| ᠮᠤᠩᠭᠤᠯ ᠦᠨᠳᠦᠰᠦᠨᠲᠡᠨ ᠤ ᠭᠠᠯ ᠲᠠᠬᠢᠯᠭ᠎ᠠ ᠶᠢᠨ ᠶᠤᠰᠤᠨ 13 ᠳ᠋ᠤᠭᠠᠷ ᠵᠠᠭᠤᠨ ᠳᠤ ᠡᠬᠦᠰᠴᠦ᠂ ᠦᠶ᠎ᠡ | ᠵᠠᠯᠭᠠᠮᠵᠢᠯᠠᠨ ᠤᠯᠠᠮᠵᠢᠯᠠᠭᠲᠠᠭᠰᠠᠭᠠᠷ ᠤᠲᠤ ᠪᠤᠯᠵᠡᠢ᠃ ᠮᠤᠩᠭᠤᠯᠴᠤᠳ ᠭᠠᠯ ᠢ ᠬᠡᠬᠡᠨ ᠴᠢᠨᠠᠷᠲᠤ᠂ ᠬᠠᠲᠠᠭᠤ ᠶᠢ | ᠲᠦᠯᠡᠭᠴᠢ᠂ ᠬᠠᠷᠠᠩᠭᠤᠢ ᠶᠢ ᠬᠡᠶᠢᠬᠦᠯᠦᠭᠴᠢ ᠬᠡᠮᠡᠨ ᠠᠷᠢᠭᠤᠨ ᠲᠠᠷᠬᠠᠨ ᠢᠶᠠᠷ ᠲᠡᠬᠡᠲᠦᠯᠡᠲᠡᠭ᠃ ᠮᠤᠩᠭᠤᠯᠴᠤᠳ ᠤᠨ | ᠠᠩ ᠠᠩᠨᠠᠬᠤ᠂ ᠨᠡᠬᠦᠲᠡᠯ ᠠᠮᠢᠲᠤᠷᠡᠯ ᠳᠤ ᠭᠠᠯ ᠲᠤᠲᠠᠭᠲᠠᠵᠤ ᠪᠤᠯᠤᠰᠢ ᠦᠬᠡᠢ ᠪᠠᠶᠢᠭᠰᠡᠨ ᠢᠶᠠᠷ ᠭᠠᠯ ᠢ ᠠᠮᠢᠲᠤᠷᠡᠯ᠂ | ᠠᠲᠡᠯ ᠬᠦᠷᠦᠩᠬᠡ᠂ ᠠᠮᠢ ᠨᠠᠰᠤ ᠲᠠᠢ ᠪᠠᠨ ᠬᠤᠯᠪᠤᠨ ᠰᠢᠲᠤᠲᠡᠭ᠃ ᠭᠤᠷᠪᠡᠨ ᠴᠢᠯᠠᠭᠤ ᠪᠠᠷ ᠲᠤᠯᠭ᠎ᠠ ᠬᠢᠵᠦ᠂ | ᠡᠬᠦᠨ ᠢᠶᠠᠨ ︽ᠭᠠᠯ ᠭᠤᠯᠤᠮᠲᠠ︾ ᠬᠡᠵᠦ᠂ ᠭᠠᠯ ᠢ ᠲᠤᠶᠢᠯ ᠤᠨ ᠡᠷᠬᠢᠮ ᠨᠠᠨᠳᠢᠨ ᠷᠢᠳᠢ ᠰᠢᠲᠢ ᠲᠠᠢ ᠵᠦᠢᠯ ᠢᠶᠠᠷ | ᠦᠵᠡᠵᠦ᠂ ᠬᠦᠮᠦᠰ ᠲᠤ ᠢᠯᠴᠢ ᠬᠡᠷᠡᠯ ᠤᠯᠭᠤᠲᠠᠭ ᠰᠢᠲᠦᠬᠡᠨ ᠰᠠᠬᠢᠭᠤᠰᠤ ᠪᠠᠷ ᠦᠵᠡᠭᠰᠡᠬᠡᠷ ᠢᠷᠡᠭᠰᠡᠨ ᠶᠤᠮ᠃ | ᠮᠤᠩᠭᠤᠯᠴᠤᠳ ᠤᠨ ᠡᠷᠲᠡᠨ ᠠᠴᠠ ᠪᠠᠨ ᠰᠢᠲᠤᠵᠤ ᠪᠠᠶᠢᠭᠰᠡᠨ ᠭᠠᠯ ᠤᠨ ᠪᠤᠷᠬᠠᠨ ᠪᠤᠯ ︽ᠤᠳᠬᠤᠨ ᠲᠡᠭᠷᠢ︾ | ᠪᠤᠯᠤᠨ᠎ᠠ᠃ ᠭᠠᠯ ᠢ ᠡᠮ᠎ᠡ ᠬᠦᠢᠰᠦᠲᠡᠨ ᠪᠠ ᠡᠬᠡ ᠶᠢᠨ ᠪᠦᠷᠢᠯᠸ᠎ᠠ ᠪᠤᠯᠭᠠᠨ ᠠᠮᠢ ᠨᠠᠰᠤ᠂ ᠲᠦᠷᠦᠵᠦ ᠡᠰᠨᠢᠬᠦ ᠶᠢᠨ | ᠡᠬᠢ ᠡᠬᠦᠰᠦᠯ ᠪᠤᠯᠭᠠᠨ ᠦᠵᠡᠵᠦ ᠪᠠᠶᠢᠵᠡᠢ᠃ | ᠮᠤᠩᠭᠤᠯᠴᠤᠳ ᠤᠨ ᠭᠠᠯ ᠲᠠᠬᠢᠯᠭ᠎ᠠ ᠳᠤ ᠠᠶᠢᠯ ᠡᠷᠦᠬᠡ ᠶᠢᠨ ᠲᠠᠬᠢᠯᠭ᠎ᠠ᠂ ᠠᠯᠪᠡᠨ ᠲᠠᠬᠢᠯᠭ᠎ᠠ᠂ ᠰᠦᠮ᠎ᠡ | ᠬᠡᠶᠢᠳ ᠤᠨ ᠲᠠᠬᠢᠯᠭ᠎ᠠ ᠬᠡᠬᠦ ᠭᠤᠷᠪᠠᠨ ᠵᠦᠢᠯ ᠪᠠᠶᠢᠲᠠᠭ᠃ ᠡᠲᠡᠬᠡᠷ ᠲᠠᠬᠢᠯᠭ᠎ᠠ ᠨᠢ ᠰᠢᠲᠦᠯᠬᠡ ᠪᠢᠰᠢᠷᠡᠯ ᠤᠨ ᠲᠠᠯ᠎ᠡ | ᠪᠠᠷ ᠪᠦᠬᠡ ᠮᠦᠷᠬᠦᠯ ᠤᠨ ᠶᠤᠰᠤ ᠪᠠᠷ ᠲᠠᠬᠢᠬᠤ᠂ ᠰᠢᠷ᠎ᠠ ᠶᠢᠨ ᠱᠠᠰᠢᠨ ᠤ ᠰᠤᠷᠭᠠᠯ ᠢᠶᠠᠷ ᠲᠠᠬᠢᠬᠤ ᠬᠡᠵᠦ ᠬᠤᠶᠡᠷ | ᠶᠠᠩᠵᠤ ᠪᠠᠶᠢᠲᠠᠭ᠃ ᠴᠠᠭ ᠬᠤᠭᠤᠴᠠᠭ᠎ᠠ᠂ ᠲᠠᠬᠢᠯᠭ᠎ᠠ ᠬᠢᠬᠦ ᠬᠦᠷᠢᠶ᠎ᠡ ᠴᠡᠷ᠎ᠡ ᠪᠠᠷ ᠡᠩ ᠤᠨ ᠲᠠᠬᠢᠯᠭ᠎ᠠ᠂ ᠰᠠᠷ᠎ᠠ ᠶᠢᠨ | ᠲᠠᠬᠢᠯᠭ᠎ᠠ᠂ ᠤᠯᠠᠷᠢᠯ ᠤᠨ ᠲᠠᠬᠢᠯᠭ᠎ᠠ᠂ ᠶᠡᠭᠡ ᠲᠠᠬᠢᠯᠭ᠎ᠠ ᠬᠡᠵᠦ ᠬᠤᠶᠠᠷ ᠬᠤᠪᠢᠶᠡᠲᠠᠭ᠃ | | | ᠤᠲᠤᠬᠠᠨ ᠳᠤ ᠮᠤᠩᠭᠤᠯᠴᠤᠳ ᠤᠨ ᠲᠤᠮᠲᠠ ᠠᠶᠢᠯ ᠡᠷᠦᠬᠡ ᠶᠢᠨ ᠲᠠᠬᠢᠯᠭ᠎ᠠ ᠨᠢ ᠬᠠᠮᠤᠭ ᠠᠴᠠ ᠦᠷᠬᠡᠨ | ᠬᠡᠪᠴᠢᠶᠡᠨ ᠳᠤ ᠶᠠᠪᠤᠭᠲᠠᠲᠠᠭ᠃ ᠵᠢᠯ ᠪᠦᠷᠢ ᠶᠢᠨ ᠪᠢᠯᠢᠭ ᠤᠨ ᠤᠯᠠᠷᠢᠯ ᠤᠨ ᠬᠤᠷᠢᠨ ᠭᠤᠷᠪᠠᠨ ᠲᠦᠷᠪᠡᠨ ᠪᠤᠯᠵᠤ᠂ | ᠤᠲᠤᠳ ᠲᠦᠬᠡᠵᠦ ᠡᠬᠢᠯᠡᠬᠦ ᠪᠠᠷ ᠭᠠᠯ ᠢᠶᠠᠨ ᠲᠠᠬᠢᠲᠠᠭ᠃ ᠬᠠᠷᠠᠴᠤ ᠠᠶᠢᠯ ᠨᠢ ᠬᠤᠷᠢᠨ ᠭᠤᠷᠪᠡᠨ ᠳᠤ ᠭᠠᠯ ᠢᠶᠠᠨ | ᠲᠠᠬᠢᠵᠤ᠂ ᠲᠠᠶᠢᠵᠢ ᠠᠶᠢᠯ ᠨᠢ ᠬᠤᠷᠢᠨ ᠲᠦᠷᠪᠡᠨ ᠪᠠᠷ ᠭᠠᠯ ᠢᠶᠠᠨ ᠲᠠᠬᠢᠲᠠᠭ᠃ ᠬᠡᠪᠡᠴᠤ ᠪᠠᠷᠭᠤ ᠨᠤᠲᠤᠭ ᠤᠨ | ᠵᠠᠷᠢᠮ ᠭᠠᠵᠠᠷ ᠢᠶᠠᠷ ᠬᠤᠷᠢᠨ ᠵᠢᠷᠭᠤᠭᠠᠨ ᠳᠤ ᠭᠠᠯ ᠢᠶᠠᠨ ᠲᠠᠬᠢᠵᠤ᠂ ᠤᠩᠭᠤᠳ ᠲᠠᠬᠢᠵᠤ ᠪᠠᠶᠢᠭᠰᠡᠨ ᠬᠦᠪᠡᠬᠡᠲᠦ | ᠰᠢᠶᠠ ᠶᠢᠨ ᠶᠢᠰᠦ ᠶᠢᠨ ᠰᠤᠮᠤᠨ ᠤ ᠵᠠᠷᠢᠮ ᠠᠶᠢᠯ᠂ ᠠᠪᠠᠭ᠎ᠠ ᠶᠢᠨ ᠡᠹᠦ᠋ ᠶᠢᠨ ᠬᠠᠯᠬ᠎ᠠ ᠠᠶᠢᠯ᠂ ᠬᠦᠬᠡᠨᠠᠭᠤᠷ ᠤᠨ | ᠲᠡᠬᠡᠲᠦ ᠮᠤᠩᠭᠤᠯ ᠤᠨ ᠵᠠᠷᠢᠮ ᠬᠤᠰᠢᠭᠤᠳ ᠡᠪᠦᠯ ᠤᠨ ᠰᠡᠬᠦᠯ ᠰᠠᠷ᠎ᠠ ᠶᠢᠨ ᠪᠢᠲᠡᠬᠦᠨ ᠳᠤ ᠭᠠᠯ ᠢᠶᠠᠨ ᠲᠠᠬᠢᠲᠠᠭ | ᠤᠨᠴᠠᠭᠠᠢ ᠵᠢᠱᠢᠶ᠎ᠡ ᠴᠤ ᠪᠠᠶᠢᠲᠠᠭ᠃ | ᠭᠠᠯ ᠲᠠᠬᠢᠯᠭ᠎ᠠ ᠶᠢᠨ ᠪᠡᠯᠡᠳᠬᠡᠯ ᠶᠤᠰᠤᠨ | ᠭᠠᠯ ᠲᠠᠬᠢᠯᠭ᠎ᠠ ᠠᠴᠠ ᠪᠠᠨ ᠡᠮᠦᠨ᠎ᠡ ᠭᠠᠯ ᠲᠠᠬᠢᠬᠤ ᠳᠤ ᠬᠡᠷᠡᠭᠯᠡᠬᠦ ᠡᠪᠴᠢᠬᠦᠦ ᠬᠤᠰ ᠪᠠ ᠡᠪᠡᠰᠦ ᠮᠤᠲᠤ᠂ | ᠢᠲᠡᠬᠡᠨ ᠤ ᠵᠦᠢᠯ᠂ ᠡᠮᠦᠰᠬᠡᠯ ᠰᠠᠳᠡᠷ ᠪᠡᠯᠡᠳᠬᠡᠵᠦ᠂ ᠤᠲᠤᠭ᠎ᠠ ᠲᠤᠭᠤᠰᠤ ᠪᠠᠨ ᠬᠦᠪᠢᠨ᠂ ᠭᠠᠯ ᠲᠠᠬᠢᠯᠭ᠎ᠠ ᠳᠠᠭᠠᠨ | ᠪᠡᠯᠡᠳᠬᠡᠲᠡᠭ᠃ ᠡᠪᠦᠯ ᠤᠨ ᠦᠬᠦᠴᠡᠨ ᠠᠴᠠ ᠪᠠᠨ ᠬᠢᠵᠢᠭ ᠬᠠᠮᠠᠭᠤ ᠳᠤ ᠨᠡᠷᠪᠡᠭᠲᠡᠭᠰᠡᠨ ᠦᠬᠡᠢ᠂ ᠴᠢᠨ᠋ᠸ᠎ᠠ ᠨᠤᠬᠠᠢ | ᠳᠤ ᠬᠠᠵᠠᠭᠳᠠᠭᠰᠠᠨ ᠦᠬᠡᠢ ᠴᠠᠭᠠᠨ ᠪᠤᠶᠤ ᠬᠠᠯᠵᠡᠨ ᠬᠤᠨᠢᠨ ᠤ ᠡᠪᠴᠢᠬᠦᠦ ᠪᠠ ᠬᠤᠰ ᠢ ᠭᠠᠯ ᠲᠠᠬᠢᠬᠤ ᠳᠠᠭᠠᠨ | ᠪᠡᠯᠡᠳᠬᠡᠲᠡᠭ᠃ ᠭᠠᠯ ᠲᠠᠬᠢᠬᠤ ᠠᠴᠠ ᠪᠠᠨ ᠡᠮᠦᠨ᠎ᠡ ᠬᠠᠶᠢᠯᠠᠰᠤᠨ ᠮᠤᠲᠤ ᠪᠠ ᠰᠤᠷ ᠨᠢ ᠲᠠᠰᠤᠷᠠᠭᠰᠠᠨ ᠦᠬᠡᠢ | ᠬᠢᠯᠭᠠᠨ᠎ᠠ᠂ ᠦᠯᠦᠩ ᠴᠠᠭᠠᠨ ᠲᠡᠬᠦᠵᠦ ᠭᠠᠯ ᠲᠠᠬᠢᠬᠤ ᠳᠠᠭᠠᠨ ᠪᠡᠯᠡᠳᠬᠡᠲᠡᠭ᠃ ᠭᠠᠯ ᠲᠠᠬᠢᠬᠤ ᠡᠲᠦᠷ ᠡᠷᠲᠡᠯᠡᠨ ᠮᠠᠯ | ᠬᠤᠨᠢ ᠪᠠᠨ ᠪᠡᠯᠴᠢᠬᠡᠵᠦ᠂ ᠬᠡᠷ ᠤᠨ ᠪᠠᠨ ᠰᠢᠷᠢᠲᠡᠭ ᠲᠡᠪᠢᠰᠬᠡᠷ᠂ ᠤᠨᠢ ᠲᠤᠭᠤᠨᠤ᠂ ᠬᠠᠨᠠᠨ ᠤ ᠪᠠᠨ ᠤᠲᠤᠭ᠎ᠠ | ᠲᠤᠭᠤᠰᠤ ᠶᠢ ᠴᠡᠪᠡᠷᠯᠡᠵᠦ᠂ ᠪᠠᠶᠢᠰᠢᠩ ᠬᠡᠷ ᠲᠠᠢ ᠠᠶᠢᠯ ᠨᠢ ᠴᠤᠩᠬᠤᠨ ᠰᠢᠯ ᠢᠶᠠᠨ ᠵᠦᠯᠬᠦᠵᠦ᠂ ᠠᠪᠲᠠᠷ᠎ᠠ ᠬᠤᠷᠭᠤ | ᠪᠠᠨ ᠠᠷᠴᠢᠵᠤ᠂ ᠬᠦᠷᠢᠶ᠎ᠠ ᠬᠠᠰᠢᠶ᠎ᠠ ᠪᠠᠨ ᠱᠦᠬᠦᠷᠲᠡᠵᠦ ᠬᠠᠭᠤᠴᠢᠨ ᠵᠢᠯ ᠤᠨ ᠲᠤᠭᠤᠰᠤ ᠪᠠᠨ ᠴᠡᠪᠡᠷᠯᠡᠲᠡᠭ᠃ ᠡᠬᠦᠨ | ᠠᠴᠠ ᠭᠠᠲᠠᠨ᠎ᠠ ᠤᠲᠠᠰᠤ ᠡᠬᠡᠷᠦᠨ᠂ ᠡᠪᠴᠢᠬᠦᠦ ᠵᠠᠰᠠᠵᠤ᠂ ᠲᠠᠯᠠᠯᠭᠠᠨ ᠬᠡᠰᠢᠭ ᠪᠡᠯᠡᠳᠬᠡᠵᠦ᠂ ᠠᠮᠤᠰᠤ ᠪᠡᠯᠡᠳᠬᠡᠲᠡᠭ᠃ | ᠲᠠᠬᠢᠨ ᠲᠠᠯᠠᠯᠭᠠᠨ ᠰᠠᠭᠤᠯᠭ᠎ᠠ᠂ ᠲᠠᠯᠠᠯᠭᠠᠨ ᠰᠤᠮᠤ᠂ ᠲᠠᠯᠠᠯᠭᠠᠨ ᠤᠭᠤᠲᠠ ᠪᠠᠨ ᠪᠡᠯᠳᠬᠡᠵᠦ᠂ ᠲᠠᠯᠠᠯᠭᠠᠨ ᠤᠭᠤᠲᠠᠨ | ᠳᠠᠭᠠᠨ ᠡᠪᠴᠢᠬᠦᠨ ᠤ ᠬᠡᠷᠰᠡᠭ ᠂ ᠴᠤᠷᠵᠢ ᠶᠢᠨ ᠮᠢᠬ᠎ᠠ᠂ ᠱᠠᠭᠠᠨᠲᠤ᠂ ᠲᠦᠷᠪᠡᠨ ᠦᠨᠲᠦᠷ ᠵᠡᠷᠬᠡ ᠶᠢ ᠬᠢᠵᠦ᠂ ᠭᠠᠯ | ᠤᠨ ᠲᠠᠯᠠᠯᠭ᠎ᠠ ᠠᠪᠬᠤ ᠳᠠᠭᠠᠨ ᠪᠡᠯᠡᠳᠬᠡᠲᠡᠭ᠃ ᠭᠠᠯ ᠲᠠᠬᠢᠯᠭ᠎ᠠ ᠶᠢᠨ ᠡᠳᠡᠬᠡᠷ ᠰᠠᠶᠢᠬᠠᠨ ᠵᠠᠩ ᠵᠠᠩᠰᠢᠯ ᠨᠢ | ᠮᠤᠩᠭᠤᠯᠴᠤᠳ ᠤᠨ ᠰᠢᠨ᠎ᠡ ᠨᠢᠬᠡᠨ ᠵᠢᠯ ᠳᠡᠭᠡᠨ ᠦᠯᠵᠡᠢ ᠲᠠᠢ ᠰᠠᠶᠢᠬᠠᠨ ᠶᠠᠪᠤᠬᠤ ᠶᠢᠨ ᠵᠦᠩᠨᠡᠯ ᠪᠤᠯᠲᠠᠭ᠃ | ᠭᠠᠯ ᠲᠠᠬᠢᠯᠭ᠎ᠠ ᠶᠢᠨ ᠠᠯᠬᠤᠮ ᠲᠠᠷᠠᠭ᠎ᠠ | ᠮᠤᠩᠭᠤᠯᠴᠤᠳ ᠤᠨ ᠭᠠᠯ ᠲᠠᠬᠢᠯᠭ᠎ᠠ ᠶᠢᠨ ᠶᠤᠰᠤᠯᠠᠯ ᠨᠢ ᠭᠠᠯ ᠲᠠᠬᠢᠯᠭ᠎ᠠ ᠶᠢᠨ ᠪᠡᠯᠡᠳᠬᠡᠯ᠂ ᠭᠠᠯ ᠲᠠᠬᠢᠬᠤ | ᠶᠤᠰᠤᠯᠠᠯ᠂ ᠭᠠᠯ ᠤᠨ ᠲᠠᠯᠠᠯᠭ᠎ᠠ ᠬᠡᠬᠦ ᠮᠡᠲᠤ ᠶᠢᠨ ᠶᠠᠪᠤᠴᠠ ᠪᠠᠷ ᠶᠠᠪᠤᠭᠲᠠᠲᠠᠭ᠃ ᠭᠠᠯ ᠲᠠᠬᠢᠬᠤ ᠡᠲᠦᠷ ᠠᠴᠠ ᠪᠠᠨ | ᠡᠬᠢᠯᠡᠨ ᠬᠡᠷ ᠤᠷᠤᠨ ᠢᠶᠠᠨ ᠴᠡᠪᠡᠷᠯᠡᠵᠤ᠂ ᠭᠠᠯ ᠲᠠᠬᠢᠯᠭ᠎ᠠ ᠳᠤ ᠬᠡᠷᠡᠭᠯᠡᠬᠦ ᠵᠦᠢᠯ ᠢᠶᠠᠨ ᠪᠡᠯᠡᠳᠬᠡᠲᠡᠭ ᠃ ᠭᠠᠯ ᠲᠠᠬᠢᠬᠤ | ᠳᠤ ᠬᠡᠷᠡᠭᠯᠡᠬᠦ ᠮᠤᠲᠤ ᠪᠠᠨ ᠪᠡᠯᠡᠳᠬᠡᠵᠦ᠂ ᠰᠢᠷᠢᠲᠡᠭ ᠲᠡᠪᠢᠰᠬᠡᠷ ᠤᠨ ᠢᠶᠠᠨ ᠲᠤᠭᠤᠰᠤ ᠶᠢ ᠠᠷᠢᠯᠭᠠᠵᠤ᠂ ᠬᠡᠷ ᠪᠠᠷᠠᠭ᠎ᠠ | ᠪᠠᠨ ᠵᠦᠯᠬᠦᠵᠦ ᠴᠡᠪᠡᠷᠯᠡᠨ ᠴᠢᠲᠠᠬᠤ ᠶᠢᠨ ᠲᠤᠲᠤᠷ᠎ᠠ ᠴᠡᠪᠡᠷ ᠪᠠᠶᠢᠯᠭᠠᠨ᠎ᠠ᠃ ᠠᠶᠢᠯ ᠡᠷᠦᠬᠡ ᠶᠢᠨ ᠭᠠᠯ ᠲᠠᠬᠢᠯᠭ᠎ᠠ ᠶᠢᠨ | ᠶᠤᠰᠤ ᠵᠠᠩᠰᠢᠯ ᠴᠤ ᠭᠠᠵᠠᠷ ᠨᠤᠲᠤᠭ ᠤᠨ ᠢᠯᠭᠠᠭ᠎ᠠ᠂ ᠠᠵᠤ ᠠᠮᠢᠲᠤᠷᠡᠯ ᠤᠨ ᠪᠠᠶᠢᠲᠡᠯ ᠵᠡᠷᠬᠡ ᠶᠢᠨ ᠵᠦᠷᠢᠶ᠎ᠡ ᠠᠴᠠ | ᠪᠤᠯᠵᠤ᠂ ᠬᠤᠭᠤᠷᠤᠨᠲᠤ ᠪᠠᠨ ᠵᠦᠷᠢᠶ᠎ᠡ ᠲᠠᠢ ᠪᠠᠶᠢᠲᠠᠭ᠃ ᠨᠡᠬᠦᠲᠡᠯ ᠠᠮᠢᠲᠤᠷᠡᠯ ᠠᠴᠠ ᠪᠠᠨ ᠰᠠᠭᠤᠷᠢᠰᠢᠯ ᠳᠤ | ᠰᠢᠯᠵᠢᠭᠰᠡᠨ ᠮᠤᠩᠭᠤᠯᠴᠤᠳ ᠲᠤᠯᠭ᠎ᠠ ᠠᠴᠠ ᠪᠠᠨ ᠨᠡᠯᠢᠶᠡᠳ ᠵᠠᠶᠢᠲᠠᠵᠡᠢ᠃ ᠤᠷᠴᠢᠮ ᠤᠨ ᠵᠢᠯ ᠠᠴᠠ ᠵᠠᠷᠢᠮ ᠠᠶᠢᠯ | ᠡᠷᠦᠬᠡ ᠨᠢ ᠲᠠᠬᠢᠨ ᠲᠤᠯᠭ᠎ᠠ ᠪᠡᠯᠡᠳᠬᠡᠵᠦ᠂ ᠤᠯᠠᠮᠵᠢᠯᠠᠯᠲᠤ ᠶᠤᠰᠤ ᠪᠠᠷ ᠢᠶᠠᠨ ᠭᠠᠯ ᠲᠠᠬᠢᠬᠤ ᠦᠵᠡᠭᠲᠡᠯ ᠬᠦᠲᠡᠭᠡ | ᠨᠤᠲᠤᠭ ᠢᠶᠠᠷ ᠬᠠᠷᠠᠭᠲᠠᠬᠤ ᠪᠤᠯᠪᠠ᠃ | ᠭᠠᠯ ᠲᠠᠬᠢᠯᠭ᠎ᠠ ᠶᠢᠨ ᠶᠤᠰᠤᠯᠠᠯ ᠨᠢ ᠣᠲᠤᠳ ᠦᠷᠡᠵᠢᠵᠦ ᠡᠬᠢᠯᠡᠬᠦ ᠪᠠᠷ ᠡᠬᠢᠯᠡᠨ ᠶᠠᠪᠤᠭᠲᠠᠵᠤ᠂ ᠤᠷᠢᠲᠡᠪᠡᠷ | ᠫᠤᠤᠵᠢᠩ ᠢᠶᠠᠨ ᠲᠠᠯᠪᠢᠵᠤ ᠪᠠᠷᠠᠭᠰᠡᠨ ᠤ ᠲᠠᠷᠠᠭ᠎ᠠ ᠬᠡᠷ ᠲᠡᠭᠡᠨ ᠬᠡᠲᠦᠨ ᠵᠤᠤᠬ᠎ᠠ ᠲᠠᠢ ᠪᠤᠯ ᠪᠦᠷ ᠢ ᠭᠠᠯᠯᠠᠵᠤ᠂ | ᠪᠡᠯᠡᠳᠬᠡᠭᠰᠡᠨ ᠮᠤᠲᠤ ᠪᠠᠨ ᠵᠤᠤᠬᠠᠨ ᠳᠠᠭᠠᠨ ᠬᠢᠵᠤ᠂ ᠭᠠᠯ ᠲᠠᠬᠢᠬᠤ ᠳᠠᠭᠠᠨ ᠵᠤᠷᠢᠭᠤᠯᠵᠤ ᠪᠡᠯᠡᠳᠬᠡᠭᠰᠡᠨ ᠴᠢᠪᠠᠭ᠎ᠠ᠂ | ᠰᠢᠬᠢᠷ᠂ ᠰᠡᠮᠵᠡᠨ ᠦᠬᠡᠬᠦ ᠲᠠᠢ ᠠᠷᠢᠬᠢ ᠵᠡᠷᠬᠡ ᠪᠠᠨ ᠭᠠᠯ ᠳᠠᠭᠠᠨ ᠡᠷᠬᠦᠵᠦ᠂ ᠬᠡᠷ ᠤᠨ ᠪᠦᠷᠢᠯᠲᠦᠬᠦᠨ ᠪᠦᠬᠦᠨ ᠭᠠᠯ | ᠤᠨ ᠪᠤᠷᠬᠠᠨ ᠳᠠᠭᠠᠨ ᠮᠦᠷᠬᠦᠵᠦ᠂ ᠠᠯᠢᠪᠠ ᠪᠦᠬᠦᠨ ᠤ ᠦᠬᠡᠲᠠ ᠡᠰᠡᠷᠡᠭ ᠢ ᠬᠦᠰᠡᠨ ᠲᠠᠭᠠᠳᠬᠠᠲᠠᠭ᠃ ᠵᠠᠷᠢᠮ ᠠᠶᠢᠯ | ᠨᠢ ᠰᠠᠭᠤᠷᠢᠰᠢᠭᠰᠠᠨ ᠴᠤ ᠭᠠᠯ ᠲᠠᠬᠢᠬᠤ ᠳᠠᠭᠠᠨ ᠬᠡᠷ ᠤᠨ ᠡᠵᠡᠨ ᠨᠢ ᠲᠤᠯᠭ᠎ᠠ ᠪᠠᠨ ᠠᠰᠠᠭᠠᠨ᠂ ᠬᠡᠷ ᠤᠨ ᠡᠵᠡᠭᠲᠡᠢ | ᠨᠢ ᠠᠷᠴᠠ ᠰᠦ᠂ ᠴᠠᠭᠠᠨ ᠢᠲᠡᠬᠡᠨ ᠤ ᠲᠡᠬᠡᠵᠢ᠂ ᠰᠢᠷ᠎ᠠ ᠲᠤᠰᠤ᠂ ᠠᠷᠢᠬᠢ ᠵᠡᠷᠬᠡ ᠪᠠᠨ ᠲᠤᠯᠭᠠᠨ ᠳᠠᠭᠠᠨ | ᠲᠤᠰᠤᠭᠠᠨ ᠭᠠᠯ ᠤᠨ ᠰᠠᠩ ᠤᠩᠰᠢᠵᠤ᠂ ᠪᠡᠯᠡᠳᠬᠡᠭᠰᠡᠨ ᠡᠪᠴᠢᠬᠦᠦ ᠪᠠᠨ ᠲᠡᠬᠡᠭᠰᠢ ᠬᠠᠨᠲᠤᠭᠤᠯᠤᠨ ᠭᠠᠯ ᠳᠠᠭᠠᠨ | ᠡᠷᠬᠦᠲᠡᠭ᠃ ᠡᠬᠦᠨ ᠤ ᠲᠠᠷᠠᠭ᠎ᠠ ᠤᠩᠭᠤᠨ ᠮᠠᠯ ᠢᠶᠠᠨ ᠰᠡᠳᠡᠷᠯᠡᠵᠦ᠂ ᠮᠠᠯ ᠤᠨ ᠪᠤᠶᠠᠨ ᠬᠡᠰᠢᠭ ᠢᠪᠡᠬᠡᠬᠦ ᠶᠢ | ᠲᠠᠭᠠᠳᠬᠠᠨ ᠵᠠᠯᠪᠢᠷᠡᠲᠠᠭ᠃ ᠲᠠᠬᠢᠨ ᠭᠠᠯ ᠲᠠᠬᠢᠯᠭ᠎ᠠ ᠠᠴᠠ ᠪᠠᠨ ᠡᠮᠦᠨ᠎ᠡ ᠪᠡᠯᠡᠳᠬᠡᠭᠰᠡᠨ ᠲᠠᠯᠠᠯᠭ᠎ᠠ ᠶᠢᠨ ᠤᠭᠤᠲᠠ | ᠪᠠᠷ ᠢᠶᠠᠨ ᠲᠠᠯᠠᠯᠭ᠎ᠠ ᠠᠪᠴᠤ ᠬᠡᠰᠢᠭ ᠪᠤᠶᠠᠨ᠂ ᠪᠠᠶᠠᠨ ᠢᠷᠦᠬᠡᠯ ᠲᠤᠭᠲᠠᠬᠤ ᠪᠠᠨ ᠲᠠᠯᠠᠯᠤᠨ ᠬᠤᠷᠤᠶᠢᠯᠠᠲᠠᠭ᠃ | ᠢᠩᠬᠢᠵᠤ ᠪᠠᠷᠠᠭᠰᠠᠨ ᠤ ᠲᠠᠷᠠᠭ᠎ᠠ ᠭᠠᠯ ᠤᠨ ᠴᠠᠢ ᠤᠤᠭᠤᠵᠤ᠂ ᠴᠠᠭᠠᠨ ᠢᠲᠡᠭᠡ ᠠᠮᠰᠠᠭᠤᠯᠤᠨ᠂ ᠭᠠᠯ ᠤᠨ ᠬᠤᠭᠤᠯᠠ | ᠢᠲᠡᠵᠦ᠂ ᠪᠤᠭᠤᠷᠤᠯ ᠨᠠᠰᠤᠲᠠᠳ ᠲᠠᠭᠠᠨ ᠠᠷᠢᠬᠢ ᠬᠡᠮᠨᠡᠨ ᠪᠠᠶᠠᠷᠯᠠᠯᠲᠤᠨ ᠴᠡᠩᠬᠡᠲᠡᠭ᠃ | ᠭᠠᠯ ᠲᠠᠬᠢᠯᠭ᠎ᠠ ᠶᠢᠨ ᠲᠤᠬᠠᠢ ᠦᠪᠦᠷ ᠮᠤᠩᠭᠤᠯ ᠤᠨ ᠨᠡᠶᠢᠬᠡᠮ ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ | ᠤᠳᠬ᠎ᠠ ᠵᠤᠬᠢᠶᠡᠯ ᠰᠤᠲᠤᠯᠬᠤ ᠲᠠᠰᠤᠭ ᠤᠨ ᠡᠷᠬᠢᠯᠡᠭᠴᠢ ᠪᠦᠬᠡᠴᠢᠯᠠᠭᠤ᠄ ︽ᠮᠠᠨ ᠤ ᠦᠪᠦᠷ ᠮᠤᠩᠭᠤᠯ ᠤᠲᠤ | ᠪᠤᠯᠲᠠᠯ᠎ᠠ ᠦᠪᠡᠷ ᠤᠨ ᠭᠠᠯ ᠲᠠᠬᠢᠯᠭ᠎ᠠ ᠶᠢᠨ ᠶᠤᠰᠤ ᠵᠠᠩᠰᠢᠯ ᠢᠶᠠᠨ ᠬᠠᠲᠠᠭᠠᠯᠠᠨ ᠶᠠᠪᠤᠵᠤ ᠪᠤᠢ᠂ ᠮᠤᠩᠭᠤᠯ ᠤᠯᠤᠰ | ᠢᠶᠠᠷ ᠡᠨᠡᠬᠦ ᠰᠠᠶᠢᠬᠠᠨ ᠤᠯᠠᠮᠵᠢᠯᠠᠯᠲᠤ ᠶᠤᠰᠤ ᠵᠠᠩᠰᠢᠯ ᠬᠠᠷᠢᠨ ᠬᠡᠬᠡᠭᠲᠡᠬᠦ ᠬᠡᠮᠵᠢᠶᠡᠨ ᠳᠤ ᠬᠦᠷᠴᠡᠢ᠂ ᠭᠠᠯ ᠲᠠᠬᠢᠯᠭ᠎ᠠ | ᠶᠢᠨ ᠪᠠᠰᠠ ᠨᠢᠬᠡᠨ ᠴᠢᠬᠤᠯᠡ ᠠᠯᠬᠤᠮ ᠲᠠᠷᠠᠭ᠎ᠠ ᠨᠢ ᠲᠠᠷᠤᠢ ᠲᠠᠯᠠᠯᠭ᠎ᠠ ᠠᠪᠬᠤ ᠳᠤ ᠪᠠᠶᠢᠨ᠎ᠠ᠃ ᠦᠪᠡᠷ ᠤᠨ ᠮᠠᠯ ᠤᠨ | ᠬᠡᠰᠢᠭ ᠪᠤᠶᠠᠨ ᠢᠶᠠᠨ ᠬᠤᠷᠤᠶᠢᠯᠠᠨ ᠲᠠᠯᠠᠯᠵᠤ ᠰᠢᠨ᠎ᠡ ᠵᠢᠯ ᠳᠡᠭᠡᠨ ᠠᠯᠢᠪᠠ ᠪᠦᠬᠦᠨ ᠨᠢ ᠦᠬᠡᠲᠠ ᠡᠰᠡᠷᠡᠭ ᠪᠠᠶᠢᠬᠤ | ᠪᠠᠨ ᠭᠠᠯ ᠤᠨ ᠪᠤᠷᠬᠠᠨ᠂ ᠲᠡᠬᠡᠲᠦ ᠲᠡᠭᠷᠢ ᠳᠡᠭᠡᠨ ᠲᠠᠭᠠᠭᠳᠬᠠᠨ ᠭᠤᠶᠤᠴᠢᠯᠠᠲᠠᠭ︾ ᠬᠡᠵᠦ ᠶᠠᠷᠢᠯ᠎ᠠ᠃ | ᠭᠠᠯ ᠲᠠᠬᠢᠯᠭ᠎ᠠ ᠶᠢᠨ ᠴᠡᠬᠡᠷ ᠶᠤᠰᠤᠨ | ᠭᠠᠯ ᠲᠠᠬᠢᠭᠰᠠᠨ ᠤ ᠲᠠᠷᠠᠭ᠎ᠠ ᠭᠤᠷᠪᠠᠨ ᠡᠲᠦᠷ ᠢ ᠭᠠᠯ ᠤᠨ ᠴᠡᠬᠡᠷ ᠡᠲᠦᠷ ᠬᠡᠲᠡᠭ᠃ ᠡᠨᠡ ᠭᠤᠷᠪᠡᠨ ᠬᠤᠨᠤᠭ | ᠲᠤ ᠬᠡᠷ ᠠᠴᠠ ᠪᠠᠨ ᠶᠠᠮᠠᠷᠪᠡ ᠶᠠᠭᠤᠮ᠎ᠠ ᠶᠢ ᠭᠠᠲᠠᠭᠰᠢ ᠭᠠᠷᠭᠠᠬᠤ ᠶᠢ ᠴᠡᠬᠡᠷᠯᠡᠵᠦ᠂ ᠭᠠᠷᠭᠠᠪᠡᠯ ᠪᠤᠶᠠᠨ ᠬᠡᠰᠢᠭ ᠨᠢ | ᠲᠤᠨᠲᠠᠷᠡᠴᠢᠬᠠᠨᠠ ᠬᠡᠵᠦ ᠬᠡᠯᠡᠲᠡᠭ᠃ ᠤᠨᠴᠠᠭᠠᠢ ᠤᠴᠢᠷ ᠢᠶᠠᠷ ᠭᠠᠲᠠᠨ᠎ᠠ ᠶᠢᠨ ᠬᠦᠮᠦᠨ ᠳᠤ ᠶᠠᠭᠤᠮ᠎ᠠ ᠦᠭᠬᠦ ᠳᠤ | ᠲᠠᠭᠤ ᠴᠢᠮᠡᠭᠡ ᠦᠬᠡᠢ ᠠᠪᠴᠤ ᠶᠠᠪᠤᠲᠠᠭ᠃ ᠭᠤᠷᠪᠠ ᠬᠤᠨᠤᠭᠰᠡᠨ ᠤ ᠲᠠᠷᠠᠭ᠎ᠠ ᠲᠠᠯᠠᠯᠭᠠᠨ ᠰᠠᠭᠤᠯᠭ᠎ᠠ ᠪᠠᠨ ᠨᠡᠬᠡᠬᠡᠵᠦ | ᠂ ᠲᠠᠯᠠᠯᠭᠠᠨ ᠬᠡᠰᠢᠭ ᠪᠠᠨ ᠪᠦᠬᠦᠲᠡᠬᠡᠷ ᠠᠮᠰᠠᠭᠠᠵᠠᠭᠠᠵᠤ᠂ ᠬᠤᠲᠠ ᠤᠰᠤᠨ ᠳᠠᠭᠠᠨ ᠴᠤ ᠬᠤᠪᠢ ᠬᠦᠷᠲᠡᠬᠡᠲᠡᠭ᠃ | ᠭᠠᠲᠠᠭᠰᠢ ᠭᠠᠷᠤᠭᠰᠠᠨ ᠬᠦᠮᠦᠰ ᠲᠡᠭᠡᠨ ᠬᠤᠪᠢ ᠦᠯᠡᠲᠡᠬᠡᠵᠦ ᠲᠠᠯᠪᠢᠲᠠᠭ᠃ ᠭᠠᠯ ᠤᠨ ᠴᠡᠬᠡᠷ ᠲᠠᠶᠢᠯᠵᠤ᠂ ᠭᠠᠯ ᠤᠨ | ᠬᠡᠰᠢᠭ ᠠᠮᠰᠠᠬᠤ ᠨᠢ ᠶᠡᠭᠡ ᠲᠦᠯᠦᠪ ᠠᠳᠠᠯᠢ ᠪᠤᠯᠪᠠᠴᠤ ᠵᠠᠷᠢᠮ ᠨᠤᠲᠤᠭ ᠢᠶᠠᠷ ᠤᠨᠴᠠᠭᠠᠢ ᠪᠠᠶᠢᠲᠠᠭ᠃ ᠵᠢᠱᠢᠶᠡᠯᠡᠪᠡᠯ᠂ | ᠤᠷᠲᠤᠰ ᠲᠤ ᠭᠤᠷᠪᠠ ᠬᠤᠨᠤᠭ ᠲᠡᠬᠡᠷ᠎ᠡ ᠪᠠᠨ ᠪᠠᠰᠠ ᠨᠢᠬᠡ ᠤᠲᠠᠭ᠎ᠠ ᠲᠠᠯᠠᠯᠭ᠎ᠠ ᠲᠠᠯᠠᠯᠵᠤ ᠡᠬᠦᠲᠠ᠂ ᠡᠨᠢᠬᠡ᠂ | ᠲᠤᠯᠭ᠎ᠠ ᠪᠠᠨ ᠭᠤᠷᠪᠠ ᠭᠤᠷᠪᠠ ᠮᠢᠯᠢᠶᠠᠭᠠᠳ ᠲᠠᠯᠠᠯᠭ᠎ᠠ ᠶᠢᠨ ᠰᠠᠭᠤᠯᠭ᠎ᠠ ᠪᠠᠨ ᠪᠠᠭᠤᠯᠭᠠᠵᠤ᠂ ᠭᠠᠯ ᠤᠨ ᠬᠡᠰᠢᠭ ᠢᠶᠠᠨ | ᠬᠦᠷᠲᠡᠲᠡᠭ᠃ ᠦᠵᠦᠮᠦᠴᠢᠨ ᠳᠤ ᠭᠠᠯ ᠤᠨ ᠴᠡᠬᠡᠷ ᠲᠠᠶᠢᠯᠬᠤ ᠳᠠᠭᠠᠨ ᠴᠡᠬᠡᠷ ᠲᠠᠶᠢᠯᠤᠭᠰᠠᠨ ᠴᠠᠶᠢᠯᠠᠯᠭ᠎ᠠ ᠬᠢᠲᠡᠭ᠃ | ᠤᠷᠡᠳ ᠲᠤ ᠭᠠᠯ ᠲᠠᠬᠢᠭᠰᠠᠨ ᠤ ᠲᠠᠷᠠᠭ᠎ᠠ ᠭᠤᠷᠪᠡᠨ ᠦᠷᠯᠦᠬᠡ ᠲᠠᠷᠠᠭᠠᠯᠠᠨ ᠴᠠᠴᠤᠯᠭ᠎ᠠ ᠡᠷᠬᠦᠨ ᠮᠦᠷᠬᠦᠲᠡᠭ᠃ | ᠬᠡᠰᠢᠭᠲᠡᠨ᠂ ᠴᠠᠬᠠᠷ᠂ ᠰᠦᠨᠢᠳ ᠲᠤ ᠭᠠᠯ ᠤᠨ ᠴᠡᠬᠡᠷ ᠲᠠᠶᠢᠯᠤᠭᠰᠠᠨ ᠤ ᠲᠠᠷᠠᠭ᠎ᠠ ᠬᠡᠷ ᠢᠶᠠᠷ ᠢᠶᠠᠨ ᠲᠠᠯᠠᠯᠭᠠᠨ ᠬᠡᠰᠢᠭ | ᠠᠮᠰᠠᠵᠤ᠂ ᠬᠡᠰᠢᠭ ᠤᠨ ᠮᠢᠬ᠎ᠠ ᠶᠢ ᠬᠡᠰᠡᠭᠯᠡᠨ ᠲᠠᠪᠠᠭ ᠲᠤ ᠲᠠᠯᠪᠢᠵᠤ ᠠᠶᠢᠯ ᠠᠶᠢᠮᠠᠭ ᠲᠠᠭᠠᠨ ᠬᠦᠷᠬᠡᠲᠡᠭ᠃ ᠲᠠᠬᠢᠪᠡᠯ | ᠂ ᠭᠠᠯ ᠲᠠᠬᠢᠬᠤ ᠠᠴᠠ ᠪᠢᠲᠡᠬᠦᠨ ᠪᠤᠯᠲᠠᠯ᠎ᠠ ᠲᠤᠯᠤᠭᠠᠨ ᠬᠤᠨᠤᠭ ᠮᠤᠲᠤᠨ ᠰᠢᠯᠪᠢᠬᠦᠷ ᠵᠠᠷᠤᠲᠠᠭ᠃ ᠨᠠᠭᠠᠴᠤ ᠶᠢᠨ | ᠭᠠᠯ ᠲᠠᠬᠢᠬᠤ ᠳᠤ ᠵᠢᠬᠡ ᠬᠦᠮᠦᠨ ᠤᠷᠤᠯᠴᠠᠲᠠᠭ ᠦᠬᠡᠢ᠃ ᠭᠠᠯ ᠲᠠᠬᠢᠵᠤ ᠲᠤᠰᠤᠭᠠᠯ ᠲᠤᠰᠤᠭᠠᠬᠤ ᠳᠤ ᠵᠢᠷᠮᠤᠰᠤᠨ | ᠪᠦᠰᠡᠬᠦᠢ ᠬᠠᠵᠠᠭᠤ ᠳᠤᠨᠢ ᠪᠠᠶᠢᠵᠤ ᠪᠤᠯᠬᠤ ᠦᠬᠡᠢ᠃ ᠭᠠᠯ ᠲᠠᠬᠢᠬᠤ ᠡᠪᠴᠢᠬᠦᠦ ᠶᠢ ᠴᠦᠮᠦᠬᠦ ᠳᠡᠭᠡᠨ ᠬᠤᠷᠤᠭᠤᠨ ᠤ | ᠶᠠᠰᠤ ᠶᠢ ᠮᠤᠯᠲᠤᠯᠬᠤ ᠶᠢ ᠴᠡᠬᠡᠷᠯᠡᠲᠡᠭ᠃ ᠭᠠᠯ ᠲᠠᠬᠢᠬᠤ ᠳᠠᠭᠠᠨ ᠭᠠᠯ ᠤᠨ ᠬᠠᠶᠢᠴᠢ ᠪᠠᠨ ᠨᠢᠭᠤᠵᠤ ᠲᠠᠯᠪᠢᠲᠠᠭ᠃ | ᠭᠠᠯ ᠲᠠᠬᠢᠭᠰᠠᠨ ᠤ ᠲᠠᠷᠠᠭ᠎ᠠ ᠭᠤᠷᠪᠡᠨ ᠬᠤᠨᠤᠭ ᠦᠨᠡᠰᠦ᠂ ᠬᠤᠭ ᠤᠨ ᠵᠦᠢᠯ ᠭᠠᠷᠭᠠᠬᠤ ᠶᠢ ᠴᠡᠬᠡᠷᠯᠡᠬᠦ ᠮᠡᠲᠦ ᠶᠢᠨ | ᠤᠯᠠᠨ ᠴᠡᠬᠡᠷ ᠪᠠᠶᠢᠲᠠᠭ᠃ | ᠬᠤᠲᠠ ᠶᠢᠨ ᠮᠤᠩᠭᠤᠯᠴᠤᠳ ᠤᠨ ᠭᠠᠯ ᠲᠠᠬᠢᠯᠭ᠎ᠠ | ᠨᠡᠶᠢᠬᠡᠮ ᠤᠨ ᠲᠠᠪᠰᠢᠯᠲᠠ ᠬᠦᠭᠵᠢᠯᠲᠡ ᠨᠢ ᠪᠠᠰᠠ ᠨᠢᠬᠡᠨ ᠨᠡᠶᠢᠬᠡᠮ ᠤᠨ ᠦᠵᠡᠭᠲᠡᠯ ᠢ ᠪᠤᠢ ᠪᠤᠯᠭᠠᠵᠡᠢ᠃ ᠲᠠᠷᠤᠢ | ᠬᠦᠲᠡᠭᠡ ᠶᠢᠨ ᠬᠦᠮᠦᠰ ᠬᠤᠲᠠ ᠪᠠᠯᠭᠠᠰᠤᠨ ᠳᠤ ᠤᠷᠤᠵᠤ ᠠᠵᠤ ᠲᠦᠷᠦᠨ ᠠᠮᠢᠲᠤᠷᠡᠬᠤ ᠦᠵᠡᠭᠲᠡᠯ ᠦᠪᠦᠷ | ᠮᠤᠩᠭᠤᠯ ᠤᠨ ᠡᠯ᠎ᠡ ᠠᠶᠢᠮᠠᠭ ᠬᠤᠲᠠ ᠪᠠᠷ ᠪᠦᠷ ᠦᠵᠡᠭᠲᠡᠬᠦ ᠪᠤᠯᠵᠡᠢ᠃ ᠲᠡᠬᠡᠪᠡᠯ ᠬᠤᠲᠠ ᠤᠷᠤᠭᠰᠠᠨ | ᠮᠤᠩᠭᠤᠯᠴᠤᠳ ᠭᠠᠯ ᠢᠶᠠᠨ ᠶᠠᠭᠠᠬᠢᠵᠤ ᠲᠠᠬᠢᠲᠠᠭ ᠪᠤᠯ︖ ᠲᠡᠲᠠ ᠡᠨᠡᠬᠦ ᠰᠠᠶᠢᠬᠠᠨ ᠤᠯᠠᠮᠵᠢᠯᠠᠯ ᠢᠶᠠᠨ ᠵᠠᠯᠭᠠᠮᠵᠢᠯᠠᠨ | ᠬᠦᠭᠵᠢᠬᠦᠯᠵᠦ ᠪᠠᠶᠢᠭ᠎ᠠ ᠪᠤᠯ ᠤᠤ︖ | ᠤᠷᠴᠢᠮ ᠤᠨ ᠬᠡᠲᠦᠨ ᠵᠢᠯ ᠠᠴᠠ ᠬᠤᠲᠠ ᠪᠠᠯᠭᠠᠰᠤ ᠪᠠᠷ ᠬᠠᠮᠲᠤ ᠶᠢᠨ ᠭᠠᠯ ᠲᠠᠬᠢᠯᠭ᠎ᠠ ᠬᠡᠬᠦ ᠰᠢᠨ᠎ᠡ ᠨᠡᠷᠡᠶᠢᠲᠦᠯ | ᠡᠬᠦᠰᠴᠡᠢ᠃ ᠬᠤᠲᠠ ᠪᠠᠯᠭᠠᠰᠤᠨ ᠳᠤ ᠰᠠᠭᠤᠷᠢᠰᠢᠭᠰᠠᠨ ᠮᠤᠩᠭᠤᠯᠴᠤᠳ ᠵᠤᠤᠬ᠎ᠠ ᠭᠠᠯᠯᠠᠬᠤ ᠪᠠᠨ ᠪᠠᠶᠢᠵᠤ᠂ | ᠨᠡᠬᠦᠷᠡᠰᠦᠨ ᠬᠡᠢ ᠪᠤᠶᠤ ᠪᠠᠶᠢᠭᠠᠯᠢ ᠶᠢᠨ ᠰᠢᠳᠠᠮᠠᠬᠠᠢ ᠬᠡᠢ ᠪᠠᠷ ᠬᠤᠭᠤᠯᠠ ᠪᠤᠲᠠᠭ᠎ᠠ ᠪᠠᠨ ᠪᠠᠵᠠᠭᠠᠵᠤ᠂ ᠭᠠᠯ ᠢᠶᠠᠨ | ᠲᠠᠬᠢᠶ᠎ᠠ ᠬᠡᠳ ᠰᠠᠨᠠᠭ᠎ᠠ ᠪᠠᠶᠢᠭᠠᠳ ᠤᠨᠤᠭ᠎ᠠ ᠬᠦᠷᠬᠦ ᠦᠬᠡᠢ ᠪᠠᠶᠢᠲᠠᠭ᠃ ᠡᠨᠡᠬᠦ ᠪᠠᠶᠢᠲᠠᠯ ᠠᠴᠠ ᠪᠤᠯᠵᠤ᠂ ᠬᠠᠮᠲᠤ | ᠶᠢᠨ ᠭᠠᠯ ᠲᠠᠬᠢᠯᠭ᠎ᠠ ᠬᠡᠰᠡᠨ ᠨᠡᠷᠡᠶᠢᠲᠦᠯ ᠪᠤᠢ ᠪᠤᠯᠵᠡᠢ᠃ ᠬᠦᠬᠡᠬᠡ ᠰᠠᠷ᠎ᠠ ᠶᠢᠨ ᠬᠤᠷᠢᠨ ᠭᠤᠷᠪᠡᠨ ᠲᠦᠷᠪᠡᠨ | ᠪᠤᠯᠤᠭᠰᠠᠭᠠᠷ ᠮᠤᠩᠭᠤᠯᠴᠤᠳ ᠲᠤᠭᠲᠠᠭᠰᠠᠨ ᠭᠠᠵᠠᠷ ᠮᠤᠩᠭᠤᠯ ᠢᠶᠠᠷ ᠢᠶᠠᠨ ᠭᠤᠶᠤᠯᠠᠵᠠᠭᠠᠵᠤ᠂ ᠲᠤᠯᠭ᠎ᠠ ᠪᠠᠨ | ᠪᠠᠲᠠᠷᠠᠭᠠᠵᠤ᠂ ᠬᠠᠮᠲᠤ ᠪᠠᠷ ᠡᠷᠬᠦᠯ ᠪᠠᠷᠢᠴᠠ ᠪᠠᠨ ᠡᠷᠬᠦᠵᠦ᠂ ᠭᠠᠯ ᠤᠨ ᠪᠤᠷᠬᠠᠨ ᠢᠶᠠᠨ ᠲᠠᠬᠢᠵᠤ᠂ ᠬᠡᠰᠢᠭ ᠬᠡᠶᠢᠮᠤᠷᠢ | ᠪᠠᠨ ᠲᠠᠯᠯᠠᠲᠠᠭ᠃ ᠡᠨᠡᠬᠦ ᠬᠦᠲᠡᠯᠬᠡᠬᠡᠨ ᠳᠤ ᠬᠤᠲᠠ ᠪᠠᠯᠭᠠᠰᠤᠨ ᠤ ᠮᠤᠩᠭᠤᠯᠴᠤᠳ ᠪᠦᠬᠦ ᠬᠡᠷ ᠢᠶᠠᠷ ᠢᠶᠠᠨ | ᠤᠷᠤᠯᠴᠠᠵᠤ᠂ ᠬᠡᠦᠬᠡᠳ ᠪᠠᠭᠠᠴᠤᠤᠯ ᠨᠢ ᠴᠤ ᠭᠠᠯ ᠲᠠᠬᠢᠯᠭ᠎ᠠ ᠶᠠᠭᠤ ᠬᠡᠲᠡᠭ ᠢ ᠤᠶᠢᠯᠠᠭᠠᠨ ᠮᠡᠲᠡᠲᠡᠭ ᠠᠴᠠ ᠵᠤᠬᠢᠢᠬᠤ | ᠬᠡᠪᠴᠢᠶᠡᠨ ᠳᠤ ᠮᠤᠩᠭᠤᠯ ᠰᠤᠶᠤᠯ ᠢᠶᠠᠨ ᠤᠯᠠᠮᠵᠢᠯᠠᠨ ᠵᠠᠯᠭᠠᠮᠵᠢᠯᠠᠭᠤᠯᠬᠤ ᠦᠢᠯᠡᠲᠦᠯ ᠦᠵᠡᠬᠦᠯᠵᠦ ᠪᠠᠶᠢᠲᠠᠭ ᠃ | ᠬᠠᠮᠲᠤ ᠶᠢᠨ ᠭᠠᠯ ᠲᠠᠬᠢᠯᠭ᠎ᠠ ᠶᠢᠨ ᠲᠤᠬᠠᠢ ᠪᠦᠬᠡᠴᠢᠯᠠᠭᠤ ᠶᠠᠷᠢᠬᠤ ᠳᠠᠭᠠᠨ᠄ ︽ᠬᠠᠮᠲᠤ ᠶᠢᠨ ᠭᠠᠯ ᠲᠠᠬᠢᠯᠭ᠎ᠠ ᠨᠢ | ᠬᠤᠲᠠ ᠪᠠᠯᠭᠠᠰᠤᠨ ᠤ ᠮᠤᠩᠭᠤᠯᠴᠤᠳ ᠳᠤ ᠠᠪᠴᠤ ᠬᠡᠯᠡᠪᠡᠯ ᠲᠤᠩ ᠶᠡᠭᠡ ᠠᠴᠢ ᠬᠤᠯᠪᠤᠭᠲᠠᠯ ᠲᠠᠢ᠂ ᠦᠪᠡᠷ ᠤᠨ | ᠤᠯᠠᠮᠵᠢᠯᠠᠯᠲᠤ ᠰᠤᠶᠤᠯ ᠢᠶᠠᠨ ᠦᠷ᠎ᠡ ᠬᠤᠶᠢᠴᠢᠰ ᠲᠠᠭᠠᠨ ᠤᠯᠠᠮᠵᠢᠯᠠᠨ ᠵᠠᠯᠭᠠᠮᠵᠢᠯᠠᠵᠤ ᠴᠢᠲᠠᠬᠤ ᠪᠠᠷ ᠪᠠᠷᠠᠬᠤ ᠦᠬᠡᠢ᠂ | ᠮᠤᠩᠭᠤᠯ ᠰᠤᠶᠤᠯ ᠤᠨ ᠤᠷᠤᠨ ᠵᠡᠢ ᠪᠠᠭᠠᠰᠴᠤ ᠪᠠᠶᠢᠭ᠎ᠠ ᠬᠤᠲᠠ ᠭᠠᠵᠠᠷ ᠢᠶᠠᠷ ᠮᠤᠩᠭᠤᠯᠴᠤᠳ ᠦᠪᠡᠷ ᠤᠨ ᠬᠡᠰᠡᠨ | ᠤᠷᠤᠨ ᠵᠠᠢ ᠪᠠᠨ ᠤᠯᠬᠤ ᠳᠤ ᠮᠠᠰᠢ ᠶᠡᠭᠡ ᠲᠤᠰᠠᠲᠠᠢ᠂ ᠮᠤᠩᠭᠤᠯᠴᠤᠳ ᠮᠠᠨᠢ ᠰᠤᠶᠤᠯ ᠤᠨ ᠶᠡᠭᠡ ᠤᠷᠴᠢᠨ ᠳᠤ | ᠬᠦᠯ ᠤᠯᠠ ᠪᠠᠨ ᠤᠯᠬᠤ ᠦᠬᠡᠢ ᠪᠠᠶᠢᠭ᠎ᠠ ᠦᠨᠦᠲᠦᠷ ᠤᠨ ᠨᠡᠶᠢᠬᠡᠮ ᠳᠤ ᠲᠤᠶᠢᠯ ᠤᠨ ᠶᠡᠭᠡ ᠰᠡᠩᠬᠡᠷᠡᠬᠦᠯᠬᠦ ᠠᠴᠢ | ᠬᠤᠯᠪᠤᠭᠲᠠᠯ ᠲᠠᠢ︾ ᠬᠡᠵᠦ ᠶᠠᠷᠢᠯ᠎ᠠ᠃ | | |