ᠬᠤᠰᠢᠭᠤᠨ ᠤ ᠨᠠᠮ ᠤᠨ ᠬᠤᠷᠢᠶᠠᠨ ᠤ ᠨᠢᠭᠡᠳᠦᠮᠡᠯ ᠹᠷᠣᠨᠲ ᠤᠨ ᠬᠡᠯᠲᠡᠰ ᠹᠧᠩ ᠱᠸᠦ  ᠰᠢᠶᠠᠩ ᠳᠤ  ᠬᠦᠷᠴᠦ ︽ᠰᠡᠳᠬᠢᠯ ᠨᠢᠭᠡᠳᠦᠨ ᠴᠠᠭᠠᠨ ᠰᠠᠷ᠎ᠠ ᠶᠢ ᠬᠠᠮᠲᠤᠪᠠᠷ ᠤᠭᠲᠤᠬᠤ ᠬᠠᠶᠢᠷ᠎ᠠ ᠬᠠᠯᠠᠮᠵᠢ ᠬᠦᠷᠭᠡᠬᠦ︾ ᠲᠣᠬᠤᠨᠢᠭᠤᠯᠬᠤ ᠠᠵᠢᠯᠯᠠᠭ᠎ᠠ ᠥᠷᠨᠢᠭᠦᠯᠪᠡ
ᠨᠡᠶᠢᠲᠡᠯᠡᠭᠰᠡᠨ ᠴᠠᠭ᠄
2025/1/10
    1 ᠰᠠᠷ᠎ᠠ ᠶᠢᠨ 9 ᠤ ᠡᠳᠦᠷ ᠤᠨ ᠦᠳᠡ ᠶᠢᠨ ᠡᠮᠦᠨ᠎ᠡ᠂ ᠬᠤᠰᠢᠭᠤᠨ ᠤ ᠨᠠᠮ ᠤᠨ ᠬᠤᠷᠢᠶᠠᠨ ᠤ ᠨᠢᠭᠡᠳᠦᠮᠡᠯ ᠹᠷᠣᠨᠲ ᠤᠨ ᠬᠡᠯᠲᠡᠰ ᠤᠨ ᠤᠳᠤᠷᠢᠳᠤᠯᠭ᠎ᠠ ᠠᠤᠬᠠᠨ ᠤ ᠰᠢᠨ᠎ᠡ ᠬᠤᠯᠪᠣᠭᠠᠲᠤ ᠬᠤᠷᠠᠯ ᠤᠨ ᠠᠵᠤ ᠠᠬᠤᠶᠢᠯᠠᠯᠲᠠᠨ ᠲᠠᠢ ᠭᠠᠷ ᠬᠤᠯᠪᠤᠯᠴᠠᠵᠤ ᠹᠧᠩ ᠱᠸᠦ ᠰᠢᠶᠠᠩ ᠤᠨ ᠨᠠᠰᠤᠲᠠᠨ ᠢ ᠠᠰᠠᠷᠠᠬᠤ ᠬᠦᠷᠢᠶᠡᠯᠡᠩ᠂ ᠰᠠᠨ ᠵᠢᠶᠠ ᠲᠣᠰᠬᠤᠨ ᠪᠣᠯᠤᠨ ᠹᠧᠩ ᠬᠤᠸᠠᠩ ᠲᠣᠰᠬᠤᠨ ᠳᠤ ᠬᠦᠷᠴᠦ ︽ᠰᠡᠳᠬᠢᠯ ᠨᠢᠭᠡᠳᠦᠨ ᠴᠠᠭᠠᠨ ᠰᠠᠷ᠎ᠠ ᠶᠢ  ᠬᠠᠮᠲᠤᠪᠠᠷ  ᠤᠭᠲᠤᠬᠤ ᠬᠠᠶᠢᠷ᠎ᠠ ᠬᠠᠯᠠᠮᠵᠢ ᠬᠦᠷᠭᠡᠬᠦ︾ ᠲᠣᠬᠤᠨᠢᠭᠤᠯᠬᠤ ᠠᠵᠢᠯᠯᠠᠭ᠎ᠠ ᠥᠷᠨᠢᠭᠦᠯᠪᠡ᠃
C:\Users\Administrator\Desktop\10_副本.jpg
    ᠲᠣᠬᠤᠨᠢᠭᠤᠯᠬᠤ ᠪᠦᠯᠬᠦᠮ ᠡᠩ ᠲᠡᠷᠢᠭᠦᠨ ᠳᠤ ᠹᠧᠩ ᠱᠸᠦ ᠶᠢᠨ ᠨᠠᠰᠤᠲᠠᠨ ᠢ ᠠᠰᠠᠷᠠᠬᠤ ᠬᠦᠷᠢᠶᠡᠯᠡᠩ ᠳᠤ ᠬᠦᠷᠴᠦ᠂ ᠨᠠᠰᠤᠲᠠᠶᠢᠴᠤᠳ ᠲᠤ ᠠᠮᠤ ᠪᠤᠳᠠᠭ᠎ᠠ᠂ ᠭᠤᠯᠢᠷ᠂ ᠲᠣᠰᠤ ᠵᠡᠷᠭᠡ ᠠᠮᠢᠳᠤᠷᠠᠯ ᠤᠨ ᠴᠢᠬᠤᠯᠠ ᠬᠡᠷᠡᠭᠯᠡᠭᠡᠨ ᠤ ᠵᠦᠢᠯ ᠢ ᠬᠦᠷᠭᠡᠭᠰᠡᠨ ᠪᠥᠭᠡᠳ ᠨᠠᠰᠤᠲᠠᠶᠢᠴᠤᠳ ᠤᠨ ᠪᠡᠶ᠎ᠡ ᠶᠢᠨ ᠪᠠᠶᠢᠳᠠᠯ ᠪᠣᠯᠤᠨ ᠠᠮᠢᠳᠤᠷᠠᠯ ᠤᠨ ᠪᠠᠶᠢᠳᠠᠯ ᠢ ᠨᠠᠷᠢᠨ ᠯᠠᠪᠯᠠᠨ ᠠᠰᠠᠭᠤᠪᠠ᠃ ᠨᠠᠰᠤᠲᠠᠶᠢᠴᠤᠳ ᠲᠠᠢ ᠳᠣᠲᠣᠨᠣ ᠪᠠᠷ ᠶᠠᠷᠢᠯᠴᠠᠵᠤ᠂ ᠲᠡᠳᠡᠨ ᠤ ᠪᠡᠶ᠎ᠡ ᠪᠠᠨ ᠬᠢᠴᠢᠶᠡᠵᠦ᠂ ᠥᠲᠡᠯᠦᠭᠡ ᠨᠠᠰᠤ ᠪᠠᠨ ᠰᠠᠶᠢᠬᠠᠨ ᠥᠩᠭᠡᠷᠡᠭᠦᠯᠬᠦ ᠶᠢ ᠵᠣᠷᠢᠭᠵᠢᠭᠤᠯᠪᠠ᠃ ᠨᠠᠰᠤᠲᠠᠶᠢᠴᠤᠳ᠂ ᠨᠠᠮ ᠪᠣᠯᠤᠨ ᠵᠠᠰᠠᠭ ᠤᠨ ᠣᠷᠳᠣᠨ ᠤ ᠬᠠᠯᠠᠮᠵᠢᠯᠠᠯ ᠪᠣᠯᠤᠨ ᠬᠠᠷᠠᠭᠠᠯᠵᠠᠯ ᠳᠤ ᠲᠠᠯᠠᠷᠬᠠᠵᠤ ᠪᠠᠶᠢᠨ᠎ᠠ᠂ ᠲᠡᠳᠡᠨ ᠳᠤ ᠭᠡᠷ ᠪᠦᠯᠢ ᠶᠢᠨ ᠬᠠᠶᠢᠷ᠎ᠠ ᠬᠠᠯᠠᠮᠵᠢ ᠶᠢ ᠬᠦᠷᠲᠡᠭᠡᠨ᠎ᠡ ᠭᠡᠵᠦ ᠢᠯᠡᠳᠬᠡᠵᠡᠭᠡᠪᠡ᠃
C:\Users\Administrator\Desktop\11_副本.jpg
    ᠳᠠᠷᠠᠭ᠎ᠠ ᠨᠢ᠂ ᠲᠣᠬᠤᠨᠢᠭᠤᠯᠬᠤ ᠪᠦᠯᠬᠦᠮ ᠪᠠᠰᠠ ᠹᠧᠩ ᠬᠤᠸᠠᠩ ᠯᠢᠩ ᠲᠣᠰᠬᠤᠨ᠂ ᠰᠠᠨ ᠵᠢᠶᠠ ᠲᠣᠰᠬᠤᠨ ᠤ ᠣᠨᠴᠠᠭᠠᠢ ᠭᠡᠷ ᠪᠦᠯᠢ ᠳᠤ ᠬᠦᠷᠴᠦ᠂ ᠲᠡᠳᠡᠨ ᠳᠤ ᠠᠳᠠᠯᠢ ᠪᠠᠷ ᠠᠮᠢᠳᠤᠷᠠᠯ ᠤᠨ ᠡᠳ᠋ ᠪᠣᠳᠠᠰ ᠬᠦᠷᠭᠡᠭᠰᠡᠨ ᠪᠥᠭᠡᠳ ᠲᠡᠳᠡᠨ ᠤ ᠪᠣᠳᠠᠲᠠᠶ ᠬᠦᠴᠢᠷᠳᠡᠯ ᠪᠣᠯᠤᠨ ᠬᠡᠷᠡᠭᠴᠡᠭᠡ ᠶᠢ ᠭᠦᠨᠵᠡᠭᠡᠶ ᠣᠶᠢᠯᠠᠭᠠᠵᠤ᠂ ᠲᠡᠳᠡᠨ ᠤ ᠰᠡᠳᠬᠢᠯ ᠤᠨ ᠦᠭᠡ ᠶᠢ ᠬᠦᠯᠢᠴᠡᠩᠭᠦᠶ ᠪᠠᠷ ᠰᠣᠨᠣᠰᠴᠤ᠂ ᠲᠡᠳᠡᠨ ᠢ ᠡᠪᠡᠳᠴᠢᠨ ᠡᠮᠭᠡᠭ ᠲᠠᠢ ᠲᠡᠮᠡᠴᠡᠬᠦ ᠢᠲᠡᠭᠡᠯ ᠵᠣᠷᠢᠭ ᠢᠶᠠᠨ ᠬᠥᠪᠴᠢᠯᠡᠵᠦ᠂ ᠬᠦᠴᠢᠷ ᠪᠡᠷᠬᠡᠰᠢᠶᠡᠯ ᠢ ᠢᠯᠠᠨ ᠳᠠᠪᠠᠵᠤ᠂ ᠡᠷᠲᠡᠬᠡᠨ ᠡᠷᠡᠭᠦᠯᠵᠢᠬᠦ ᠶᠢ ᠵᠣᠷᠢᠭᠵᠢᠭᠤᠯᠪᠠ᠃    ᠲᠣᠰ ᠤᠳᠠᠭᠠᠨ ᠤ ᠴᠠᠭᠠᠨ ᠰᠠᠷ᠎ᠠ ᠶᠢᠨ ᠲᠣᠬᠤᠨᠢᠭᠤᠯᠬᠤ ᠠᠵᠢᠯᠯᠠᠭ᠎ᠠ ᠳᠤ᠂ ᠬᠤᠰᠢᠭᠤᠨ ᠤ ᠨᠠᠮ ᠤᠨ ᠬᠤᠷᠢᠶᠠᠨ ᠤ ᠨᠢᠭᠡᠳᠦᠮᠡᠯ ᠹᠷᠣᠨᠲ ᠤᠨ ᠬᠡᠯᠲᠡᠰ ᠨᠢ ᠹᠧᠩ ᠱᠸᠤ ᠰᠢᠶᠠᠩ ᠤᠨ ᠨᠠᠰᠤᠲᠠᠨ ᠢ ᠠᠰᠠᠷᠠᠬᠤ ᠬᠦᠷᠢᠶᠡᠯᠡᠩ ᠪᠠ ᠣᠨᠴᠠᠭᠠᠶ ᠬᠡᠷ ᠪᠦᠯᠢ ᠳᠤ ᠡᠳ᠋ ᠪᠣᠳᠠᠰ ᠤᠨ ᠲᠠᠯ᠎ᠠ ᠪᠠᠷ ᠬᠠᠪᠰᠤᠷᠤᠯᠭ᠎ᠠ ᠦᠵᠡᠭᠦᠯᠦᠭᠰᠡᠨ ᠢᠶᠠᠷ ᠪᠠᠷᠠᠬᠤ ᠥᠬᠡᠶ᠂ ᠨᠠᠩ ᠴᠤ ᠪᠣᠳᠠᠲᠤ ᠠᠵᠢᠯᠯᠠᠭ᠎ᠠ ᠪᠠᠷ ᠢᠶᠠᠨ ᠬᠠᠶᠢᠷ᠎ᠠ ᠬᠠᠯᠠᠮᠵᠢ ᠶᠢ ᠦᠷᠭᠦᠯᠵᠢᠯᠡᠨ ᠳᠠᠮᠵᠢᠭᠤᠯᠪᠠ᠃ ᠢᠷᠡᠭᠡᠳᠦᠶ ᠳᠤ᠂ ᠹᠧᠩ ᠱᠸᠦ ᠰᠢᠶᠠᠩ ᠡᠨᠡ ᠬᠦ ᠲᠣᠬᠤᠨᠢᠭᠤᠯᠭ᠎ᠠ ᠪᠠᠷ ᠠᠵᠠ ᠲᠣᠬᠢᠶᠠᠯ ᠪᠣᠯᠭᠠᠵᠤ᠂ ᠦᠷᠭᠦᠯᠵᠢᠯᠡᠨ ᠦᠨᠳᠦᠰᠦᠨ ᠱᠠᠲᠤ ᠂ ᠣᠯᠠᠨ ᠲᠦᠮᠡᠨ ᠤ ᠳᠤᠮᠳᠠ ᠭᠦᠨᠵᠡᠭᠡᠶᠢᠷᠡᠵᠦ᠂ ᠣᠯᠠᠨ ᠲᠦᠮᠡᠨ ᠤ ᠠᠰᠢᠭ ᠲᠤᠰᠠ ᠶᠢ ᠠᠩᠬᠠᠷᠤᠨ ᠬᠠᠯᠠᠮᠵᠢᠯᠠᠵᠤ᠂ ᠣᠯᠠᠨ ᠲᠦᠮᠡᠨ ᠢ ᠬᠠᠪᠰᠤᠷᠤᠨ ᠪᠣᠳᠠᠲᠠᠶ ᠬᠦᠴᠢᠷᠳᠡᠯ ᠢ ᠨᠢ ᠰᠢᠢᠳᠪᠦᠷᠢᠯᠡᠨ ᠥᠭᠴᠦ᠂ ᠨᠠᠩ ᠣᠯᠠᠨ ᠬᠠᠶᠢᠷ᠎ᠠ ᠬᠠᠯᠠᠮᠵᠢ ᠬᠦᠷᠭᠡᠬᠦ ᠪᠣᠯᠤᠨ᠎ᠠ᠃
 
ᠢᠷᠡᠯᠲᠡ᠄ ᠠᠣᠬᠠᠨ ᠬᠤᠰᠢᠭᠤᠨ ᠤ ᠠᠷᠠᠳ ᠤᠨ ᠵᠠᠰᠠᠭ ᠤᠨ ᠣᠷᠳᠤᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备12002332号