ᠰᠢᠲᠦ ᠡᠪᠡᠳᠬᠦ᠂ ᠰᠢᠳᠦ ᠬᠠᠪᠤᠳᠬᠤ ᠦᠶ᠎ᠡ ᠳᠤ᠂ ᠦᠷᠪᠢᠰᠦᠯ ᠢ ᠳᠠᠷᠤᠵᠤ ᠡᠪᠡᠳᠬᠦ ᠶᠢ ᠵᠣᠭᠰᠤᠭᠠᠬᠤ | ᠡᠮ ᠢᠳᠡᠬᠦ ᠪᠣᠶᠤ ᠵᠢᠩᠬᠢᠨᠢ ᠵᠠᠰᠠᠯᠭ᠎ᠠ ᠬᠢᠭᠰᠡᠭᠡᠷ ᠣᠯᠠᠩᠬᠢ ᠡᠪᠡᠳᠴᠢᠨ ᠤ ᠪᠠᠶᠢᠳᠠᠯ ᠨᠢ ᠢᠯᠡᠷᠢ ᠪᠤᠯᠵᠤ ᠨᠠᠮᠳᠠᠳᠠᠭ᠃ | ᠭᠡᠪᠠᠴᠤ᠂ ᠨᠠᠨᠵᠢᠩ ᠤᠨ ᠳ᠋ᠥᠩ ᠨᠠᠨ ᠶᠡᠭᠡ ᠰᠤᠷᠭᠠᠭᠤᠯᠢ ᠶᠢᠨ ᠬᠠᠷᠢᠶᠠᠳᠤ ᠳ᠋ᠥᠩ ᠳ᠋ᠠᠡᠮᠨᠠᠯᠭᠡ ᠶᠢᠨ ᠬᠤᠷᠢᠶᠠᠨ ᠤ | ᠴᠢᠭᠢ ᠬᠠᠮᠠᠷ ᠠᠮᠠᠨ ᠬᠥᠨᠳᠠᠢ ᠶᠢᠨ ᠡᠪᠠᠳᠴᠢᠨ ᠤ ᠰᠠᠯᠠᠭᠠᠨ ᠤ ᠡᠮᠴᠢ ᠨᠠᠷ᠂ ᠬᠠᠷᠢᠨ ᠰᠢᠳᠤ ᠡᠪᠠᠳᠬᠦ ᠠᠴᠠ | ᠪᠤᠯᠤᠭᠰᠠᠨ ᠲᠠᠭᠡᠳᠤ ᠡᠷᠠᠤ ᠶᠢᠨ ᠬᠤᠩᠭᠢᠯ ᠤᠨ ᠥᠮᠠᠨ ᠲᠠᠢ ᠡᠪᠠᠳᠴᠢᠳᠠᠨ ᠢ ᠬᠥᠯᠢᠶᠠᠨ ᠠᠪᠴᠤ ᠡᠮᠴᠢᠯᠠᠭᠡᠳ ᠠᠷᠭ᠎ᠠ | ᠥᠭᠡᠢ ᠳᠡᠭᠡᠨ ᠬᠠᠮᠤᠭ ᠰᠠᠬᠦᠯ ᠳᠤᠨᠢ ᠲᠠᠭᠡᠳᠤ ᠡᠷᠠᠤ ᠶᠢᠨ ᠶᠠᠰᠤ ᠶᠢ ᠤᠭᠳᠤᠯᠬᠤ ᠮᠠᠰᠨ ᠵᠠᠰᠠᠯ ᠭᠢᠭᠰᠡᠨ ᠪᠠᠶᠢᠨ᠎ᠠ᠃ | ᠲᠠᠭᠡᠳᠤ ᠡᠷᠠᠤ ᠶᠢᠨ ᠬᠤᠩᠭᠢᠯ ᠤᠨ ᠥᠮᠠᠨ ᠪᠤᠯ ᠬᠠᠮᠠᠷ ᠤᠨ ᠲᠠᠳ᠋ ᠬᠥᠨᠳᠠᠢ ᠶᠢᠨ ᠬᠤᠤᠷᠠᠳᠤ ᠬᠠᠪᠤᠳᠠᠷ ᠤᠨ | ᠬᠠᠮᠤᠭ ᠤᠨ ᠪᠠᠶᠢᠩᠭᠤ ᠪᠠᠶᠢᠳᠠᠭ ᠨᠢᠭᠡ ᠵᠥᠢᠯ ᠤᠨ ᠡᠪᠠᠳᠴᠢᠨ ᠪᠤᠯᠤᠨ᠎ᠠ᠂ ᠡᠭᠢᠨ ᠤ ᠬᠤᠭᠤᠴᠠᠭᠠᠨ ᠳᠠᠭᠠᠨ ᠪᠤᠯ | ᠲᠠᠳ᠋ ᠬᠥᠨᠳᠠᠢ ᠲᠤᠳᠤᠷ᠎ᠠ ᠨᠢ ᠰᠠᠯᠢᠰᠤᠳᠤ ᠪᠥᠷᠬᠦᠪᠴᠢ ᠤᠷᠭᠤᠵᠤ᠂ ᠭᠠᠳᠠᠷ ᠲᠠᠯ᠎ᠠ ᠳᠤᠨᠢ ᠶᠠᠮᠠᠷᠴᠤ ᠬᠤᠪᠢᠷᠠᠯᠳᠠ | ᠭᠠᠷᠬᠤ ᠥᠭᠡᠢ ᠲᠤᠯᠨ ᠭᠢᠯᠪᠠᠷᠬᠠᠨ ᠮᠠᠳᠡᠭᠳᠠᠬᠦ ᠥᠭᠡᠢ ᠪᠠᠶᠢᠳᠠᠭ᠃ ᠡᠪᠠᠳᠴᠢᠨ ᠤ ᠪᠠᠶᠢᠳᠠᠯ ᠨᠢ ᠮᠠᠳᠡᠭᠳᠠᠮᠠ ᠪᠤᠯᠵᠤ | ᠢᠷᠠᠬᠦ ᠥᠶ᠎ᠠ ᠳᠤ᠂ ᠬᠠᠪᠤᠳᠠᠷ ᠨᠢ ᠶᠠᠷᠤᠨᠢ ᠶᠠᠰᠤᠯᠢᠭ ᠬᠠᠨ᠎ᠠ ᠶᠢ ᠨᠠᠪᠳᠠᠯᠤᠨ ᠬᠥᠨᠳᠠᠢ ᠶᠢᠨ ᠭᠠᠳᠠᠨ᠎ᠠ ᠨᠢ ᠭᠠᠷᠴᠤ᠂ | ᠢᠯᠠᠷᠠᠯ ᠨᠢ ᠬᠠᠮᠠᠷ ᠪᠥᠭᠯᠠᠷᠠᠬᠦ᠂ ᠬᠠᠴᠠᠷ ᠬᠠᠪᠤᠳᠬᠤ᠂ ᠠᠷᠠᠰᠤᠨ ᠤ ᠮᠠᠳᠠᠷᠠᠯ ᠬᠠᠷᠢᠬᠤ᠂ ᠰᠢᠳᠤ ᠡᠪᠠᠳᠬᠦ ᠵᠠᠷᠭᠡ | ᠪᠤᠯᠤᠨ᠎ᠠ᠃ | ᠡᠬᠦᠨ ᠳᠤ ᠰᠢᠳᠤ ᠡᠪᠠᠳᠬᠦ ᠶᠢᠨ ᠰᠢᠯᠳᠠᠭᠠᠨ ᠨᠢ ᠤᠯᠠᠩᠭᠢ ᠳᠠᠭᠠᠨ ᠬᠤᠤᠷᠠᠳᠤ ᠬᠠᠪᠤᠳᠠᠷ ᠰᠢᠳᠤᠨ ᠤ ᠤᠭ | ᠲᠤ ᠤᠷᠤᠭᠰᠠᠨ ᠠᠴᠠ ᠪᠤᠯᠤᠭᠰᠠᠨ ᠪᠠᠶᠢᠳᠠᠭ᠃ ᠡᠶᠢᠮᠤ ᠠᠴᠠ᠂ ᠰᠢᠳᠤ ᠡᠪᠠᠳᠬᠦ ᠥᠶ᠎ᠠ ᠳᠤ ᠲᠠᠷᠤᠢ ᠳᠤᠨᠢ | ᠡᠮᠨᠠᠯᠭᠡ ᠳᠤ ᠤᠴᠢᠵᠤ ᠥᠵᠠᠬᠦᠯᠪᠠᠯ᠂ ᠡᠭᠢᠨ ᠤ ᠥᠶ᠎ᠠ ᠳᠤᠨᠢ ᠬᠤᠤᠷᠠᠳᠤ ᠬᠠᠪᠤᠳᠠᠷ ᠢ ᠢᠯᠠᠷᠠᠬᠦᠯᠵᠤ᠂ ᠲᠠᠷᠠᠴᠢᠯᠠᠨ | ᠪᠠᠭ᠎ᠠ ᠭᠡᠰᠡᠭ ᠢᠶᠠᠷ ᠮᠠᠰᠨ ᠵᠠᠰᠠᠯ ᠭᠢᠵᠤ ᠪᠤᠯᠬᠤ ᠪᠥᠭᠡᠳ ᠶᠡᠭᠡ ᠭᠡᠰᠡᠭ ᠢᠶᠠᠷ ᠤᠭᠳᠤᠯᠤᠭᠰᠠᠨ ᠠᠴᠠ ᠪᠤᠯᠵᠤ ᠬᠠᠴᠠᠷ | ᠬᠤᠳᠦ᠋ᠢᠬᠤ ᠠᠴᠠ ᠵᠠᠶᠢᠯᠠᠰᠭᠢᠵᠤ ᠪᠤᠯᠤᠨ᠎ᠠ᠃ | ᠡᠶᠢᠮᠤ ᠠᠴᠠ᠂ ᠰᠢᠯᠳᠠᠭᠠᠨ ᠨᠢ ᠲᠤᠳᠤᠷᠬᠠᠢ ᠥᠭᠡᠢ ᠪᠠᠷ ᠰᠢᠳᠤ ᠡᠪᠠᠳᠬᠦ᠂ ᠬᠠᠮᠠᠷ ᠪᠥᠭᠯᠠᠷᠠᠬᠦ᠂ ᠬᠠᠮᠠᠷ ᠤᠨ | ᠬᠥᠨᠳᠠᠢ ᠶᠢᠨ ᠱᠥᠬᠦᠷᠠᠯᠳᠠ ᠨᠠᠮᠡᠭᠳᠠᠬᠦ ᠵᠢᠴᠢ ᠠᠮᠨ ᠪᠠᠨ ᠨᠠᠭᠡᠭᠡᠬᠦ ᠳᠤ ᠬᠥᠴᠢᠷᠳᠠᠬᠦ ᠥᠶ᠎ᠠ ᠳᠤ᠂ ᠡᠪᠠᠳᠴᠢᠨ ᠳᠤᠨᠢ | ᠲᠤᠭᠢᠷᠠᠭᠤᠯᠤᠨ ᠵᠠᠰᠠᠭᠠᠳ ᠥᠷ᠎ᠠ ᠪᠥᠳᠤᠮᠵᠢ ᠥᠭᠡᠢ ᠪᠤᠯ᠂ ᠡᠮᠨᠠᠯᠭᠡ ᠶᠢᠨ ᠬᠤᠷᠢᠶᠠᠨ ᠤ ᠴᠢᠭᠢ ᠬᠠᠮᠠᠷ ᠠᠮᠠᠨ | ᠬᠥᠨᠳᠠᠢ ᠶᠢᠨ ᠡᠪᠠᠳᠴᠢᠨ ᠤ ᠰᠠᠯᠠᠭᠠᠨ ᠳᠤ ᠤᠴᠢᠵᠤ ᠥᠵᠠᠬᠦᠯᠤᠨ᠂ ᠲᠠᠷᠠᠴᠢᠯᠠᠨ ᠡᠪᠠᠳᠴᠢᠨ ᠤ ᠵᠥᠢ ᠶᠢᠨ | ᠪᠠᠶᠢᠴᠠᠭᠠᠯᠳᠠ ᠪᠤᠶᠤ ᠡᠰ ᠤᠨ ᠤᠬᠠᠭᠠᠨ ᠤ ᠪᠠᠶᠢᠴᠠᠭᠠᠯᠳᠠ ᠭᠢᠯᠭᠡᠵᠤ᠂ ᠲᠠᠭᠡᠳᠤ ᠡᠷᠠᠤ ᠶᠢᠨ ᠥᠮᠠᠨ ᠮᠥᠨ ᠡᠰᠠᠬᠦ | ᠶᠢ ᠯᠠᠪᠳᠠᠭᠤᠯᠬᠤ ᠴᠢᠬᠤᠯᠨ ᠲᠠᠢ ᠶᠤᠮ᠃ | | ︽ᠤᠯᠠᠭᠠᠨ ᠬᠠᠳᠠ ᠶᠢᠨ ᠡᠳᠤᠷ ᠤᠨ ᠰᠤᠨᠢᠨ︾ ᠠᠴᠠ | |