ᠯᠢᠶᠤᠤ ᠤᠯᠤᠰ ᠤᠨ ᠤᠩᠭᠤᠨ ᠤ ᠬᠠᠨᠠᠨ ᠵᠢᠷᠤᠭ  ︵ᠭᠤᠷᠪᠠ︶
ᠨᠡᠶᠢᠲᠡᠯᠡᠭᠰᠡᠨ ᠴᠠᠭ᠄
2024/3/6
C:\Users\Administrator\Desktop\3_副本.jpg
     ᠮᠣᠷᠢᠨ ᠪᠥᠮᠪᠦᠭᠡ ᠴᠣᠬᠢᠬᠤ ᠵᠢᠷᠤᠭ᠄ ᠫᠢ ᠵᠢᠶᠠᠩ ᠭᠧᠦ ᠶᠢᠨ 1 ᠳ᠋ᠦ᠋ᠭᠡᠷ ᠨᠣᠮᠧᠷᠲᠦ ᠣᠩᠭᠤᠨ ᠤ ᠪᠠᠷᠠᠭᠤᠨ ᠡᠮᠦᠨ᠎ᠡ ᠬᠠᠨᠠᠨ ᠵᠢᠷᠤᠭ᠃ ᠵᠢᠷᠤᠭ ᠲᠤ᠂ ᠨᠡᠶᠢᠲᠡ 5 ᠬᠥᠮᠦᠨ ᠮᠣᠷᠢ ᠤᠨᠤᠵᠤ᠂ ᠳᠡᠰ ᠳᠠᠷᠠᠭ᠎ᠠ ᠲᠠᠢ ᠪᠠᠷ ᠮᠥᠷᠯᠡᠨ ᠵᠢᠭᠰᠠᠵᠤ᠂ ᠪᠦᠮᠪᠦᠭᠡᠨ ᠤᠷᠤᠯᠳᠤᠭᠠᠨ ᠳᠤ  ᠡᠷᠡᠯᠬᠡᠭᠯᠡᠨ ᠲᠡᠮᠡᠴᠡᠵᠦ᠂ ᠰᠢᠷᠦᠭᠦᠨ ᠲᠡᠮᠡᠴᠡᠭᠡᠨ ᠢ ᠢᠯᠡᠷᠡᠭᠦᠯᠪᠡ᠃    ᠮᠣᠷᠢᠨ ᠪᠥᠮᠪᠦᠭᠡ ᠪᠣᠯ ᠬᠢᠳᠠᠨ ᠦᠨᠳᠦᠰᠦᠲᠡᠨ ᠲᠦᠢᠯ ᠤᠨ ᠪᠠᠭ᠋ᠠᠲᠠᠢ ᠪᠡᠶ᠎ᠡ ᠶᠢᠨ ᠲᠠᠮᠢᠷ ᠤᠨ ᠬᠥᠳᠡᠯᠭᠡᠭᠡᠨ ᠮᠥᠨ ᠂ ᠬᠠᠭᠠᠨ ᠠᠴᠠ ᠳᠦᠰᠢᠮᠡᠳ ᠠᠷᠠᠳ ᠬᠦᠷᠲᠡᠯ᠎ᠡ ᠮᠣᠷᠢᠨ ᠪᠥᠮᠪᠦᠭᠡ ᠨᠠᠭᠠᠳᠬᠤ  ᠳᠤᠷᠠᠲᠠᠢ ᠪᠠᠶᠢᠳᠠᠭ ᠨᠢ ᠯᠢᠶᠣᠤ ᠤᠯᠤᠰ ᠤᠨ ᠲᠡᠦᠬᠡᠨ ᠳᠤ  ᠮᠣᠩ ᠦᠭᠡᠢ ᠲᠡᠮᠲᠡᠭᠯᠡᠭᠡᠰᠦᠲᠡᠢ ᠪᠠᠶᠢᠵᠠᠢ᠃ ᠯᠢᠶᠤᠤ ᠤᠯᠤᠰ ᠤᠨ ᠮᠤᠷᠢᠨ ᠪᠦᠮᠪᠦᠭᠡᠨ ᠤ ᠤᠷᠤᠯᠳᠤᠭᠠᠨ ᠤ ᠪᠤᠳᠠᠳᠠᠢ ᠲᠠᠯᠠᠪᠠᠢ ᠶᠢᠨ ᠳᠡᠤᠬᠡ ᠶᠢᠨ ᠳᠡᠮᠳᠡᠭᠯᠡᠯ ᠨᠢ ᠬᠠᠷᠢᠨ ᠨᠡᠯᠢᠶᠡᠳ ᠵᠦᠭᠡᠷ᠃ 1991 ᠤᠨ ᠪᠤᠯᠤᠨ 1995 ᠤᠨ ᠳᠤ ᠠᠤᠬᠠᠨ ᠬᠤᠰᠢᠭᠤᠨ ᠤ ᠫᠢ ᠵᠢᠶᠠᠩ ᠭᠧᠦ ᠪᠤᠯᠤᠨ ᠴᠢ ᠵᠢᠶᠠ ᠶᠢᠨ ᠯᠢᠶᠤᠤ ᠤᠯᠤᠰ ᠤᠨ ᠤᠩᠭᠤᠨ ᠳᠤ ᠯᠢᠶᠤᠤ ᠤᠯᠤᠰ ᠤᠨ ᠦᠶ᠎ᠡ ᠶᠢᠨ ᠮᠤᠷᠢᠨ ᠪᠦᠮᠪᠦᠭᠡ ᠶᠢᠨ ᠤᠷᠤᠯᠳᠤᠭᠠᠨ ᠤ ᠪᠠᠶᠢᠳᠠᠯ ᠢ ᠤᠯᠵᠤ ᠬᠠᠷᠠᠭᠰᠠᠨ ᠨᠢ ᠦᠨᠡᠬᠡᠷ ᠬᠤᠪᠤᠷ ᠨᠠᠨᠳᠢᠨ ᠮᠠᠲ᠋ᠧᠷᠢᠶᠠᠯ ᠪᠤᠯᠬᠤ ᠶᠤᠮ᠃ ᠡᠨᠡ ᠨᠢ ᠮᠠᠨ ᠤ ᠤᠯᠤᠰ ᠤᠨ ᠬᠤᠶᠠᠷᠬᠠᠨ ᠯᠢᠶᠣᠤ ᠤᠯᠤᠰ ᠤᠨ ᠦᠶ᠎ᠡ ᠶᠢᠨ ᠮᠣᠷᠢᠨ ᠪᠥᠮᠪᠦᠭᠡ ᠴᠣᠬᠢᠭᠰᠠᠨ  ᠵᠢᠷᠤᠭ ᠳᠦᠷᠰᠦ ᠪᠣᠯᠣᠨ᠎ᠠ᠃
 
ᠢᠷᠡᠯᠲᠡ᠄ ᠠᠣᠬᠠᠨ ᠬᠤᠰᠢᠭᠤᠨ ᠤ ᠠᠷᠠᠳ ᠤᠨ ᠵᠠᠰᠠᠭ ᠤᠨ ᠣᠷᠳᠤᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备12002332号