ᠶᠠᠮᠠᠷ ᠬᠦᠮᠤᠨ ᠠᠮᠠᠷᠬᠠᠨ ᠮᠠᠷᠢᠶᠠᠯᠠᠲᠠᠭ ᠪᠤᠢ︖
ᠨᠡᠶᠢᠲᠡᠯᠡᠭᠰᠡᠨ ᠴᠠᠭ᠄
2015/9/8
     ᠬᠡᠳᠦᠷᠭᠡᠢ ᠮᠠᠷᠢᠶᠠᠯᠠᠬᠤ ᠨᠢ ᠵᠦᠪᠬᠡᠨ ᠢᠳᠡᠭᠡᠨ ᠤᠮᠳᠠᠭᠠᠨ ᠤ ᠡᠯᠧᠮᠧᠨ᠋ᠲ ᠠᠴᠠ ᠯᠡ ᠪᠤᠯᠬᠤ ᠪᠢᠰᠢ᠂ ᠪᠠᠰᠠ ᠤᠷᠮ᠎ᠠ ᠰᠡᠳᠭᠢᠯᠭᠡ ᠪᠠ ᠪᠠᠶᠢᠳᠠᠯ ᠤᠨ ᠨᠦᠯᠦᠭᠡ ᠶᠢ ᠬᠦᠷᠳᠡᠨ᠎ᠠ᠃ ᠠᠮᠧᠷᠢᠺᠠ ᠶᠢᠨ ︽ᠶᠠ ᠬᠤ᠋ ᠡᠷᠡᠭᠦᠯ ᠮᠡᠨᠳᠦ ᠶᠢᠨ ᠰᠦᠯᠵᠢᠶ᠎ᠠ︾ ᠲᠤᠤᠷᠠᠬᠢ ᠬᠡᠳᠦᠨ ᠵᠦᠢᠯ ᠤᠨ ᠤᠷᠮ᠎ᠠ ᠰᠡᠳᠭᠢᠯᠭᠡ ᠪᠠ ᠪᠠᠶᠢᠳᠠᠯ ᠬᠦᠮᠦᠰ ᠢ ᠮᠠᠷᠢᠶᠠᠯᠠᠭᠤᠯᠳᠠᠭ ᠭᠡᠵᠦ ᠬᠤᠷᠢᠶᠠᠩᠭᠤᠢᠢᠯᠠᠭᠰᠠᠨ ᠪᠠᠶᠢᠨ᠎ᠠ᠃                                ᠭᠠᠭᠴᠠᠭᠠᠷᠳᠠᠭᠰᠠᠳ᠃ ᠪᠢᠳᠡᠨ ᠤ ᠮᠡᠳᠡᠭᠡᠵᠢ ᠪᠠᠷ ᠤᠷᠮ᠎ᠠ ᠰᠡᠳᠭᠢᠯᠭᠡ  ᠪᠠᠶᠠᠷ ᠦᠭᠡᠢ ᠦᠶᠡᠰ ᠬᠦᠮᠦᠰ  ᠦᠷᠭᠦᠯᠵᠢ ᠶᠡᠬᠡᠪᠡᠷ ᠢᠳᠡᠵᠦ ᠤᠤᠭᠤᠵᠤ ᠦᠪᠡᠷ ᠢ ᠪᠠᠨ ᠮᠢᠨᠴᠦᠭᠦᠷᠡᠭᠦᠯᠳᠡᠭ᠂ ᠡᠭᠦᠨ ᠠᠴᠠ ᠭᠠᠭᠴᠠᠭᠠᠷᠳᠠᠬᠤ ᠰᠡᠳᠭᠢᠯᠭᠡ ᠪᠤᠯ ᠪᠡᠶ᠎ᠠ ᠶᠢᠨ ᠬᠦᠨᠳᠦ ᠶᠢᠨ ᠨᠡᠮᠡᠭᠳᠡᠯ ᠲᠠᠢ ᠨᠢᠭᠳᠠ ᠬᠠᠷᠢᠴᠠᠭ᠎ᠠ ᠲᠠᠢ ᠪᠤᠯᠬᠤ ᠶᠢ ᠨᠢᠭᠡᠨᠳᠡ ᠭᠡᠷᠡᠴᠢᠯᠡᠵᠡᠢ ᠃  ︽ᠬᠤᠷᠮᠤᠨ ᠪᠠ ᠠᠵᠢᠯᠯᠠᠭ᠎ᠠ︾ ᠰᠡᠳᠭᠦᠯ ᠳᠤ ᠨᠡᠶᠢᠳᠡᠯᠡᠭᠰᠡᠨ ᠨᠢᠭᠡᠨ ᠰᠢᠨ᠎ᠠ ᠰᠤᠳᠤᠯᠭᠠᠨ ᠳᠤ ᠬᠠᠷᠠᠭᠤᠯᠤᠭᠰᠠᠨ ᠢᠶᠠᠷ᠂ ᠬᠦᠮᠦᠨ ᠭᠠᠭᠴᠠᠭᠠᠷᠳᠠᠬᠤ ᠦᠶᠡᠰ ᠢᠳᠡᠭᠡᠨ ᠢᠳᠡᠭᠰᠡᠨ ᠤ ᠲᠠᠷᠠᠭ᠎ᠠ᠂ ᠪᠡᠶ᠎ᠠ ᠲᠤᠳᠤᠷ᠎ᠠ ᠨᠢ ᠨᠡᠩ ᠤᠯᠠᠨ  ︽ᠦᠯᠦᠰᠭᠦᠯᠡᠩ ᠬᠤᠷᠮᠤᠨ︾ ᠱᠦᠭᠦᠷᠡᠭᠦᠯᠵᠦ᠂ ᠨᠡᠩ ᠲᠦᠷᠭᠡᠨ ᠦᠯᠦᠰᠦᠭᠦᠯᠵᠦ᠂ ᠨᠡᠩ ᠢᠯᠡᠭᠦᠦ ᠢᠳᠡᠬᠦ ᠪᠤᠯᠭᠠᠵᠤ᠂ ᠡᠴᠤᠰ ᠲᠤ ᠨᠡᠩ ᠠᠮᠠᠷᠬᠠᠨ ᠮᠠᠷᠢᠶᠠᠯᠠᠭᠤᠯᠳᠠᠭ᠃                                ᠬᠤᠷᠢᠮᠯᠠᠭᠰᠠᠳ᠃ 600 ᠭᠠᠷᠤᠢ ᠰᠤᠳᠤᠯᠭᠠᠨ ᠳᠤ ᠬᠤᠯᠪᠤᠭᠳᠠᠭᠰᠠᠨ ᠨᠢᠭᠡᠨ ᠳ᠋ᠦᠩᠨᠡᠯᠳᠡ ᠳᠤ  ᠢᠯᠡᠷᠡᠭᠦᠯᠦᠭᠰᠡᠨ ᠢᠶᠠᠷ᠂ ᠬᠤᠷᠢᠮᠯᠠᠭᠰᠠᠨ ᠤ ᠲᠠᠷᠠᠭ᠎ᠠ ᠡᠷ᠎ᠠ ᠡᠮ᠎ᠠ ᠬᠤᠶᠠᠭᠤᠯᠠ ᠪᠠᠨ ᠬᠠᠮᠳᠤᠪᠠᠷ ᠠᠮᠳᠠᠳᠤ ᠢᠳᠡᠭᠡᠨ  ᠡᠳ᠋ᠯᠡᠵᠦ᠂ ᠭᠠᠳᠠᠨ᠎ᠠ ᠬᠤᠭᠤᠯᠠᠯᠠᠬᠤ ᠵᠡᠷᠭᠡ ᠠᠴᠠ ᠪᠤᠯᠵᠤ ᠨᠡᠩ ᠢᠯᠡᠭᠦᠦ ᠢᠳᠡᠳᠡᠭ᠂ ᠬᠤᠷᠢᠮᠯᠠᠬᠤ ᠠᠴᠠ ᠡᠮᠦᠨᠠᠬᠢ ᠰᠢᠭ ᠬᠠᠷᠢᠯᠴᠠᠨ ᠠᠩᠬᠠᠷᠤᠯ ᠲᠠᠳᠠᠬᠤ ᠶᠢᠨ ᠲᠦᠯᠦᠭᠡ ᠪᠡᠶ᠎ᠠ ᠭᠠᠯᠪᠢᠷ ᠢᠶᠠᠨ ᠬᠠᠳᠠᠭᠠᠯᠠᠬᠤ ᠬᠡᠮᠡᠨ ᠪᠡᠶ᠎ᠠ ᠶᠢᠨ ᠲᠠᠮᠢᠷ ᠤᠨ ᠪᠤᠯᠪᠠᠰᠤᠷᠠᠯ ᠳᠤ ᠤᠷᠤᠯᠴᠠᠬᠤ ᠪᠠᠨ ᠴᠦ ᠪᠤᠯᠢᠨ᠎ᠠ᠃                                ᠢᠳᠡᠰᠢ ᠬᠢᠵᠠᠭᠠᠷᠯᠠᠭᠴᠢᠳ᠃ ︽ᠢᠳᠡᠭᠡᠨ ᠤᠮᠳᠠᠭᠠᠨ ᠤ  ᠲᠡᠩᠴᠡᠭᠦᠷᠢ ᠠᠯᠳᠠᠭᠳᠠᠬᠤ︾ ᠰᠡᠳᠭᠦᠯ ᠤᠨ  ᠨᠢᠭᠡᠨ ᠰᠤᠳᠤᠯᠭᠠᠨ ᠳᠤ ᠵᠢᠭᠠᠵᠤ ᠭᠠᠷᠭᠠᠭᠰᠠᠨ ᠢᠶᠠᠷ᠂ ᠶᠠᠮᠠᠷ ᠨᠢᠭᠡᠨ ᠶᠠᠭᠤᠮ᠎ᠠ ᠶᠢ ᠬᠢᠵᠦ ᠪᠤᠯᠬᠤ ᠦᠭᠡᠢ ᠬᠡᠮᠡᠨ ᠠᠯᠪᠠ ᠪᠠᠷ ᠬᠤᠷᠢᠠᠠᠯᠠᠪᠠᠯ ᠬᠦᠮᠦᠨ ᠤ ᠰᠦᠷᠭᠡᠦ ᠰᠡᠳᠭᠢᠴᠡ ᠶᠢ ᠬᠦᠭᠵᠢᠭᠡᠨ᠂ ᠭᠡᠳᠡᠷᠬᠦ ᠲᠤᠰᠬᠠᠯ ᠭᠠᠷᠳᠠᠭ᠃ ᠢᠳᠡᠭᠡᠨ ᠤᠮᠳᠠᠭᠠᠨ ᠢᠶᠠᠷ ᠵᠢᠱᠢᠶᠡᠯᠡᠪᠡᠯ᠂ ᠠᠷᠪᠢᠨ ᠢᠳᠡᠵᠦ ᠪᠤᠯᠬᠤ ᠦᠭᠡᠢ ᠭᠡᠵᠦ ᠴᠢᠩᠭᠠᠳᠬᠠᠬᠤ ᠲᠤᠳᠤᠮ  ᠬᠦᠮᠦᠰ ᠨᠡᠩ ᠢᠯᠡᠭᠦᠦ ᠢᠳᠡᠬᠦ ᠶᠢ ᠬᠦᠰᠡᠵᠦ᠂ ᠰᠡᠳᠭᠢᠴᠡ ᠶᠢᠨ ᠲᠠᠶᠢᠳᠬᠤᠷᠠᠭᠤᠯᠤᠯ ᠤᠯᠳᠠᠭ᠂ ᠡᠨᠡ ᠨᠢ ᠶᠡᠭᠡ ᠲᠠᠷᠢᠬᠢᠨ ᠤ ᠱᠠᠩᠨᠠᠬᠤ ᠲᠤᠭᠳᠠᠴᠠ ᠠᠴᠠ  ᠲᠤᠭᠳᠠᠭᠠᠭᠳᠠᠵᠤ ᠪᠤᠢ᠃ ᠡᠨᠡ ᠪᠤᠯ ᠪᠠᠰᠠᠴᠤ ᠤᠯᠠᠩᠭᠢ ᠬᠦᠮᠦᠨ ᠢᠳᠡᠰᠢ ᠪᠠᠨ ᠬᠠᠰᠤᠭᠠᠳ ᠢᠯᠠᠭᠳᠠᠭᠰᠠᠨ ᠤ  ᠰᠢᠯᠳᠠᠭᠠᠨ ᠪᠤᠯᠤᠨ᠎ᠠ᠃  ᠬᠡᠷᠪᠡ ᠲᠠ ᠢᠳᠡᠰᠢ ᠪᠠᠨ ᠬᠠᠰᠤᠬᠤ ᠪᠤᠶᠤ ᠠᠯᠪᠠ ᠪᠠᠷ ᠢᠳᠡᠰᠢ ᠪᠠᠨ ᠬᠢᠵᠠᠭᠠᠷᠯᠠᠪᠠᠯ᠂ ᠨᠢᠭᠡ  ᠭᠠᠷᠠᠭ ᠲᠤᠳᠤᠷ᠎ᠠ ᠠᠳᠠᠭ ᠲᠠᠭᠠᠨ ᠨᠢᠭᠡ ᠤᠳᠠᠭ᠎ᠠ ᠬᠡᠳᠦᠷᠡᠳᠡᠯ᠎ᠠ ᠢᠳᠡᠵᠦ᠂ ᠢᠳᠡᠭᠡᠨ ᠤᠮᠳᠠᠭᠠᠨ ᠢᠳᠡᠬᠦ ᠬᠦᠰᠡᠯ ᠢᠶᠠᠨ ᠬᠠᠩᠭᠠᠬᠤ ᠪᠤᠯᠤᠨ᠎ᠠ᠃                              ᠰᠡᠳᠭᠢᠯ ᠪᠤᠬᠢᠨᠢᠳᠤᠭᠰᠠᠳ᠃ ᠬᠦᠮᠦᠰ ᠰᠡᠳᠭᠢᠯ ᠪᠤᠬᠢᠨᠢᠳᠤᠬᠤ ᠦᠶᠡᠰ ᠠᠷᠪᠢᠨ ᠢᠳᠡᠵᠦ ᠪᠠᠶᠢᠭᠠᠳ  ᠲᠠᠷᠤᠭᠠᠰᠤ ᠪᠠᠨ ᠬᠦᠩᠭᠡᠯᠡᠳᠡᠭ᠃ ᠰᠤᠳᠤᠯᠭᠠᠨ ᠳᠤ ᠬᠠᠷᠠᠭᠤᠯᠤᠭᠰᠠᠨ ᠢᠶᠠᠷ᠂ ᠰᠡᠳᠭᠢᠯ ᠪᠤᠬᠢᠨᠢᠳᠤᠬᠤ ᠪᠤᠯ ᠪᠡᠶ᠎ᠠ ᠶᠢᠨ  ᠬᠦᠨᠳᠦ ᠨᠡᠮᠡᠭᠳᠡᠬᠦ ᠲᠠᠢ  ᠢᠯᠡ ᠲᠤᠳᠤᠷᠬᠠᠢ ᠬᠠᠷᠢᠴᠠᠭ᠎ᠠ ᠲᠠᠢ ᠴᠢᠬᠤᠯᠠ ᠡᠯᠧᠮᠧᠨ᠋ᠲ ᠤᠨ ᠨᠢᠭᠡ ᠪᠤᠯᠤᠨ᠎ᠠ᠃ ᠪᠤᠳᠠᠳᠠᠢ   ᠲᠡᠭᠡᠷ᠎ᠠ᠂ 23 ᠬᠤᠪᠢ ᠶᠢᠨ ᠢᠳᠡᠭᠡᠨ ᠤᠮᠳᠠᠭᠠᠨ ᠤ ᠲᠡᠩᠴᠡᠭᠦᠷᠢ ᠠᠯᠳᠠᠭᠳᠠᠭᠰᠠᠨ ᠬᠦᠮᠦᠨ  ᠬᠦᠨᠳᠦ ᠬᠦᠩᠭᠡᠨ ᠨᠢ  ᠠᠳᠠᠯᠢ ᠪᠤᠰᠤ ᠰᠡᠳᠭᠢᠯ ᠤᠨ ᠪᠤᠬᠢᠨᠢᠳᠤᠯ ᠲᠠᠢ ᠪᠠᠶᠢᠳᠠᠭ᠃                                ᠲᠠᠷᠤᠭᠠᠰᠤ ᠲᠠᠢ᠃ ᠬᠦᠮᠦᠨ ᠤ ᠪᠡᠶ᠎ᠠ ᠲᠠᠷᠤᠭᠠᠰᠤ ᠲᠠᠢ  ᠰᠠᠨᠠᠭᠳᠠᠭᠰᠠᠭᠠᠷ ᠪᠦᠭᠡᠷ᠎ᠠ ᠶᠢᠨ ᠲᠡᠭᠡᠳᠦ  ᠪᠤᠯᠴᠢᠷᠬᠠᠢ ᠶᠢᠨ ᠬᠤᠷᠮᠤᠨ ᠳᠤ ᠰᠡᠳᠡᠯᠳᠡ ᠦᠭᠳᠡᠭ᠂ ᠡᠨᠡᠬᠦ ᠲᠦᠷᠦᠯ ᠤᠨ ᠬᠤᠷᠮᠤᠨ ᠨᠢ ᠦᠭᠡᠬᠦᠨ ᠡᠰ ᠲᠠᠬᠢ ᠦᠭᠡᠭᠦᠨ ᠬᠦᠴᠢᠯ ᠢ ᠰᠢᠬᠠᠵᠤ ᠴᠢᠰᠤᠨ ᠳᠤ ᠤᠷᠤᠭᠤᠯᠤᠨ ᠡᠨᠧᠷᠬᠢ ᠬᠠᠩᠭᠠᠵᠤ ᠲᠠᠷᠤᠭᠠᠰᠤ ᠶᠢ ᠠᠷᠭᠠᠴᠠᠳᠠᠭ᠂ ᠡᠭᠦᠨ ᠤ  ᠵᠡᠷᠭᠡᠪᠡᠷ ᠪᠠᠰᠠ  ᠨᠢᠭᠡ ᠵᠦᠢᠯ ᠤᠨ ᠬᠤᠷᠮᠤᠨ ᠬᠦᠷᠦᠰᠦᠮᠡᠭ ᠤᠨ ᠠᠯᠺᠤᠤᠯ ᠨᠢ ᠴᠢᠰᠤᠨ ᠲᠤᠳᠤᠷᠠᠬᠢ ᠬᠡᠷᠡᠭᠯᠡᠵᠦ  ᠲᠠᠭᠤᠰᠤᠭᠠᠳᠤᠢ ᠦᠭᠡᠭᠦᠨ ᠬᠦᠴᠢᠯ ᠢ ᠬᠡᠪᠡᠯᠢ ᠶᠢᠨ ᠬᠡᠰᠡᠭ ᠲᠤ ᠬᠠᠳᠠᠭᠠᠯᠠᠳᠠᠭ᠃                                  ᠤᠢᠢᠳᠬᠠᠷᠯᠠᠭᠰᠠᠳ᠃ ᠨᠢᠭᠡ ᠬᠦᠮᠦᠨ ᠬᠢᠳᠡᠯ ᠦᠭᠡᠢ ᠦᠶᠡᠰ ᠢᠳᠡᠭᠡᠨ ᠢ ᠤᠶᠤᠨᠴᠢ ᠪᠠᠷ ᠰᠤᠩᠭᠤᠬᠤ  ᠴᠢᠳᠠᠪᠤᠷᠢ ᠪᠠᠨ ᠠᠯᠳᠠᠳᠠᠭ᠂ ᠤᠢᠢᠳᠬᠠᠷᠯᠠᠪᠠᠯ ᠢᠳᠡᠭᠡᠨ  ᠰᠤᠩᠭᠤᠬᠤ ᠳᠠᠭᠠᠨ ᠪᠤᠷᠤᠭᠤ ᠰᠤᠩᠭᠤᠯᠳᠠ ᠭᠠᠷᠭᠠᠵᠤ᠂  ᠬᠡᠪ ᠤᠨ ᠪᠠᠶᠢᠳᠠᠯ ᠲᠠᠢ ᠬᠠᠷᠢᠴᠠᠭᠤᠯᠪᠠᠯ ᠨᠡᠩ ᠠᠷᠪᠢᠨ ︽ᠨᠤᠪᠰᠢ ᠶᠢᠨ ᠢᠳᠡᠭᠡᠨ︾ ᠢᠳᠡᠳᠡᠭ᠃ ᠶᠠᠭᠤᠨ ᠳᠤ ᠰᠤᠯᠠ  ᠢᠳᠡᠭᠡᠨ ᠢᠳᠡᠬᠦ ᠪᠤᠢ ᠬᠡᠮᠡᠬᠦ ᠠᠰᠠᠭᠤᠯᠳᠠ ᠶᠢᠨ ᠬᠠᠷᠢᠭᠤ ᠤᠯᠠᠩᠭᠢ ᠬᠦᠮᠦᠨ ᠤᠢᠢᠳᠬᠠᠷᠯᠠᠬᠤ ᠠᠴᠠ ᠪᠤᠯᠵᠠᠢ ᠯᠡ ᠭᠡᠳᠡᠭ᠃ ᠬᠦᠮᠦᠰ ᠰᠡᠳᠭᠢᠯ ᠬᠠᠨᠤᠮᠵᠢ ᠦᠭᠡᠢ᠂ ᠲᠤᠭᠳᠠᠪᠤᠷᠢ ᠦᠭᠡᠢ ᠪᠠ ᠬᠠᠷᠠᠯᠳᠠ ᠦᠭᠡᠢ ᠦᠶᠡᠰ ᠤᠢᠢᠳᠬᠠᠷᠯᠠᠵᠤ᠂  ᠡᠭᠦᠨ ᠠᠴᠠ ᠪᠠᠨ ᠪᠤᠯᠵᠤ ᠡᠷᠡᠭᠦᠯ ᠮᠡᠨᠳᠦ ᠳᠤ ᠠᠰᠢᠭ ᠦᠭᠡᠢ ᠶᠠᠪᠤᠳᠠᠯ ᠢ ᠨᠡᠩ ᠠᠷᠪᠢᠨ ᠬᠢᠳᠡᠭ᠃  
 
ᠢᠷᠡᠯᠲᠡ᠄ ᠬᠤᠯᠪᠤᠭ᠎ᠠ ᠪᠦᠷᠭᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备12002332号