ᠬᠤᠨᠢᠨ ᠱᠦᠯᠦ ᠣᠤᠭᠤᠭᠠᠷᠠᠢ
ᠨᠡᠶᠢᠲᠡᠯᠡᠭᠰᠡᠨ ᠴᠠᠭ᠄
2015/8/20
     ᠠ᠊ ᠭᠤᠸᠠᠢ ᠵᠢᠩᠬᠢᠨᠢ ᠰᠠᠯᠠᠭᠠᠨ ᠲᠡᠰ ᠤᠨ ᠲᠠᠷᠤᠭ᠎ᠠ ᠲᠠᠪᠰᠢᠭᠰᠡᠨ ᠠᠴᠠ ᠬᠤᠯᠠ ᠤᠶᠢᠷ᠎ᠠ ᠶᠢᠨ ᠲᠠᠨᠢᠬᠤ  ᠲᠠᠨᠢᠬᠤ ᠦᠭᠡᠢ ᠬᠦᠮᠦᠰ ᠨᠡᠷ᠎ᠡ ᠪᠠᠷ ᠨᠢ ᠰᠣᠷᠠᠭᠯᠠᠵᠤ ᠭᠡᠷ ᠲᠤᠨᠢ ᠢᠷᠡᠬᠦ ᠣᠯᠠᠰᠢᠷᠠᠭᠰᠠᠨ ᠭᠡᠨ᠎ᠡ᠃           ᠠ᠊ ᠭᠤᠸᠠᠢ ᠠᠷᠭ᠎ᠠ ᠶᠠᠳᠠᠬᠤ ᠳᠠᠭᠠᠨ ᠠᠪᠠᠭᠠᠢ ᠬᠡᠤᠬᠡᠳ ᠲᠡᠭᠡᠨ᠄— ᠦᠯᠦ ᠲᠠᠨᠢᠬᠤ ᠬᠦᠮᠦᠨ ᠢᠷᠡᠪᠡᠯ  ᠢᠯᠡᠭᠦᠦ ᠲᠤᠳᠠᠭᠤ ᠦᠭᠡ ᠪᠢᠳᠡᠭᠡᠢ ᠶᠠᠷᠢ᠂ ᠤᠴᠢᠷ ᠶᠠᠪᠤᠳᠠᠯ ᠢ ᠨᠢ ᠪᠢᠳᠡᠭᠡᠢ ᠠᠰᠠᠭᠤ︕ ᠭᠡᠵᠤ ᠵᠠᠬᠢᠳᠠᠭ ᠪᠠᠶᠢᠵᠠᠢ᠃            ᠬᠦᠮᠦᠨ ᠭᠡᠭᠴᠢ ᠬᠤᠪᠢ ᠪᠡᠶ᠎ᠡ ᠶᠢᠨ ᠠᠰᠢᠭ ᠲᠤᠰᠠ ᠪᠠᠨ ᠪᠦᠷᠢᠯᠳᠦᠭᠦᠯᠬᠦ ᠶᠢᠨ ᠲᠤᠰᠠᠳᠠ ᠶᠠᠮᠠᠷ ᠴᠦ ᠠᠷᠭ᠎ᠠ  ᠤᠬᠠᠭᠠᠨ ᠢ ᠰᠦᠪᠡᠭᠴᠢᠯᠡᠵᠤ ᠶᠠᠭᠤ ᠬᠢᠬᠦ ᠠᠴᠠ ᠴᠦ ᠬᠠᠯᠢᠷᠠᠬᠤ ᠦᠭᠡᠢ ᠠᠵᠢ᠃ ᠠ᠊ ᠭᠤᠸᠠᠢ ᠲᠠᠷᠤᠭ᠎ᠠ  ᠪᠣᠯᠣᠭᠰᠠᠨ ᠠᠴᠠ ᠬᠤᠶᠢᠰᠢ ᠲᠠᠨᠢᠯᠴᠠᠵᠤ ᠤᠶᠢᠷᠠᠳᠤᠬᠤ ᠬᠦᠮᠦᠨ ᠴᠦ ᠤᠯᠠᠰᠢᠷᠠᠵᠤ᠂ ᠴᠠᠢ ᠪᠣᠳᠠᠭᠠᠨ ᠤ ᠰᠢᠷᠡᠭᠡᠨ ᠳᠤ  ᠵᠠᠯᠠᠬᠤ ᠴᠦ ᠲᠠᠰᠣᠷᠠᠬᠤ ᠦᠭᠡᠢ ᠪᠤᠯᠵᠠᠢ᠃           — ᠵᠠ᠂ ᠠᠬ᠎ᠠ ᠮᠠᠨᠢ ᠮᠠᠭᠤ ᠲᠡᠭᠦᠦ ᠪᠠᠨ ᠢᠯᠡᠭᠦᠬᠡᠨ ᠬᠠᠪᠰᠣᠷᠴᠤ ᠲᠡᠮᠵᠢᠬᠦ ᠪᠤᠯᠪᠠᠦ︕ ᠭᠡᠵᠤ ᠬᠠᠯᠳᠣ  ᠤᠴᠠᠷᠠᠭᠰᠠᠨ ᠨᠢ ᠬᠠᠯᠠᠭᠤᠨ ᠢᠨᠢᠶᠡᠳᠦ ᠲᠤᠳᠣᠷᠠᠭᠤᠯᠣᠨ᠎ᠠ᠃ ᠬᠤᠵᠢᠮ ᠤᠴᠢᠷ‌‍ᠲ᠋ᠠᠢ ᠪᠤᠯ ᠲᠠᠨ ᠢ ᠵᠤᠪᠠᠭᠠᠶ᠎ᠠ ᠳ᠋ᠠ︕  ᠭᠡᠵᠤ ᠬᠡᠨ ᠨᠢᠭᠡ ᠨᠢ ᠲᠠᠮᠠᠬᠢ ᠰᠣᠯᠢᠯᠴᠠᠬᠤ ᠵᠠᠭᠤᠷ᠎ᠠ ᠬᠤᠵᠢᠮ ᠤᠨ ᠵᠠᠮ ᠢᠶᠠᠨ ᠵᠠᠰᠠᠨ᠎ᠠ᠃  ᠨᠠᠳᠠᠳᠤᠣ ᠲᠠ ᠯᠡ  ᠬᠠᠮᠤᠭ ᠤᠨ ᠲᠤᠰᠠ ᠪᠣᠯᠬᠤ ᠬᠦᠮᠦᠨ ᠰᠢᠦ᠂ ᠠᠯᠢᠪᠠ ᠤᠴᠢᠷ ᠢ ᠲᠠ ᠯᠡ ᠮᠡᠳᠠ︕ ᠭᠡᠵᠤ ᠬᠠᠶᠠ ᠵᠠᠷᠢᠮ ᠨᠢ  ᠬᠠᠮᠤᠭ ᠬᠦᠰᠡᠯ ᠢᠶᠠᠨ ᠲᠠᠯᠪᠢᠨ᠎ᠠ  ᠁           ᠠ᠊ ᠭᠤᠸᠠᠢ ᠶᠢᠨ ᠠᠵᠢᠯ ᠭᠡᠭᠴᠢ ᠡᠳᠦᠷᠵᠢᠨ ᠶᠠᠭᠠᠷᠠᠤ᠂ ᠵᠠᠰᠠᠭ ᠵᠠᠬᠢᠷᠭᠠᠨ ᠤ ᠺᠠᠳ᠋ᠷ ᠢ ᠬᠠᠮᠢᠶᠠᠷᠴᠤ᠂ ᠠᠵᠢᠯ  ᠦᠢᠯᠡᠰ ᠤᠨ ᠨᠢᠭᠡᠴᠠ ᠶᠢ ᠬᠠᠮᠤᠷᠳᠠᠭ ᠪᠠᠶᠢᠪᠠ᠃ ᠡᠳᠦᠷᠵᠢᠨ ᠬᠦᠯᠭᠡ ᠰᠢᠳᠠᠷ᠎ᠠ ᠲᠠᠯᠪᠢᠬᠤ ᠮᠡᠳᠣ ᠬᠦᠮᠦᠨ ᠬᠠᠷ᠎ᠠ ᠶᠢᠨ  ᠤᠴᠢᠷ ᠢ ᠵᠦᠪᠯᠡᠵᠤ ᠶᠤᠰᠣᠳᠠᠢ ︽ᠪᠠᠭᠠᠯᠵᠣᠷ ᠢ ᠨᠢ ᠠᠳᠬᠤᠬᠤ︾ ᠡᠷᠬᠡ ᠶᠢ ᠡᠵᠡᠮᠰᠢᠵᠠᠢ᠃ ᠭᠡᠪᠡᠴᠤ ᠠ᠊  ᠭᠤᠸᠠᠢ ᠲᠠᠢ ᠬᠠᠮᠳᠣ ᠠᠵᠢᠯᠯᠠᠳᠠᠭ ᠪᠠᠰᠠ ᠨᠢᠭᠡᠨ ᠲᠠᠷᠤᠭ᠎ᠠ ᠪᠠᠶᠢᠳᠠᠭ ᠠᠵᠢ᠃ ᠲᠡᠳᠡ ᠬᠤᠶᠠᠷ ᠤᠨ ᠡᠭᠦᠷᠭᠡ  ᠬᠠᠷᠢᠭᠤᠴᠠᠯᠭ᠎ᠠ ᠢᠯᠭᠠᠭ᠎ᠠ ᠲᠠᠢ ᠴᠦ ᠦᠨᠳᠦᠰᠦᠨ ᠳᠡᠭᠡᠨ ᠬᠦᠮᠦᠨ ᠤ ᠯᠡ ᠤᠴᠢᠷ ᠢ ᠶᠠᠷᠢᠳᠠᠭ ᠭᠡᠨ᠎ᠡ᠃ ᠠ᠊  ᠭᠤᠸᠠᠢ ᠶᠢ ᠡᠷᠢᠬᠦ ᠬᠦᠮᠦᠨ ᠪᠤᠢ ᠭᠡᠬᠦ ᠳᠤ ᠨᠦᠭᠦᠭᠡ ᠨᠢᠭᠡ ᠲᠠᠷᠤᠭ᠎ᠠ ᠶᠢ ᠴᠦ ᠡᠳᠦᠷᠵᠢᠨ ᠡᠷᠢᠬᠦ ᠬᠦᠮᠦᠨ ᠲᠠᠰᠣᠷᠠᠬᠤ  ᠦᠭᠡᠢ ᠪᠢᠯᠡ᠃           ᠨᠢᠭᠡᠨ ᠴᠠᠭᠠᠨ ᠰᠠᠷ᠎ᠠ ᠪᠤᠯᠬᠤ ᠳᠤ ᠬᠦᠳᠡᠭᠡ ᠶᠢᠨ ᠪᠠᠶᠢᠭᠤᠯᠤᠯᠭ᠎ᠠ ᠠᠴᠠ ᠵᠡᠭᠡᠯᠢ ᠶᠢᠨ ᠨᠢᠭᠡᠴᠠ ᠳᠤ ᠣᠷᠣᠬᠤ ᠶᠢ  ᠪᠣᠳᠣᠭᠰᠠᠨ ᠨᠢᠭᠡᠨ ᠠᠵᠢᠯᠳᠠᠨ ᠨᠦᠭᠦᠭᠡ ᠲᠠᠷᠤᠭ᠎ᠠ ᠶᠢ ᠨᠢ ᠡᠷᠢᠬᠦ ᠪᠠᠷ ᠵᠤᠷᠢᠭ ᠰᠢᠭᠤᠳᠴᠤ᠂ ᠬᠠᠮᠤᠭ ᠤᠨ ᠰᠠᠶᠢᠨ  ᠨᠠᠶᠢᠵᠠ ᠠᠴᠠ ᠪᠠᠨ ᠠᠰᠠᠭᠤᠨ ᠰᠣᠷᠠᠭᠯᠠᠵᠤ ᠣᠷᠣᠨ ᠰᠠᠭᠤᠴᠠ ᠶᠢ ᠨᠢ ᠣᠯᠵᠠᠢ᠃ ᠠᠮᠠᠷᠠᠯᠳᠠ ᠶᠢᠨ ᠡᠳᠦᠷ ᠪᠤᠯᠵᠤ᠂  ᠬᠦᠮᠦᠨ ᠬᠠᠷ᠎ᠠ ᠬᠤᠪᠢᠨ ᠤ ᠠᠵᠢᠯ ᠳᠠᠭᠠᠨ ᠶᠠᠭᠠᠷᠠᠵᠠᠢ᠃ ᠲᠡᠷᠡ ᠬᠦᠮᠦᠨ ᠴᠠᠭ ᠵᠠᠢ ᠶᠢ ᠨᠢ ᠠᠵᠢᠭᠯᠠᠵᠤ ᠬᠤᠨᠢᠨ  ᠬᠠᠪᠰᠣᠷᠭ᠎ᠠ ᠪᠠᠨ ᠣᠭᠤᠳᠠᠯᠠᠵᠤ ᠠᠰᠠᠷ ᠤᠨ ᠭᠤᠳᠣᠮᠵᠢ ᠶᠢ ᠨᠢ ᠠᠰᠠᠭᠤᠨ ᠰᠣᠷᠠᠭᠯᠠᠵᠤ ᠲᠠᠷᠤᠭ᠎ᠠ ᠶᠢᠨ ᠭᠡᠷ ᠲᠤᠨᠢ  ᠬᠦᠷᠦᠭᠡᠳ ᠤᠴᠢᠪᠠ᠃ ᠡᠭᠦᠳᠡ ᠶᠢ ᠨᠢ ᠬᠡᠳᠦ ᠲᠤᠭᠰᠢᠪᠠ᠃ ᠡᠭᠦᠳᠡ ᠠᠯᠭᠤᠷᠬᠠᠨ ᠨᠡᠬᠡᠭᠡᠭᠳᠡᠬᠦ ᠳᠤ ᠤᠭᠤᠳᠠ ᠪᠠᠨ  ᠡᠭᠦᠷᠴᠦ ᠭᠡᠷ ᠲᠤᠨᠢ ᠣᠷᠣᠪᠠ᠃ ᠲᠠᠷᠤᠭ᠎ᠠ ᠭᠡᠷ ᠲᠡᠭᠡᠨ ᠪᠠᠶᠢᠭᠰᠠᠨ ᠦᠭᠡᠢ᠂ ᠪᠦᠰᠡᠭᠦᠢ ᠨᠢ ᠪᠠᠶᠢᠪᠠ᠃ ᠲᠡᠷᠡ  ᠭᠤᠸᠠᠢ ᠲᠠᠷᠤᠭ᠎ᠠ ᠨᠠᠷ ᠤᠨ ᠪᠦᠰᠡᠭᠦᠢ ᠶᠢ ᠨᠢ ᠦᠯᠦ ᠲᠠᠨᠢᠬᠤ ᠤᠴᠢᠷ ᠴᠤᠬᠤᠮ ᠬᠡᠨ ᠤ ᠬᠢᠨᠢ ᠭᠡᠷ ᠭᠡᠳᠡᠭ ᠢ  ᠢᠯᠭᠠᠬᠤ ᠳᠤ ᠪᠡᠷᠬᠡ ᠪᠤᠯᠪᠠ᠃ ᠲᠡᠷᠡ ᠭᠤᠸᠠᠢ ᠪᠠᠴᠢᠮᠳᠠᠨ ᠰᠠᠨᠳᠣᠷᠴᠤ᠄  ᠲᠠᠷᠤᠭ᠎ᠠ ᠶᠢᠨ ᠭᠡᠷ ᠮᠦᠨ ᠤᠤ︖ ᠭᠡᠵᠤ  ᠠᠰᠠᠭᠤᠬᠤ ᠳᠤ ᠲᠡᠷᠡ ᠪᠦᠰᠡᠭᠦᠢ᠄  ︽ᠮᠦᠨ᠂ ᠮᠦᠨ︕︾ ᠭᠡᠵᠤ ᠬᠡᠯᠡᠬᠦᠯᠡᠷ ᠲᠣᠳᠣᠷ᠎ᠠ ᠨᠢ ᠲᠠᠶᠢᠪᠤᠰᠢᠷᠠᠪᠠ᠃   ᠪᠦᠰᠡᠭᠦᠢ ᠴᠠᠢ ᠠᠶᠠᠭᠠᠯᠠᠪᠠ᠃ ᠲᠡᠷᠡ ᠭᠤᠸᠠᠢ ᠴᠠᠢ ᠠᠴᠠ ᠨᠢ ᠣᠭᠤᠴᠢᠵᠤ ᠬᠠᠨ᠎ᠠ ᠳᠤ ᠡᠯᠭᠦᠭᠰᠡᠨ ᠵᠢᠷᠤᠭ ᠢ  ᠦᠵᠡᠭᠡᠳ ᠰᠣᠴᠢᠰᠭᠢᠪᠠ᠃ ᠣᠤᠯ ᠨᠢ ᠲᠡᠭᠦᠨ ᠤ ᠡᠷᠢᠬᠦ ᠭᠡᠰᠡᠨ ᠲᠠᠷᠤᠭ᠎ᠠ ᠶᠢᠨ ᠭᠡᠷ ᠪᠢᠰᠢ᠂ ᠬᠠᠷᠢᠨ ᠠ᠊  ᠲᠠᠷᠤᠭ᠎ᠠ ᠶᠢᠨ ᠭᠡᠷ ᠪᠠᠶᠢᠭᠰᠠᠨ ᠠᠵᠢ᠃         ︽ᠶᠤᠰᠣᠳᠠᠢ ᠮᠠᠭᠤ ᠣᠬᠠᠭᠠᠨ ᠢᠶᠠᠷ ᠲᠦᠭᠦᠷᠦᠭᠰᠡᠨ ᠬᠦᠮᠦᠨ᠂ ᠨᠠᠮᠠᠢᠢ ᠦᠭᠡᠶᠢᠬᠢᠬᠦ ᠭᠡᠳᠡᠭ ᠴᠢᠨᠢ︾ ᠭᠡᠵᠤ  ᠰᠠᠶᠢᠨ ᠠᠬ᠎ᠠ ᠲᠡᠭᠦᠦ ᠳᠡᠭᠡᠨ ᠠᠭᠤᠷᠯᠠᠭᠰᠠᠨ ᠲᠡᠷᠡ ᠭᠤᠸᠠᠢ ᠪᠠᠭ᠋ᠠᠨ ᠰᠠᠭᠤᠵᠤ᠄ ︽ᠦᠭᠡᠷ᠎ᠡ ᠶᠠᠮᠠᠷ ᠠᠷᠭ᠎ᠠ ᠪᠠᠶᠢᠬᠤᠪ  ᠂ ᠠᠳᠠᠯᠢᠬᠠᠨ ᠲᠠᠷᠤᠭ᠎ᠠ ᠶᠢᠨ ᠭᠡᠷ ᠲᠤ ᠣᠷᠣᠵᠤ ᠢᠷᠡᠭᠰᠡᠨ ᠶᠤᠮ ᠴᠢᠨᠢ ᠪᠡᠯᠡᠭ ᠢᠶᠠᠨ ᠦᠭᠬᠦ ᠠᠴᠠ ᠪᠢᠰᠢ᠂ ᠡᠭᠦᠷᠴᠤ  ᠶᠠᠪᠤᠬᠤ ᠶᠢᠨ ᠠᠷᠭ᠎ᠠ ᠦᠭᠡᠢ︾ ᠭᠡᠵᠤ ᠪᠣᠳᠣᠬᠤ ᠳᠠᠭᠠᠨ ᠤᠭᠤᠳᠠ ᠲᠠᠢ ᠬᠠᠪᠰᠣᠷᠭ᠎ᠠ ᠪᠠᠨ ᠰᠢᠷᠡᠭᠡᠨ ᠤ ᠬᠢᠨᠢ  ᠵᠠᠬ᠎ᠠ ᠳᠤ ᠨᠠᠮᠵᠢᠭᠤᠨ ᠲᠠᠯᠪᠢᠵᠤ᠄  ︽ᠵᠢᠯ ᠴᠠᠭᠠᠨ ᠰᠠᠷ᠎ᠠ ᠤᠶᠢᠷᠠᠳᠣᠯ᠎ᠠ᠂ ᠬᠤᠨᠢᠨ ᠱᠦᠯᠦ ᠣᠤᠭᠤᠭᠠᠷᠠᠢ︕ ᠭᠡᠳ  ᠪᠣᠷᠣ ᠮᠦᠷ ᠢᠶᠠᠷ ᠢᠶᠠᠨ ᠪᠤᠴᠠᠭᠰᠠᠨ ᠭᠡᠨ᠎ᠡ᠃  
 
ᠢᠷᠡᠯᠲᠡ᠄ ᠤᠯᠠᠭᠠᠨᠬᠠᠳᠠ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备12002332号