| ᠣᠶᠢᠷ᠎ᠠ ᠳᠤ᠂ ᠠᠤᠬᠠᠨ ᠬᠤᠰᠢᠭᠤᠨ ᠤ ᠱᠧᠨ ᠨᠧᠩ ᠣᠷᠴᠢᠨ ᠲᠣᠭᠤᠷᠢᠨ ᠤ ᠬᠠᠮᠠᠭᠠᠯᠠᠯᠲᠠ ᠶᠢᠨ ᠬᠢᠵᠠᠭᠠᠷᠲᠤ | ᠺᠣᠮᠫᠠᠨᠢ ᠶᠢᠨ ᠠᠮᠢᠳᠤᠷᠠᠯ ᠤᠨ ᠬᠤᠭ ᠨᠣᠪᠰᠢ ᠶᠢ ᠰᠢᠲᠠᠭᠠᠵᠤ ᠴᠠᠬᠢᠯᠭᠠᠨ ᠭᠠᠷᠭᠠᠬᠤ ᠲᠥᠷᠥᠯ ᠵᠦᠢᠯ ᠤᠨ ᠲᠣᠣᠷ ᠲᠤ | ᠣᠷᠣᠭᠰᠠᠨ ᠴᠠᠬᠢᠯᠭᠠᠨ ᠤ ᠦᠨ᠎ᠡ ᠶᠢ ᠬᠤᠲᠠ ᠶᠢᠨ ᠱᠠᠲᠤᠨ ᠤ ᠬᠥᠭᠵᠢᠭᠦᠯᠦᠯᠲᠡ ᠥᠭᠡᠷᠡᠴᠢᠯᠡᠯᠲᠡ ᠶᠢᠨ ᠰᠠᠯᠠᠭ᠎ᠠ | ᠮᠥᠴᠢᠷ ᠠᠴᠠ ᠴᠣᠬᠤᠯᠠᠪᠤᠷᠢᠯᠠᠵᠤ᠂ ᠲᠣᠨ ᠪᠦᠷᠢ ᠶᠢᠨ ᠠᠮᠢᠳᠤᠷᠠᠯ ᠤᠨ ᠬᠤᠭ ᠨᠣᠪᠰᠢ ᠶᠢ ᠨᠤᠭᠤᠯᠤᠨ ᠪᠤᠳᠤᠵᠤ | ᠲᠣᠣᠷ ᠲᠤ ᠣᠷᠣᠭᠤᠯᠤᠭᠰᠠᠨ ᠴᠠᠬᠢᠯᠭᠠᠨ ᠤ ᠬᠡᠮᠵᠢᠶ᠎ᠡ ᠶᠢ 280 ᠺᠢᠯᠣᠸᠠᠲ ᠴᠠᠭ ᠪᠣᠯᠭᠠᠬᠤ ᠪᠠᠷ ᠲᠦᠷ | ᠲᠣᠭᠲᠠᠭᠠᠬᠤ ᠶᠢᠨ ᠬᠠᠮᠲᠤ ᠪᠥᠬᠦ ᠤᠯᠤᠰ ᠤᠨ ᠨᠢᠭᠡᠳᠦᠯᠲᠡᠢ ᠬᠤᠭ ᠨᠣᠪᠰᠢ ᠶᠢᠨ ᠴᠠᠬᠢᠯᠭᠠᠨ ᠭᠠᠷᠭᠠᠬᠤ ᠬᠡᠪ | ᠳᠠᠭᠤᠷᠢᠶᠠᠯ ᠪᠣᠯᠬᠤ ᠴᠠᠬᠢᠯᠭᠠᠨ ᠤ ᠦᠨ᠎ᠡ ᠶᠢ ᠺᠢᠯᠣᠸᠠᠲ ᠴᠠᠭ ᠪᠦᠷᠢ ᠳᠤ 0.65 ᠲᠥᠭᠦᠷᠢᠭ ︵ᠭᠠᠶᠢᠯᠢ ᠪᠠᠭᠲᠠᠨ᠎ᠠ | ︶ ᠢᠶᠠᠷ ᠲᠣᠭᠲᠠᠭᠠᠪᠠ᠃ | ᠲᠤᠰ ᠲᠦᠷᠦᠯ ᠵᠦᠢᠯ ᠨᠢ ᠰᠢᠨ ᠾᠦᠢ ᠠᠵᠤ ᠦᠢᠯᠡᠳᠪᠦᠷᠢ ᠶᠢᠨ ᠬᠦᠷᠢᠶᠡᠯᠡᠩ ᠲᠣᠭᠤᠷᠢᠭ ᠲᠤ ᠪᠠᠶᠢᠷᠢᠯᠠᠵᠤ᠂ | ᠤᠳᠤ ᠨᠢᠭᠡᠨᠲᠡ ᠠᠰᠢᠭᠯᠠᠯᠲᠠ ᠳᠤ ᠣᠷᠣᠵᠤ᠂ ᠡᠳᠦᠷ ᠲᠤ 400 ᠲᠣᠨ ᠠᠮᠢᠳᠤᠷᠠᠯ ᠤᠨ ᠬᠤᠭ ᠨᠣᠪᠰᠢ ᠶᠢ | ᠰᠢᠢᠳᠪᠦᠷᠢᠯᠡᠵᠦ᠂ ᠵᠢᠯ ᠳᠤ 14.6 ᠲᠦᠮᠡᠨ ᠲᠣᠨ ᠠᠮᠢᠳᠤᠷᠠᠯ ᠤᠨ ᠬᠤᠭ ᠨᠣᠪᠰᠢ ᠶᠢ ᠰᠢᠢᠳᠪᠦᠷᠢᠯᠡᠨ᠎ᠡ᠃ 1 | ᠵᠤᠷᠪᠤᠰ 400 ᠲᠣᠨ / ᠡᠳᠦᠷ ᠪᠦᠷᠢ ᠶᠢᠨ ᠮᠧᠬᠠᠨᠢᠭ ᠵᠤᠤᠬ᠎ᠠ ᠶᠢᠨ ᠵᠤᠤᠬ᠎ᠠ ᠰᠢᠲᠠᠭᠠᠬᠤ ᠦᠢᠯᠡᠳᠪᠦᠷᠢᠯᠡᠯ ᠤᠨ | ᠱᠤᠭᠤᠮ᠂ 1 ᠰᠠᠤᠷᠢ ᠴᠠᠬᠢᠯᠭᠠᠨ ᠭᠠᠷᠭᠠᠬᠤ ᠬᠡᠮᠵᠢᠶ᠎ᠡ 25.4 ᠴᠠᠭ ᠪᠦᠷᠢ ᠶᠢᠨ ᠳᠤᠮᠳᠠ ᠵᠡᠷᠭᠡ ᠶᠢᠨ ᠥᠨᠳᠥᠷ | ᠬᠦᠴᠦᠳᠡᠯᠲᠦ ᠦᠯᠡᠳᠡᠪᠦᠷᠢ ᠢᠯᠴᠢ ᠶᠢᠨ ᠵᠤᠤᠬ᠎ᠠ ᠪᠠ 1 ᠰᠠᠤᠷᠢ X6MW ᠴᠠᠷᠳᠠᠭᠤᠯ ᠤᠨ ᠬᠡᠯᠪᠡᠷᠢ ᠶᠢᠨ | ᠠᠭᠤᠷ ᠤᠨ ᠲᠦᠷᠪᠢᠨᠲᠦ ᠴᠠᠬᠢᠯᠭᠠᠨ ᠭᠠᠷᠭᠠᠬᠤ ᠮᠠᠰᠢᠨ ᠴᠣᠭᠴᠠᠯᠠᠪᠤᠷᠢ ᠶᠢ ᠲᠣᠬᠢᠷᠠᠭᠤᠯᠵᠤ᠂ ᠵᠢᠯ ᠳᠤ 4244 | ᠲᠦᠮᠡᠨ ᠭᠷᠠᠳᠦ᠋ᠰ᠂ ᠰᠦᠯᠵᠢᠶᠡᠨ ᠳᠤ ᠭᠠᠷᠤᠭᠰᠠᠨ ᠴᠠᠬᠢᠯᠭᠠᠨ ᠤ ᠬᠡᠮᠵᠢᠶ᠎ᠡ 3497 ᠲᠦᠮᠡᠨ ᠭᠷᠠᠳᠦ᠋ᠰ᠂ ᠲᠥᠷᠥᠯ | ᠵᠦᠢᠯ ᠤᠨ ᠶᠡᠷᠦᠩᠬᠡᠢ ᠪᠡᠯᠡ ᠣᠷᠣᠭᠤᠯᠤᠯᠲᠠ 2.24 ᠳ᠋ᠦᠩᠰᠢᠭᠤᠷ ᠲᠥᠭᠦᠷᠢᠭ ᠲᠤ ᠬᠦᠷᠴᠡᠢ᠃ ᠲᠣᠰ ᠲᠥᠷᠥᠯ | ᠵᠦᠢᠯ ᠢ ᠠᠰᠢᠭᠯᠠᠯᠲᠠ ᠳᠤ ᠣᠷᠣᠭᠤᠯᠤᠭᠰᠠᠨ ᠨᠢ ᠠᠣᠬᠠᠨ ᠬᠤᠰᠢᠭᠤᠨ ᠤ ᠬᠤᠲᠠ ᠬᠥᠳᠡᠭᠡ ᠶᠢᠨ ᠠᠮᠢᠳᠤᠷᠠᠯ ᠤᠨ | ᠬᠤᠭ ᠨᠣᠪᠰᠢ ᠶᠢ ᠰᠢᠢᠳᠪᠦᠷᠢᠯᠡᠬᠦ ︽ᠬᠡᠮᠵᠢᠶ᠎ᠡ ᠶᠢ ᠪᠠᠭᠠᠰᠬᠠᠬᠤ᠂ ᠡᠬᠢ ᠪᠠᠶᠠᠯᠢᠭᠵᠢᠭᠤᠯᠬᠤ᠂ ᠬᠤᠤᠷ ᠦᠭᠡᠶᠢᠵᠢᠭᠦᠯᠬᠦ | ︾ ᠠᠬᠢᠴᠠ ᠶᠢ ᠤᠯᠠᠮ ᠨᠢᠭᠡ ᠠᠯᠬᠤᠮ ᠠᠬᠢᠭᠤᠯᠵᠤ᠂ ᠪᠤᠯᠠᠬᠤ ᠪᠠᠷ ᠭᠤᠤᠯ ᠪᠣᠯᠭᠠᠭᠰᠠᠨ ᠠᠮᠢᠳᠤᠷᠠᠯ ᠤᠨ ᠬᠤᠭ | ᠨᠣᠪᠰᠢ ᠶᠢ ᠰᠢᠢᠳᠪᠦᠷᠢᠯᠡᠬᠦ ᠠᠷᠭ᠎ᠠ ᠮᠠᠶ᠋ᠢᠭ ᠳᠠᠭᠤᠰᠤᠭᠰᠠᠨ ᠢ ᠵᠠᠷᠯᠠᠪᠠ ᠃ |