| 8 ᠰᠠᠷ᠎ᠠ ᠶᠢᠨ 15 ᠤ ᠡᠳᠦᠷ᠂ ᠠᠤᠬᠠᠨ ᠬᠤᠰᠢᠭᠤᠨ ᠤ ᠪᠠᠶᠢᠭᠤᠯᠭ᠎ᠠ ᠶᠢᠨ ᠶᠠᠪᠤᠳᠠᠯ ᠤᠨ ᠦᠢᠯᠡᠴᠢᠯᠡᠭᠡᠨ ᠤ | ᠲᠥᠪ ᠲᠣᠭᠤᠷᠢᠨ ᠪᠠᠶᠢᠴᠠᠭᠠᠵᠤ ᠴᠡᠭᠴᠡᠯᠡᠨ ᠰᠠᠶᠢᠵᠢᠷᠠᠭᠤᠯᠬᠤ ᠲᠤᠰᠬᠠᠶ ᠰᠡᠳᠦᠪᠲᠦ ᠠᠷᠠᠳᠴᠢᠯᠠᠯ ᠤᠨ ᠠᠮᠢᠳᠤᠷᠠᠯ ᠤᠨ | ᠬᠤᠷᠠᠯ ᠬᠤᠷᠠᠯᠳᠤᠪᠠ᠃ ᠨᠠᠮ ᠤᠨ ᠤᠳᠤᠷᠢᠳᠬᠤ ᠳᠤᠭᠤᠶᠢᠯᠠᠩ ᠤᠨ ᠱᠦᠵᠢ᠂ ᠡᠷᠬᠢᠯᠡᠭᠴᠢ ᠵᠢᠶᠠ ᠢᠦᠶ ᠪᠢᠩ | ᠬᠤᠷᠠᠯ ᠡᠷᠭᠢᠯᠡᠭᠰᠡᠨ ᠪᠥᠭᠡᠳ ᠳ᠋ᠦᠩᠨᠡᠯᠲᠡ ᠶᠢᠨ ᠶᠠᠷᠢᠶ᠎ᠠ ᠲᠠᠯᠪᠢᠵᠤ᠂ ᠬᠤᠰᠢᠭᠤᠨ ᠤ ᠰᠠᠬᠢᠯᠭ᠎ᠠ ᠪᠠᠲᠤ ᠪᠠᠶᠢᠴᠠᠭᠠᠬᠤ | ᠬᠤᠷᠢᠶ᠎ᠠ ᠬᠢᠨᠠᠨ ᠪᠠᠶᠢᠴᠠᠭᠠᠬᠤ ᠵᠥᠪᠯᠡᠯ᠂ ᠬᠤᠰᠢᠭᠤᠨ ᠤ ᠨᠠᠮ ᠤᠨ ᠬᠤᠷᠢᠶᠠᠨ ᠤ ᠵᠣᠬᠢᠶᠠᠨ ᠪᠠᠶᠢᠭᠤᠯᠬᠤ ᠬᠡᠯᠲᠡᠰ᠂ | ᠬᠤᠰᠢᠭᠤᠨ ᠤ ᠨᠠᠮ ᠤᠨ ᠬᠤᠷᠢᠶᠠᠨ ᠤ ᠲᠣᠭᠤᠷᠢᠨ ᠪᠠᠶᠢᠴᠠᠭᠠᠬᠤ ᠠᠯᠪᠠᠨ ᠬᠡᠷ ᠤᠨ ᠬᠠᠮᠢᠶ᠎ᠠ ᠪᠥᠬᠦᠶ | ᠬᠠᠷᠢᠭᠤᠴᠠᠯᠭᠠᠲᠠᠨ ᠬᠤᠷᠠᠯ ᠳᠤ ᠣᠷᠣᠯᠴᠠᠨ ᠵᠢᠭᠠᠨ ᠵᠢᠯᠣᠭᠤᠳᠴᠤ᠂ ᠬᠤᠰᠢᠭᠤᠨ ᠤ ᠪᠠᠶᠢᠭᠤᠯᠭ᠎ᠠ ᠶᠢᠨ ᠶᠠᠪᠤᠳᠠᠯ ᠤᠨ | ᠦᠢᠯᠡᠴᠢᠯᠡᠭᠡᠨ ᠤ ᠲᠥᠪ ᠤᠨ ᠪᠠᠭ ᠤᠨ ᠪᠦᠷᠢᠯᠳᠦᠬᠦᠨ ᠬᠤᠷᠠᠯ ᠳᠤ ᠣᠷᠣᠯᠴᠠᠵᠠᠶ᠃ | ᠬᠤᠷᠠᠯ ᠳᠡᠭᠡᠷ᠎ᠡ᠂ ᠵᠢᠶᠠ ᠢᠦᠢ ᠪᠢᠩ ᠤᠳᠤᠷᠢᠳᠬᠤ ᠪᠠᠭ ᠢ ᠲᠥᠯᠥᠭᠡᠯᠡᠨ ᠬᠠᠷᠢᠴᠠᠭᠤᠯᠤᠨ ᠪᠠᠶᠢᠴᠠᠭᠠᠭᠰᠠᠨ | ᠪᠥᠭᠡᠳ ᠲᠦᠷᠦᠭᠦᠯᠡᠨ ᠬᠤᠪᠢ ᠬᠥᠮᠦᠨ ᠤ ᠬᠠᠷᠢᠴᠠᠭᠤᠯᠤᠨ ᠪᠠᠶᠢᠴᠠᠭᠠᠬᠤ ᠶᠠᠷᠢᠶ᠎ᠠ ᠲᠠᠯᠪᠢᠵᠤ᠂ ᠪᠠᠭ ᠤᠨ | ᠪᠦᠷᠢᠯᠳᠦᠬᠦᠨ ᠳᠡᠰ ᠳᠠᠷᠠᠭᠠᠯᠠᠨ ᠬᠠᠷᠢᠴᠠᠭᠤᠯᠤᠨ ᠪᠠᠶᠢᠴᠠᠭᠠᠵᠤ᠂ ᠬᠠᠷᠢᠯᠴᠠᠨ ᠰᠢᠭᠦᠮᠵᠢᠯᠡᠯ ᠬᠢᠵᠡᠶ᠃ | ᠵᠢᠯᠣᠭᠤᠳᠬᠤ ᠳᠤᠭᠤᠶᠢᠯᠠᠩ ᠨᠢ ᠲᠣᠰ ᠤᠳᠠᠭᠠᠨ ᠤ ᠠᠷᠠᠳᠴᠢᠯᠠᠯ ᠤᠨ ᠠᠮᠢᠳᠤᠷᠠᠯ ᠤᠨ ᠬᠤᠷᠠᠯ ᠢ ᠳᠡᠭᠡᠳᠦ | ᠬᠡᠮᠵᠢᠶ᠎ᠡ ᠪᠠᠷ ᠦᠨᠡᠯᠡᠵᠦ᠂ ᠦᠵᠡᠯ ᠰᠠᠨᠠᠭ᠎ᠠ ᠲᠠᠨᠢᠯᠲᠠ ᠪᠠᠨ ᠪᠣᠳᠠᠲᠠᠶᠢᠵᠢᠭᠤᠯᠵᠤ᠂ ᠠᠰᠠᠭᠤᠳᠠᠯ ᠢ ᠭᠦᠨᠵᠡᠭᠡᠶ ᠡᠷᠢᠵᠦ᠂ | ᠥᠪᠡᠷ ᠤᠨ ᠰᠢᠭᠦᠮᠵᠢᠯᠡᠯ ᠨᠢ ᠲᠥᠪ ᠴᠢᠩᠭ᠎ᠠ ᠪᠠᠶᠢᠵᠤ᠂ ᠬᠠᠷᠢᠯᠴᠠᠨ ᠰᠢᠭᠦᠮᠵᠢᠯᠡᠯ ᠨᠢ ᠨᠠᠷᠢᠨ ᠬᠢᠨᠠᠮᠠᠭᠠᠶ ᠦᠨᠡᠨᠴᠢ | ᠰᠢᠳᠤᠷᠭᠤ ᠪᠠᠶᠢᠵᠤ᠂ ᠲᠠᠨᠢᠯᠲᠠ ᠪᠠᠨ ᠳᠡᠭᠡᠭᠰᠢᠯᠡᠭᠦᠯᠬᠦ᠂ ᠪᠦᠯᠬᠦᠮᠳᠡᠯ ᠢᠶᠠᠨ ᠴᠢᠩᠭᠠᠳᠬᠠᠬᠤ᠂ ᠬᠠᠷᠢᠯᠴᠠᠨ ᠬᠢᠨᠠᠯᠲᠠ | ᠲᠠᠯᠪᠢᠬᠤ᠂ ᠬᠠᠮᠲᠤ ᠪᠠᠷ ᠳᠡᠭᠡᠭᠰᠢᠯᠡᠭᠦᠯᠬᠦ᠂ ᠬᠦᠴᠦᠨ ᠴᠢᠳᠠᠯ ᠢᠶᠠᠨ ᠨᠢᠭᠲᠠᠷᠠᠭᠤᠯᠬᠤ ᠵᠣᠷᠢᠯᠭ᠎ᠠ ᠳᠤ ᠬᠦᠷᠦᠭᠰᠡᠨ | ᠪᠥᠭᠡᠳ ᠲᠠᠷᠠᠭᠠᠴᠢ ᠶᠢᠨ ᠠᠯᠬᠤᠮ ᠳᠤ ᠲᠣᠭᠤᠷᠢᠨ ᠪᠠᠶᠢᠴᠠᠭᠠᠵᠤ ᠬᠠᠷᠢᠭᠤ ᠲᠤᠰᠬᠠᠭᠰᠠᠨ ᠰᠠᠨᠠᠯ ᠢ ᠴᠡᠭᠴᠡᠯᠡᠨ | ᠰᠠᠶᠢᠵᠢᠷᠠᠭᠤᠯᠵᠤ ᠨᠠᠶᠢᠳᠠᠪᠤᠷᠢᠵᠢᠭᠤᠯᠬᠤ ᠶᠢ ᠰᠠᠶᠢᠲᠤᠷ ᠠᠳᠬᠤᠬᠤ ᠲᠤᠬᠠᠶ ᠠᠵᠢᠯ ᠤᠨ ᠱᠠᠭᠠᠷᠳᠠᠯᠭ᠎ᠠ ᠳᠤᠷᠠᠳᠪᠠ᠃ | ᠬᠠᠮᠤᠭ ᠰᠡᠭᠦᠯ ᠳᠤ᠂ ᠵᠢᠶᠠ ᠢᠦᠢ ᠪᠢᠩ ᠨᠠᠮ ᠤᠨ ᠤᠳᠤᠷᠢᠳᠬᠤ ᠳᠤᠭᠤᠶᠢᠯᠠᠩ ᠢ ᠲᠥᠯᠥᠭᠡᠯᠡᠨ ᠲᠤᠰ | ᠤᠳᠠᠭ᠎ᠠ ᠶᠢᠨ ᠲᠣᠭᠤᠷᠢᠨ ᠪᠠᠶᠢᠴᠠᠭᠠᠵᠤ ᠴᠡᠭᠴᠡᠯᠡᠨ ᠰᠠᠶᠢᠵᠢᠷᠠᠭᠤᠯᠬᠤ ᠲᠤᠰᠬᠠᠢ ᠰᠡᠳᠦᠪᠲᠦ ᠠᠷᠠᠳᠴᠢᠯᠠᠯ ᠤᠨ | ᠠᠮᠢᠳᠤᠷᠠᠯ ᠤᠨ ᠬᠤᠷᠠᠯ ᠤᠨ ᠦᠷ᠎ᠡ ᠪᠦᠲᠦᠭᠡᠯ ᠢ ᠪᠠᠬᠢᠵᠢᠭᠦᠯᠦᠨ ᠬᠤᠪᠢᠷᠠᠭᠤᠯᠬᠤ ᠠᠵᠢᠯ ᠢ ᠦᠷᠭᠦᠯᠵᠢᠯᠡᠨ ᠰᠠᠶᠢᠲᠤᠷ | ᠠᠳᠬᠤᠬᠤ ᠲᠤᠬᠠᠢ ᠣᠪᠣᠷ ᠢᠶᠠᠨ ᠢᠯᠡᠳᠬᠡᠬᠦ ᠶᠠᠷᠢᠶ᠎ᠠ ᠲᠠᠯᠪᠢᠵᠠᠢ᠃ ᠲᠡᠷᠡ ᠂ ᠨᠢᠭᠡ ᠳᠤ ᠂ ᠤᠯᠤᠰ ᠲᠦᠷᠦ ᠶᠢᠨ | ᠵᠣᠭᠰᠤᠴᠠ ᠪᠠᠨ ᠳᠡᠭᠡᠭᠰᠢᠯᠡᠭᠦᠯᠵᠦ᠂ ᠪᠠᠷᠢᠮᠵᠢᠶ᠎ᠠ ᠲᠠᠢ ᠬᠠᠷᠢᠴᠠᠭᠤᠯᠤᠨ ᠴᠡᠭᠴᠡᠯᠡᠨ ᠰᠠᠶᠢᠵᠢᠷᠠᠭᠤᠯᠬᠤ ᠶᠢ ᠠᠳᠬᠤᠬᠤ | ᠬᠡᠷᠡᠭᠲᠡᠢ᠃ ᠲᠣᠭᠤᠷᠢᠨ ᠪᠠᠶᠢᠴᠠᠭᠠᠵᠤ ᠴᠡᠭᠴᠡᠯᠡᠨ ᠰᠠᠶᠢᠵᠢᠷᠠᠭᠤᠯᠬᠤ ᠶᠢ ᠨᠠᠮ ᠤᠨ ᠬᠤᠷᠢᠳᠤᠭᠠᠷ ᠶᠡᠭᠡ ᠬᠤᠷᠠᠯ ᠪᠣᠯᠤᠨ | ᠨᠠᠮ ᠤᠨ ᠬᠤᠷᠢᠳᠤᠭᠠᠷ ᠬᠤᠭᠤᠴᠠᠭᠠᠨ ᠤ ᠲᠥᠪ ᠬᠤᠷᠢᠶᠠᠨ ᠤ ᠬᠤᠶᠠᠳᠤᠭᠠᠷ᠂ ᠭᠤᠷᠪᠠᠳᠤᠭᠠᠷ ᠪᠦᠬᠦᠳᠡ ᠬᠤᠷᠠᠯ ᠤᠨ | ᠵᠣᠷᠢᠭ ᠰᠠᠨᠠᠭ᠎ᠠ ᠶᠢ ᠰᠤᠷᠤᠯᠴᠠᠨ ᠲᠤᠭᠤᠰᠢᠯᠠᠭᠤᠯᠬᠤ ᠲᠠᠢ ᠤᠶᠠᠯᠳᠤᠭᠤᠯᠵᠤ᠂ ᠦᠵᠡᠯ ᠰᠠᠨᠠᠭ᠎ᠠ ᠪᠣᠯᠤᠨ ᠦᠢᠯᠡ | ᠠᠵᠢᠯᠯᠠᠭ᠎ᠠ ᠪᠠᠨ ᠲᠣᠭᠤᠷᠢᠨ ᠪᠠᠶᠢᠴᠠᠭᠠᠵᠤ ᠬᠠᠷᠢᠭᠤ ᠲᠤᠰᠬᠠᠵᠤ ᠴᠡᠭᠴᠡᠯᠡᠨ ᠰᠠᠶᠢᠵᠢᠷᠠᠭᠤᠯᠬᠤ ᠳᠡᠭᠡᠷ᠎ᠡ ᠨᠢᠭᠡᠳᠬᠡᠵᠦ᠂ | ᠤᠯᠤᠰ ᠲᠦᠷᠦ ᠶᠢᠨ ᠮᠠᠭᠠᠳᠯᠠᠬᠤ ᠴᠢᠳᠠᠪᠤᠷᠢ᠂ ᠤᠯᠤᠰ ᠲᠦᠷᠦ ᠶᠢᠨ ᠣᠶᠢᠯᠠᠭᠠᠬᠤ ᠴᠢᠳᠠᠪᠤᠷᠢ᠂ ᠤᠯᠤᠰ | ᠲᠦᠷᠦ ᠶᠢᠨ ᠬᠡᠷᠡᠭᠵᠢᠭᠦᠯᠬᠦ ᠴᠢᠳᠠᠪᠤᠷᠢ ᠪᠠᠨ ᠲᠠᠰᠤᠷᠠᠯᠲᠠ ᠦᠭᠡᠢ ᠳᠡᠭᠡᠭᠰᠢᠯᠡᠭᠦᠯᠵᠦ᠂ ᠬᠠᠮᠤᠭ ᠤᠨ ᠡᠷᠡᠰ ᠰᠢᠭᠤᠷᠬᠠᠢ | ᠠᠵᠢᠯᠯᠠᠭ᠎ᠠ᠂ ᠬᠠᠮᠤᠭ ᠤᠨ ᠴᠢᠩᠭ᠎ᠠ ᠰᠠᠬᠢᠯᠭ᠎ᠠ ᠪᠠᠲᠤ ᠪᠠᠷ ᠴᠢᠩᠭ᠎ᠠ ᠪᠣᠳᠠᠲᠠᠢ ᠲᠦᠷᠭᠡᠨ ᠴᠡᠭᠴᠡᠯᠡᠨ ᠰᠠᠶᠢᠵᠢᠷᠠᠭᠤᠯᠬᠤ | ᠬᠡᠷᠡᠭᠲᠡᠢ᠃ ᠬᠤᠶᠠᠷ ᠲᠤ᠂ ᠲᠥᠪ ᠴᠢᠩᠭ᠎ᠠ ᠪᠠᠷ ᠴᠡᠭᠴᠡᠯᠡᠨ ᠰᠠᠶᠢᠵᠢᠷᠠᠭᠤᠯᠵᠤ᠂ ᠴᠡᠭᠴᠡᠯᠡᠨ ᠰᠠᠶᠢᠵᠢᠷᠠᠭᠤᠯᠬᠤ ᠶᠢ | ᠴᠢᠩᠭ᠎ᠠ ᠠᠳᠬᠤᠬᠤ ᠬᠡᠷᠡᠭᠲᠡᠢ᠃ ᠭᠤᠣᠯᠳᠠᠯᠭ᠎ᠠ ᠨᠢ ᠲᠣᠭᠤᠷᠢᠨ ᠪᠠᠶᠢᠴᠠᠭᠠᠵᠤ ᠬᠠᠷᠢᠭᠤ ᠲᠤᠰᠬᠠᠭᠰᠠᠨ ᠰᠠᠨᠠᠯ ᠤᠨ | ᠠᠰᠠᠭᠤᠳᠠᠯ ᠢ ᠴᠡᠭᠴᠡᠯᠡᠨ ᠰᠠᠶᠢᠵᠢᠷᠠᠭᠤᠯᠬᠤ ᠶᠢ ᠨᠢᠭᠡ ᠴᠤᠬᠴᠠᠵᠢᠭᠤᠯᠤᠨ ᠠᠬᠢᠭᠤᠯᠵᠤ᠂ ᠴᠡᠭᠴᠡᠯᠡᠨ ᠰᠠᠶᠢᠵᠢᠷᠠᠭᠤᠯᠬᠤ | ᠲᠥᠰᠦᠯ ᠲᠠᠢ ᠨᠠᠷᠢᠨ ᠬᠢᠨᠠᠮᠠᠭᠠᠢ ᠬᠠᠷᠭᠤᠭᠤᠯᠵᠤ᠂ ᠪᠣᠳᠠᠲᠠᠢ ᠲᠠᠢ ᠨᠢᠭᠲᠠ ᠤᠶᠠᠯᠳᠤᠭᠤᠯᠵᠤ᠂ ᠳᠠᠷᠦ᠋ᠢᠬᠠᠨ | ᠴᠡᠭᠴᠡᠯᠡᠨ ᠰᠠᠶᠢᠵᠢᠷᠠᠭᠤᠯᠵᠤ ᠳᠡᠶᠢᠯᠬᠦ ᠡᠭᠦᠷᠭᠡ ᠶᠢ ᠲᠡᠷᠡ ᠳᠠᠷᠤᠢ ᠳᠤᠨᠢ ᠬᠡᠷᠡᠭᠵᠢᠭᠦᠯᠵᠦ ᠲᠡᠷᠡ ᠳᠠᠷᠤᠢ ᠳᠤᠨᠢ | ᠥᠭᠡᠷᠡᠴᠢᠯᠡᠵᠦ᠂ ᠤᠷᠳᠤ ᠬᠤᠭᠤᠴᠠᠭᠠᠨ ᠤ ᠡᠭᠦᠷᠭᠡ ᠶᠢ ᠲᠥᠯᠥᠪᠯᠡᠭᠡ ᠲᠠᠢ ᠠᠯᠬᠤᠮ ᠳᠠᠷᠠᠭ᠎ᠠ ᠲᠠᠢ ᠠᠬᠢᠭᠤᠯᠵᠤ᠂ | ᠠᠰᠠᠭᠤᠳᠠᠯ ᠤᠨ ᠵᠠᠩᠭᠢᠯᠠᠭ᠎ᠠ ᠶᠢ ᠡᠬᠢ ᠡᠭᠦᠰᠦᠯ ᠠᠴᠠ ᠨᠢ ᠤᠷᠳᠤ ᠬᠤᠭᠤᠴᠠᠭᠠᠨ ᠤ ᠪᠦᠲᠦᠮᠵᠢᠲᠡᠢ ᠲᠣᠭᠲᠠᠴᠠ ᠶᠢ | ᠪᠦᠷᠢᠨᠰᠢᠬᠦᠯᠵᠦ᠂ ᠠᠰᠠᠭᠤᠳᠠᠯ ᠢ ᠣᠷᠬᠢᠭᠳᠠᠭᠤᠯᠬᠤ ᠦᠭᠡᠢ᠂ ᠬᠠᠷᠢᠭᠤᠴᠠᠯᠭ᠎ᠠ ᠶᠢ ᠣᠷᠬᠢᠭᠳᠠᠭᠤᠯᠬᠤ ᠦᠭᠡᠢ | ᠪᠠᠶᠢᠬᠤ ᠶᠢ ᠪᠠᠲᠤᠯᠠᠬᠤ ᠬᠡᠷᠡᠭᠲᠡᠢ᠃ ᠭᠤᠷᠪᠠ ᠳᠤ᠂ ᠰᠢᠰᠲ᠋ᠧᠮ ᠤᠨ ᠦᠵᠡᠯᠲᠡ ᠪᠠᠨ ᠴᠢᠩᠭᠠᠳᠬᠠᠵᠤ᠂ ᠴᠡᠭᠴᠡᠯᠡᠨ | ᠰᠠᠶᠢᠵᠢᠷᠠᠭᠤᠯᠬᠤ ᠶᠢ ᠠᠳᠬᠤᠬᠤ ᠶᠢ ᠨᠢᠭᠡᠳᠦᠯᠲᠡᠢ ᠲᠥᠯᠥᠪᠵᠢᠭᠦᠯᠦᠨ ᠠᠬᠢᠭᠤᠯᠬᠤ ᠬᠡᠷᠡᠭᠲᠡᠢ᠃ ᠲᠣᠭᠤᠷᠢᠨ | ᠪᠠᠶᠢᠴᠠᠭᠠᠵᠤ ᠬᠠᠷᠢᠭᠤ ᠲᠤᠰᠬᠠᠵᠤ ᠴᠡᠭᠴᠡᠯᠡᠨ ᠰᠠᠶᠢᠵᠢᠷᠠᠭᠤᠯᠬᠤ ᠪᠠᠷ ᠠᠵᠠ ᠲᠣᠬᠢᠶᠠᠯ ᠪᠣᠯᠭᠠᠵᠤ᠂ ᠳᠡᠭᠡᠳᠦ | ᠱᠠᠳᠤ ᠨᠢ ᠳᠤᠤᠷᠠᠳᠦ ᠱᠠᠳᠤ ᠪᠠᠨ ᠳᠠᠭᠠᠭᠤᠯᠵᠤ᠂ ᠪᠡᠶ᠎ᠡ ᠪᠠᠷ ᠢᠶᠠᠨ ᠬᠡᠪ ᠲᠦᠷᠢᠮ ᠪᠤᠯᠵᠤ᠂ ᠱᠠᠳᠤ ᠱᠠᠳᠤ ᠪᠠᠷ | ᠵᠢᠱᠢᠶ᠎ᠡ ᠦᠵᠡᠭᠦᠯᠬᠦ᠂ ᠳᠡᠭᠡᠳᠦ ᠲᠤᠤᠷᠠᠳᠤ ᠱᠠᠳᠤ ᠪᠠᠷ ᠢᠶᠠᠨ ᠬᠤᠯᠪᠣᠭᠠᠯᠠᠨ ᠬᠥᠳᠡᠯᠦᠯᠴᠡᠬᠦ᠂ ᠪᠦᠬᠦᠯᠢ ᠴᠣᠭᠴᠠ ᠪᠠᠷ | ᠠᠬᠢᠭᠤᠯᠬᠤ ᠰᠠᠶᠢᠨ ᠰᠠᠶᠢᠬᠠᠨ ᠪᠠᠶᠢᠳᠠᠯ ᠢ ᠪᠤᠢ ᠪᠣᠯᠭᠠᠬᠤ ᠬᠡᠷᠡᠭᠲᠡᠢ ᠭᠡᠵᠦ ᠢᠯᠡᠷᠬᠡᠶᠢᠯᠡᠪᠡ᠃ | | |