| ᠯᠦᠩ ᠲᠠᠢ ᠳ᠋ᠢ ᠬᠤᠭᠤᠯᠠᠶ ᠪᠣᠷᠣᠯᠠᠭᠤᠯᠬᠤ ᠬᠢᠵᠠᠭᠠᠷᠲᠤ ᠺᠣᠮᠫᠠᠨᠢ ᠶᠢᠨ ᠵᠢᠯ ᠳᠤ 20 ᠲᠦᠮᠡᠨ ᠲᠣᠨ | ᠳᠠᠷᠤᠯᠲᠠᠲᠤ ᠪᠣᠯᠣᠳ ᠬᠤᠭᠤᠯᠠᠶ ᠶᠢᠨ ᠲᠥᠷᠥᠯ ᠵᠦᠢᠯ ᠦᠢᠯᠡᠳᠪᠦᠷᠢᠯᠡᠬᠦ ᠤᠰᠤ ᠲᠣᠬᠢᠷᠠᠭᠤᠯᠬᠤ ᠪᠠᠷᠢᠯᠭ᠎ᠠ ᠶᠢᠨ | ᠭᠠᠵᠠᠷ ᠳᠣᠤᠷᠠᠬᠢ ᠥᠨᠳᠥᠷ ᠬᠦᠴᠦᠳᠡᠯᠲᠦ ᠪᠣᠯᠣᠳ ᠬᠤᠭᠤᠯᠠᠶ ᠶᠢᠨ ᠤᠰᠤ ᠳᠠᠮᠵᠢᠭᠤᠯᠬᠤ ᠬᠤᠭᠤᠯᠠᠶ ᠶᠢᠨ | ᠮᠠᠲ᠋ᠧᠷᠢᠶᠠᠯ ᠢᠶᠠᠷ ᠭᠤᠤᠯ ᠪᠣᠯᠭᠠᠵᠤ᠂ ᠤᠯᠠᠭᠠᠨᠬᠠᠳᠠ ᠶᠢᠨ ᠲᠠᠷᠢᠶᠠᠯᠠᠩ ᠮᠠᠯ ᠤᠨ ᠠᠰᠢᠭ ᠰᠢᠮ᠎ᠡ ᠶᠢᠨ | ᠪᠦᠲᠦᠭᠡᠭᠳᠡᠬᠦᠨ ᠤ ᠨᠡᠭᠡᠭᠡᠯᠲᠡ ᠶᠢᠨ ᠲᠣᠭᠤᠷᠢᠭ ᠤᠨ ᠠᠤᠬᠠᠨ ᠬᠤᠰᠢᠭᠤᠨ ᠤ ᠠᠵᠤ ᠦᠢᠯᠡᠰ ᠤᠨ ᠬᠦᠷᠢᠶᠡᠯᠡᠩ ᠳᠤ | ᠪᠠᠶᠢᠷᠢᠯᠠᠵᠤ᠂ 80 ᠮᠥ ᠭᠠᠵᠠᠷ ᠡᠵᠡᠯᠡᠵᠦ ᠪᠠᠶᠢᠨ᠎ᠠ᠃ ᠭᠤᠣᠯ ᠨᠢ ᠠᠯᠪᠠᠨ ᠠᠰᠠᠷ᠂ ᠦᠢᠯᠡᠳᠪᠦᠷᠢ ᠶᠢᠨ ᠪᠠᠶᠢᠰᠢᠩ | ᠪᠠ ᠳᠠᠭᠠᠯᠲᠠ ᠪᠠᠶᠢᠰᠢᠩ ᠪᠠᠷᠢᠬᠤ ᠪᠥᠭᠡᠳ ᠪᠠᠷᠢᠯᠭ᠎ᠠ ᠶᠢᠨ ᠲᠠᠯᠠᠪᠠᠢ ᠨᠢ 30000 ᠲᠡᠭᠰᠢ ᠳᠥᠷᠪᠡᠯᠵᠢᠨ ᠮᠧᠲᠷ᠃ | ᠲᠥᠷᠥᠯ ᠵᠦᠢᠯ ᠢ 2022 ᠣᠨ ᠤ 9 ᠰᠠᠷ᠎ᠠ ᠳᠤ ᠡᠬᠢᠯᠡᠭᠦᠯᠵᠦ᠂ ᠵᠢᠱᠢᠯᠲᠡ ᠪᠠᠷ 2023 ᠣᠨ ᠤ 10 | ᠰᠠᠷ᠎ᠠ ᠳᠤ ᠠᠰᠢᠭᠯᠠᠯᠲᠠ ᠳᠤ ᠣᠷᠣᠭᠤᠯᠵᠤ ᠦᠷ᠎ᠡ ᠪᠦᠲᠦᠮᠵᠢ ᠤᠯᠬᠤ ᠪᠣᠯᠤᠨ᠎ᠠ᠃ ᠣᠳᠣᠬᠠᠨ ᠳᠤ᠂ ᠬᠤᠶᠠᠷ | ᠠᠵᠢᠯᠲᠠᠨ ᠠᠵᠢᠯᠴᠢᠨ ᠤ ᠪᠠᠶᠢᠷᠢ ᠶᠢᠨ ᠭᠡᠷ ᠤᠨ ᠪᠦᠲᠦᠭᠡᠨ ᠪᠠᠶᠢᠭᠤᠯᠤᠯᠲᠠ ᠶᠢ ᠳᠠᠭᠤᠰᠬᠠᠭᠰᠠᠨ ᠪᠥᠭᠡᠳ ᠨᠢᠭᠡᠨᠲᠡ | ᠠᠰᠢᠭᠯᠠᠯᠲᠠ ᠳᠤ ᠣᠷᠣᠭᠤᠯᠪᠠ︔ ᠬᠤᠶᠠᠷ ᠪᠣᠯᠣᠳ ᠪᠦᠲᠦᠴᠡᠲᠦ ᠦᠢᠯᠡᠳᠪᠦᠷᠢ ᠶᠢᠨ ᠭᠡᠷ ᠪᠠᠶᠢᠰᠢᠩ ᠢ ᠨᠢᠭᠡᠨᠲᠡ | ᠪᠦᠲᠦᠭᠡᠨ ᠪᠠᠶᠢᠭᠤᠯᠵᠤ ᠳᠠᠭᠤᠰᠬᠠᠨ᠂ ᠶᠠᠭ ᠦᠢᠯᠡᠳᠪᠦᠷᠢᠯᠡᠯ ᠤᠨ ᠲᠥᠬᠦᠭᠡᠷᠦᠮᠵᠢ ᠤᠭᠰᠠᠷᠠᠵᠤ ᠪᠠᠶᠢᠨ᠎ᠠ︔ ᠠᠯᠪᠠᠨ | ᠠᠰᠠᠷ ᠢ ᠶᠠᠭ ᠪᠦᠲᠦᠭᠡᠨ ᠪᠠᠶᠢᠭᠤᠯᠵᠤ ᠪᠠᠶᠢᠨ᠎ᠠ᠃ | ᠲᠥᠷᠥᠯ ᠵᠦᠢᠯ ᠠᠰᠢᠭᠯᠠᠯᠲᠠ ᠳᠤ ᠤᠷᠤᠭᠰᠠᠨ ᠤ ᠳᠠᠷᠠᠭ᠎ᠠ᠂ ᠵᠢᠯ ᠳᠤ 20 ᠲᠦᠮᠡᠨ ᠲᠣᠨ ᠳᠠᠷᠤᠯᠲᠠᠲᠤ | ᠪᠣᠯᠣᠳ ᠬᠤᠭᠤᠯᠠᠶ ᠦᠢᠯᠡᠳᠪᠦᠷᠢᠯᠡᠵᠦ᠂ ᠵᠢᠯ ᠤᠨ ᠦᠢᠯᠡᠳᠬᠦᠨ ᠤ ᠥᠷᠲᠡᠭ ᠨᠢ 15 ᠳ᠋ᠦᠩᠰᠢᠭᠤᠷ ᠲᠥᠭᠦᠷᠢᠭ | ᠬᠦᠷᠴᠦ᠂ ᠠᠰᠢᠭ ᠭᠠᠶᠢᠯᠢ ᠨᠢ 1 ᠳ᠋ᠦᠩᠰᠢᠭᠤᠷ ᠲᠥᠭᠦᠷᠢᠭ ᠬᠦᠷᠴᠦ᠂ 300 ᠬᠥᠮᠦᠨ ᠤ ᠠᠵᠢᠯ ᠣᠯᠭᠤᠯᠲᠠ ᠶᠢ | ᠳᠠᠶᠢᠴᠢᠯᠠᠵᠤ ᠪᠣᠯᠤᠨ᠎ᠠ᠃ |