ᠮᠤᠩᠭᠤᠯ ᠭᠡᠤᠭᠡᠳ
ᠨᠡᠶᠢᠲᠡᠯᠡᠭᠰᠡᠨ ᠴᠠᠭ᠄
2015/8/27
ᠬᠦᠭᠡ ᠡᠪᠦᠭᠡ ᠶᠢᠨ ᠢᠶᠠᠨ  ᠬᠠᠶᠢᠷᠠᠳᠠᠢ ᠤᠮᠪᠤᠯᠤ  ᠬᠦᠭᠰᠢᠨ ᠡᠮᠡᠭᠡ ᠶᠢᠨ ᠢᠶᠠᠨ  ᠬᠦᠭᠡᠷᠦᠬᠦᠨ ᠪᠦᠪᠡᠢ  ᠬᠦᠭᠡ ᠮᠤᠩᠭᠤᠯ ᠤᠨ ᠢᠶᠠᠨ  ᠡᠷᠡᠯᠭᠡᠭ ᠤᠭᠰᠠᠭ᠎ᠠ  ᠬᠦᠷᠬᠦ ᠮᠠᠷᠭᠠᠰᠢ ᠶᠢᠨ ᠢᠶᠠᠨ  ᠮᠤᠨᠳᠠᠭ ᠶᠡᠭᠡ ᠬᠦᠴᠦᠨ  ᠮᠤᠩᠭᠤᠯ ᠭᠡᠤᠭᠡᠳ  ᠮᠤᠯᠤᠷ ᠡᠷᠳᠡᠨᠢ ᠡ︕  ᠮᠤᠩᠭᠤᠯ ᠨᠤᠳᠤᠭ ᠤᠨ ᠢᠶᠠᠨ  ᠬᠤᠪᠤᠷ ᠡᠷᠳᠡᠨᠢ ᠡ︕  ᠭᠡᠨ ᠬᠡᠨ ᠠᠴᠠ ᠴᠡᠪᠡᠷᠬᠡᠨ  ᠮᠤᠩᠭᠤᠯ ᠢᠶᠠᠷ ᠢᠶᠠᠨ ᠭᠤᠶᠤᠳᠠᠭ ᠭᠡᠤᠭᠡᠳ ᠤᠳ ᠮᠢᠨᠢ ᠬᠡᠯᠠ ᠬᠡᠯᠠ ᠠᠴᠠ ᠪᠠᠶᠠᠯᠢᠭ  ᠮᠤᠩᠭᠤᠯ ᠢᠶᠠᠷ ᠢᠶᠠᠨ ᠶᠠᠷᠢᠳᠠᠭ ᠭᠡᠤᠭᠡᠳ ᠤᠳ ᠮᠢᠨᠢ  ᠮᠤᠩᠬᠠᠭ ᠢ ᠭᠡᠭᠡᠷᠡᠬᠦᠯᠬᠦ  ᠮᠦᠢᠯ ᠬᠠᠷ᠎ᠠ ᠨᠢᠳᠤ ᠲᠠᠢ  ᠮᠠᠭᠤᠬᠠᠢ ᠶᠢ ᠴᠡᠪᠡᠷᠰᠢᠬᠦᠯᠬᠦ  ᠪᠤᠯᠤᠷ ᠲᠤᠩᠭᠠᠯᠠᠭ ᠬᠠᠷᠠᠴᠠ ᠲᠠᠢ  ᠤᠨᠠᠭᠰᠠᠨ ᠨᠤᠳᠤᠭ ᠤᠨ ᠢᠶᠠᠨ ᠰᠢᠷᠤᠢ ᠲᠡᠭᠡᠷ᠎ᠠ  ᠤᠨᠠᠨ ᠲᠤᠰᠤᠨ ᠪᠦᠳᠦᠴᠢᠨ ᠪᠠᠶᠢᠵᠤ  ᠤᠤᠭᠠᠯ ᠰᠤᠶᠤᠯ ᠤᠨ ᠢᠶᠠᠨ ᠬᠦᠷᠦᠰᠦᠨ ᠲᠡᠭᠡᠷ᠎ᠠ  ᠠᠭᠤᠰᠤᠨ ᠰᠢᠮᠠᠵᠢᠨ ᠰᠤᠶᠤᠭᠠᠯᠠᠨ ᠪᠠᠶᠢᠵᠤ  ᠶᠢᠷᠳᠢᠨᠴᠤ ᠶᠢᠨ ᠴᠤᠩᠬᠤ ᠪᠤᠯ  ᠰᠤᠶᠤᠯ ᠭᠡᠵᠤ  ᠶᠡᠭᠡ ᠶᠢ ᠲᠠᠨᠢᠭᠰᠠᠨ ᠡ︕  ᠮᠤᠩᠭᠤᠯ ᠭᠡᠤᠭᠡᠳ ᠤᠳ ᠮᠢᠨᠢ  ᠢᠷᠡᠭᠡᠳᠤᠢ ᠶᠢᠨ ᠡᠬᠦᠳᠠ ᠪᠤᠯ  ᠮᠡᠳᠡᠯᠭᠡ ᠭᠡᠵᠤ  ᠢᠳᠡᠭᠡᠯ ᠡᠷᠴᠢᠯᠡᠭᠰᠠᠨ  ᠮᠤᠩᠭᠤᠯ ᠭᠡᠤᠭᠡᠳ ᠤᠳ ᠮᠢᠨᠢ  ᠠᠪᠤ ᠶᠢᠨ ᠢᠶᠠᠨ ᠦᠪᠯᠠᠵᠤ ᠦᠭᠬᠦᠭᠰᠠᠨ  ᠠᠯᠳᠠᠨ ᠡᠮᠡᠭᠡᠯ ᠢᠶᠠᠨ ᠨᠠᠨᠳᠢᠩᠨᠠᠵᠤ  ᠡᠵᠢ ᠶᠢᠨ ᠢᠶᠠᠨ ᠤᠷᠠᠯᠠᠵᠤ ᠤᠶᠤᠭᠰᠠᠨ  ᠡᠪᠯᠢᠭ ᠲᠠᠪᠠᠯ ᠢᠶᠠᠷ ᠢᠶᠠᠨ ᠭᠤᠶᠤᠯᠠᠵᠤ  ᠵᠢᠷᠤᠭ ᠰᠢᠭ᠋ ᠪᠠᠶᠢᠭᠠᠯᠢ ᠶᠢᠨ ᠢᠶᠠᠨ ᠲᠤᠮᠳᠠᠭᠤᠷ  ᠡᠶᠢᠯᠤᠨ ᠲᠤᠭᠯᠠᠵᠤ  ᠵᠤᠨ ᠰᠢᠭ᠋ ᠤᠬᠠᠭᠠᠨ ᠤ ᠰᠠᠷᠠᠭᠤᠯ ᠳᠤ  ᠤᠷᠮ᠎ᠠ ᠪᠠᠨ ᠲᠡᠳᠬᠦᠵᠤ  ᠢᠷ ᠬᠤᠷᠴᠠ ᠬᠦᠳᠡᠭᠡ ᠶᠢᠨ ᠰᠠᠯᠬᠢᠨ ᠳᠤ  ᠰᠠᠶᠢᠷᠠᠳᠤᠨ ᠪᠠᠶᠢᠵᠤ  ᠬᠦᠮᠦᠨ ᠪᠤᠯᠬᠤ ᠤᠬᠠᠭᠠᠨ ᠢ  ᠠᠷᠡᠳ ᠲᠦᠮᠨᠨ ᠠᠴᠠ ᠪᠠᠨ ᠰᠤᠷᠤᠨ᠎ᠠ  ᠮᠤᠩᠭᠤᠯ ᠭᠡᠤᠭᠡᠳ ᠤᠳ ᠮᠢᠨᠢ︕  ᠰᠦᠷ ᠶᠡᠭᠡᠮᠰᠦᠭ ᠮᠤᠩᠭᠤᠯ ᠬᠡᠯᠠ ᠪᠠᠷ ᠢᠶᠠᠨ  ᠰᠤᠷᠤᠯᠴᠠᠨ ᠪᠠᠶᠢᠵᠤ  ᠡᠷᠳᠡᠮ ᠤᠨ ᠤᠷᠬᠢᠯ ᠳᠤ ᠮᠠᠴᠤᠬᠤ ᠠᠶᠠᠨ ᠢ  ᠡᠭᠡ ᠰᠤᠷᠭᠠᠭᠤᠯᠢ ᠠᠴᠠ ᠪᠠᠨ ᠡᠬᠢᠯᠠᠨ᠎ᠠ  ᠮᠤᠩᠭᠤᠯ ᠭᠡᠤᠭᠡᠳ ᠤᠳ ᠮᠢᠨᠢ︕
 
ᠢᠷᠡᠯᠲᠡ᠄ ᠤᠯᠠᠭᠠᠨᠬᠠᠳᠠ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备12002332号