ᠬᠠᠪᠤᠷ — ᠭᠡᠤᠭᠡᠳ ᠤᠨ ᠪᠡᠶ᠎ᠠ ᠦᠰᠬᠦ ᠰᠢᠵᠢᠷ ᠠᠯᠳᠠᠨ ᠤᠯᠠᠷᠢᠯ
ᠨᠡᠶᠢᠲᠡᠯᠡᠭᠰᠡᠨ ᠴᠠᠭ᠄
2016/4/13
      ᠡᠴᠢᠭᠡ ᠡᠭᠡ ᠪᠤᠯᠤᠬᠰᠠᠳ ᠪᠦᠷ ᠭᠡᠤᠭᠡᠳ ᠢᠶᠠᠨ ᠦᠨᠳᠦᠷ ᠪᠡᠶ᠎ᠡ ᠲᠠᠢ ᠪᠤᠯᠬᠤ ᠶᠢ ᠬᠦᠰᠡᠳᠡᠭ᠃ ᠬᠠᠪᠤᠷ ᠤᠨ  ᠤᠯᠠᠷᠢᠯ ᠳᠤ ᠨᠠᠷᠠᠨ ᠤ ᠭᠡᠷᠡᠯ ᠬᠦᠢᠴᠡᠳ᠂ ᠭᠡᠤᠭᠡᠳ ᠤᠨ ᠭᠡᠷ ᠤᠨ ᠭᠠᠳᠠᠨᠠᠬᠢ ᠬᠦᠳᠡᠯᠭᠡᠭᠡᠨ ᠠᠷᠪᠢᠳᠬᠤ ᠠᠴᠠ ᠪᠤᠯᠵᠤ  ᠬᠠᠪᠤᠷ ᠪᠤᠯ ᠭᠡᠤᠭᠡᠳ ᠤᠨ ᠪᠡᠶ᠎ᠠ ᠦᠰᠬᠦ ᠰᠢᠵᠢᠷ ᠠᠯᠳᠠᠨ ᠤᠯᠠᠷᠢᠯ ᠪᠤᠯᠤᠨ᠎ᠠ᠃          ᠦᠷᠯᠦᠭᠡ ᠦᠨᠢᠶᠡᠨ ᠰᠦ ᠤᠤᠭᠤᠵᠤ ᠤᠷᠤᠢ ᠡᠭᠡᠳᠡᠭᠰᠡᠨ ᠰᠦ ᠤᠤᠭᠤᠬᠤ᠃ ᠲᠡᠩᠴᠡᠬᠦᠷᠢᠳᠡᠢ ᠰᠢᠮ᠎ᠠ  ᠲᠡᠵᠢᠭᠡᠯ ᠨᠢ ᠭᠡᠤᠭᠡᠳ ᠤᠨ ᠪᠡᠶ᠎ᠡ ᠦᠰᠬᠦ ᠳᠤ ᠲᠤᠰᠠᠳᠠᠢ᠂ ᠬᠤᠭᠤᠯᠠᠨ ᠤ ᠬᠡᠮᠵᠢᠶ᠎ᠡ ᠶᠢ ᠪᠠᠳᠤᠯᠠᠬᠤ ᠠᠴᠠ ᠭᠠᠳᠠᠨ᠎ᠠ᠂  ᠳ᠋ᠸᠤᠹᠦ᠋᠂ ᠲᠠᠬᠢᠶᠠᠨ ᠦᠨᠳᠡᠭᠡ᠂ ᠰᠠᠮ ᠬᠤᠷᠤᠬᠠᠢ᠂ ᠵᠢᠭᠠᠰᠤ᠂ ᠤᠯᠠᠭᠠᠨ ᠨᠤᠭᠤᠭ᠎ᠠ᠂ ᠬᠠᠶᠢᠳᠠᠢ᠂ ᠨᠤᠭᠤᠭᠠᠨ  ᠨᠠᠪᠴᠢᠳᠤ ᠨᠤᠭᠤᠭ᠎ᠠ ᠵᠡᠷᠭᠡ ᠶᠢ ᠲᠤᠬᠢᠷᠠᠮᠵᠢᠳᠠᠢ ᠢᠳᠡᠵᠤ᠂ ᠰᠢᠯᠢᠳᠡᠭ ᠤᠭᠤᠷᠠᠬ᠂ ᠸᠢᠲ᠋ᠠᠮᠢᠨ ᠵᠢᠴᠢ ᠺᠠᠯᠼ᠂  ᠹᠤᠰᠹᠤᠷ᠂ ᠮᠠᠬᠨᠢ ᠵᠡᠷᠭᠡ ᠡᠷᠦᠳᠡᠰᠦ ᠪᠤᠳᠠᠰ ᠤᠨ ᠤᠷᠤᠭᠤᠯᠤᠯᠳᠠ ᠶᠢ ᠪᠠᠳᠤᠯᠠᠪᠠᠯ ᠵᠤᠬᠢᠨ᠎ᠠ᠃ ᠤᠨᠴᠠᠭᠠᠢᠢᠯᠠᠨ ᠴᠠᠭᠠᠨ  ᠢᠳᠡᠭᠡᠨ ᠤ ᠤᠷᠤᠭᠤᠯᠤᠯᠳᠠ ᠶᠢ ᠪᠠᠳᠤᠯᠠᠵᠤ᠂ ᠦᠷᠯᠦᠭᠡ ᠳᠡᠭᠡᠨ 1 ᠴᠤᠮᠤ ︵500 ᠮᠢᠯᠯᠢᠯᠢᠲᠷ︶ ᠦᠨᠢᠶᠡᠨ ᠰᠦ ᠂  ᠤᠷᠤᠢ ᠳᠠᠭᠠᠨ 1 ᠴᠤᠮᠤ ︵150 ᠮᠢᠯᠯᠢᠯᠢᠲᠷ︶ ᠡᠭᠡᠳᠡᠭᠰᠡᠨ ᠰᠦ ᠤᠤᠭᠤᠬᠤ ᠶᠢ ᠪᠠᠳᠤᠯᠠᠬᠤ ᠭᠡᠷᠡᠭᠳᠡᠢ᠃  ᠦᠨᠢᠶᠡᠨ ᠰᠦ ᠳᠠᠬᠢ ᠰᠢᠮ᠎ᠠ ᠲᠡᠵᠢᠭᠡᠯ ᠤᠨ ᠡᠯᠧᠮᠧᠨ᠋ᠲ ᠮᠠᠰᠢ ᠪᠦᠷᠢᠨ᠂ ᠭᠡᠤᠭᠡᠳ ᠤᠨ ᠦᠰᠦᠨ ᠪᠤᠶᠢᠵᠢᠯᠳᠠ ᠶᠢᠨ  ᠭᠡᠷᠡᠭᠴᠡᠭᠡ ᠳᠤ ᠨᠠᠶᠢᠴᠡᠨ᠎ᠠ᠃ ᠦᠷᠯᠦᠭᠡ ᠶᠢᠨ ᠬᠤᠭᠤᠯᠠᠨ ᠳᠠᠭᠠᠨ ᠦᠨᠢᠶᠡᠨ ᠰᠦ ᠤᠤᠭᠤᠪᠠᠯ ᠨᠢᠭᠡ ᠡᠳᠦᠷ ᠤᠨ  ᠠᠮᠢᠵᠢᠷᠠᠯ ᠳᠤ ᠪᠠᠳᠤᠯᠠᠭ᠎ᠠ ᠬᠠᠨᠭ᠍ᠭᠠᠳᠠᠬ᠂ ᠦᠨᠢᠶᠡᠨ ᠰᠦ ᠶᠢ ᠦᠯᠦᠨ ᠢᠶᠠᠷ ᠤᠤᠭᠤᠬᠤ ᠦᠭᠡᠢ᠂ ᠲᠠᠯᠬ᠎ᠠ᠂ ᠲᠠᠬᠢᠶᠠᠨ  ᠦᠨᠳᠡᠭᠡ ᠵᠡᠷᠭᠡ ᠲᠠᠢ ᠵᠤᠬᠢᠴᠠᠭᠤᠯᠵᠤ ᠢᠳᠡᠪᠡᠯ ᠵᠤᠬᠢᠨ᠎ᠠ᠃ ᠭᠡᠷᠪᠡ ᠦᠨᠢᠶᠡᠨ ᠰᠦ ᠶᠢ ᠪᠤᠴᠠᠯᠭᠠᠪᠠᠯ ᠲᠡᠭᠡᠷ᠎ᠠ ᠨᠢ  ᠰᠠᠭᠤᠬᠰᠠᠨ ᠦᠷᠦᠮ᠎ᠠ ᠶᠢ ᠨᠢ ᠢᠳᠡᠬᠦ ᠶᠢ ᠪᠤᠤ ᠮᠠᠷᠳᠠ᠂ ᠡᠰᠡᠪᠡᠰᠦ ᠸᠢᠲ᠋ᠠᠮᠢᠨ ᠪᠤᠯᠤᠨ ᠡᠯ᠎ᠠ ᠵᠦᠢᠯ ᠤᠨ ᠦᠭᠡᠬᠦ ᠨᠢ  ᠠᠯᠳᠠᠬᠳᠠᠵᠤ ᠮᠡᠳᠡᠨ᠎ᠠ᠃ ᠡᠭᠡᠳᠡᠭᠰᠡᠨ ᠰᠦ ᠶᠢᠨ ᠰᠢᠮ᠎ᠠ ᠲᠡᠵᠢᠭᠡᠯ ᠤᠨ ᠪᠦᠷᠢᠯᠳᠦᠬᠦᠨ ᠨᠢ ᠲᠦᠭᠦᠭᠡᠢ ᠰᠦ ᠲᠠᠢ  ᠲᠦᠰᠦᠭᠡᠳᠡᠢ᠂ ᠺᠠᠯᠼ ᠵᠡᠷᠭᠡ ᠰᠢᠮ᠎ᠠ ᠲᠡᠵᠢᠭᠡᠯ ᠤᠨ ᠪᠦᠷᠢᠯᠳᠦᠬᠦᠨ ᠨᠢ ᠨᠡᠩ ᠡᠯᠪᠡᠭ᠂ ᠬᠦᠮᠦᠨ ᠤ ᠪᠡᠶ᠎ᠠ ᠳᠤ ᠨᠡᠩ  ᠠᠮᠠᠷᠬᠠᠨ ᠰᠢᠩᠭᠡᠭᠡᠭᠳᠡᠨ᠎ᠠ᠃ ᠡᠭᠡᠳᠡᠭᠰᠡᠨ ᠰᠦ ᠳᠠᠬᠢ ᠰᠦᠨ ᠬᠦᠴᠢᠯ ᠤᠨ ᠪᠠᠺᠲ᠋ᠧᠷᠢ ᠨᠢ ᠭᠡᠳᠡᠰᠦᠨ ᠤ ᠪᠡᠴᠢᠯ  ᠤᠷᠴᠢᠨ ᠤ ᠲᠡᠩᠴᠡᠬᠦᠷᠢ ᠶᠢ ᠪᠠᠳᠤᠯᠠᠵᠤ᠂ ᠰᠢᠩᠭᠡᠭᠡᠯᠳᠡ ᠶᠢᠨ ᠴᠢᠳᠠᠪᠤᠷᠢ ᠶᠢ ᠰᠠᠶᠢᠵᠢᠷᠠᠭᠤᠯᠤᠨ᠎ᠠ᠃ ᠰᠦᠨ  ᠬᠦᠴᠢᠯ ᠨᠢ ᠺᠠᠯᠼ ᠲᠠᠢ ᠨᠡᠶᠢᠯᠡᠭᠡᠳ ᠺᠠᠯᠼ ᠢ ᠰᠢᠩᠭᠡᠭᠡᠬᠦ ᠶᠢ ᠠᠬᠢᠭᠤᠯᠤᠨ᠎ᠠ᠃ ᠰᠦᠨᠢ ᠲᠤᠮᠳᠠ ᠬᠦᠮᠦᠨ ᠤ  ᠪᠡᠶ᠎ᠠ ᠶᠢᠨ ᠴᠢᠰᠤᠨ ᠳᠠᠬᠢ ᠺᠠᠯᠼ ᠤᠨ ᠠᠬᠤᠭᠤᠯᠤᠬᠳᠠᠴᠠ ᠬᠠᠮᠤᠬ ᠤᠨ ᠲᠤᠤᠷ᠎ᠠ᠂ ᠺᠠᠯᠼ ᠰᠢᠩᠭᠡᠭᠡᠬᠦ ᠶᠢ ᠬᠠᠷᠰᠢᠯᠠᠬᠤ  ᠡᠯᠧᠮᠧᠨ᠋ᠲ ᠴᠤ ᠬᠠᠷᠢᠴᠠᠩᠭᠤᠢ ᠴᠦᠭᠡᠨ ᠪᠤᠯᠬᠤᠷ ᠤᠷᠤᠢ ᠡᠭᠡᠳᠡᠭᠰᠡᠨ ᠰᠦ ᠤᠤᠭᠤᠪᠠᠯ ᠺᠠᠯᠼ ᠨᠦᠬᠦᠬᠦ ᠳᠤ ᠨᠡᠩ  ᠲᠤᠰᠠᠳᠠᠢ᠃          9 ᠴᠠᠬ ᠠᠴᠠ ᠡᠮᠦᠨ᠎ᠠ ᠤᠨᠳᠠᠬᠤ᠃ ᠵᠤᠬᠢᠰᠳᠠᠢ ᠤᠨᠳᠠᠯᠭ᠎ᠠ ᠨᠢ ᠪᠡᠶ᠎ᠠ ᠦᠰᠬᠦ ᠳᠤ ᠮᠠᠰᠢ ᠴᠢᠬᠤᠯᠠ  ᠦᠢᠯᠡᠳᠦᠯ ᠲᠠᠢ᠂ ᠡᠴᠢᠭᠡ ᠡᠭᠡ ᠪᠤᠯᠤᠬᠰᠠᠳ ᠭᠡᠤᠭᠡᠳ ᠢᠶᠠᠨ ᠤᠷᠤᠢ 9 ᠴᠠᠬ ᠠᠴᠠ ᠡᠮᠦᠨ᠎ᠠ ᠤᠨᠳᠠᠬᠤ ᠶᠢ  ᠪᠠᠳᠤᠯᠠᠪᠠᠯ ᠵᠤᠬᠢᠨ᠎ᠠ᠃ ᠤᠷᠤᠢ ᠶᠢᠨ ᠶᠢᠰᠦᠨ ᠴᠠᠬ ᠠᠴᠠ ᠬᠠᠷ᠎ᠠ ᠦᠷᠯᠦᠭᠡ ᠶᠢᠨ ᠨᠢᠭᠡ ᠴᠠᠬ ᠤᠨ ᠬᠤᠭᠤᠷᠤᠨᠳᠤ ᠪᠤᠯ  ᠦᠰᠦᠯᠳᠡ ᠶᠢᠨ ᠬᠤᠷᠮᠤᠨ ᠤ ᠱᠦᠬᠦᠷᠡᠯᠳᠡ ᠶᠢᠨ ᠤᠷᠬᠢᠯ ᠤᠨ ᠬᠤᠭᠤᠴᠠᠭ᠎ᠠ ᠪᠤᠯᠤᠨ᠎ᠠ᠂ ᠬᠦᠮᠦᠨ ᠬᠦᠨ ᠨᠦᠢᠷ ᠲᠤ  ᠤᠷᠤᠬᠰᠠᠨ ᠤ ᠲᠠᠷᠠᠭ᠎ᠠ ᠰᠠᠶ᠋ᠢ ᠦᠰᠦᠯᠳᠡ ᠶᠢᠨ ᠬᠤᠷᠮᠤᠨ ᠱᠦᠬᠦᠷᠡᠬᠦᠯᠳᠡᠭ᠂ ᠭᠡᠷᠪᠡ ᠶᠢᠰᠦᠨ ᠴᠠᠬ ᠦᠡᠭᠭᠡᠷᠡᠭᠰᠡᠨ  ᠪᠠᠶᠢᠳᠠᠯ᠎ᠠ ᠤᠷᠤᠨ ᠲᠡᠭᠡᠷ᠎ᠠ ᠪᠠᠨ ᠭᠠᠷᠤᠭᠠᠳᠤᠢ ᠪᠤᠶᠤ ᠤᠨᠳᠠᠭᠠᠳᠤᠢ ᠪᠤᠯ ᠦᠰᠦᠯᠳᠡ ᠶᠢᠨ ᠬᠤᠷᠮᠤᠨ ᠤ  ᠱᠦᠬᠦᠷᠡᠯᠳᠡ ᠶᠢᠨ ᠭᠡᠮᠵᠢᠶ᠎ᠠ ᠶᠡᠭᠡᠪᠡᠷ ᠪᠠᠭᠠᠰᠤᠨ᠎ᠠ᠃ ᠡᠩ ᠤᠨ ᠪᠠᠶᠢᠳᠠᠯ ᠲᠤᠤᠷ᠎ᠠ 2  — 5 ᠨᠠᠰᠤᠨ ᠤ ᠭᠡᠤᠭᠡᠳ  11 — 13 ᠴᠠᠬ ᠤᠨᠳᠠᠬᠤ ᠶᠢ ᠪᠠᠳᠤᠯᠠᠵᠤ᠂ ᠶᠠᠰᠤᠨ ᠤ ᠪᠤᠶᠢᠵᠢᠯᠳᠠ ᠳᠤ ᠺᠠᠯᠼ ᠭᠡᠷᠡᠭᠰᠡᠨ᠎ᠠ᠂ ᠭᠡᠳᠡᠯ᠎ᠠ ᠨᠢᠭᠡᠯᠡ  ᠬᠦᠭ ᠢᠶᠠᠷ ᠺᠠᠯᠼ ᠨᠦᠬᠦᠪᠡᠯ ᠪᠡᠶ᠎ᠡ ᠮᠠᠬᠠᠪᠤᠳ ᠪᠦᠬᠦᠨ ᠢ ᠰᠢᠩᠭᠡᠭᠡᠵᠤ ᠲᠡᠶᠢᠯᠬᠦ ᠦᠭᠡᠢ ᠶᠤᠮ᠃ ᠨᠠᠷᠠᠨ ᠳᠤ  ᠢᠯᠡᠬᠦᠭᠡᠨ ᠡᠭᠡᠭᠡᠬᠦ ᠨᠢ ᠸᠢᠲ᠋ᠠᠮᠢᠨ ᠨᠦᠬᠦᠪᠦᠷᠢᠯᠡᠵᠦ ᠴᠢᠰᠤᠨ ᠳᠠᠬᠢ ᠺᠠᠯᠼ ᠹᠤᠰᠹᠤᠷ ᠤᠨ ᠭᠠᠳᠠᠬᠰᠢᠯᠠᠯᠳᠠ ᠶᠢ  ᠠᠬᠢᠭᠤᠯᠤᠨ ᠪᠡᠶ᠎ᠠ ᠶᠢᠨ ᠦᠰᠦᠯᠳᠡ ᠶᠢ ᠲᠦᠷᠭᠡᠳᠭᠡᠨ᠎ᠠ᠃ ᠶᠡᠷᠦ ᠶᠢᠨ ᠪᠠᠶᠢᠳᠠᠯ ᠲᠤᠤᠷ᠎ᠠ᠂ ᠦᠳᠡ ᠶᠢᠨ ᠡᠮᠦᠨᠡᠬᠢ  ᠶᠢᠰᠦ ᠠᠷᠪᠠᠨ ᠴᠠᠬ ᠪᠤᠶᠤ ᠦᠳᠡ ᠶᠢᠨ ᠬᠤᠶᠢᠨᠠᠬᠢ ᠲᠦᠷᠪᠡᠨ ᠴᠠᠬ ᠤᠷᠴᠢᠮ ᠪᠤᠯ ᠨᠢᠭᠡ ᠡᠳᠦᠷ ᠤᠨ ᠨᠠᠷᠠᠨ ᠳᠤ  ᠡᠭᠡᠭᠡᠬᠦ ᠬᠠᠮᠤᠬ ᠤᠨ ᠲᠤᠬᠢᠷᠠᠮᠵᠢᠳᠠᠢ ᠴᠠᠬ ᠪᠤᠯᠤᠨ᠎ᠠ᠂ ᠭᠡᠷ ᠤᠨ ᠠᠬᠠᠮᠠᠳ ᠪᠤᠯᠤᠬᠰᠠᠳ ᠡᠨᠡ ᠬᠤᠶᠠᠷ  ᠬᠤᠭᠤᠴᠠᠭᠠᠨ ᠳᠤ ᠭᠡᠤᠭᠡᠳ ᠢᠶᠠᠨ ᠲᠠᠭᠠᠭᠤᠯᠵᠤ ᠨᠠᠷᠠᠨ ᠳᠤ ᠡᠭᠡᠭᠡᠵᠤ ᠪᠤᠯᠤᠨ᠎ᠠ᠂ ᠤᠳᠠᠭ᠎ᠠ ᠪᠦᠷᠢ 1 —2 ᠴᠠᠬ  ᠡᠭᠡᠭᠡᠪᠡᠯ ᠲᠤᠬᠢᠷᠠᠮᠵᠢᠳᠠᠢ᠂ ᠨᠢᠭᠡ ᠭᠠᠷᠠᠬ ᠲᠤ ᠠᠳᠠᠬ ᠲᠠᠭᠠᠨ 3 ᠤᠳᠠᠭ᠎ᠠ ᠶᠢ ᠪᠠᠳᠤᠯᠠᠬᠤ ᠭᠡᠷᠡᠭᠳᠡᠢ᠃ ᠲᠤᠯᠠᠭᠠᠨ ᠤ  ᠭᠡᠮᠵᠢᠶ᠎ᠠ ᠲᠤᠬᠢᠷᠠᠮᠵᠢᠳᠠᠢ ᠪᠠᠶᠢᠳᠠᠯ ᠲᠤᠤᠷ᠎ᠠ ᠭᠡᠤᠭᠡᠳ ᠤᠨ ᠢᠶᠠᠨ ᠠᠷᠠᠰᠤ ᠶᠢ ᠨᠠᠷᠠᠨ ᠳᠤ ᠢᠯᠡ ᠭᠠᠷᠭᠠᠭᠠᠷᠠᠢ᠂  ᠲᠠᠭᠠᠷᠠᠭᠤᠯᠬᠤ ᠦᠭᠡᠢ ᠤᠷᠢᠳᠠᠯ ᠲᠤᠤᠷ᠎ᠠ ᠭᠡᠤᠭᠡᠳ ᠤᠨ ᠢᠶᠠᠨ ᠨᠢᠷᠤᠭᠤ ᠶᠢ ᠨᠠᠷᠠᠨ ᠳᠤ ᠢᠯᠡᠬᠦᠭᠡᠨ ᠡᠭᠡᠭᠡᠭᠡᠷᠡᠢ᠃  ᠡᠨᠡ ᠨᠢ ᠭᠡᠤᠭᠡᠳ ᠢᠶᠠᠨ ᠤᠯᠠᠶᠢᠮ᠎ᠠ ᠨᠠᠷᠠᠨ ᠳᠤ ᠨᠡᠶᠢᠳᠡᠮ ᠡᠭᠡᠭᠡᠬᠦ ᠭᠡᠰᠡᠨ ᠶᠠᠪᠤᠳᠠᠯ ᠪᠢᠰᠢ᠂ ᠬᠠᠷᠢᠨ ᠠᠷᠪᠠᠨ ᠭᠡᠳᠦᠨ  ᠮᠢᠨᠦ᠋ᠲ ᠡᠭᠡᠭᠡᠬᠦ ᠪᠦᠷᠢ ᠰᠡᠬᠦᠳᠡᠷ ᠲᠤ ᠰᠡᠯᠡᠬᠦᠴᠡᠬᠦᠯᠵᠤ᠂ ᠤᠰᠤ ᠨᠦᠬᠦᠪᠦᠷᠢᠯᠡᠪᠡᠯ ᠵᠤᠬᠢᠨ᠎ᠠ᠃            ᠦᠰᠦᠷᠬᠦ ᠰᠤᠨᠤᠬᠤ ᠬᠦᠳᠡᠯᠭᠡᠭᠡᠨ ᠢᠯᠡᠬᠦᠭᠡᠨ ᠬᠢᠭᠡᠷᠡᠢ᠃ ᠬᠦᠳᠡᠯᠭᠡᠭᠡᠨ ᠠᠷᠪᠢᠨ ᠬᠢᠳᠡᠭ ᠭᠡᠤᠭᠡᠳ ᠤᠨ ᠪᠡᠶ᠎ᠠ  ᠲᠦᠷᠭᠡᠨ ᠦᠰᠳᠡᠭ᠂ ᠭᠡᠷ ᠤᠨ ᠠᠬᠠᠮᠠᠳ ᠪᠤᠯᠤᠬᠰᠠᠳ ᠭᠡᠤᠭᠡᠳ ᠢᠶᠠᠨ ᠬᠦᠳᠡᠯᠭᠡᠭᠡᠨ ᠬᠢᠬᠦ ᠰᠠᠶᠢᠨ ᠲᠠᠳᠬᠠᠯ ᠲᠠᠢ  ᠪᠤᠯᠭᠠᠨ ᠬᠦᠮᠦᠵᠢᠬᠦᠯᠬᠦ ᠭᠡᠷᠡᠭᠳᠡᠢ᠃ ᠬᠦᠳᠡᠯᠭᠡᠭᠡᠨ ᠬᠢᠪᠡᠯ ᠪᠦᠬᠦ ᠪᠡᠶ᠎ᠠ ᠶᠢᠨ ᠴᠢᠰᠤᠨ ᠤ ᠡᠷᠬᠢᠯᠳᠡ ᠲᠦᠷᠭᠡᠳᠴᠤ᠂  ᠪᠤᠯᠴᠢᠩ ᠠᠷᠠᠬ ᠶᠠᠰᠤᠨ ᠤ ᠰᠢᠮ᠎ᠠ ᠲᠡᠵᠢᠭᠡᠯ ᠰᠠᠶᠢᠵᠢᠷᠠᠳᠠᠬ᠃ ᠦᠨᠦᠴᠢᠨ ᠲᠠᠷᠢᠬᠢᠨ ᠤ ᠦᠰᠦᠯᠳᠡ ᠶᠢᠨ ᠬᠤᠷᠮᠤᠨ  ᠱᠦᠬᠦᠷᠡᠬᠦᠯᠬᠦ ᠳᠤ ᠰᠡᠳᠡᠯᠳᠡ ᠦᠭᠴᠤ᠂ ᠭᠡᠤᠭᠡᠳ ᠤᠨ ᠪᠡᠶ᠎ᠠ ᠦᠰᠬᠦ ᠶᠢ ᠠᠬᠢᠭᠤᠯᠳᠠᠬ᠃ ᠭᠡᠤᠭᠡᠳ ᠴᠢᠯᠦᠭᠡᠳᠡᠢ  ᠰᠤᠨᠤᠵᠤ ᠠᠪᠴᠢᠬᠤ ᠬᠦᠳᠡᠯᠭᠡᠭᠡᠨ ᠢ ᠰᠤᠩᠭᠤᠭᠠᠷᠠᠢ᠂ ᠵᠢᠱᠢᠶᠡᠯᠡᠪᠡᠯ ᠲᠠᠩ ᠰᠠᠪᠠᠯᠠᠭᠤᠷ ᠨᠠᠭᠠᠳᠬᠤ᠂ ᠲᠡᠭᠡᠰᠦ  ᠦᠰᠦᠷᠬᠦ᠂ ᠤᠰᠤᠨ ᠳᠤ ᠤᠮᠪᠠᠭ᠋ᠤ᠂ ᠦᠳᠦᠨ ᠪᠦᠮᠪᠦᠭᠡ᠂ ᠰᠠᠬᠰᠤᠨ ᠪᠦᠮᠪᠦᠭᠡ ᠨᠠᠭᠠᠳᠬᠤ ᠵᠡᠷᠭᠡ᠃ ᠦᠰᠦᠷᠬᠦ᠂  ᠰᠤᠨᠤᠬᠤ ᠵᠡᠷᠭᠡ ᠬᠦᠳᠡᠯᠭᠡᠭᠡᠨ ᠨᠢ ᠦᠶ᠎ᠠ ᠭᠡᠰᠢᠬᠦᠦ ᠶᠢ ᠰᠤᠩᠭᠠᠵᠤ ᠭᠡᠤᠭᠡᠳ ᠤᠨ ᠪᠡᠶ᠎ᠠ ᠦᠰᠬᠦ ᠳᠤ ᠲᠤᠰᠠᠳᠠᠢ᠃  ᠲᠠᠩ ᠴᠤᠯᠭᠤᠢ ᠬᠦᠳᠡᠯᠭᠡᠭᠡᠨ ᠬᠢᠬᠦ ᠠᠴᠠ ᠵᠠᠶᠢᠯᠠᠰᠬᠢᠵᠤ᠂ 2  — 3 ᠵᠦᠢᠯ ᠤᠨ ᠬᠦᠳᠡᠯᠭᠡᠭᠡᠨ ᠢ ᠤᠶᠠᠯᠳᠤᠭᠤᠯᠤᠨ  ᠬᠢᠪᠡᠯ ᠨᠡᠩ ᠰᠠᠶᠢᠨ᠃ ᠪᠡᠶ᠎ᠠ ᠮᠠᠬᠠᠪᠤᠳ ᠤᠨ ᠪᠠᠶᠢᠳᠠᠯ ᠢᠶᠠᠨ ᠦᠨᠳᠦᠰᠦᠯᠡᠵᠤ ᠬᠦᠳᠡᠯᠭᠡᠭᠡᠨ ᠤ ᠡᠷᠴᠢᠮ ᠢ  ᠰᠤᠩᠭᠤᠭᠠᠷᠠᠢ᠂ ᠬᠦᠯᠦᠰᠦ ᠲᠠᠭᠠᠪᠤᠷᠢᠯᠠᠪᠠᠯ ᠪᠤᠯᠴᠢᠬᠠᠨ᠎ᠠ᠂ ᠰᠢᠷᠦᠬᠦᠨ ᠬᠦᠳᠡᠯᠭᠡᠭᠡᠨ ᠬᠢᠵᠤ ᠦᠶ ᠎ᠠ ᠭᠡᠰᠢᠬᠦᠦ ᠪᠠᠨ  ᠭᠡᠮᠳᠦᠬᠡᠬᠦ ᠠᠴᠠ ᠵᠠᠶᠢᠯᠠᠰᠬᠢᠭᠡᠷᠡᠢ᠃ ᠬᠦᠳᠡᠯᠭᠡᠭᠡᠨ ᠤ ᠲᠠᠪᠳᠠᠮᠵᠢ ᠶᠢ ᠭᠠᠷᠠᠬ ᠪᠦᠷᠢ 3 ᠤᠳᠠᠭ᠎ᠠ ᠠᠴᠠ ᠲᠡᠭᠡᠭᠰᠢ᠂  ᠤᠳᠠᠭ᠎ᠠ ᠪᠦᠷᠢ 2 ᠴᠠᠬ ᠤᠷᠴᠢᠮ ᠳᠤ ᠲᠤᠬᠢᠷᠠᠭᠤᠯᠪᠠᠯ ᠵᠤᠬᠢᠮᠵᠢᠳᠠᠢ᠃          ᠰᠠᠨᠠᠭᠤᠯᠬᠤ ᠨᠢ᠂ 4 — 6 ᠨᠠᠰᠤᠨ ᠳᠤ ᠭᠡᠤᠭᠡᠳ ᠤᠨ ᠦᠰᠦᠯᠳᠡ ᠶᠢᠨ ᠬᠤᠷᠮᠤᠨ᠂ ᠪᠠᠯᠪᠠᠢ ᠪᠤᠯᠴᠢᠷᠬᠠᠢ ᠶᠢᠨ  ᠡᠳ᠋ ᠱᠦᠬᠦᠷᠡᠬᠦᠯᠬᠦ ᠨᠢ ᠦᠨᠳᠦᠰᠦᠨ ᠳᠡᠭᠡᠨ ᠲᠤᠬᠳᠠᠭᠤᠨ ᠪᠤᠯᠳᠠᠬ᠂ ᠢᠳᠡᠭᠡᠨ ᠤᠮᠳᠠᠭᠠᠨ᠂ ᠤᠨᠳᠠᠯᠭ᠎ᠠ ᠶᠢᠨ  ᠲᠠᠳᠬᠠᠯ ᠠᠯᠭᠤᠷ ᠢᠶᠠᠷ ᠪᠦᠷᠢᠯᠳᠦᠵᠤ᠂ ᠤᠳᠤᠢ ᠭᠡᠮ ᠢ ᠵᠠᠰᠠᠬᠤ ᠵᠠᠩᠬᠢᠯᠠᠭ᠎ᠠ ᠶᠢᠨ ᠬᠤᠭᠤᠴᠠᠭ᠎ᠠ ᠪᠤᠯᠤᠨ᠎ᠠ᠃ ᠭᠡᠷᠪᠡ  ᠭᠡᠤᠭᠡᠳ ᠤᠨ ᠬᠢ ᠴᠢᠨᠢ ᠪᠡᠶ᠎ᠡ ᠶᠢᠨ ᠦᠰᠦᠯᠳᠡ ᠮᠡᠳᠡᠭᠳᠡᠮ᠎ᠠ ᠤᠳᠠᠭᠠᠨ ᠪᠠᠶᠢᠪᠠᠯ ᠭᠡᠷ ᠤᠨ ᠠᠬᠠᠮᠠᠳ ᠪᠤᠯᠤᠬᠰᠠᠳ  ᠰᠡᠷᠡᠮᠵᠢ ᠠᠪᠴᠤ᠂ ᠲᠠᠷᠤᠢ ᠳᠤᠨᠢ ᠲᠦᠷᠢᠮᠵᠢᠭᠰᠡᠨ ᠡᠮᠨᠡᠯᠭᠡ ᠶᠢᠨ ᠬᠤᠷᠢᠶ᠎ᠠ ᠶᠢᠨ ᠦᠰᠦᠨ ᠪᠤᠶᠢᠵᠢᠯᠳᠠ ᠶᠢᠨ ᠡᠬᠦᠳᠡᠨ  ᠡᠮᠨᠡᠯᠭᠡ ᠳᠤ ᠬᠦᠷᠴᠤ᠂ ᠪᠠᠮᠪᠠᠢ ᠪᠤᠯᠴᠢᠷᠬᠠᠢ ᠶᠢᠨ ᠴᠢᠳᠠᠮᠵᠢ᠂ ᠪᠤᠳᠤᠬᠳᠠᠮᠠᠬᠠᠢ ᠪᠡᠶ᠎ᠡ᠂ ᠦᠰᠦᠯᠳᠡ ᠶᠢᠨ ᠬᠤᠷᠮᠤᠨ ᠤ  ᠭᠡᠮᠵᠢᠨ ᠲᠤᠬᠳᠠᠭᠠᠯᠳᠠ ᠪᠠ ᠶᠠᠰᠤᠨ ᠤ ᠤᠨ ᠵᠢᠯ ᠤᠨ ᠪᠠᠶᠢᠴᠠᠭᠠᠯᠳᠠ ᠵᠡᠷᠭᠡ ᠶᠢ ᠬᠢᠯᠭᠡᠵᠤ ᠦᠰᠦᠯᠳᠡ ᠶᠢ  ᠨᠦᠯᠦᠭᠡᠯᠡᠵᠤ ᠪᠠᠶᠢᠭ᠎ᠠ ᠲᠦᠷᠦᠯᠬᠢ ᠶᠢᠨ ᠡᠪᠡᠳᠴᠢᠨ᠂ ᠵᠢᠱᠢᠶᠡᠯᠡᠪᠡᠯ ᠦᠨᠦᠴᠢᠨ ᠲᠠᠷᠢᠬᠢᠨ ᠤ ᠬᠠᠪᠤᠳᠠᠷ᠂  ᠪᠤᠳᠤᠬᠳᠠᠮᠠᠬᠠᠢ ᠪᠡᠶ᠎ᠡ ᠭᠡᠪ ᠤᠨ ᠪᠤᠰᠤ᠂ ᠤᠳᠤᠮᠰᠢᠯᠳᠤ ᠰᠤᠯᠢᠯᠴᠠᠭ᠎ᠠ ᠶᠢᠨ ᠡᠪᠡᠳᠴᠢᠨ ᠵᠡᠷᠭᠡ ᠡᠰᠡᠬᠦ ᠶᠢ ᠲᠤᠳᠤᠯᠠᠵᠤ  ᠪᠤᠯᠤᠨ᠎ᠠ᠃ ᠶᠡᠷᠦ ᠶᠢᠨ ᠪᠠᠶᠢᠳᠠᠯ ᠲᠤᠤᠷ᠎ᠠ᠂ 3 ᠨᠠᠰᠤᠨ ᠠᠴᠠ ᠵᠠᠯᠠᠭᠤ ᠨᠠᠰᠤ ᠪᠤᠯᠳᠠᠯᠠᠬᠢ ᠬᠤᠭᠤᠴᠠᠭᠠᠨ ᠳᠠᠬᠢ  ᠭᠡᠤᠭᠡᠳ ᠵᠢᠯ ᠪᠦᠷᠢ ᠪᠡᠶ᠎ᠠ ᠶᠢᠨ ᠦᠨᠳᠦᠷ ᠨᠢ 5 — 7 ᠰᠡᠨᠲ᠋ᠢᠮᠧᠲᠷ ᠦᠰᠪᠡᠯ ᠵᠤᠬᠢᠨ᠎ᠠ᠃ ᠭᠡᠷᠪᠡ  ᠰᠡᠨᠲ᠋ᠢᠮᠧᠲᠷ ᠠᠴᠠ ᠪᠠᠭ᠎ᠠ ᠦᠰᠴᠤ ᠪᠠᠶᠢᠪᠠᠯ ᠤᠳᠤᠢ ᠡᠪᠡᠳᠴᠢᠨ ᠤ ᠰᠢᠭᠰᠢᠨ ᠪᠠᠶᠢᠴᠠᠭᠠᠯᠳᠠ ᠬᠢᠯᠭᠡᠵᠤ ᠪᠤᠯᠤᠨ᠎ᠠ᠃  ᠭᠡᠷᠪᠡ 7  ᠰᠡᠨᠲ᠋ᠢᠮᠧᠲᠷ ᠠᠴᠠ ᠶᠡᠭᠡ ᠦᠰᠴᠤ ᠪᠠᠶᠢᠪᠠᠯ ᠪᠡᠯᠭᠡ ᠡᠷᠳᠡ ᠪᠤᠯᠪᠠᠰᠤᠷᠠᠬᠰᠠᠨ ᠡᠰᠡᠬᠦ ᠶᠢᠨ ᠪᠠᠶᠢᠴᠠᠭᠠᠯᠳᠠ  ᠬᠢᠯᠭᠡᠵᠤ ᠪᠤᠯᠤᠨ᠎ᠠ᠃ ᠭᠡᠷᠪᠡ ᠦᠰᠦᠨ ᠪᠤᠶᠢᠵᠢᠯᠳᠠ ᠶᠢᠨ ᠬᠠᠮᠢᠶᠠᠳᠠᠢ ᠡᠪᠡᠳᠴᠢᠨ ᠢᠶᠠᠷ ᠲᠤᠳᠤᠯᠠᠬᠳᠠᠬᠰᠠᠨ ᠪᠤᠯ ᠴᠠᠬ  ᠲᠤᠬᠠᠢ ᠳᠤᠨᠢ ᠡᠮᠨᠡᠬᠦᠯᠬᠦ ᠭᠡᠷᠡᠭᠳᠡᠢ᠃ ᠪᠠᠭ᠎ᠠ ᠳᠤᠨᠢ ᠵᠠᠰᠠᠭᠤᠯᠪᠠᠯ ᠪᠡᠶ᠎ᠠ ᠦᠰᠬᠦ ᠨᠢᠭᠤᠬᠳᠠᠮᠠᠯ ᠬᠦᠴᠦᠨ ᠪᠠ ᠤᠷᠤᠨ  ᠵᠠᠢ ᠨᠢ ᠤᠯᠠᠮ ᠶᠡᠭᠡ᠂ ᠡᠮᠨᠡᠨ ᠵᠠᠰᠠᠬᠤ ᠳᠤ ᠠᠮᠠᠷᠬᠠᠨ ᠰᠢᠬ ᠪᠠᠶᠢᠳᠠᠬ᠃
 
ᠢᠷᠡᠯᠲᠡ᠄ ᠤᠯᠠᠭᠠᠨᠬᠳᠠ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备12002332号