ᠲᠠᠷᠢᠶᠠᠯᠠᠩ ᠬᠥᠳᠡᠭᠡ ᠲᠣᠰᠬᠤᠨ ᠤ ᠶᠠᠮᠤᠨ ᠤ ᠡᠷᠳᠡᠨᠢ ᠰᠢᠰᠢ ᠶᠢᠨ ᠠᠬᠠᠯᠠᠬᠤ ᠲᠤᠰᠬᠠᠶ ᠮᠡᠷᠭᠡᠵᠢᠯᠲᠡᠨ ᠯᠢ ᠱᠣᠤ ᠺᠦᠨ ᠪᠠᠭᠰᠢ ᠮᠠᠨ ᠤ ᠬᠤᠰᠢᠭᠤᠨ ᠳᠤ ᠢᠷᠡᠵᠦ ᠡᠷᠳᠡᠨᠢ ᠰᠢᠰᠢ ᠶᠢ ᠨᠢᠭᠲᠠ ᠳᠠᠷᠢᠵᠤ ᠣᠨᠣᠪᠴᠢᠲᠠᠶ ᠡᠵᠡᠮᠳᠡᠬᠦ ᠮᠡᠷᠭᠡᠵᠢᠯ ᠢ ᠳᠡᠯᠭᠡᠷᠡᠭᠦᠯᠬᠦ ᠠᠵᠢᠯ ᠢ ᠵᠢᠯᠣᠭᠤᠳᠪᠠ
ᠨᠡᠶᠢᠲᠡᠯᠡᠭᠰᠡᠨ ᠴᠠᠭ᠄
2024/7/18
    7 ᠰᠠᠷ᠎ᠠ ᠶᠢᠨ 16 ᠤ ᠡᠳᠦᠷ᠂ ᠳᠤᠮᠳᠠᠳᠤ ᠤᠯᠤᠰ ᠤᠨ ᠲᠠᠷᠢᠶᠠᠯᠠᠩ ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ ᠲᠠᠷᠢᠮᠠᠯ ᠤᠨ ᠰᠢᠨᠵᠢᠯᠡᠬᠦ ᠤᠬᠠᠭᠠᠨ ᠤ ᠰᠤᠳᠤᠯᠭᠠᠨ ᠤ ᠭᠠᠵᠠᠷ ᠤᠨ ᠰᠤᠳᠤᠯᠤᠭᠴᠢ᠂ ᠲᠠᠷᠢᠶᠠᠯᠠᠩ ᠬᠥᠳᠡᠭᠡ ᠲᠣᠰᠬᠤᠨ ᠤ ᠶᠠᠮᠤᠨ ᠤ ᠡᠷᠳᠡᠨᠢ ᠰᠢᠰᠢ ᠶᠢᠨ ᠲᠠᠯᠠᠪᠠᠶ ᠨᠢᠭᠡᠴᠢ ᠶᠢᠨ ᠤᠨᠠᠯᠲᠠ ᠶᠢ ᠳᠡᠭᠡᠭᠰᠢᠯᠡᠭᠦᠯᠬᠦ ᠢᠨᠵᠧᠨᠧᠷᠢᠩ ᠤᠨ ᠲᠤᠰᠬᠠᠶ ᠮᠡᠷᠭᠡᠵᠢᠯᠲᠡᠨ᠂ ᠡᠷᠳᠡᠨᠢ ᠰᠢᠰᠢ ᠶᠢᠨ ᠠᠬᠠᠯᠠᠬᠤ ᠲᠤᠰᠬᠠᠶ ᠮᠡᠷᠭᠡᠵᠢᠯᠲᠡᠨ ᠯᠢ ᠱᠣᠤ ᠺᠦᠨ ᠪᠠᠭᠰᠢ ᠮᠠᠨ ᠤ ᠬᠤᠰᠢᠭᠤᠨ ᠳᠤ ᠢᠷᠡᠵᠦ ᠡᠷᠳᠡᠨᠢ ᠰᠢᠰᠢ ᠶᠢ ᠨᠢᠭᠲᠠ ᠳᠠᠷᠢᠵᠤ ᠣᠨᠤᠪᠴᠢᠲᠠᠢ ᠪᠠᠷ ᠳᠣᠭᠢᠷᠠᠭᠤᠯᠤᠨ ᠡᠵᠡᠮᠳᠡᠬᠦ ᠮᠡᠷᠭᠡᠵᠢᠯ ᠢ ᠳᠡᠯᠭᠡᠷᠡᠭᠦᠯᠬᠦ ᠠᠵᠢᠯ ᠤᠨ ᠲᠤᠬᠠᠶ ᠵᠢᠯᠣᠭᠤᠳᠣᠯᠭ᠎ᠠ ᠬᠢᠵᠦ᠂ ᠬᠤᠰᠢᠭᠤᠨ ᠤ ᠲᠠᠷᠢᠶᠠᠯᠠᠩ ᠮᠠᠯ ᠠᠵᠤ ᠠᠬᠤᠶ ᠶᠢᠨ ᠲᠣᠪᠴᠢᠶ᠎ᠠ ᠶᠢᠨ ᠬᠤᠪᠢᠳᠠᠨ ᠬᠠᠮᠢᠶᠠᠷᠬᠤ ᠤᠳᠤᠷᠢᠳᠤᠯᠭ᠎ᠠ ᠵᠢᠩ ᡁᠢ ᠮᠢᠨ ᠨᠡᠷ ᠪᠠᠷ᠎ᠠ ᠪᠣᠯᠪᠠ᠃    ᠯᠢ ᠱᠣᠤ ᠺᠦᠨ ᠪᠠᠭᠰᠢ ᠨᠠᠷ ᠤᠷᠢᠳ ᠬᠤᠵᠢᠳ ᠬᠤᠸᠠᠩ ᠶᠠᠩ ᠸᠠ ᠪᠠᠯᠭᠠᠰᠤᠨ ᠤ ᠡᠷᠳᠡᠨᠢ ᠰᠢᠰᠢ ᠶᠢᠨ ᠰᠢᠨ᠎ᠡ ᠡᠭᠦᠯᠳᠡᠷ᠂ ᠰᠢᠨ᠎ᠡ ᠮᠡᠷᠭᠡᠵᠢᠯ ᠤᠨ ᠲᠤᠷᠰᠢᠯᠲᠠ ᠶᠢᠨ ᠵᠢᠱᠢᠶ᠎ᠡ ᠦᠵᠡᠭᠦᠯᠬᠦ ᠰᠠᠭᠤᠷᠢᠨ ᠭᠠᠵᠠᠷ᠂ ᠡᠷᠳᠡᠨᠢ ᠰᠢᠰᠢ ᠶᠢ ᠨᠢᠭᠲᠠ ᠳᠠᠷᠢᠵᠤ ᠶᠡᠭᠡ ᠬᠡᠪᠴᠢᠶ᠎ᠡ ᠪᠠᠷ ᠵᠢᠱᠢᠶ᠎ᠡ ᠦᠵᠡᠭᠦᠯᠬᠦ ᠲᠠᠷᠢᠶᠠᠨ ᠳᠤ ᠬᠦᠷᠴᠦ ᠲᠤᠬᠠᠶ ᠶᠢᠨ ᠭᠠᠵᠠᠷ ᠲᠤᠨᠢ ᠪᠠᠶᠢᠴᠠᠭᠠᠨ ᠰᠤᠳᠤᠯᠤᠯᠲᠠ ᠬᠢᠵᠦ ᠵᠢᠭᠠᠨ ᠵᠢᠯᠣᠭᠤᠳᠴᠤ᠂ ᠡᠷᠳᠡᠨᠢ ᠰᠢᠰᠢ ᠶᠢ ᠨᠢᠭᠲᠠ ᠳᠠᠷᠢᠵᠤ ᠥᠨᠳᠥᠷ ᠤᠨᠠᠯᠲᠠ ᠲᠠᠢ ᠮᠡᠷᠭᠡᠵᠢᠯ ᠤᠨ ᠳᠠᠪᠠᠭᠤᠯᠢᠭ ᠢ ᠣᠨᠣᠪᠴᠢᠲᠠᠶ ᠲᠣᠬᠢᠷᠠᠭᠤᠯᠤᠨ ᠡᠵᠡᠮᠳᠡᠬᠦ᠂ ᠬᠡᠷᠡᠭᠯᠡᠭᠡᠨ ᠤ ᠭᠤᠤᠯᠳᠠᠯᠭ᠎ᠠ ᠵᠡᠷᠭᠡ ᠲᠠᠯ᠎ᠠ ᠪᠠᠷ ᠲᠤᠬᠠᠶ ᠶᠢᠨ ᠭᠠᠵᠠᠷ ᠤᠨ ᠲᠠᠷᠢᠮᠠᠯ ᠤᠨ ᠲᠣᠮᠣ ᠡᠷᠦᠬᠡ᠂ ᠲᠠᠷᠢᠶᠠᠯᠠᠩ ᠤᠨ ᠮᠡᠷᠭᠡᠵᠢᠯ ᠤᠨ ᠠᠵᠢᠯᠲᠠᠨ ᠨᠠᠷ ᠲᠠᠢ ᠰᠠᠨᠠᠯ ᠢᠶᠠᠨ ᠰᠣᠯᠢᠯᠴᠠᠭᠰᠠᠨ ᠪᠥᠭᠡᠳ ᠵᠢᠱᠢᠶ᠎ᠡ ᠦᠵᠡᠭᠦᠯᠬᠦ ᠰᠠᠭᠤᠷᠢᠨ ᠭᠠᠵᠠᠷ ᠤᠨ ᠡᠷᠳᠡᠨᠢ ᠰᠢᠰᠢ ᠶᠢᠨ ᠤᠷᠭᠤᠯᠲᠠ ᠶᠢᠨ ᠪᠠᠶᠢᠳᠠᠯ ᠢ ᠦᠨᠳᠦᠰᠦᠯᠡᠨ ᠪᠣᠳᠠᠲᠠᠶ ᠬᠠᠮᠢᠶᠠᠷᠤᠯᠲᠠ ᠶᠢᠨ ᠰᠠᠨᠠᠭᠤᠯᠭ᠎ᠠ ᠳᠤᠷᠠᠳᠪᠠ᠃    ᠯᠢ ᠱᠣᠤ ᠺᠦᠨ ᠪᠠᠭᠰᠢ ᠮᠠᠨ ᠤ ᠬᠤᠰᠢᠭᠤᠨ ᠤ ᠡᠷᠳᠡᠨᠢ ᠰᠢᠰᠢ ᠶᠢ ᠨᠢᠭᠲᠠ ᠳᠠᠷᠢᠵᠤ ᠣᠨᠣᠪᠴᠢᠲᠠᠶ ᠡᠵᠡᠮᠳᠡᠬᠦ ᠮᠡᠷᠭᠡᠵᠢᠯ ᠢ ᠳᠡᠯᠭᠡᠷᠡᠭᠦᠯᠬᠦ ᠠᠵᠢᠯ ᠢ ᠭᠦᠢᠴᠡᠳ ᠨᠤᠲᠠᠯᠠᠭᠰᠠᠨ ᠪᠥᠭᠡᠳ ᠬᠤᠶᠢᠰᠢᠳᠠ ᠮᠠᠨ ᠤ ᠬᠤᠰᠢᠭᠤᠨ ᠤ ᠪᠦᠷᠬᠦᠪᠴᠢ ᠥᠬᠡᠶ ᠳᠤᠰᠤᠯᠭᠠᠨ ᠤᠰᠤᠯᠠᠬᠤ ᠵᠡᠷᠭᠡ ᠮᠡᠷᠭᠡᠵᠢᠯ ᠢ ᠳᠡᠯᠭᠡᠷᠡᠭᠦᠯᠬᠦ ᠲᠤᠬᠠᠶ ᠯᠠᠪᠯᠠᠯᠲᠠ ᠰᠠᠨᠠᠯ ᠳᠤᠷᠠᠳᠴᠠᠶ     2024 ᠣᠨ ᠳᠤ ᠠᠤᠬᠠᠨ ᠬᠤᠰᠢᠭᠤ ᠡᠷᠳᠡᠨᠢ ᠰᠢᠰᠢ ᠶᠢᠨ ᠲᠠᠯᠠᠪᠠᠶ ᠨᠢᠭᠡᠴᠢ ᠶᠢᠨ ᠤᠨᠠᠯᠲᠠ ᠶᠢᠨ ᠬᠢᠷᠢ ᠲᠦᠪᠰᠢᠨ ᠢ ᠪᠥᠬᠦ ᠲᠠᠯ᠎ᠠ ᠪᠠᠷ ᠳᠡᠭᠡᠭᠰᠢᠯᠡᠭᠦᠯᠵᠦ᠂ ︽ᠡᠷᠳᠡᠨᠢ ᠰᠢᠰᠢ ᠶᠢ ᠨᠢᠭᠲᠠ ᠳᠠᠷᠢᠵᠤ ᠨᠠᠷᠢᠯᠢᠭ  ᠣᠨᠤᠪᠴᠢᠲᠠᠢ ᠪᠠᠷ ᠳᠣᠭᠢᠷᠠᠭᠤᠯᠤᠨ ᠡᠵᠡᠮᠳᠡᠬᠦ ᠵᠠᠭᠪᠤᠷ︾ ᠢᠶᠠᠷ ᠮᠡᠷᠭᠡᠵᠢᠯ ᠤᠨ ᠲᠤᠯᠭᠠᠭᠤᠷᠢᠯᠠᠯ ᠪᠣᠯᠭᠠᠵᠤ᠂ ᠥᠨᠳᠥᠷ ᠪᠠᠷᠢᠮᠵᠢᠶᠠᠲᠤ ᠲᠠᠷᠢᠶᠠᠨ ᠭᠠᠵᠠᠷ ᠤᠨ ᠪᠥᠲᠥᠭᠡᠨ ᠪᠠᠶᠢᠭᠤᠯᠤᠯᠲᠠ ᠳᠤ ᠲᠦᠰᠢᠭᠯᠡᠨ ᠰᠠᠭᠤᠷᠢ ᠪᠣᠯᠭᠠᠵᠤ᠂ ︽3 + N ︾ ᠢ ᠳᠡᠯᠭᠡᠷᠡᠭᠦᠯᠬᠦ ᠵᠠᠭᠪᠤᠷ ᠢ ᠪᠣᠶ ᠪᠣᠯᠭᠠᠵᠤ᠂ ᠡᠷᠳᠡᠨᠢ ᠰᠢᠰᠢ ᠶᠢ ᠨᠢᠭᠲᠠ ᠳᠠᠷᠢᠵᠤ ᠤᠷᠭᠤᠭᠤᠯᠬᠤ ᠲᠠᠯᠠᠪᠠᠶ ᠶᠢ 10 ᠲᠦᠮᠡᠨ ᠮᠥ ᠠᠴᠠ ᠳᠡᠭᠡᠭᠰᠢ ᠪᠦᠲᠦᠮᠵᠢᠲᠡᠶ ᠨᠠᠶᠢᠳᠠᠪᠤᠷᠢᠵᠢᠭᠤᠯᠵᠤ᠂ ᠡᠭᠦᠨ ᠤ ᠤᠯᠠᠮ ᠢᠶᠠᠷ ᠪᠥᠬᠦ ᠬᠤᠰᠢᠭᠤᠨ ᠤ ᠡᠷᠳᠡᠨᠢ ᠰᠢᠰᠢ ᠶᠢᠨ ᠶᠡᠭᠡ ᠬᠡᠪᠴᠢᠶ᠎ᠡ ᠪᠠᠷ ᠲᠡᠩᠴᠡᠭᠦᠷᠢᠲᠡᠶ ᠤᠨᠠᠯᠲᠠ ᠶᠢ ᠨᠡᠮᠡᠭᠳᠡᠭᠦᠯᠬᠦ ᠶᠢ ᠳᠠᠶᠢᠴᠢᠯᠠᠵᠤ᠂ ᠤᠰᠤ ᠪᠣᠷᠳᠣᠭᠤᠷ ᠢ ᠥᠨᠳᠥᠷ ᠪᠦᠲᠦᠮᠵᠢᠲᠡᠶ ᠪᠠᠷ ᠠᠰᠢᠭᠯᠠᠬᠤ ᠶᠢ ᠠᠬᠢᠭᠤᠯᠵᠤ᠂ ᠪᠥᠬᠦ ᠬᠤᠰᠢᠭᠤᠨ ᠤ ᠲᠠᠷᠢᠶᠠᠯᠠᠩ ᠤᠨ ᠴᠢᠨᠠᠷ ᠰᠠᠶᠢᠲᠠᠶ ᠪᠣᠬᠢᠷᠲᠤᠯ ᠥᠬᠡᠶ ᠬᠥᠭᠵᠢᠯᠲᠡ ᠶᠢ ᠠᠬᠢᠭᠤᠯᠤᠨ᠎ᠠ᠃
 
ᠢᠷᠡᠯᠲᠡ᠄ ᠠᠣᠬᠠᠨ ᠬᠤᠰᠢᠭᠤᠨ ᠤ ᠠᠷᠠᠳ ᠤᠨ ᠵᠠᠰᠠᠭ ᠤᠨ ᠣᠷᠳᠤᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备12002332号