ᠬᠠᠮᠲᠤ ᠳᠤ ᠪᠠᠨ ᠨᠢᠳᠦ ᠪᠠᠨ ᠬᠠᠮᠠᠭᠠᠯᠠᠶ᠎ᠠ — ᠬᠡᠷ ᠤᠨ ᠠᠬᠠᠮᠠᠳ ᠲᠤ ᠢᠯᠡᠭᠡᠭᠰᠡᠨ ᠵᠠᠬᠢᠳᠠᠯ
ᠨᠡᠶᠢᠲᠡᠯᠡᠭᠰᠡᠨ ᠴᠠᠭ᠄
2022/12/30
ᠬᠦᠨᠳᠦᠲᠦ ᠭᠡᠷ ᠤᠨ ᠠᠬᠠᠮᠠᠳ ᠨᠠᠶᠢᠵᠠ ᠨᠠᠷ ᠡ᠄            ᠰᠠᠶᠢᠨ ᠤᠤ︕ ᠣᠶᠢᠷ᠎ᠠ ᠶᠢᠨ ᠵᠢᠯ ᠠᠴᠠ ᠨᠠᠭᠠᠰᠢ᠂ ᠮᠠᠨ ᠤ ᠤᠯᠤᠰ ᠤᠨ ᠵᠠᠯᠠᠭᠤᠴᠤᠳ ᠪᠠᠭᠠᠴᠤᠳ  ᠬᠡᠦᠬᠡᠳ ᠤᠨ ᠣᠶᠢᠷ᠎ᠠ ᠬᠠᠷᠠᠭ᠎ᠠ ᠲᠠᠢ  ᠪᠣᠯᠬᠤ ᠨᠣᠷᠮ᠎ᠠ ᠲᠠᠰᠤᠷᠠᠯᠲᠠ ᠥᠬᠡᠶ ᠳᠡᠭᠡᠭᠰᠢᠯᠡᠵᠦ᠂ ᠣᠶᠢᠷ᠎ᠠ ᠬᠠᠷᠠᠭ᠎ᠠ ᠲᠠᠢ  ᠬᠥᠮᠦᠨ ᠣᠯᠠᠰᠢᠷᠠᠬᠤ᠂ ᠵᠠᠯᠠᠭᠤ ᠪᠠᠭᠠᠴᠤᠤᠯ ᠣᠶᠢᠷ᠎ᠠ ᠬᠠᠷᠠᠭ᠎ᠠ ᠲᠠᠢ ᠪᠣᠯᠬᠤ ᠬᠠᠨᠳᠤᠰᠢ ᠢᠯᠡᠷᠡᠵᠦ᠂ ᠬᠡᠦᠬᠡᠳ ᠤᠨ  ᠪᠡᠶ᠎ᠡ ᠰᠡᠳᠬᠢᠯ ᠤᠨ ᠡᠷᠡᠭᠦᠯ ᠮᠡᠨᠳᠦ ᠶᠢ ᠬᠦᠨᠳᠦ ᠨᠣᠴᠢᠲᠠᠶ ᠨᠥᠯᠥᠭᠡᠯᠡᠵᠦ ᠪᠠᠶᠢᠭ᠎ᠠ ᠪᠣᠯᠬᠤᠷ ᠡᠷᠬᠡᠪᠰᠢ ᠳᠡᠭᠡᠳᠦ  ᠬᠡᠮᠵᠢᠶ᠎ᠡ ᠪᠠᠷ ᠴᠢᠬᠤᠯᠠᠴᠢᠯᠠᠵᠤ᠂ ᠬᠥᠩᠭᠡᠪᠴᠢᠯᠡᠵᠦ ᠣᠭᠲᠣ ᠪᠣᠯᠬᠤ ᠥᠬᠡᠶ ᠪᠣᠯᠤᠯ᠎ᠠ᠃ ᠤᠴᠢᠷ ᠨᠢ ᠡᠨᠡ ᠪᠣᠯ  ᠤᠯᠤᠰ ᠪᠠ ᠦᠨᠳᠦᠰᠦᠲᠡᠨ ᠤ ᠢᠷᠡᠭᠡᠳᠦᠶ ᠳᠤ ᠬᠤᠯᠪᠣᠭᠳᠠᠬᠤ ᠶᠡᠭᠡ ᠠᠰᠠᠭᠤᠳᠠᠯ ᠮᠥᠨ᠃ ᠨᠠᠮ ᠲᠥᠷᠦ ᠠᠴᠠ  ᠰᠤᠷᠤᠭᠴᠢᠳ ᠤᠨ ᠤᠢᠢᠷ᠎ᠠ ᠬᠠᠷᠠᠭ᠎ᠠ ᠶᠢ ᠰᠡᠷᠭᠡᠶᠢᠯᠡᠨ ᠡᠵᠡᠮᠳᠡᠬᠦ ᠠᠵᠢᠯ ᠢ ᠳᠡᠭᠡᠳᠦ ᠬᠡᠮᠵᠢᠶ᠎ᠡ ᠪᠠᠷ ᠴᠢᠬᠤᠯᠠᠴᠢᠯᠠᠵᠤ᠂  ᠶᠡᠷᠦᠩᠬᠡᠢ ᠱᠦᠵᠢ ᠰᠢ ᠶᠢᠨ ᠫᠢᠩ ᠠᠴᠠ ᠪᠦᠬᠦ ᠨᠡᠶᠢᠭᠡᠮ ᠢᠶᠠᠷ ᠢᠶᠠᠨ ᠬᠥᠳᠡᠯᠦᠯᠴᠡᠵᠦ᠂ ᠬᠡᠦᠬᠡᠳ ᠤᠨ ᠨᠢᠳᠦ ᠶᠢ  ᠬᠠᠮᠲᠤ ᠪᠠᠷ ᠰᠠᠶᠢᠲᠤᠷ ᠬᠠᠮᠠᠭᠠᠯᠠᠵᠤ᠂ ᠲᠡᠳᠡᠨ ᠢ ᠭᠡᠭᠡᠨ ᠰᠠᠷᠠᠭᠤᠯ ᠢᠷᠡᠭᠡᠳᠦᠢ ᠲᠠᠢ ᠪᠣᠯᠭᠠᠰᠤᠭᠠᠢ ᠭᠡᠬᠦ ᠴᠢᠬᠤᠯᠠ  ᠴᠣᠬᠤᠯᠠᠪᠤᠷᠢ ᠬᠢᠪᠡ᠃            ᠣᠶᠢᠷ᠎ᠠ ᠬᠠᠷᠠᠭ᠎ᠠ ᠶᠢ ᠰᠡᠷᠭᠡᠶᠢᠯᠡᠵᠦ ᠡᠵᠡᠮᠳᠡᠵᠦ ᠪᠣᠯᠤᠨ᠎ᠠ᠂ ᠬᠠᠷᠢᠨ ᠰᠥᠷᠴᠦ ᠪᠣᠯᠬᠤ ᠥᠬᠡᠶ᠃ ᠬᠡᠷ ᠪᠦᠯᠢ  ᠪᠣᠯ ᠬᠡᠦᠬᠡᠳ ᠤᠨ ᠣᠶᠢᠷ᠎ᠠ ᠬᠠᠷᠠᠭ᠎ᠠ ᠶᠢ ᠰᠡᠷᠭᠡᠶᠢᠯᠡᠨ ᠡᠵᠡᠮᠳᠡᠬᠦ ᠨᠢᠭᠡᠳᠦᠭᠡᠷ ᠰᠡᠷᠭᠡᠶᠢᠯᠡᠯᠲᠡ ᠶᠢᠨ ᠱᠤᠭᠤᠮ  ᠪᠣᠯᠤᠭᠰᠠᠨ ᠤ ᠬᠤᠪᠢ ᠳᠤ ᠬᠡᠷ ᠤᠨ ᠠᠬᠠᠮᠠᠳ ᠡᠷᠬᠡᠪᠰᠢ ᠬᠡᠦᠬᠡᠳ ᠤᠨ ᠢᠶᠠᠨ ᠬᠠᠷᠠᠭᠠᠨ ᠤ ᠡᠷᠡᠭᠦᠯ ᠮᠡᠨᠳᠦ ᠶᠢ  ︽ᠡᠷᠲᠡ ᠪᠠᠶᠢᠴᠠᠭᠠᠬᠤ᠂ ᠡᠷᠲᠡ ᠢᠯᠡᠷᠡᠭᠦᠯᠬᠦ᠂ ᠡᠷᠲᠡ ᠰᠡᠷᠡᠮᠵᠢᠯᠡᠬᠦ᠂ ᠡᠷᠲᠡ ᠬᠠᠮᠢᠶᠠᠷᠬᠤ︾ ᠰᠡᠷᠭᠡᠶᠢᠯᠡᠨ ᠡᠵᠡᠮᠳᠡᠬᠦ  ᠤᠬᠠᠮᠰᠠᠷ ᠢ ᠪᠣᠶ ᠪᠣᠯᠭᠠᠵᠤ᠂ ᠬᠢᠨᠠᠨ ᠬᠠᠮᠢᠶᠠᠷᠬᠤ ᠬᠠᠷᠢᠭᠤᠴᠠᠯᠭ᠎ᠠ ᠪᠠᠨ ᠦᠨᠡᠨ ᠬᠦ ᠡᠭᠦᠷᠭᠡᠯᠡᠬᠦ ᠬᠡᠷᠡᠭᠲᠡᠶ᠃            ᠵᠠᠯᠠᠭᠤᠴᠤᠳ ᠪᠠᠭᠠᠴᠤᠳ ᠬᠡᠦᠬᠡᠳ ᠤᠨ ᠣᠶᠢᠷ᠎ᠠ ᠬᠠᠷᠠᠭ᠎ᠠ ᠶᠢ ᠰᠡᠷᠭᠡᠶᠢᠯᠡᠨ ᠡᠵᠡᠮᠳᠡᠬᠦ ᠠᠵᠢᠯ ᠢ  ᠴᠢᠩᠭᠠᠳᠬᠠᠵᠤ᠂ ᠬᠡᠦᠬᠡᠳ ᠤᠨ ᠨᠢᠳᠦᠨ ᠤ ᠡᠷᠡᠭᠦᠯ ᠮᠡᠨᠳᠦ ᠶᠢ ᠬᠠᠯᠠᠮᠵᠢᠯᠠᠵᠤ᠂ ᠳᠤᠤᠷᠠᠬᠢ ᠮᠡᠲᠦ ᠰᠠᠨᠠᠭᠠᠴᠢᠯᠠᠭ᠎ᠠ  ᠳᠤᠷᠠᠳᠤᠶ᠎ᠠ᠄           ᠨᠢᠭᠡ᠂ ᠬᠡᠷ ᠤᠨ ᠠᠬᠠᠮᠠᠳ ᠪᠣᠯᠤᠨ ᠬᠡᠦᠬᠡᠳ ᠬᠠᠮᠲᠤ ᠪᠠᠷ ᠡᠳᠦᠷ ᠲᠤᠲᠤᠮ ᠤᠨ ᠠᠵᠢᠯᠯᠠᠵᠤ ᠠᠮᠠᠷᠠᠬᠤ  ᠴᠠᠭ ᠤᠨ ᠬᠦᠰᠦᠨᠦᠭᠲᠦ ᠳᠣᠭᠲᠠᠭᠠᠬᠤ ᠬᠡᠷᠡᠭᠲᠡᠢ᠃            ᠴᠡᠷᠢᠭ ᠤᠨ ᠪᠣᠯᠪᠠᠰᠤᠷᠠᠯ ᠤᠨ ᠵᠣᠷᠢᠯᠭ᠎ᠠ ᠪᠣᠯ ᠴᠡᠷᠢᠭ ᠬᠥᠮᠦᠨ ᠤ ᠣᠪᠣᠷ ᠪᠠᠶᠢᠳᠠᠯ᠂ ᠳᠥᠷᠢ ᠳᠥᠷᠬᠦ ᠶᠢ  ᠲᠥᠪ ᠴᠢᠩᠭ᠎ᠠ ᠪᠣᠯᠭᠠᠵᠤ᠂ ᠡᠮᠬᠢ ᠵᠠᠮᠪᠠᠷᠠᠭᠠᠲᠠᠢ᠂ ᠪᠤᠱᠢᠭᠤ ᠱᠠᠯᠠᠮᠠᠭᠠᠢ ᠪᠠ ᠰᠠᠬᠢᠯᠭ᠎ᠠ ᠪᠠᠲᠤ ᠶᠢ ᠴᠢᠩᠭ᠎ᠠ ᠰᠠᠬᠢᠬᠤ  ᠳᠠᠳᠬᠠᠯ ᠲᠠᠢ ᠪᠣᠯᠭᠠᠵᠤ᠂ ᠲᠦᠷᠭᠡᠨ᠂ ᠣᠨᠣᠪᠴᠢᠲᠠᠢ᠂ ᠨᠢᠭᠡᠳᠦᠯᠲᠡᠢ ᠪᠠᠶᠢᠬᠤ ᠰᠤᠷᠲᠠᠯ ᠢ ᠪᠤᠢ ᠪᠣᠯᠭᠠᠵᠤ᠂ ᠮᠡᠷᠭᠡᠵᠢᠯ᠂  ᠠᠷᠭ᠎ᠠ᠂ ᠬᠥᠳᠡᠯᠭᠡᠭᠡᠨ ᠢ ᠡᠵᠡᠮᠰᠢᠬᠦ ᠪᠠᠲᠤ ᠪᠠᠬᠢ ᠰᠠᠭᠤᠷᠢ ᠶᠢ ᠲᠠᠯᠪᠢᠬᠤ ᠶᠠᠪᠤᠳᠠᠯ ᠪᠣᠯᠤᠨ᠎ᠠ᠃            ᠬᠤᠶᠠᠷ᠂ ᠬᠡᠦᠬᠡᠳ ᠢ ᠨᠢᠳᠦ ᠪᠠᠨ ᠬᠠᠮᠠᠭᠠᠯᠠᠬᠤ ᠪᠠ ᠠᠮᠢᠳᠤᠷᠠᠯ᠂ ᠢᠳᠡᠭᠡᠨ ᠤᠮᠳᠠᠭᠠᠨ ᠤ ᠰᠠᠶᠢᠨ ᠰᠠᠶᠢᠬᠠᠨ  ᠳᠠᠳᠬᠠᠯ ᠲᠠᠢ ᠪᠣᠯᠭᠠᠬᠤ ᠪᠠᠷ  ᠵᠢᠯᠣᠭᠤᠳᠬᠤ ᠬᠡᠷᠡᠭᠲᠡᠢ᠃            ᠬᠤᠭᠤᠯᠠ ᠢᠳᠡᠬᠦ᠂ ᠠᠯᠬᠤᠬᠤ᠂ ᠬᠡᠪᠲᠡᠬᠦ᠂ ᠲᠡᠷᠭᠡᠨ ᠳᠤ ᠰᠠᠭᠤᠬᠤ᠂ ᠪᠦᠳᠡᠬᠢ ᠬᠠᠷᠠᠩᠭᠤᠢ ᠪᠤᠶᠤ ᠨᠡᠷᠡᠨ ᠤ  ᠭᠡᠷᠡᠯ ᠤᠨ ᠰᠢᠭᠤᠳ ᠲᠤᠰᠤᠯᠲᠠ ᠳᠤᠤᠷ᠎ᠠ ᠨᠣᠮ ᠦᠵᠡᠵᠦ᠂ ᠦᠰᠦᠭ ᠪᠢᠴᠢᠵᠦ᠂ ᠡᠯᠧᠺᠲᠷᠣᠨ ᠪᠦᠲᠦᠭᠡᠭᠳᠡᠬᠦᠨ  ᠬᠡᠷᠡᠭᠯᠡᠵᠦ ᠪᠣᠯᠬᠤ ᠦᠭᠡᠢ᠃ ᠵᠣᠬᠢᠰᠲᠠᠶ ᠬᠤᠭᠤᠯᠠᠯᠠᠵᠤ᠂ ᠰᠢᠮ᠎ᠡ ᠲᠡᠵᠢᠭᠡᠯ ᠢ ᠲᠡᠩᠴᠡᠭᠦᠯᠵᠦ᠂ ᠵᠢᠮᠢᠰ᠂ ᠢᠳᠡᠰᠢᠨ  ᠨᠣᠭᠤᠭ᠎ᠠ ᠢᠯᠡᠭᠦᠦ ᠢᠳᠡᠵᠦ᠂ ᠢᠳᠡᠰᠢ ᠭᠤᠯᠣᠬᠤ ᠦᠭᠡᠢ᠂ ᠰᠢᠬᠢᠷᠯᠢᠭ ᠢᠳᠡᠭᠡᠨ ᠢ ᠳᠤᠲᠠᠭᠤ ᠢᠳᠡᠬᠦ ᠰᠠᠶᠢᠨ  ᠰᠠᠶᠢᠬᠠᠨ ᠳᠠᠳᠬᠠᠯ ᠲᠠᠢ ᠪᠣᠯᠬᠤ ᠬᠡᠷᠡᠭᠲᠡᠶ᠃           ᠭᠤᠷᠪᠠ᠂ ᠪᠠᠶᠢᠭᠠᠯᠢᠯᠢᠭ ᠭᠡᠷᠡᠯ ᠤᠨ ᠳᠣᠣᠷᠠᠬᠢ ᠭᠠᠳᠠᠨᠠᠬᠢ ᠬᠥᠳᠡᠯᠭᠡᠭᠡᠨ ᠢ ᠨᠡᠮᠡᠭᠳᠡᠭᠦᠯᠬᠦ ᠬᠡᠷᠡᠭᠲᠡᠶ᠃            ᠡᠳᠦᠷ ᠪᠦᠷᠢ ᠪᠠᠶᠢᠭᠠᠯᠢᠯᠢᠭ ᠬᠡᠷᠡᠯ ᠤᠨ ᠳᠣᠣᠷᠠᠬᠢ ᠭᠠᠳᠠᠨᠠᠬᠢ ᠬᠥᠳᠡᠯᠭᠡᠭᠡᠨ ᠤ ᠴᠠᠭ ᠢ ᠬᠠᠮᠤᠭ ᠤᠨ  ᠪᠠᠭ᠎ᠠ ᠳᠤ ᠪᠠᠨ 2 ᠴᠠᠭ ᠢ ᠪᠠᠲᠤᠯᠠᠵᠤ᠂ ᠨᠡᠷᠡᠨ ᠤ ᠬᠡᠷᠡᠯ ᠢ ᠭᠦᠢᠴᠡᠳ ᠭᠦᠷᠲᠡᠪᠡᠯ ᠣᠶᠢᠷ᠎ᠠ ᠬᠠᠷᠠᠭ᠎ᠠ ᠲᠠᠢ ᠪᠣᠯᠬᠤ ᠪᠠ  ᠬᠦᠨᠳᠦᠷᠡᠬᠦ ᠶᠢ ᠪᠦᠲᠦᠮᠵᠢᠲᠡᠶ ᠰᠡᠷᠭᠡᠶᠢᠯᠡᠬᠦ ᠪᠣᠯᠬᠤᠷ ᠭᠡᠷ ᠤᠨ ᠠᠬᠠᠮᠠᠳ ᠬᠠᠨᠢ ᠪᠣᠯᠵᠤ᠂ ᠬᠡᠦᠬᠡᠳ ᠤᠨ ᠢᠶᠠᠨ ᠪᠡᠶ᠎ᠡ ᠶᠢᠨ  ᠲᠠᠮᠢᠷ ᠤᠨ ᠳᠤᠷ᠎ᠠ ᠪᠠᠬ᠎ᠠ ᠶᠢ ᠬᠥᠮᠦᠵᠢᠭᠦᠯᠬᠦ ᠶᠢ ᠵᠣᠷᠢᠭᠵᠢᠭᠤᠯᠤᠨ᠎ᠠ᠃           ᠳᠥᠷᠪᠡ᠂ ᠬᠡᠦᠬᠡᠳ ᠤᠨ ᠢᠶᠠᠨ ᠡᠯᠧᠺᠲᠷᠣᠨ ᠪᠥᠲᠦᠭᠡᠭᠳᠡᠭᠦᠨ ᠬᠡᠷᠡᠭᠯᠡᠬᠦ ᠶᠢ ᠰᠠᠨᠠᠭᠠᠴᠢᠯᠠᠭ᠎ᠠ ᠲᠠᠢ ᠪᠠᠷ  ᠬᠤᠷᠢᠭᠯᠠᠬᠤ ᠬᠡᠷᠡᠭᠲᠡᠢ᠃            ᠡᠯᠧᠺᠲᠷᠣᠨ ᠪᠥᠲᠦᠭᠡᠭᠳᠡᠭᠦᠨ ᠢ ᠡᠳᠦᠷ ᠪᠦᠷᠢ ᠬᠠᠮᠤᠭ ᠤᠨ ᠣᠷᠳᠣ ᠳᠤ ᠪᠠᠨ 1 ᠴᠠᠭ ᠠᠴᠠ ᠢᠯᠡᠭᠦᠦ  ᠬᠡᠷᠡᠭᠯᠡᠵᠦ ᠪᠣᠯᠬᠤ ᠥᠬᠡᠶ᠂ 15 - 20 ᠮᠢᠨᠦ᠋ᠲ ᠬᠡᠷᠡᠭᠯᠡᠬᠦ ᠪᠥᠷᠢ ᠬᠤᠯᠠ ᠶᠢ ᠬᠠᠷᠠᠭᠤᠯᠤᠨ 10 ᠮᠢᠨᠦ᠋ᠲ  ᠠᠮᠠᠷᠠᠭᠤᠯᠵᠤ᠂ ᠬᠡᠦᠬᠡᠳ ᠤᠨ ᠨᠢᠳᠦ ᠪᠠᠨ ᠬᠠᠶᠢᠷᠠᠯᠠᠵᠤ ᠬᠠᠮᠠᠭᠠᠯᠠᠬᠤ ᠤᠬᠠᠮᠰᠠᠷ ᠢ ᠬᠥᠮᠥᠵᠢᠭᠦᠯᠬᠦ ᠬᠡᠷᠡᠭᠲᠡᠢ᠃ ᠭᠡᠷ ᠤᠨ  ᠠᠬᠠᠮᠠᠳ ᠡᠷᠬᠡᠪᠰᠢ ᠪᠡᠶ᠎ᠡ ᠪᠠᠷ ᠢᠶᠠᠨ ᠬᠡᠪ ᠳᠠᠭᠤᠷᠢᠶᠠᠯ ᠦᠵᠡᠭᠦᠯᠵᠦ᠂ ᠡᠯᠧᠺᠲᠷᠣᠨ ᠪᠦᠲᠦᠭᠡᠭᠳᠡᠬᠦᠨ ᠢ ᠵᠣᠬᠢᠰᠲᠠᠢ  ᠬᠡᠷᠡᠭᠯᠡᠵᠦ᠂ ᠬᠡᠦᠬᠡᠳ ᠲᠤ ᠪᠠᠨ ᠬᠠᠨᠢ ᠪᠣᠯᠬᠤ ᠦᠶ᠎ᠡ ᠡᠯᠧᠺᠲᠷᠣᠨ ᠪᠦᠲᠦᠭᠡᠭᠳᠡᠬᠦᠨ ᠢ ᠬᠡᠷᠡᠭᠯᠡᠬᠦ ᠦᠭᠡᠢ᠃            ᠲᠠᠪᠤ᠂ ᠬᠡᠦᠬᠡᠳ ᠢ ᠨᠣᠮ ᠤᠩᠰᠢᠵᠤ ᠦᠰᠦᠭ ᠪᠢᠴᠢᠬᠦ ᠳᠤ ᠪᠠᠨ ᠵᠥᠪ ᠰᠠᠭᠤᠬᠤ ᠶᠢ ᠱᠠᠭᠠᠷᠳᠠᠬᠤ     ᠬᠡᠷᠡᠭᠲᠡᠢ᠃            ︽ᠭᠤᠷᠪᠠᠨ ᠨᠢᠭᠡ ᠶᠢᠨ ᠵᠠᠷᠴᠢᠮ︾ ︵ᠨᠢᠳᠦ ᠪᠠ ᠨᠣᠮ ᠨᠢᠭᠡ ᠳᠣᠬᠤᠢ ᠵᠠᠶᠢᠲᠠᠢ ᠪᠠᠶᠢᠬᠤ᠂ ᠴᠡᠭᠡᠵᠢ ᠪᠠ  ᠰᠢᠷᠡᠭᠡ ᠨᠢᠭᠡ ᠨᠢᠳᠤᠷᠭ᠎ᠠ ᠵᠠᠶᠢᠲᠠᠢ ᠪᠠᠶᠢᠬᠤ᠂ ᠪᠢᠷ ᠠᠳᠬᠤᠬᠤ ᠬᠤᠷᠤᠭᠤ ᠪᠠ ᠪᠢᠷ ᠤᠨ ᠦᠵᠦᠭᠦᠷ ᠨᠢᠭᠡ ᠢᠮᠠᠬᠤ  ᠵᠠᠶᠢᠲᠠᠢ ᠪᠠᠶᠢᠬᠤ︶ ᠢ ᠪᠠᠷᠢᠮᠲᠠᠯᠠᠵᠤ᠂ ᠤᠩᠰᠢᠵᠤ ᠪᠢᠴᠢᠬᠦ ᠦᠶ᠎ᠡ ᠵᠠᠯᠭᠠᠭ᠎ᠠ ᠪᠠᠷ ᠨᠢᠳᠦ ᠬᠡᠷᠡᠭᠯᠡᠬᠦ ᠴᠠᠭ ᠢ 40  ᠮᠢᠨᠦ᠋ᠲ ᠠᠴᠠ ᠬᠡᠲᠦᠷᠡᠭᠦᠯᠵᠦ ᠪᠣᠯᠬᠤ ᠥᠬᠡᠶ᠂ ︽ᠭᠤᠷᠪᠠᠨ 20 ᠨᠢᠳᠦ ᠬᠠᠮᠠᠭᠠᠯᠠᠬᠤ ᠲᠦᠷᠢᠮ︾ ︵ᠣᠶᠢᠷ᠎ᠠ ᠵᠠᠶ ᠳᠤ  ᠨᠢᠳᠦ ᠬᠡᠷᠡᠭᠯᠡᠬᠦ ᠳᠤ ᠪᠠᠨ 20 ᠮᠢᠨᠦ᠋ᠲ ᠪᠦᠷᠢ 20 ᠹᠦᠲ ︵6 ᠮᠧᠲᠷ︶ ᠤᠨ ᠭᠠᠳᠠᠨᠠᠬᠢ ᠶᠢ 20 ᠰᠧᠺᠦ᠋ᠨ᠋ᠳ᠋  ᠬᠠᠷᠠᠬᠤ ᠬᠡᠷᠡᠭᠲᠡᠶ︶ ᠢ ᠵᠢᠷᠤᠮᠯᠠᠬᠤ ᠬᠡᠷᠡᠭᠲᠡᠢ᠃ ᠭᠡᠷ ᠤᠨ ᠠᠬᠠᠮᠠᠳ ᠬᠡᠦᠬᠡᠳ ᠲᠤ ᠪᠠᠨ ᠲᠣᠬᠢᠷᠠᠮᠵᠢᠲᠠᠶ ᠰᠢᠷᠡᠭᠡ  ᠰᠠᠨᠳᠠᠯᠢ ᠪᠠ ᠨᠢᠳᠦ ᠬᠢᠯᠪᠠᠭ᠋ᠤ ᠦᠭᠡᠢ ᠭᠡᠷᠡᠯᠲᠦᠭᠦᠯᠭᠡ ᠶᠢᠨ ᠣᠷᠴᠢᠨ ᠢ ᠬᠠᠩᠭᠠᠬᠤ ᠬᠡᠷᠡᠭᠲᠡᠶ᠃           ᠵᠢᠷᠭᠤᠭ᠎ᠠ᠂ ᠨᠢᠳᠦ ᠪᠠᠨ ᠬᠠᠶᠢᠷᠠᠯᠠᠵᠤ ᠬᠠᠮᠠᠭᠠᠯᠠᠬᠤ ᠰᠡᠷᠭᠡᠶᠢᠯᠡᠨ ᠡᠵᠡᠮᠳᠡᠬᠦ ᠤᠬᠠᠮᠰᠠᠷ ᠢ ᠤᠯᠠᠮᠵᠢᠯᠠᠬᠤ ᠶᠢ  ᠴᠢᠩᠭᠠᠳᠬᠠᠬᠤ ᠬᠡᠷᠡᠭᠲᠡᠢ᠃            ᠰᠤᠷᠤᠭᠴᠢ᠂ ᠰᠠᠮᠪᠠᠷ᠎ᠠ ᠶᠢᠨ ᠦᠰᠦᠭ ᠪᠤᠶᠤ ᠬᠤᠯᠠ ᠶᠢᠨ ᠶᠠᠭᠤᠮ᠎ᠠ ᠶᠢ ᠲᠣᠳᠣᠷᠬᠠᠶ ᠣᠯᠵᠤ ᠦᠵᠡᠬᠦ ᠦᠭᠡᠢ  ᠪᠣᠯ ᠪᠠᠭᠰᠢ ᠨᠠᠷ ᠳᠠᠷᠤᠶᠢᠬᠠᠨ ᠭᠡᠷ ᠤᠨ ᠠᠬᠠᠮᠠᠳ ᠲᠤ ᠨᠢ ᠮᠡᠳᠡᠭᠳᠡᠬᠦ ᠬᠡᠷᠡᠭᠲᠡᠶ᠃ ᠭᠡᠷ ᠤᠨ ᠠᠬᠠᠮᠠᠳ  ᠬᠡᠦᠬᠡᠳ ᠤᠨ ᠢᠶᠠᠨ ᠬᠠᠷᠠᠭᠠᠨ ᠤ ᠡᠷᠡᠭᠦᠯ ᠮᠡᠨᠳᠦ ᠵᠢᠴᠢ ᠬᠥᠳᠡᠯᠦᠯ ᠪᠠᠶᠢᠳᠠᠯ ᠢ ᠦᠷᠭᠦᠯᠵᠢ ᠪᠠᠶᠢᠴᠠᠭᠠᠨ ᠠᠰᠠᠭᠤᠵᠤ᠂  ᠶᠠᠭᠤᠮ᠎ᠠ ᠬᠠᠷᠠᠬᠤ ᠳᠤ ᠨᠢᠳᠦ ᠪᠠᠨ ᠠᠨᠢᠢᠯᠭᠠᠬᠤ᠂ ᠳᠠᠬᠢᠨ ᠳᠠᠪᠲᠠᠨ ᠨᠤᠬᠤᠯᠠᠬᠤ᠂ ᠬᠤᠯᠠ ᠶᠢᠨ ᠶᠠᠭᠤᠮ᠎ᠠ ᠲᠣᠳᠣᠷᠬᠠᠢ  ᠬᠠᠷᠠᠭᠳᠠᠬᠤ ᠦᠭᠡᠢ ᠪᠠᠶᠢᠪᠠᠯ ᠳᠠᠷᠤᠢ ᠳᠤ ᠨᠢ ᠡᠮᠨᠡᠯᠭᠡ ᠳᠤ ᠠᠪᠠᠴᠢᠨ ᠦᠵᠡᠭᠦᠯᠬᠦ ᠬᠡᠷᠡᠭᠲᠡᠢ᠃           ᠳᠣᠯᠤᠭ᠎ᠠ᠂ ᠣᠶᠢᠷ᠎ᠠ ᠬᠠᠷᠠᠭ᠎ᠠ ᠶᠢ ᠵᠠᠰᠠᠬᠤ ᠬᠤᠳᠠᠯ ᠬᠠᠭᠤᠷᠮᠠᠭ ᠤᠬᠠᠭᠤᠯᠭ᠎ᠠ ᠶᠢ ᠰᠡᠷᠡᠮᠵᠢᠯᠡᠬᠦ ᠬᠡᠷᠡᠭᠲᠡᠶ᠃            ᠬᠡᠦᠬᠡᠳ ᠢ ᠣᠶᠢᠷ᠎ᠠ ᠬᠠᠷᠠᠭ᠎ᠠ ᠲᠠᠢ ᠪᠣᠯᠤᠭᠰᠠᠨ ᠭᠡᠵᠦ ᠲᠣᠳᠣᠯᠠᠮᠠᠭᠴᠠ ᠢᠳᠡᠪᠬᠢᠲᠡᠢ ᠵᠠᠰᠠᠭᠤᠯᠵᠤ᠂ ᠣᠶᠢᠷ᠎ᠠ  ᠬᠠᠷᠠᠭ᠎ᠠ ᠨᠢ ᠬᠦᠨᠳᠦᠷᠡᠬᠦ ᠠᠴᠠ ᠵᠠᠶᠢᠯᠠᠰᠬᠢᠬᠤ ᠬᠡᠷᠡᠭᠲᠡᠢ᠃ ᠣᠳᠣ ᠪᠣᠯᠲᠠᠯ᠎ᠠ ᠠᠨᠠᠭᠠᠬᠤ ᠤᠬᠠᠭᠠᠨ ᠤ ᠲᠠᠯ᠎ᠠ ᠪᠠᠷ  ᠣᠶᠢᠷ᠎ᠠ ᠬᠠᠷᠠᠭ᠎ᠠ ᠶᠢ ᠵᠠᠰᠠᠵᠤ ᠡᠳᠡᠭᠡᠬᠦ ᠠᠷᠭ᠎ᠠ ᠪᠠᠶᠢᠬᠤ ᠥᠬᠡᠶ᠂ ᠵᠥᠪᠬᠡᠨ ᠰᠢᠨᠵᠢᠯᠡᠬᠦ ᠤᠬᠠᠭᠠᠨᠴᠢ ᠪᠠᠷ ᠵᠠᠰᠠᠬᠤ᠂  ᠨᠢᠳᠦ ᠬᠡᠷᠡᠭᠯᠡᠬᠦ ᠳᠠᠳᠬᠠᠯ ᠢ ᠰᠠᠶᠢᠵᠢᠷᠠᠭᠤᠯᠬᠤ ᠵᠡᠷᠭᠡ ᠪᠠᠷ ᠳᠠᠮᠵᠢᠭᠤᠯᠤᠨ ᠣᠶᠢᠷ᠎ᠠ ᠬᠠᠷᠠᠭ᠎ᠠ ᠬᠦᠨᠳᠦᠷᠡᠬᠦ ᠠᠴᠠ  ᠰᠡᠷᠭᠡᠶᠢᠯᠡᠬᠦ ᠲᠡᠳᠦᠢ ᠯᠡ ᠪᠠᠶᠢᠨ᠎ᠠ᠃ ᠣᠶᠢᠷ᠎ᠠ ᠬᠠᠷᠠᠭ᠎ᠠ ᠶᠢ ᠵᠠᠰᠠᠵᠤ ᠲᠠᠶᠢᠯᠤᠨ᠎ᠠ ᠭᠡᠬᠦ ᠤᠬᠠᠭᠤᠯᠭ᠎ᠠ ᠪᠠ  ᠬᠤᠳᠠᠯᠳᠤᠭ᠎ᠠ ᠪᠣᠷᠣᠯᠠᠭᠤᠯᠭ᠎ᠠ ᠶᠢ ᠢᠲᠡᠭᠡᠵᠦ ᠪᠣᠯᠬᠤ ᠥᠬᠡᠶ᠂ ᠰᠢᠨᠵᠢᠯᠡᠬᠦ ᠤᠬᠠᠭᠠᠨᠴᠢ ᠪᠣᠰᠤ ᠪᠠᠷ ᠰᠢᠢᠳᠪᠦᠷᠢᠯᠡᠬᠦ ᠨᠢ  ᠬᠡᠦᠬᠡᠳ ᠤᠨ ᠬᠠᠷᠠᠭ᠎ᠠ ᠶᠢ ᠤᠯᠠᠮ ᠮᠠᠭᠤᠳᠠᠭᠤᠯᠵᠤ ᠮᠡᠳᠡᠨ᠎ᠡ᠃            ᠨᠠᠢᠮᠠ᠂ ᠣᠶᠢᠷ᠎ᠠ ᠬᠠᠷᠠᠭ᠎ᠠ ᠶᠢ ᠤᠷᠢᠳᠴᠢᠯᠠᠨ ᠰᠡᠷᠭᠡᠶᠢᠯᠡᠬᠦ ᠤᠬᠠᠮᠰᠠᠷ ᠢᠶᠠᠨ ᠳᠡᠭᠡᠭᠰᠢᠯᠡᠭᠦᠯᠵᠦ᠂ ᠲᠣᠭᠲᠠᠮᠠᠯ  ᠬᠤᠭᠤᠴᠠᠭᠠᠲᠠᠢ ᠪᠠᠷ ᠨᠢᠳᠦᠨ ᠤ ᠡᠷᠡᠭᠦᠯ ᠮᠡᠨᠳᠦ ᠶᠢᠨ ᠪᠠᠶᠢᠴᠠᠭᠠᠯᠲᠠ ᠬᠢᠬᠦ ᠬᠡᠷᠡᠭᠲᠡᠢ᠃            ᠭᠡᠷ ᠤᠨ ᠠᠬᠠᠮᠠᠳ 3 - 6 ᠰᠠᠷ᠎ᠠ ᠳᠤ ᠨᠢᠭᠡ ᠤᠳᠠᠭ᠎ᠠ ᠡᠮᠨᠡᠯᠭᠡ ᠳᠤ ᠬᠦᠷᠴᠦ᠂ ᠬᠡᠦᠬᠡᠳ ᠲᠤ ᠪᠠᠨ ᠨᠢᠭᠡ  ᠤᠳᠠᠭ᠎ᠠ ᠨᠢᠳᠦᠨ ᠤ ᠭᠡᠷᠡᠯ ᠤᠨ ᠨᠤᠭᠤᠷᠠᠯᠲᠠ ᠪᠤᠶᠢᠵᠢᠯᠲᠠ ᠪᠠ ᠬᠠᠷᠠᠭᠠᠨ ᠤ ᠠᠵᠢᠯᠯᠠᠭᠠᠨ ᠤ ᠪᠠᠶᠢᠴᠠᠭᠠᠯᠲᠠ ᠬᠢᠵᠦ᠂  ᠬᠡᠦᠬᠡᠳ ᠲᠤ ᠬᠠᠷᠠᠭᠠᠨ ᠤ ᠰᠡᠷᠡᠯ ᠤᠨ ᠡᠷᠡᠭᠦᠯ ᠮᠡᠨᠳᠦ ᠶᠢᠨ ᠳᠠᠩᠰᠠ ᠡᠪᠬᠡᠮᠡᠯ ᠪᠠᠶᠢᠭᠤᠯᠤᠨ ᠥᠭᠴᠦ᠂  ᠬᠡᠦᠬᠡᠳ ᠤᠨ ᠢᠶᠠᠨ ᠬᠠᠷᠠᠭ᠎ᠠ᠂ ᠭᠡᠷᠡᠯ ᠤᠨ ᠨᠤᠭᠤᠷᠠᠯᠲᠠ ᠶᠢᠨ ᠬᠡᠮᠵᠢᠶ᠎ᠡ ᠵᠢᠴᠢ ᠨᠢᠳᠦᠨ ᠤ ᠲᠡᠩᠭᠡᠯᠢᠭ ᠤᠨ  ᠬᠤᠪᠢᠷᠠᠯᠲᠠ ᠶᠢᠨ ᠪᠠᠶᠢᠳᠠᠯ ᠢ ᠣᠶᠢᠯᠠᠭᠠᠵᠤ᠂ ᠳᠠᠷᠤᠢ ᠳᠤ ᠨᠢ ᠤᠷᠢᠳᠴᠢᠯᠠᠨ ᠰᠡᠷᠡᠮᠵᠢᠯᠡᠵᠦ᠂ ᠰᠡᠷᠭᠡᠶᠢᠯᠡᠨ ᠡᠵᠡᠮᠳᠡᠬᠦ  ᠬᠡᠷᠡᠭᠲᠡᠢ᠃            ᠬᠡᠷ ᠤᠨ ᠠᠬᠠᠮᠠᠳ ᠨᠠᠶᠢᠵᠠ ᠨᠠᠷ ᠡ᠂ ᠵᠠᠯᠠᠭᠤᠴᠤᠳ ᠪᠠᠭᠠᠴᠤᠳ ᠬᠡᠦᠬᠡᠳ ᠤᠨ ᠣᠶᠢᠷ᠎ᠠ ᠬᠠᠷᠠᠭ᠎ᠠ ᠶᠢ  ᠰᠡᠷᠭᠡᠶᠢᠯᠡᠨ ᠡᠵᠡᠮᠳᠡᠬᠦ ᠳᠤ ᠪᠢᠳᠡᠨ ᠤ ᠬᠠᠮᠲᠤ ᠶᠢᠨ ᠴᠢᠷᠮᠠᠶᠢᠯᠭ᠎ᠠ ᠬᠡᠷᠡᠭᠲᠡᠶ᠃ ᠬᠡᠦᠬᠡᠳ ᠪᠣᠯ ᠬᠡᠷ ᠪᠦᠯᠢ ᠶᠢᠨ ᠬᠦᠰᠡᠯ  ᠡᠷᠡᠮᠡᠯᠵᠡᠯ᠂ ᠡᠬᠡ ᠤᠯᠤᠰ ᠤᠨ ᠢᠷᠡᠭᠡᠳᠦᠶ᠂ ᠪᠢᠳᠡ ᠭᠠᠷ ᠬᠤᠯᠪᠣᠯᠴᠠᠨ᠂ ᠬᠡᠦᠬᠡᠳ ᠤᠨ ᠢᠶᠠᠨ ᠨᠢᠳᠦ ᠶᠢ ᠬᠠᠮᠲᠤ ᠪᠠᠷ  ᠰᠠᠶᠢᠲᠤᠷ ᠬᠠᠮᠠᠭᠠᠯᠠᠵᠤ᠂ ᠲᠡᠳᠡᠨ ᠢ ᠬᠡᠭᠡᠨ ᠰᠠᠷᠠᠭᠤᠯ ᠢᠷᠡᠭᠡᠳᠦᠶ ᠲᠠᠢ ᠪᠣᠯᠭᠠᠰᠤᠭᠠᠢ᠃      
 
ᠢᠷᠡᠯᠲᠡ᠄ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠤᠨ ᠤ ᠰᠤᠷᠭᠠᠨ ᠬᠥᠮᠦᠵᠢᠯ ᠤᠨ ᠲᠢᠩᠬᠢᠮ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备12002332号