ᠠᠤᠬᠠᠨ ᠬᠤᠰᠢᠭᠤ ᠰᠦᠯᠵᠢᠶᠡᠨ ᠤ ᠨᠡᠷᠡᠲᠦ ᠬᠥᠮᠦᠰ ᠤᠨ ᠠᠶᠠᠯᠠᠯ ᠤᠨ ᠭᠤᠤᠯ ᠰᠡᠳᠦᠪᠲᠦ ᠤᠬᠠᠭᠤᠯᠭ᠎ᠠ ᠶᠢᠨ ᠠᠵᠢᠯᠯᠠᠭ᠎ᠠ ᠥᠷᠨᠢᠭᠦᠯᠪᠡ
ᠨᠡᠶᠢᠲᠡᠯᠡᠭᠰᠡᠨ ᠴᠠᠭ᠄
2024/8/6
    ᠣᠶᠢᠷ᠎ᠠ ᠳᠤ᠂ ᠠᠤᠬᠠᠨ ᠬᠤᠰᠢᠭᠤ 2024 ᠣᠨ ᠤ ᠰᠦᠯᠵᠢᠶᠡᠨ ᠤ ᠨᠠᠷᠠᠲᠤ ᠬᠥᠮᠦᠰ ᠤᠨ ᠠᠶᠠᠯᠠᠯ ᠤᠨ ᠭᠤᠤᠯ ᠰᠡᠳᠦᠪᠲᠦ ᠤᠬᠠᠭᠤᠯᠭ᠎ᠠ ᠶᠢᠨ ᠠᠵᠢᠯᠯᠠᠭ᠎ᠠ ᠥᠷᠨᠢᠭᠦᠯᠵᠦ᠂ 30 ᠭᠠᠷᠤᠶ ᠠᠳᠠᠯᠢ ᠪᠤᠰᠤ ᠬᠦᠷᠢᠶᠡᠨ ᠤ ᠰᠦᠯᠵᠢᠶᠡᠨ ᠤ ᠨᠠᠷᠠᠲᠤ ᠬᠥᠮᠦᠰ ᠠᠤᠬᠠᠨ ᠬᠤᠰᠢᠭᠤᠨ ᠤ ᠠᠮᠢ ᠠᠬᠤᠶ ᠶᠢᠨ ᠵᠠᠰᠠᠯᠲᠠ᠂ ᠲᠡᠤᠬᠡ ᠰᠣᠶᠣᠯ᠂ ᠠᠵᠤ ᠦᠢᠯᠡᠰ ᠤᠨ ᠬᠥᠭᠵᠢᠯᠲᠡ ᠵᠡᠷᠭᠡ ᠶᠢᠨ ᠲᠣᠭᠤᠷᠢᠨ ᠳᠤ ᠶᠠᠪᠤᠵᠤ ᠰᠠᠭᠤᠬᠤ ᠰᠦᠯᠵᠢᠶᠡᠨ ᠤ ᠤᠬᠠᠭᠤᠯᠭ᠎ᠠ ᠬᠢᠪᠠ᠃    ᠲᠣᠰ ᠤᠳᠠᠭᠠᠨ ᠤ ᠲᠥᠪᠯᠡᠷᠡᠭᠦᠯᠦᠨ ᠪᠠᠶᠢᠴᠠᠭᠠᠨ ᠰᠤᠳᠤᠯᠵᠤ ᠤᠬᠠᠭᠤᠯᠬᠤ ᠠᠵᠢᠯᠯᠠᠭ᠎ᠠ ᠨᠢ ᠠᠤᠬᠠᠨ ᠬᠤᠰᠢᠭᠤᠨ ᠤ ᠢᠳᠡᠪᠬᠢ ᠬᠦᠴᠦᠨ ᠤ ᠰᠦᠯᠵᠢᠶᠡᠨ ᠤ ᠨᠠᠷᠠᠲᠤ ᠬᠥᠮᠦᠰ ᠤᠨ ᠡᠩᠨᠡᠭᠡ ᠶᠢᠨ ᠪᠠᠶᠢᠭᠤᠯᠤᠯᠲᠠ ᠶᠢ ᠰᠠᠶᠢᠲᠤᠷ ᠠᠳᠬᠤᠵᠤ᠂ ᠥᠷᠭᠡᠨ ᠣᠯᠠᠨ ᠰᠦᠯᠵᠢᠶᠡᠨ ᠤ ᠨᠠᠷᠠᠲᠤ ᠬᠥᠮᠦᠰ ᠢ ᠨᠠᠮ ᠤᠨ ᠲᠣᠭᠤᠷᠢᠨ ᠳᠤ ᠪᠦᠯᠬᠦᠮᠳᠡᠭᠦᠯᠦᠨ ᠨᠢᠭᠲᠠᠷᠠᠭᠤᠯᠵᠤ᠂ ᠶᠡᠭᠡ ᠤᠷᠤᠰᠬᠠᠯ ᠤᠨ ᠬᠡᠮᠵᠢᠶ᠎ᠡ᠂ ᠥᠨᠳᠥᠷ ᠨᠢᠭᠲᠠᠴᠠ᠂ ᠣᠯᠠᠨ ᠬᠡᠯᠪᠡᠷᠢ ᠶᠢᠨ ᠤᠬᠠᠭᠤᠯᠭ᠎ᠠ ᠪᠠᠷ ᠳᠠᠮᠵᠢᠭᠤᠯᠤᠨ᠂  ᠬᠠᠮᠢᠶ᠎ᠠ ᠪᠥᠬᠦᠶ ᠵᠠᠭᠤᠴᠢᠯᠠᠭᠤᠷ ᠪᠠ ᠰᠦᠯᠵᠢᠶᠡᠨ ᠤ ᠨᠠᠷᠠᠲᠤ ᠬᠥᠮᠦᠰ ᠢ ᠬᠥᠲᠥᠯᠦᠨ ᠵᠢᠯᠣᠭᠤᠳᠴᠤ ᠪᠠᠶᠢᠭᠠᠳ ᠲᠣᠰ ᠪᠡᠶ᠎ᠡ ᠶᠢᠨ ᠳᠠᠪᠠᠭᠤᠯᠢᠭ ᠵᠢᠴᠢ ᠨᠥᠯᠥᠭᠡᠯᠡᠬᠦ ᠬᠦᠴᠦᠨ ᠢᠶᠠᠨ ᠠᠰᠢᠭᠯᠠᠨ ᠣᠯᠠᠨ ᠲᠦᠮᠡᠨ ᠲᠠᠢ ᠣᠶᠢᠷᠠᠲᠤᠭᠰᠠᠨ ᠰᠢᠯᠢᠳᠡᠭ ᠰᠦᠯᠵᠢᠶᠡᠨ ᠤ ᠪᠦᠲᠦᠭᠡᠯ ᠢ ᠦᠵᠡᠭᠦᠯᠵᠦ᠂ ᠨᠤᠲᠤᠭ ᠤᠨ ᠰᠣᠶᠣᠯ ᠢ ︽ᠣᠷᠣᠯᠠᠨ ᠥᠭᠦᠯᠡᠬᠦ︾᠂ ᠬᠥᠳᠡᠭᠡ ᠲᠣᠰᠬᠤᠨ ᠤ ᠪᠦᠲᠦᠭᠡᠭᠳᠡᠬᠦᠨ  ᠢ ︽ᠣᠷᠣᠯᠠᠨ ᠥᠭᠦᠯᠡᠬᠦ︾᠂ ᠨᠤᠲᠤᠭ ᠤᠨ ᠬᠥᠭᠵᠢᠯᠲᠡ ᠶᠢ ︽ᠣᠷᠣᠯᠠᠨ ᠥᠭᠦᠯᠡᠬᠦ︾ ᠶᠢ ᠬᠥᠲᠥᠯᠦᠨ ᠵᠢᠯᠣᠭᠤᠳᠴᠤ᠂ ᠠᠤᠬᠠᠨ ᠤ ᠥᠯᠢᠭᠡᠷ ᠢ ᠰᠠᠶᠢᠲᠤᠷ ᠶᠠᠷᠢᠵᠤ᠂ ᠠᠤᠬᠠᠨ ᠤ ᠲᠠᠭᠤᠨ ᠢ ᠳᠠᠮᠵᠢᠭᠤᠯᠬᠤ ᠳᠤ ᠥᠪᠡᠷ ᠤᠨ ᠬᠤᠪᠢ ᠨᠡᠮᠡᠷᠢ ᠪᠠᠨ ᠦᠵᠡᠭᠦᠯᠦᠨ᠎ᠡ᠃
 
ᠢᠷᠡᠯᠲᠡ᠄ ᠠᠣᠬᠠᠨ ᠬᠤᠰᠢᠭᠤᠨ ᠤ ᠠᠷᠠᠳ ᠤᠨ ᠵᠠᠰᠠᠭ ᠤᠨ ᠣᠷᠳᠤᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备12002332号