᠡᠷᠡᠬᠢ ᠤᠰᠤᠨ ᠤ ᠴᠢᠨᠠᠷ ᠤᠨ ᠬᠤᠪᠢᠷᠠᠯᠲᠠ ᠶᠢᠨ ᠬᠠᠨᠳᠤᠰᠢ ᠶᠢ ᠴᠠᠭ ᠲᠤᠬᠠᠶ ᠳᠤᠨᠢ ᠡᠵᠡᠮᠳᠡᠪᠡ᠃ ᠤᠰᠤᠨ ᠤ | ᠣᠷᠴᠢᠨ ᠲᠣᠭᠤᠷᠢᠨ ᠤ ᠪᠠᠶᠢᠳᠠᠯ ᠢᠶᠠᠷ ᠳᠠᠮᠵᠢᠭᠤᠯᠤᠨ᠂ ᠰᠢᠨᠵᠢᠯᠡᠬᠦ ᠤᠬᠠᠭᠠᠨᠴᠢ ᠪᠠᠷ ᠰᠢᠢᠳᠪᠦᠷᠢᠲᠦ ᠪᠣᠳᠣᠯᠭ᠎ᠠ | ᠲᠣᠭᠲᠠᠭᠠᠬᠤ ᠳᠤ ᠬᠦᠴᠦᠨ ᠨᠡᠮᠡᠷᠢᠯᠡᠵᠦ᠂ ︽ᠨᠠᠷᠢᠯᠢᠭ ᠣᠨᠣᠴᠠᠲᠠᠶ ᠪᠠᠷ ᠪᠣᠬᠢᠷᠲᠤᠯ ᠢ ᠵᠠᠰᠠᠬᠤ︾ ᠴᠢᠳᠠᠪᠤᠷᠢ ᠪᠠᠨ | ᠳᠡᠭᠡᠭᠰᠢᠯᠡᠭᠦᠯᠵᠦ᠂ ᠨᠠᠷᠢᠯᠢᠭᠵᠢᠭᠤᠯᠤᠨ ᠬᠠᠮᠢᠶᠠᠷᠤᠨ ᠡᠵᠡᠮᠳᠡᠬᠦ ᠦᠷ᠎ᠡ ᠪᠦᠲᠦᠮᠵᠢ ᠳᠤ ᠦᠨᠡᠨ ᠬᠦ ᠬᠦᠷᠦᠭᠦᠯᠵᠦ᠂ | ᠣᠭᠲᠣᠯᠤᠭᠠᠰᠤ ᠬᠡᠰᠡᠭ ᠤᠨ ᠤᠰᠤᠨ ᠤ ᠴᠢᠨᠠᠷ ᠤᠨ ᠲᠣᠭᠲᠠᠭᠤᠨ ᠪᠠᠶᠢᠬᠤ ᠶᠢ ᠪᠠᠲᠤᠯᠠᠬᠤ ᠬᠡᠷᠡᠭᠲᠡᠶ᠃ | ᠭᠤᠷᠪᠠ᠂ ᠭᠤᠤᠯᠳᠠᠯᠭ᠎ᠠ ᠪᠠᠨ ᠲᠣᠪᠤᠶᠢᠯᠭᠠᠨ᠂ ᠬᠢᠨᠠᠯᠲᠠ ᠬᠠᠮᠢᠶᠠᠷᠤᠯᠲᠠ ᠪᠠᠨ ᠴᠢᠩᠭᠠᠳᠬᠠᠬᠤ ᠬᠡᠷᠡᠭᠲᠡᠶ | ᠭᠤᠣᠯ ᠴᠠᠭᠳᠠᠬᠤ ᠡᠭᠦᠷᠭᠡ ᠲᠠᠢ ᠤᠶᠠᠯᠳᠤᠭᠤᠯᠤᠨ᠂ ᠠᠤᠬᠠᠨ ᠬᠤᠰᠢᠭᠤᠨ ᠳᠠᠬᠢ ᠬᠤᠪᠢᠶᠠᠷᠢ ᠲᠣᠪᠴᠢᠶ᠎ᠠ ︽ᠳᠥᠷᠪᠡᠨ | ᠦᠭᠡᠢ ᠬᠤᠶᠠᠷ ᠰᠢᠭᠤᠳ︾ ᠬᠡᠯᠪᠡᠷᠢ ᠪᠠᠷ ᠣᠭᠲᠣᠯᠤᠭᠠᠰᠤ ᠬᠡᠰᠡᠭ ᠤᠨ ᠡᠷᠬᠢᠨ ᠲᠣᠭᠤᠷᠢᠨ ᠤ ᠪᠣᠬᠢᠷ ᠤᠰᠤ ᠰᠢᠢᠳᠪᠦᠷᠢᠯᠡᠬᠦ | ᠥᠷᠲᠡᠭᠡ᠂ ᠭᠤᠤᠯ ᠤᠷᠤᠭᠤ ᠪᠣᠬᠢᠷᠲᠤᠯ ᠭᠠᠳᠠᠭᠰᠢᠯᠠᠭᠤᠯᠬᠤ ᠠᠮᠠ ᠵᠡᠷᠭᠡ ᠭᠤᠤᠯ ᠳᠠᠭᠠᠤ ᠤᠰᠤ ᠲᠠᠢ ᠬᠤᠯᠪᠣᠭᠳᠠᠭᠰᠠᠨ | ᠠᠵᠤ ᠦᠢᠯᠡᠳᠪᠦᠷᠢ ᠶᠢᠨ ᠠᠵᠤ ᠠᠬᠤᠶᠢᠯᠠᠯ ᠳᠤ ᠭᠡᠨᠡᠳᠲᠡ ᠶᠢᠨ ᠪᠠᠶᠢᠴᠠᠭᠠᠯᠲᠠ ᠬᠢᠪᠡ᠃ ᠤᠰᠤᠨ ᠳᠤ ᠬᠤᠯᠪᠣᠭᠳᠠᠭᠰᠠᠨ | ᠠᠵᠤ ᠠᠬᠤᠶᠢᠯᠠᠯ ᠤᠨ ᠬᠠᠶᠠᠭᠳᠠᠮᠠᠯ ᠤᠰᠤ ᠭᠠᠷᠭᠠᠬᠤ᠂ ᠰᠢᠢᠳᠪᠦᠷᠢᠯᠡᠬᠦ᠂ ᠡᠷᠭᠢᠯᠳᠦᠭᠦᠯᠦᠨ ᠠᠰᠢᠭᠯᠠᠬᠤ᠂ | ᠭᠠᠳᠠᠭᠰᠢᠯᠠᠭᠤᠯᠬᠤ ᠬᠡᠮᠵᠢᠶ᠎ᠡ᠂ ᠭᠠᠳᠠᠭᠰᠢᠯᠠᠭᠤᠯᠬᠤ ᠴᠢᠭᠯᠡᠯ ᠵᠡᠷᠭᠡ ᠲᠠᠯ᠎ᠠ ᠳᠤ ᠭᠤᠤᠯᠳᠠᠯᠭ᠎ᠠ ᠲᠠᠢ ᠶᠡᠷᠦᠩᠬᠡᠶᠢᠯᠡᠭᠰᠡᠨ | ᠪᠡᠶ᠎ᠡ ᠶᠢᠨ ᠪᠠᠶᠢᠴᠠᠭᠠᠯᠲᠠ ᠬᠢᠵᠦ᠂ ᠪᠣᠷᠣᠭᠠᠨ ᠤ ᠤᠰᠤ ᠶᠢ ᠬᠤᠯᠠᠭᠠᠶᠢᠯᠠᠨ ᠭᠠᠳᠠᠭᠰᠢᠯᠠᠭᠤᠯᠬᠤ᠂ ᠰᠢᠭᠤᠳ | ᠭᠠᠳᠠᠭᠰᠢᠯᠠᠭᠤᠯᠬᠤ ᠪᠤᠶᠤ ᠪᠣᠷᠣᠭᠠᠨ ᠤ ᠤᠰᠤ ᠶᠢ ᠠᠰᠢᠭᠯᠠᠬᠤ᠂ ᠤᠰᠤ ᠲᠠᠲᠠᠬᠤ ᠬᠥᠭᠡᠷᠭᠡ ᠵᠡᠷᠭᠡ ᠪᠣᠬᠢᠷ ᠪᠣᠳᠠᠰ | ᠭᠠᠳᠠᠭᠰᠢᠯᠠᠭᠤᠯᠬᠤ ᠬᠠᠤᠯᠢ ᠠᠴᠠ ᠵᠥᠷᠢᠴᠡᠭᠰᠡᠨ ᠦᠢᠯᠡ ᠠᠵᠢᠯᠯᠠᠭ᠎ᠠ ᠳᠤ ᠴᠢᠩᠭ᠎ᠠ ᠴᠣᠬᠢᠯᠲᠠ ᠥᠭᠬᠦ ᠬᠡᠷᠡᠭᠲᠡᠶ᠃ | ᠲᠠᠷᠠᠭᠠᠴᠢ ᠶᠢᠨ ᠠᠯᠬᠤᠮ ᠳᠤ᠂ ᠠᠤᠬᠠᠨ ᠬᠤᠰᠢᠭᠤᠨ ᠳᠠᠬᠢ ᠬᠤᠪᠢᠶᠠᠷᠢ ᠲᠣᠪᠴᠢᠶ᠎ᠠ ᠣᠭᠲᠣᠯᠤᠭᠠᠰᠤ ᠬᠡᠰᠡᠭ ᠤᠨ | ᠤᠰᠤᠨ ᠤ ᠴᠢᠨᠠᠷ ᠢ ᠪᠠᠲᠤᠯᠠᠬᠤ ᠡᠷᠴᠢᠮ ᠢᠶᠠᠨ ᠦᠷᠭᠦᠯᠵᠢᠯᠡᠨ ᠴᠢᠩᠭᠠᠳᠬᠠᠵᠤ᠂ ᠡᠯ᠎ᠡ ᠲᠠᠯ᠎ᠠ ᠶᠢᠨ ᠬᠦᠴᠦᠨ ᠵᠦᠢᠯ ᠢ ᠪᠥᠬᠦ | ᠲᠠᠯ᠎ᠠ ᠪᠠᠷ ᠨᠠᠷᠢᠯᠢᠭ ᠣᠨᠣᠴᠠᠲᠠᠶ ᠪᠠᠷ ᠵᠠᠳᠠᠯᠵᠤ᠂ ᠰᠢᠨᠵᠢᠯᠡᠬᠦ ᠤᠬᠠᠭᠠᠨᠴᠢ ᠪᠠᠷ ᠰᠤᠳᠤᠯᠤᠨ ᠮᠠᠭᠠᠳᠯᠠᠵᠤ᠂ | ᠬᠠᠷᠠᠯᠲᠠ ᠲᠠᠢ ᠪᠠᠷ ᠰᠤᠮᠤ ᠬᠠᠷᠪᠤᠵᠤ᠂ ᠤᠰᠤᠨ ᠤ ᠣᠷᠴᠢᠨ ᠲᠣᠭᠤᠷᠢᠨ ᠤ ᠶᠠᠰᠤ ᠴᠢᠨᠠᠷ ᠢ ᠦᠷᠭᠦᠯᠵᠢᠯᠡᠨ ᠲᠣᠭᠲᠠᠭᠤᠨ | ᠪᠠᠶᠢᠯᠭᠠᠬᠤ ᠶᠢ ᠦᠨᠡᠨ ᠬᠦ ᠪᠠᠲᠤᠯᠠᠨ᠎ᠠ᠃ |