ᠨᠤᠳᠤᠭ ᠤᠨ ᠪᠤᠷᠳᠤᠭᠤᠷ ᠢ ᠬᠡᠷᠡᠭᠯᠡᠬᠦ ᠠᠷᠭ᠎ᠠ
ᠨᠡᠶᠢᠲᠡᠯᠡᠭᠰᠡᠨ ᠴᠠᠭ᠄
2020/3/6
     ᠬᠠᠷ᠎ᠠ ᠪᠤᠷᠳᠤᠭᠤᠷ᠂ ᠨᠤᠭᠤᠭᠠᠨ ᠪᠤᠷᠳᠤᠭᠤᠷ᠂ ᠰᠢᠭᠡᠭ ᠪᠤᠷᠳᠤᠭᠤᠷ ᠢ ᠪᠦᠷ ᠨᠤᠳᠤᠭ ᠤᠨ ᠪᠤᠷᠳᠤᠭᠤᠷ ᠭᠡᠳᠡᠭ ᠃ ᠨᠤᠳᠤᠭ ᠤᠨ ᠪᠤᠷᠳᠤᠭᠤᠷ ᠢ ᠵᠤᠬᠢᠰᠳᠠᠢ ᠬᠡᠷᠡᠭᠯᠡᠪᠡᠯ ᠲᠠᠷᠢᠮᠠᠯ ᠤᠨ ᠤᠨᠠᠯᠳᠠ ᠪᠤᠯᠤᠨ ᠴᠢᠨᠠᠷ ᠢ ᠲᠡᠭᠡᠭᠰᠢᠯᠡᠭᠦᠯᠵᠤ  ᠴᠢᠳᠠᠬᠤ ᠮᠦᠷᠳᠡᠭᠡᠨ ᠬᠦᠷᠤᠰᠤ ᠰᠢᠷᠤᠢ ᠶᠢᠨ ᠪᠦᠳᠤᠴᠡ ᠶᠢ ᠰᠠᠶᠢᠵᠢᠷᠠᠭᠤᠯᠵᠤ ᠲᠡᠶᠢᠯᠤᠨ᠎ᠡ᠃            ᠬᠠᠷ᠎ᠠ ᠪᠤᠷᠳᠤᠭᠤᠷ᠄ ᠬᠠᠷ᠎ᠠ ᠪᠤᠷᠳᠤᠭᠤᠷ ᠪᠤᠯ ᠬᠤᠭ ᠡᠪᠡᠰᠤ᠂ ᠬᠤᠭ ᠵᠡᠷᠭᠡ ᠲᠦᠭᠦᠬᠡᠢ ᠡᠳ᠋ ᠢ ᠨᠦᠬᠡᠨ ᠳᠤ  ᠲᠠᠷᠤᠵᠤ ᠢᠰᠭᠡᠬᠦ ᠪᠠᠷ ᠲᠠᠮᠵᠢᠵᠤ ᠪᠦᠳᠤᠭᠡᠭᠰᠡᠨ ᠪᠤᠷᠳᠤᠭᠤᠷ ᠶᠤᠮ᠃ ᠬᠠᠮᠤᠭ ᠰᠠᠶᠢᠨ ᠨᠢ ᠬᠠᠪᠤᠷ ᠨᠠᠮᠤᠷ ᠤᠨ  ᠲᠠᠷᠢᠶᠠᠯᠠᠭ᠎ᠠ ᠲᠠᠢ ᠤᠶᠠᠯᠳᠤᠭᠤᠯᠵᠤ ᠤᠤᠯ ᠪᠤᠷᠳᠤᠭᠤᠷ ᠪᠤᠯᠭᠠᠨ᠎ᠠ᠃            ᠨᠤᠭᠤᠭᠠᠨ ᠪᠤᠷᠳᠤᠭᠤᠷ᠄ ᠬᠠᠮᠤᠭ ᠤᠨ ᠰᠠᠶᠢᠨ ᠨᠢ ᠪᠤᠷᠴᠠᠭ ᠤᠨ ᠢᠵᠠᠭᠤᠷ ᠤᠨ ᠲᠠᠷᠢᠮᠠᠯ ᠤᠨ ᠤᠯᠠ  ᠪᠤᠷᠳᠤᠭᠤᠷ ᠪᠤᠶᠤ ᠨᠡᠮᠡᠯᠳᠡ ᠪᠤᠷᠳᠤᠭᠤᠷ ᠪᠤᠯᠭᠠᠨ᠎ᠠ᠃ ᠪᠡᠳᠡᠬᠢ ᠶᠢᠨ ᠪᠠᠺᠲᠧᠷᠢ ᠶᠢᠨ ᠠᠽᠤᠲ ᠲᠤᠭᠳᠠᠪᠤᠷᠢᠵᠢᠭᠤᠯᠬᠤ  ᠤᠢᠢᠯᠡᠳᠤᠯ ᠢ ᠠᠰᠢᠭᠯᠠᠵᠤ ᠬᠦᠷᠤᠰᠤᠨ ᠤ ᠰᠢᠮ ᠎ᠡ ᠶᠢ ᠲᠡᠭᠡᠭᠰᠢᠯᠡᠭᠦᠯᠵᠤ ᠪᠤᠯᠤᠨ᠎ᠠ᠃            ᠰᠢᠬᠡᠭ ᠪᠤᠷᠳᠤᠭᠤᠷ᠄ ᠭᠠᠭ᠋ᠠᠢ ᠶᠢᠨ ᠪᠠᠭᠠᠰᠤ᠄ ᠤᠷᠭᠠᠨᠢᠭ ᠪᠤᠳᠠᠰ ᠪᠤᠯᠤᠨ ᠠᠽᠤᠲ᠂ ᠹᠤᠰᠹᠤᠷ᠂ ᠺᠠᠯᠢ ᠶᠢᠨ  ᠠᠬᠤᠭᠤᠯᠤᠭᠳᠠᠴᠠ ᠤᠯᠨᠨ ᠪᠤᠯᠬᠤᠷ ᠬᠦᠢᠴᠡᠳ ᠢᠯᠵᠢᠷᠡᠬᠦᠯᠥᠭᠰᠡᠨ ᠭᠠᠭ᠋ᠠᠢ ᠶᠢᠨ ᠪᠠᠭᠠᠰᠤ ᠨᠢ ᠡᠯ᠎ᠠ ᠲᠦᠷᠤᠯ  ᠵᠦᠢᠯ ᠤᠨ ᠬᠦᠷᠤᠰᠤᠨ ᠳᠤ ᠪᠦᠷ ᠲᠤᠬᠢᠷᠠᠨ᠎ᠠ᠃ ᠢᠯᠠᠩᠭᠤᠶ ᠎ᠠ ᠤᠰᠤ ᠲᠠᠳᠠᠷᠠᠭᠤᠯᠬᠤ ᠳᠤ ᠠᠰᠤᠷᠤ ᠰᠠᠶᠢᠨ  ᠬᠠᠯᠠᠭᠤᠨ ᠴᠢᠬᠢᠯᠢᠭ ᠬᠦᠷᠤᠰᠤᠨ ᠳᠤ ᠨᠡᠶᠢᠳᠠᠮ ᠬᠡᠷᠡᠭᠯᠡᠬᠦ ᠳᠤ ᠲᠤᠬᠢᠷᠠᠨ᠎ᠠ᠃ ᠦᠬᠡᠷ ᠤᠨ ᠪᠠᠭᠠᠰᠤ᠄ ᠰᠢᠨ᠎ᠡ  ᠲᠡᠵᠢᠭᠡᠯ ᠤᠨ ᠠᠬᠤᠭᠤᠯᠤᠭᠳᠠᠴᠠ ᠲᠤᠤᠷ᠎ᠠ ᠪᠤᠯᠬᠤᠷ ᠵᠢᠩᠬᠢᠨᠢ ᠰᠡᠷᠢᠭᠦᠨ ᠴᠢᠨᠠᠷ ᠲᠠᠢ ᠪᠤᠷᠳᠤᠭᠤᠷ ᠪᠤᠯᠤᠨ᠎ᠠ᠃  ᠦᠬᠡᠷ ᠤᠨ ᠪᠠᠭᠠᠰᠤ ᠶᠢ ᠬᠠᠳᠠᠭᠠᠵᠤ᠂ 3% -5% ᠤᠨ ᠲᠦᠯᠡᠭᠡᠨ ᠤ ᠦᠨᠡᠰᠤ ᠪᠤᠶᠤ ᠹᠤᠰᠹᠤᠷ ᠤᠨ ᠬᠦᠳᠡᠷ᠂  ᠮᠤᠷᠢᠨ ᠪᠠᠭᠠᠰᠤ ᠬᠤᠯᠢᠵᠤ ᠤᠪᠤᠭᠠᠯᠠᠵᠤ ᠲᠠᠷᠤᠪᠠᠯ ᠦᠬᠡᠷ ᠤᠨ ᠪᠠᠭᠠᠰᠤ ᠶᠢᠨ ᠵᠠᠳᠠᠷᠠᠯᠳᠠ ᠨᠢ ᠲᠦᠷᠭᠡᠳᠴᠤ᠂  ᠪᠤᠷᠳᠤᠭᠤᠷ ᠤᠨ ᠤᠢᠢᠯᠡᠳᠤᠯ ᠨᠢ ᠨᠡᠮᠡᠭᠳᠡᠨ᠎ᠡ᠃ ᠬᠠᠮᠤᠭ ᠰᠠᠶᠢᠨ ᠨᠢ ᠬᠠᠯᠠᠭᠤᠨ ᠲᠦᠭᠦᠬᠡᠢ ᠪᠤᠷᠳᠤᠭᠤᠷ ᠲᠠᠢ  ᠤᠶᠠᠯᠳᠤᠭᠤᠯᠵᠤ ᠬᠡᠷᠡᠭᠯᠡᠬᠦ ᠪᠤᠶᠤ ᠡᠯᠡᠰᠤᠷᠬᠡᠭ ᠰᠢᠷᠤᠢ ᠪᠤᠯᠤᠨ ᠨᠦᠮᠤᠷᠢ ᠪᠠᠯ ᠭᠠᠵᠠᠷ ᠲᠤ ᠬᠢᠪᠡᠯ ᠨᠡᠩ  ᠲᠤᠬᠢᠷᠠᠮᠵᠢᠳᠠᠢ︔ ᠬᠤᠷᠭᠤᠯ᠄ ᠬᠠᠯᠠᠭᠤᠨ ᠴᠢᠨᠠᠷ ᠲᠠᠢ ᠪᠤᠷᠳᠤᠭᠤᠷ ᠪᠤᠯᠬᠤᠷ ᠭᠠᠭ᠋ᠠᠢ ᠶᠢᠨ ᠪᠠᠭᠠᠰᠤ ᠲᠠᠢ ᠬᠤᠯᠢᠵᠤ  ᠬᠡᠷᠡᠭᠯᠡᠪᠡᠯ ᠨᠡᠩ ᠵᠤᠬᠢᠷᠠᠮᠵᠢᠳᠠᠢ᠃ ᠰᠡᠷᠢᠭᠦᠨ ᠴᠢᠨᠠᠷ ᠲᠠᠢ ᠬᠦᠷᠤᠰᠤ ᠪᠤᠯᠤᠨ ᠰᠡᠭᠦᠳᠡᠷ ᠪᠤᠯ ᠭᠠᠵᠠᠷ ᠲᠤ ᠬᠡᠷᠡᠭᠯᠡᠬᠦ ᠳᠤ  ᠲᠤᠬᠢᠷᠠᠨ᠎ᠠ᠃ ᠮᠤᠷᠢᠨ ᠪᠠᠭᠠᠰᠤ᠄ ᠤᠷᠭᠠᠨᠢᠭ ᠪᠤᠳᠠᠰ᠂ ᠠᠽᠤᠲ᠂ ᠰᠢᠬᠢᠷᠯᠢᠭ ᠡᠳ᠋ ᠤᠨ ᠠᠬᠤᠭᠤᠯᠤᠭᠳᠠᠴᠠ ᠪᠠᠷ  ᠨᠡᠯᠢᠶᠡᠳ ᠦᠨᠳᠤᠷ᠂ ᠰᠢᠬᠢᠷᠯᠢᠭ ᠢ ᠵᠠᠳᠠᠷᠠᠭᠤᠯᠬᠤ ᠪᠠᠺᠲ᠋ᠤᠷᠢ ᠠᠬᠤᠭᠤᠯᠤᠭᠳᠠᠵᠤ ᠪᠠᠶᠢᠬᠤ ᠪᠤᠯᠬᠤᠷ ᠤᠪᠤᠭᠠᠯᠠᠵᠤ  ᠲᠠᠷᠤᠪᠠᠯ ᠢᠰᠬᠦ ᠨᠢ ᠬᠤᠷᠳᠤᠨ᠂ ᠢᠯᠴᠢ ᠨᠢ ᠦᠨᠳᠤᠷ ᠪᠠᠶᠢᠳᠠᠭ᠂ ᠴᠢᠬᠢᠭᠯᠢᠭ ᠨᠦᠢᠳᠠᠨ ᠨᠠᠩᠬᠢ ᠰᠢᠷᠤᠢ ᠬᠦᠨᠳᠤ  ᠬᠦᠷᠤᠰᠤ ᠪᠤᠯᠤᠨ ᠰᠡᠭᠦᠳᠡᠷ ᠪᠤᠯ ᠭᠠᠵᠠᠷ ᠵᠢᠴᠢ ᠬᠦᠷᠤᠰᠤᠨ ᠤ ᠦᠷᠤᠮᠡᠳᠤᠯ ᠬᠦᠨᠳᠤ ᠨᠤᠴᠢᠳᠠᠢ ᠬᠦᠷᠤᠰᠤᠨ ᠳᠤ  ᠬᠡᠷᠡᠭᠯᠡᠬᠦ ᠳᠤ ᠲᠤᠬᠢᠷᠠᠨ᠎ᠠ᠃ ᠭᠡᠷ ᠤᠨ ᠵᠢᠭᠦᠷᠳᠡᠨ ᠤ ᠪᠠᠭᠠᠰᠤ᠄ ᠰᠢᠮ ᠎ᠡ ᠲᠡᠵᠢᠭᠡᠯ ᠦᠨᠳᠤᠷ ᠪᠤᠯᠬᠤᠷ ᠦᠷ ᠎ᠡ ᠶᠢᠨ  ᠪᠤᠷᠳᠤᠭᠤᠷ᠂ ᠨᠡᠮᠡᠯᠳᠡ ᠪᠤᠷᠳᠤᠭᠤᠷ ᠪᠤᠯᠭᠠᠵᠤ ᠪᠤᠯᠤᠨ᠎ᠠ᠃ ᠢᠳᠡᠰᠢᠨ ᠨᠤᠭᠤᠭ᠎ᠠ ᠳᠤ ᠭᠡᠷᠡᠭᠯᠡᠬᠦ ᠳᠤ ᠬᠠᠮᠤᠭ ᠢᠯᠡᠭᠦᠤ  ᠲᠤᠬᠢᠷᠠᠨ᠎ᠠ᠃ ᠬᠦᠮᠤᠨ ᠤ ᠪᠠᠭᠠᠰᠤ ᠰᠢᠭᠡᠰᠤ᠄ ᠢᠰᠭᠡᠵᠤ ᠬᠦᠢᠴᠡᠳ ᠢᠯᠵᠢᠷᠡᠬᠦᠯᠥᠭᠰᠡᠨ ᠤ ᠰᠡᠭᠦᠯᠡᠷ ᠰᠢᠭᠤᠳ  ᠬᠡᠷᠡᠭᠯᠡᠬᠦ ᠪᠠ ᠰᠢᠷᠤᠢ ᠨᠡᠮᠡᠵᠤ ᠤᠯᠠ ᠪᠤᠷᠳᠤᠭᠤᠷ ᠪᠤᠯᠭᠠᠵᠤ ᠪᠤᠯᠤᠨ᠎ᠠ᠃  
 
ᠢᠷᠡᠯᠲᠡ᠄ ᠤᠯᠠᠭᠠᠨ ᠬᠠᠳᠠ ᠶᠢᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备12002332号