ᠴᠢᠩ ᠴᠢᠤᠸᠠᠨ  ᠭᠦ᠋  ᠬᠦᠨᠲᠡᠢ ᠶᠢᠨ ᠬᠠᠮᠤᠭ ᠤᠨ ᠰᠠᠶᠢᠬᠠᠨ ᠵᠤᠨ ᠤ  ᠦᠵᠡᠮᠵᠢ
ᠨᠡᠶᠢᠲᠡᠯᠡᠭᠰᠡᠨ ᠴᠠᠭ᠄
2022/12/1
       
   ᠠᠤᠬᠠᠨ ᠬᠤᠰᠢᠭᠤᠨ ᠤ ᠴᠢᠩ ᠴᠢᠤᠸᠠᠨ ᠬᠥ᠋ ︵ᠤᠤᠯ ᠨᠡᠷ᠎ᠡ ᠨᠢ ᠨᠢᠶᠠᠨ ᠫᠠᠨ ᠭᠸᠤ︶ ᠶᠢᠨ ᠪᠠᠶᠢᠭᠠᠯᠢ ᠶᠢᠨ ᠦᠵᠡᠮᠵᠢ ᠶᠢᠨ ᠣᠷᠣᠨ᠂ ᠥᠪᠥᠷ ᠮᠣᠩᠭᠤᠯ ᠤᠨ ᠤᠯᠠᠭᠠᠨᠬᠠᠳᠠ ᠬᠤᠲᠠ ᠶᠢᠨ ᠠᠤᠬᠠᠨ ᠬᠤᠰᠢᠭᠤᠨ ᠤ ᠰᠧ ᠵᠢᠶᠠ ᠽᠢ ᠪᠠᠯᠭᠠᠰᠤᠨ ᠤ ᠵᠠᠰᠠᠭ ᠤᠨ ᠣᠷᠳᠣᠨ ᠠᠴᠠ ᠵᠡᠭᠦᠨᠰᠢ 17 ᠺᠢᠯᠣᠮᠧᠲᠷ᠂ ᠵᠡᠭᠦᠨᠰᠢ ᠯᠢᠶᠣᠤᠨᠢᠩ ᠤᠨ ᠴᠤᠤᠶᠠᠩ ᠤᠨ ᠴᠢ ᠱᠠᠨ ᠭᠸᠤ ᠲᠠᠢ ᠵᠠᠯᠭᠠᠯᠳᠤᠵᠤ᠂ ᠤᠮᠠᠷᠠᠰᠢ ᠠᠤᠬᠠᠨ ᠬᠤᠰᠢᠭᠤᠨ ᠤ ᠳ᠋ᠠ ᠾᠸᠢ ᠱᠠᠨ ᠤᠯᠤᠰ ᠤᠨ ᠣᠶ ᠰᠢᠭᠤᠶ ᠶᠢᠨ ᠡᠬᠢ ᠪᠠᠶᠠᠯᠢᠭ ᠤᠨ ᠬᠠᠮᠠᠭᠠᠯᠠᠯᠲᠠ ᠶᠢᠨ ᠣᠷᠣᠨ ᠳᠤ ᠪᠠᠶᠢᠷᠢᠯᠠᠳᠠᠭ᠃ ᠴᠢᠩ ᠴᠢᠤᠸᠠᠨ ᠬᠥ᠋ ᠪᠣᠯ ᠠᠤᠬᠠᠨ ᠬᠤᠰᠢᠭᠤᠨ ᠤ ᠵᠢᠭᠤᠯᠴᠢᠯᠠᠯ ᠤᠨ ᠡᠬᠢ ᠪᠠᠶᠠᠯᠢᠭ ᠤᠨ ᠥᠷᠥᠴᠡ ᠭᠠᠵᠠᠷ ᠪᠠᠶᠢᠵᠤ᠂ ᠦᠵᠡᠮᠵᠢ ᠶᠢᠨ ᠣᠷᠣᠨ ᠳᠤ ᠪᠠᠶᠢᠭᠠᠯᠢ ᠶᠢᠨ ᠡᠭᠦᠰᠦᠮᠡᠯ ᠣᠶ ᠶᠢᠨ ᠪᠦᠷᠬᠦᠴᠡ 95% ᠠᠴᠠ ᠳᠡᠭᠡᠭᠰᠢ ᠪᠠᠶᠢᠵᠤ᠂ ᠤᠷᠭᠤᠮᠠᠯ ᠤᠨ ᠪᠦᠯᠦᠭᠯᠡᠯ ᠪᠠ ᠬᠡᠰᠡᠭ ᠠᠮᠢᠲᠠᠨ ᠤ ᠲᠥᠷᠥᠯ  ᠵᠦᠢᠯ  ᠢ ᠮᠠᠰᠢ ᠰᠠᠶᠢᠨ ᠬᠠᠳᠠᠭᠠᠯᠠᠵᠤ ᠪᠠᠶᠢᠨ᠎ᠠ᠃ ᠢᠯᠠᠩᠭᠤᠶ᠎ᠠ ᠠᠶᠠᠨᠳᠠᠭᠠᠨ ᠤᠷᠭᠤᠵᠤ ᠪᠠᠶᠢᠭ᠎ᠠ ᠠᠭᠤᠯᠠᠨ ᠬᠦᠢᠯᠡᠰᠦᠨ ᠣᠶ ᠶᠢᠨ ᠲᠠᠯᠠᠪᠠᠶ ᠶᠢᠨ ᠶᠡᠭᠡ ᠨᠢ ᠤᠮᠠᠷᠠᠲᠤ ᠣᠷᠣᠨ᠂ ᠵᠡᠭᠦᠨ ᠬᠤᠶᠢᠲᠤ ᠣᠷᠣᠨ ᠳᠤ ᠦᠨᠡᠬᠡᠷ ᠬᠤᠪᠣᠷ ᠪᠠᠶᠢᠳᠠᠭ᠃ ᠯᠢᠶᠣᠤᠨᠢᠩ ᠤᠨ ᠴᠤᠤᠶᠠᠩ ᠤᠨ ᠴᠢ ᠱᠠᠨ ᠭᠧᠤ ᠶᠢᠨ ᠤᠯᠤᠰ ᠤᠨ ᠣᠶ ᠰᠢᠭᠤᠶ ᠶᠢᠨ ᠡᠬᠢ ᠪᠠᠶᠠᠯᠢᠭ ᠤᠨ ᠬᠠᠮᠠᠭᠠᠯᠠᠯᠲᠠ ᠶᠢᠨ ᠣᠷᠣᠨ ᠤ ᠮᠠᠲ᠋ᠧᠷᠢᠶᠠᠯ ᠤᠨ ᠭᠡᠷᠡᠴᠢᠯᠡᠭᠰᠡᠨ ᠢᠶᠠᠷ᠂ ᠬᠥᠨᠳᠡᠶ ᠳᠣᠲᠣᠷ᠎ᠠ ᠣᠲᠣ 97 ᠲᠥᠷᠥᠯ ᠤᠨ ᠬᠡᠭᠡᠷ᠎ᠡ ᠶᠢᠨ ᠤᠷᠭᠤᠮᠠᠯ᠂ 412 ᠲᠥᠷᠥᠯ᠂ 1015  ᠵᠦᠢᠯ ᠪᠣᠶ᠂ ᠡᠭᠦᠨ ᠳᠤ ᠤᠯᠤᠰ ᠤᠨ ᠨᠢᠭᠡᠳᠦᠭᠡᠷ ᠳᠡᠰ ᠤᠨ ᠭᠤᠤᠯᠳᠠᠯᠭ᠎ᠠ ᠲᠠᠢ ᠬᠠᠮᠠᠭᠠᠯᠠᠬᠤ ᠬᠡᠭᠡᠷ᠎ᠡ ᠶᠢᠨ ᠤᠷᠭᠤᠮᠠᠯ — ᠣᠷᠬᠤᠳᠠᠶ᠂ ᠬᠤᠶᠠᠳᠤᠭᠠᠷ ᠳᠡᠰ ᠤᠨ ᠭᠤᠤᠯᠳᠠᠯᠭ᠎ᠠ ᠲᠠᠢ ᠬᠠᠮᠠᠭᠠᠯᠠᠬᠤ ᠬᠡᠭᠡᠷ᠎ᠡ ᠶᠢᠨ ᠤᠷᠭᠤᠮᠠᠯ — ᠬᠤᠰᠢᠭ᠎ᠠ ᠶᠢᠨ ᠪᠣᠷᠣ᠂ ᠤᠰᠤᠨ ᠮᠥᠭᠡᠲᠦ᠂ ᠪᠣᠷᠣ ᠲᠣᠮᠣ ᠵᠡᠷᠭᠡ 4 ᠲᠥᠷᠥᠯ ᠪᠣᠶ︔ ᠡᠭᠦᠨ ᠳᠤ ᠤᠯᠤᠰ ᠤᠨ ᠨᠢᠭᠡᠳᠦᠭᠡᠷ ᠳᠡᠰ ᠤᠨ ᠭᠤᠤᠯᠳᠠᠯᠭ᠎ᠠ ᠲᠠᠢ ᠬᠠᠮᠠᠭᠠᠯᠠᠬᠤ ᠬᠡᠭᠡᠷ᠎ᠡ ᠶᠢᠨ ᠤᠷᠭᠤᠮᠠᠯ — ᠬᠤᠰᠢᠭ᠎ᠠ ᠶᠢᠨ ᠮᠣᠳᠣ᠂ ᠤᠰᠤᠨ ᠮᠥᠭᠡᠲᠦ ᠪᠤᠷᠭᠠᠰᠤ᠂ ᠪᠣᠷᠣ ᠲᠣᠮᠣ ᠵᠡᠷᠭᠡ 4 ᠲᠥᠷᠥᠯ ᠪᠣᠶ︔ ᠣᠳᠣ ᠰᠡᠭᠡᠷᠲᠡᠨ ᠠᠮᠢᠲᠠᠨ ᠤ 5 ᠠᠩᠭᠢ᠂ 27  ᠪᠠᠭ᠂ 69 ᠢᠵᠠᠭᠤᠷ᠂ 354 ᠵᠦᠢᠯ ᠪᠤᠶ᠂ ᠡᠭᠦᠨ ᠤ ᠳᠣᠲᠣᠷ᠎ᠠ ᠤᠯᠤᠰ ᠤᠨ ᠨᠢᠭᠡᠳᠦᠭᠡᠷ ᠳᠡᠰ ᠤᠨ ᠬᠠᠮᠠᠭᠠᠯᠠᠯᠲᠠ ᠳᠤ ᠪᠠᠶᠢᠭ᠎ᠠ ᠠᠮᠢᠲᠠᠨ ᠤ ᠠᠯᠲᠠᠨ ᠱᠤᠭᠤᠮᠠᠯ᠂ ᠲᠣᠭᠤᠳᠠᠭ ᠬᠤᠶᠠᠷ ᠵᠦᠢᠯ᠂ ᠬᠤᠶᠠᠳᠤᠭᠠᠷ ᠳᠡᠰ ᠤᠨ ᠬᠠᠮᠠᠭᠠᠯᠠᠯᠲᠠ ᠳᠤ ᠪᠠᠶᠢᠭ᠎ᠠ ᠠᠮᠢᠲᠠᠨ 32 ᠵᠦᠢᠯ᠂ ᠡᠯ᠎ᠡ ᠵᠦᠢᠯ ᠤᠨ ᠰᠢᠪᠠᠭᠤᠨ ᠤ ᠲᠥᠷᠥᠯ 266 ᠵᠦᠢᠯ ᠪᠤᠶ᠂ ᠡᠭᠦᠨ ᠤ ᠬᠠᠮᠲᠤ ᠪᠠᠰᠠ ᠰᠢᠪᠠᠭᠤᠨ ᠤ ᠨᠡᠭᠦᠳᠡᠯ ᠤᠨ ᠭᠤᠣᠯ ᠵᠣᠭᠰᠣᠬᠤ ᠭᠠᠵᠠᠷ ᠪᠠ ᠬᠠᠩᠭᠠᠯᠭ᠎ᠠ ᠶᠢᠨ ᠥᠷᠲᠡᠭᠡ ᠪᠣᠯᠤᠨ᠎ᠠ᠃
 
ᠢᠷᠡᠯᠲᠡ᠄ ᠠᠣᠬᠠᠨ ᠬᠤᠰᠢᠭᠤᠨ ᠤ ᠠᠷᠠᠳ ᠤᠨ ᠵᠠᠰᠠᠭ ᠤᠨ ᠣᠷᠳᠤᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备12002332号