ᠠᠤᠬᠠᠨ ᠬᠤᠰᠢᠭᠤ ᠭᠠᠮᠰᠢᠭ ᠢ ᠪᠠᠶᠢᠴᠠᠭᠠᠨ ᠭᠠᠮᠰᠢᠭ ᠠᠴᠠ ᠠᠪᠤᠷᠠᠬᠤ ᠠᠵᠢᠯ ᠢ ᠯᠠᠪᠳᠠᠭᠤᠨ ᠪᠠᠲᠤᠲᠠᠢ ᠥᠷᠨᠢᠭᠦᠯᠪᠡ
ᠨᠡᠶᠢᠲᠡᠯᠡᠭᠰᠡᠨ ᠴᠠᠭ᠄
2024/6/26
    ᠣᠶᠢᠷ᠎ᠠ ᠶᠢᠨ ᠬᠤᠭᠤᠴᠠᠭᠠᠨ ᠳᠤ᠂ ᠪᠥᠬᠦ ᠬᠤᠰᠢᠭᠤᠨ ᠤ ᠮᠥᠨᠳᠥᠷ᠂ ᠣᠬᠤᠷ ᠬᠤᠭᠤᠴᠠᠭᠠᠨ ᠤ ᠰᠢᠷᠦᠭᠦᠨ ᠪᠣᠷᠣᠭᠠᠨ ᠵᠡᠷᠭᠡ ᠪᠠᠶᠢᠭᠠᠯᠢ ᠶᠢᠨ ᠭᠠᠮᠰᠢᠭ ᠣᠯᠠᠨᠲᠠ ᠡᠭᠦᠰᠴᠦ᠂ ᠪᠥᠬᠦ ᠬᠤᠰᠢᠭᠤᠨ ᠤ ᠲᠠᠷᠢᠶᠠᠯᠠᠩ ᠦᠢᠯᠡᠳᠪᠦᠷᠢᠯᠡᠯ ᠳᠤ ᠬᠦᠨᠳᠦ ᠨᠣᠴᠢᠲᠠᠢ ᠬᠤᠬᠢᠷᠠᠯ ᠤᠴᠠᠷᠠᠭᠤᠯᠤᠭᠰᠠᠨ ᠪᠥᠭᠡᠳ ᠭᠠᠮᠰᠢᠭᠳᠠᠭᠰᠠᠨ ᠣᠯᠠᠨ ᠲᠦᠮᠡᠨ ᠤ ᠠᠮᠢᠳᠤᠷᠠᠯ ᠳᠤ ᠴᠦ ᠲᠦᠢᠯ ᠤᠨ ᠶᠡᠭᠡ ᠨᠥᠯᠥᠭᠡ ᠦᠵᠡᠭᠦᠯᠦᠭᠰᠡᠨ ᠪᠠᠶᠢᠨ᠎ᠠ᠃ ᠡᠯ᠎ᠡ ᠰᠢᠶᠠᠩ ᠪᠠᠯᠭᠠᠰᠤ ︵ᠰᠤᠮᠤ︶  ᠵᠡᠭᠡᠯᠢ ᠭᠤᠳᠤᠮᠵᠢ ᠶᠢᠨ ᠬᠡᠷᠡᠭ ᠡᠷᠬᠢᠯᠡᠬᠦ ᠭᠠᠵᠠᠷ ᠤᠨ ᠳᠡᠭᠡᠭᠰᠢ ᠮᠡᠳᠡᠭᠦᠯᠦᠭᠰᠡᠨ ᠭᠠᠮᠰᠢᠭ ᠤᠨ ᠪᠠᠶᠢᠳᠠᠯ ᠤᠨ ᠲᠤᠭ᠎ᠠ ᠪᠠᠷᠢᠮᠲᠠ ᠶᠢ ᠦᠨᠳᠦᠰᠦᠯᠡᠨ᠂ 6 ᠰᠠᠷ᠎ᠠ ᠶᠢᠨ 24 ᠤ ᠡᠳᠦᠷ᠂  ᠬᠤᠰᠢᠭᠤᠨ ᠤ ᠭᠠᠮᠰᠢᠭ ᠢ ᠰᠡᠷᠭᠡᠶᠢᠯᠡᠬᠦ ᠭᠠᠮᠰᠢᠭ ᠢ ᠪᠠᠭᠠᠰᠬᠠᠬᠤ ᠭᠠᠮᠰᠢᠭ ᠠᠴᠠ ᠠᠪᠤᠷᠬᠠᠤ ᠵᠢᠯᠣᠭᠤᠳᠬᠤ ᠭᠠᠵᠠᠷ ᠤᠨ ᠠᠯᠪᠠᠨ ᠬᠡᠷ ᠠᠴᠠ ᠭᠠᠮᠰᠢᠭ ᠤᠨ ᠪᠠᠶᠢᠳᠠᠯ ᠢ ᠬᠢᠨᠠᠨ ᠪᠠᠶᠢᠴᠠᠭᠠᠬᠤ ᠳᠤᠭᠤᠶᠢᠯᠠᠩ ᠪᠠᠶᠢᠭᠤᠯᠵᠤ᠂  ᠬᠤᠰᠢᠭᠤᠨ ᠤ ᠪᠠᠴᠢᠮ ᠪᠠᠶᠢᠳᠠᠯ ᠢ ᠠᠷᠭᠠᠴᠠᠬᠤ ᠬᠠᠮᠢᠶᠠᠷᠤᠯᠲᠠ ᠶᠢᠨ ᠲᠣᠪᠴᠢᠶ᠎ᠠ ᠶᠢᠨ ᠳᠡᠳ᠋ ᠳᠠᠷᠤᠭ᠎ᠠ ᠯᠢᠦ ᠰᠢᠶᠠᠩ ᠪᠥᠸᠧ ᠪᠦᠯᠬᠦᠮ ᠳᠠᠭᠠᠭᠤᠯᠤᠨ᠂ ᠭᠠᠮᠰᠢᠭ ᠤᠨ ᠪᠠᠶᠢᠳᠠᠯ ᠬᠦᠨᠳᠦ ᠨᠣᠴᠢᠲᠠᠶ ᠪᠠᠶᠢᠭ᠎ᠠ ᠬᠤᠸᠠᠩ ᠶᠠᠩ ᠸᠠ ᠪᠠᠯᠭᠠᠰᠤ᠂ ᠴᠠᠩ ᠱᠧᠩ ᠪᠠᠯᠭᠠᠰᠤᠨ ᠳᠤ ᠬᠦᠷᠴᠦ ᠭᠠᠮᠰᠢᠭ ᠢ ᠬᠢᠨᠠᠨ ᠬᠠᠷᠭᠤᠭᠤᠯᠵᠤ ᠭᠠᠮᠰᠢᠭ ᠠᠴᠠ ᠠᠪᠤᠷᠬᠠᠤ ᠠᠵᠢᠯ ᠢ ᠪᠠᠶᠢᠴᠠᠭᠠᠪᠠ᠃    ᠬᠢᠨᠠᠨ ᠪᠠᠶᠢᠴᠠᠭᠠᠬᠤ ᠳᠤᠭᠤᠶᠢᠯᠠᠩ ᠤᠨ ᠬᠢᠨ ᠤᠷᠢᠳ ᠬᠤᠵᠢᠳ ᠳ᠋ᠠ ᠪᠦᠦ ᠳ᠋ᠢᠶᠠᠨ ᠽᠢ ᠲᠣᠰᠬᠤᠨ᠂ ᠱᠤᠸᠠᠩ ᠵᠢᠩ ᠲᠣᠰᠬᠤᠨ᠂ ᠢᠦᠢ ᠱᠤ᠋ ᠯᠢᠨ ᠽᠢ ᠲᠣᠰᠬᠤᠨ ᠵᠡᠷᠭᠡ ᠭᠠᠵᠠᠷ ᠲᠤ ᠬᠦᠷᠴᠦ᠂ ᠲᠠᠷᠢᠮᠠᠯ ᠤᠨ ᠭᠠᠮᠰᠢᠭ᠂ ᠭᠠᠮᠰᠢᠭ ᠤᠨ ᠪᠠᠶᠢᠳᠠᠯ᠂ ᠬᠤᠷᠢᠶᠠᠯᠲᠠ ᠠᠯᠳᠠᠭᠰᠠᠨ ᠪᠠᠶᠢᠳᠠᠯ ᠢ ᠲᠤᠬᠠᠢ ᠶᠢᠨ ᠭᠠᠵᠠᠷ ᠲᠤᠨᠢ ᠪᠠᠶᠢᠴᠠᠭᠠᠨ ᠦᠵᠡᠵᠦ᠂ ᠲᠠᠷᠢᠮᠠᠯ ᠤᠨ ᠬᠤᠬᠢᠷᠠᠯ ᠪᠣᠯᠤᠨ ᠪᠡᠯᠡ ᠣᠷᠣᠭᠤᠯᠤᠯᠲᠠ ᠵᠡᠷᠭᠡ ᠪᠠᠶᠢᠳᠠᠯ ᠢ ᠬᠢᠨᠠᠨ ᠬᠠᠷᠭᠤᠭᠤᠯᠵᠤ᠂ ᠲᠠᠷᠢᠮᠠᠯ ᠤᠨ ᠥᠰᠥᠯᠲᠡ ᠶᠢᠨ ᠪᠠᠶᠢᠳᠠᠯ ᠢ ᠪᠠᠶᠢᠴᠠᠭᠠᠵᠤ᠂ ᠭᠠᠮᠰᠢᠭ ᠤᠨ ᠪᠠᠶᠢᠳᠠᠯ ᠤᠨ ᠨᠥᠯᠥᠭᠡ ᠶᠢᠨ ᠪᠣᠳᠠᠲᠠᠢ ᠪᠠᠶᠢᠳᠠᠯ ᠭᠠᠮᠰᠢᠭᠳᠠᠭᠰᠠᠨ ᠬᠥᠮᠦᠨ ᠤ ᠲᠤᠭ᠎ᠠ᠂ ᠭᠠᠮᠰᠢᠭᠳᠠᠭᠰᠠᠨ ᠲᠠᠯᠠᠪᠠᠢ ᠶᠢᠨ ᠪᠠᠶᠢᠳᠠᠯ ᠢ ᠨᠠᠷᠢᠨ ᠬᠢᠨᠠᠮᠠᠭᠠᠢ ᠯᠠᠪᠯᠠᠨ ᠠᠰᠠᠭᠤᠪᠠ᠃ ᠡᠭᠦᠨ ᠤ ᠬᠠᠮᠲᠤ ᠂ ᠭᠠᠮᠰᠢᠭᠳᠠᠭᠰᠠᠨ ᠤᠯᠠᠨ ᠲᠦᠮᠡᠨ ᠪᠣᠯᠤᠨ ᠪᠠᠯᠭᠠᠰᠤ᠂ ᠲᠣᠰᠬᠤᠨ ᠤ ᠺᠠᠳ᠋ᠷᠴᠤᠳ ᠲᠤ ᠤᠯᠤᠰ ᠤᠨ ᠭᠠᠮᠰᠢᠭ ᠠᠴᠠ ᠠᠪᠤᠷᠠᠬᠤ ᠲᠦᠷᠦ ᠶᠢᠨ ᠪᠤᠳᠤᠯᠭ᠎ᠠ ᠶᠢ ᠤᠬᠠᠭᠤᠯᠤᠨ ᠲᠠᠶᠢᠯᠪᠤᠷᠢᠯᠠᠵᠤ᠂ ᠲᠡᠳᠡᠨ ᠤ ᠢᠲᠡᠭᠡᠯ ᠵᠣᠷᠢᠭ ᠢᠶᠠᠨ ᠪᠠᠲᠤᠳᠬᠠᠬᠤ ᠶᠢ ᠵᠣᠷᠢᠭᠵᠢᠭᠤᠯᠵᠤ᠂ ᠢᠳᠡᠪᠬᠢᠲᠡᠢ ᠪᠠᠷ ᠠᠷᠭᠠᠴᠠᠵᠤ᠂ ᠬᠦᠯᠢᠶᠡᠬᠦ ᠦᠭᠡᠢ ᠨᠠᠶᠢᠳᠠᠬᠤ ᠦᠭᠡᠢ ᠪᠠᠶᠢᠬᠤ ᠵᠣᠷᠢᠭ ᠰᠠᠨᠠᠭ᠎ᠠ ᠶᠢ ᠪᠠᠳᠠᠷᠠᠭᠤᠯᠵᠤ᠂ ᠰᠡᠳᠬᠢᠯ ᠨᠢᠭᠡᠳᠦᠨ ᠬᠦᠴᠦ ᠪᠠᠨ ᠬᠠᠮᠲᠤᠳᠬᠠᠵᠤ ᠪᠠᠶᠢᠭᠠᠳ ᠲᠠᠷᠢᠶᠠᠨ ᠭᠠᠵᠠᠷ ᠤᠨ ᠯᠠᠭ ᠰᠢᠪᠠᠷ ᠢ ᠠᠷᠢᠯᠭᠠᠬᠤ᠂ ᠴᠢᠬᠢ ᠰᠠᠭᠤᠯᠭᠠᠬᠤ᠂ ᠨᠥᠬᠦᠵᠦ ᠲᠠᠷᠢᠬᠤ᠂ ᠳᠠᠬᠢᠨ ᠲᠠᠷᠢᠬᠤ ᠵᠡᠷᠭᠡ ᠦᠢᠯᠡᠳᠪᠦᠷᠢᠯᠡᠯ ᠢᠶᠠᠷ ᠥᠪᠡᠷ ᠢ ᠪᠠᠨ ᠠᠪᠤᠷᠠᠬᠤ ᠠᠵᠢᠯ ᠢ ᠥᠷᠨᠢᠭᠦᠯᠵᠦ᠂ ᠭᠠᠮᠰᠢᠭ ᠤᠨ ᠬᠤᠬᠢᠷᠠᠯ ᠢ ᠬᠠᠮᠤᠭ ᠤᠨ ᠳᠣᠣᠷ᠎ᠠ ᠬᠡᠮᠵᠢᠶᠡᠨ ᠳᠤ ᠬᠦᠷᠲᠡᠯ᠎ᠡ ᠪᠠᠭᠠᠰᠬᠠᠵᠤ᠂ ᠦᠢᠯᠡᠳᠪᠦᠷᠢᠯᠡᠯ ᠠᠮᠢᠳᠤᠷᠠᠯ ᠤᠨ ᠡᠮᠬᠢ ᠳᠢᠭᠯᠢᠮ ᠢ ᠲᠦᠷᠭᠡᠬᠡᠨ ᠰᠡᠷᠭᠦᠭᠡᠬᠦ ᠬᠡᠷᠡᠭᠲᠡᠢ᠃ ᠰᠢᠶᠠᠩ ᠪᠠᠯᠭᠠᠰᠤ᠂ ᠲᠣᠰᠬᠤᠨ ᠤ ᠬᠤᠶᠠᠳᠤᠭᠠᠷ ᠳᠡᠰ ᠤᠨ ᠭᠠᠮᠰᠢᠭ ᠤᠨ ᠮᠡᠳᠡᠭᠡ ᠵᠠᠩᠭᠢᠴᠢᠳ ᠠᠵᠢᠯ ᠤᠨ ᠪᠠᠶᠢᠷᠢ ᠪᠠᠨ ᠪᠠᠲᠤ ᠰᠠᠬᠢᠵᠤ᠂ ᠴᠠᠭ ᠠᠭᠤᠷ ᠤᠨ ᠬᠤᠪᠢᠷᠠᠯᠲᠠ ᠶᠢ ᠨᠢᠭᠲᠠ ᠠᠩᠬᠠᠷᠴᠤ᠂ ᠪᠥᠬᠦ ᠬᠤᠰᠢᠭᠤᠨ ᠤ ᠭᠠᠮᠰᠢᠭ ᠤᠨ ᠮᠡᠳᠡᠭᠡ ᠵᠠᠩᠭᠢᠴᠢᠳ ᠤᠨ ᠠᠵᠢᠯ ᠢᠶᠠᠷ ᠳᠠᠮᠵᠢᠭᠤᠯᠤᠨ ᠬᠤᠰᠢᠭᠤᠨ ᠤ ᠭᠠᠮᠰᠢᠭ ᠢ ᠰᠡᠷᠭᠡᠶᠢᠯᠡᠬᠦ ᠭᠠᠮᠰᠢᠭ ᠢ ᠪᠠᠭᠠᠰᠬᠠᠬᠤ ᠭᠠᠮᠰᠢᠭ ᠠᠴᠠ ᠠᠪᠤᠷᠠᠬᠤ ᠶᠢ ᠵᠢᠯᠣᠭᠤᠳᠬᠤ ᠭᠠᠵᠠᠷ ᠤᠨ ᠠᠯᠪᠠᠨ ᠬᠡᠷ ᠪᠣᠯᠤᠨ ᠴᠠᠭ ᠠᠭᠤᠷ ᠵᠡᠷᠭᠡ ᠰᠠᠯᠠᠭ᠎ᠠ ᠮᠥᠴᠢᠷ ᠤᠨ ᠴᠠᠭ ᠠᠭᠤᠷ ᠤᠨ ᠰᠡᠷᠡᠮᠵᠢᠯᠡᠭᠦᠯᠬᠦ ᠮᠡᠳᠡᠭᠡ ᠵᠠᠩᠭᠢ ᠶᠢ ᠴᠠᠭ ᠲᠤᠬᠠᠶ ᠳᠤᠨᠢ  ᠳᠠᠮᠵᠢᠭᠤᠯᠵᠤ᠂ ᠭᠠᠮᠰᠢᠭ ᠤᠨ ᠪᠠᠶᠢᠳᠠᠯ ᠭᠠᠷᠪᠠᠯ ᠴᠠᠭ ᠲᠤᠬᠠᠶ ᠳᠤᠨᠢ ᠳᠡᠭᠡᠭᠰᠢ ᠮᠡᠳᠡᠭᠦᠯᠵᠦ᠂ ᠮᠡᠳᠡᠭᠦᠯᠬᠦ ᠶᠣᠰᠣᠲᠠᠶ ᠶᠢ ᠨᠢ ᠴᠥᠮ ᠮᠡᠳᠡᠭᠦᠯᠵᠦ᠂ ᠪᠠᠶᠢᠭᠠᠯᠢ ᠶᠢᠨ ᠭᠠᠮᠰᠢᠭ ᠤᠨ ᠬᠠᠮᠢᠶ᠎ᠠ ᠪᠥᠬᠦᠶ ᠡᠬᠡ ᠲᠠᠩᠰᠠ ᠶᠢᠨ ᠮᠠᠲ᠋ᠧᠷᠢᠶᠠᠯ ᠢ ᠮᠡᠳᠡᠭᠦᠯᠦᠨ ᠬᠦᠷᠭᠡᠬᠦ ᠶᠢ ᠲᠡᠭᠦᠯᠳᠡᠷᠵᠢᠭᠦᠯᠵᠦ᠂ ᠳᠣᠤᠷ᠎ᠠ ᠠᠴᠠ ᠳᠡᠭᠡᠷ᠎ᠡ ᠱᠠᠲᠤᠨ ᠳᠤ ᠬᠦᠷᠲᠡᠯ᠎ᠡ ᠣᠨᠣᠪᠴᠢᠲᠠᠶ ᠨᠢᠭᠡᠳᠦᠯᠲᠡᠶ ᠪᠠᠶᠢᠬᠤ ᠶᠢ ᠪᠠᠲᠤᠯᠠᠵᠤ᠂ ᠳᠠᠷᠠᠭ᠎ᠠ ᠪᠠᠷ ᠳᠡᠭᠡᠳᠦ ᠱᠠᠲᠤᠨ ᠤ ᠭᠠᠮᠰᠢᠭ ᠠᠴᠠ ᠠᠪᠤᠷᠬᠠᠤ ᠲᠥᠷᠥ ᠶᠢᠨ ᠪᠣᠳᠣᠯᠭ᠎ᠠ ᠪᠠ ᠪᠠᠯᠠ ᠮᠥᠩᠭᠦ ᠶᠢᠨ ᠳᠡᠮᠵᠢᠯᠭᠡ ᠶᠢ ᠭᠤᠶᠤᠴᠢᠯᠠᠬᠤ ᠳᠤ ᠰᠠᠶᠢᠨ ᠰᠠᠭᠤᠷᠢ ᠲᠠᠯᠪᠢᠬᠤ ᠬᠡᠷᠡᠭᠲᠡᠶ ᠭᠡᠪᠡ᠃    ᠠᠩᠬ᠎ᠠ ᠠᠯᠬᠤᠮ ᠤᠨ ᠪᠦᠷᠢᠳᠬᠡᠯ ᠢ ᠦᠨᠳᠦᠰᠦᠯᠡᠪᠡᠯ᠂ ᠲᠤᠰ ᠤᠳᠠᠭᠠᠨ ᠤ ᠭᠠᠮᠰᠢᠭ ᠲᠤ 614 ᠬᠦᠮᠦᠨ ᠭᠠᠮᠰᠢᠭᠳᠠᠪᠠ᠃ ᠲᠠᠷᠢᠮᠠᠯ ᠤᠨ ᠭᠠᠮᠰᠢᠭᠳᠠᠭᠰᠠᠨ ᠲᠠᠯᠠᠪᠠᠢ 160.66 ᠾᠧᠺᠲ᠋ᠠᠷ᠂ ᠡᠭᠦᠨ ᠳᠤ ᠭᠠᠮᠰᠢᠭᠳᠠᠭᠰᠠᠨ ᠲᠠᠯᠠᠪᠠᠢ 42 ᠾᠧᠺᠲ᠋ᠠᠷ᠂ 20 ᠾᠧᠺᠲ᠋ᠠᠷ ᠬᠤᠷᠢᠶᠠᠯᠲᠠ ᠦᠭᠡᠢ᠂ ᠭᠠᠮᠰᠢᠭ ᠠᠴᠠ ᠪᠤᠯᠵᠤ ᠲᠠᠷᠢᠶᠠᠯᠠᠩ ᠤᠨ ᠬᠤᠬᠢᠷᠠᠯ ᠪᠠᠷᠤᠭ 54 ᠲᠦᠮᠡᠨ ᠲᠥᠭᠦᠷᠢᠭ ᠪᠣᠶ᠃    ᠲᠠᠷᠠᠭᠠᠴᠢ ᠶᠢᠨ ᠠᠯᠬᠤᠮ ᠳᠤ᠂ ᠬᠤᠰᠢᠭᠤᠨ ᠤ ᠭᠠᠮᠰᠢᠭ ᠢ ᠰᠡᠷᠭᠡᠶᠢᠯᠡᠬᠦ ᠭᠠᠮᠰᠢᠭ ᠢ ᠪᠠᠭᠠᠰᠬᠠᠬᠤ ᠭᠠᠮᠰᠢᠭ ᠠᠴᠠ ᠠᠪᠤᠷᠬᠠᠤ ᠵᠢᠯᠣᠭᠤᠳᠬᠤ ᠭᠠᠵᠠᠷ ᠤᠨ ᠠᠯᠪᠠᠨ ᠬᠡᠷ᠂ ᠬᠤᠰᠢᠭᠤᠨ ᠤ ᠪᠠᠴᠢᠮ ᠪᠠᠶᠢᠳᠠᠯ ᠢ ᠠᠷᠭᠠᠴᠠᠬᠤ ᠬᠠᠮᠢᠶᠠᠷᠤᠯᠲᠠ ᠶᠢᠨ ᠲᠣᠪᠴᠢᠶ᠎ᠠ ᠦᠷᠭᠦᠯᠵᠢᠯᠡᠨ ᠤᠯᠤᠰ ᠤᠨ ᠲᠥᠷᠥ ᠶᠢᠨ ᠪᠣᠳᠣᠯᠭ᠎ᠠ᠂ ᠲᠣᠰ ᠪᠡᠶ᠎ᠡ ᠶᠢᠨ ᠡᠭᠦᠷᠭᠡ ᠬᠠᠷᠢᠭᠤᠴᠠᠯᠭ᠎ᠠ ᠶᠣᠰᠣᠭᠠᠷ᠂ ᠡᠯ᠎ᠡ ᠰᠢᠶᠠᠩ ᠪᠠᠯᠭᠠᠰᠤ ︵ᠰᠤᠮᠤ︶ ᠵᠡᠭᠡᠯᠢ ᠭᠤᠳᠤᠮᠵᠢ ᠶᠢᠨ ᠬᠡᠷᠡᠭ ᠡᠷᠬᠢᠯᠡᠬᠦ ᠭᠠᠵᠠᠷ ᠤᠨ ᠡᠷᠦᠬᠡ ᠳᠤ ᠬᠦᠷᠴᠦ ᠭᠠᠮᠰᠢᠭᠳᠠᠭᠰᠠᠨ ᠪᠠᠶᠢᠳᠠᠯ ᠵᠢᠴᠢ ᠲᠤᠭ᠎ᠠ ᠪᠠᠷᠢᠮᠲᠠ ᠶᠢ ᠪᠠᠶᠢᠴᠠᠭᠠᠨ ᠬᠠᠷᠭᠤᠭᠤᠯᠬᠤ ᠶᠢ ᠵᠢᠯᠣᠭᠤᠳᠤᠨ ᠱᠠᠯᠠᠪᠳᠠᠭᠤᠯᠵᠤ᠂ ᠭᠠᠮᠰᠢᠭ ᠠᠴᠠ ᠠᠪᠤᠷᠬᠠᠤ ᠡᠬᠡ ᠲᠠᠩᠰᠠ ᠶᠢ ᠪᠠᠶᠢᠭᠤᠯᠤᠨ ᠲᠡᠭᠦᠯᠳᠡᠷᠵᠢᠭᠦᠯᠵᠦ᠂ ᠪᠠᠶᠢᠳᠠᠯ ᠢ ᠲᠣᠳᠣᠷᠬᠠᠶ᠂ ᠰᠠᠭᠤᠷᠢ ᠲᠤᠭ᠎ᠠ ᠶᠢ ᠲᠣᠳᠣᠷᠬᠠᠶ ᠪᠣᠯᠭᠠᠨ᠎ᠠ᠃ ᠡᠭᠦᠨ ᠤ ᠬᠠᠮᠲᠤ᠂ ᠡᠳ᠋ ᠤᠨ ᠵᠠᠰᠠᠭ᠂ ᠲᠠᠷᠢᠶᠠᠯᠠᠩ ᠮᠠᠯ ᠠᠵᠤ ᠠᠬᠤᠶ᠂ ᠤᠰᠤᠨ ᠠᠰᠢᠭᠯᠠᠯᠲᠠ ᠵᠡᠷᠭᠡ ᠬᠤᠯᠪᠣᠭᠳᠠᠯ ᠪᠥᠬᠦᠶ ᠰᠠᠯᠠᠭ᠎ᠠ ᠮᠥᠴᠢᠷ ᠲᠠᠢ ᠨᠡᠪᠲᠡᠷᠡᠯᠴᠡᠭᠡ ᠵᠣᠬᠢᠴᠠᠭᠤᠯᠭ᠎ᠠ ᠪᠠᠨ ᠴᠢᠩᠭᠠᠳᠬᠠᠵᠤ᠂ ᠳᠡᠭᠡᠳᠦ ᠱᠠᠲᠤᠨ ᠤ ᠰᠠᠯᠠᠭ᠎ᠠ ᠮᠥᠴᠢᠷ ᠤᠨ ᠭᠠᠮᠰᠢᠭ ᠠᠴᠠ ᠠᠪᠤᠷᠬᠠᠤ ᠲᠥᠷᠥ ᠶᠢᠨ ᠪᠣᠳᠣᠯᠭ᠎ᠠ ᠪᠠ ᠪᠠᠯᠠ ᠮᠥᠩᠭᠦ ᠶᠢ ᠢᠳᠡᠪᠬᠢᠲᠡᠶ ᠪᠠᠷ ᠴᠢᠷᠮᠠᠶᠢᠨ ᠣᠯᠵᠤ᠂ ᠭᠠᠮᠰᠢᠭᠳᠠᠭᠰᠠᠨ ᠣᠯᠠᠨ ᠲᠦᠮᠡᠨ ᠢ ᠠᠪᠤᠷᠠᠨ ᠲᠤᠰᠠᠯᠠᠵᠤ᠂ ᠭᠠᠮᠰᠢᠭ ᠤᠨ ᠳᠠᠷᠠᠭ᠎ᠠ ᠰᠡᠷᠭᠦᠭᠡᠬᠦ ᠠᠵᠢᠯ ᠢ ᠪᠥᠬᠦ ᠬᠦᠴᠦᠨ ᠢᠶᠠᠷ ᠢᠶᠠᠨ ᠰᠠᠶᠢᠲᠤᠷ ᠬᠢᠵᠦ᠂ ᠭᠠᠮᠰᠢᠭᠳᠠᠭᠰᠠᠨ ᠣᠯᠠᠨ ᠲᠦᠮᠡᠨ ᠤ ᠬᠤᠬᠢᠷᠠᠯ ᠢ ᠬᠠᠮᠤᠭ ᠤᠨ ᠳᠣᠤᠷ᠎ᠠ ᠬᠡᠮᠵᠢᠶᠡᠨ ᠳᠤ ᠬᠦᠷᠲᠡᠯ᠎ᠡ ᠪᠠᠭᠤᠷᠠᠭᠤᠯᠤᠨ᠎ᠠ᠃
 
ᠢᠷᠡᠯᠲᠡ᠄ ᠠᠣᠬᠠᠨ ᠬᠤᠰᠢᠭᠤᠨ ᠤ ᠠᠷᠠᠳ ᠤᠨ ᠵᠠᠰᠠᠭ ᠤᠨ ᠣᠷᠳᠤᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备12002332号