ᠣᠯᠠᠭᠠᠨᠬᠠᠳᠠ ᠬᠤᠳᠠ ᠶᠢᠨ ᠠᠦᠬᠠᠨ ᠬᠤᠰᠢᠭᠤᠨ ᠤ ᠮᠣᠩᠭᠤᠯ ᠭᠠᠵᠠᠷ ᠤᠨ ᠨᠡᠷᠡᠰ ᠤᠨ ᠲᠠᠶᠢᠯᠪᠣᠷᠢ
ᠨᠡᠶᠢᠲᠡᠯᠡᠭᠰᠡᠨ ᠴᠠᠭ᠄
2015/8/6
     ᠠᠦᠬᠠᠨ ᠬᠤᠰᠢᠭᠤ ᠣᠯᠠᠭᠠᠨᠬᠠᠳᠠ ᠬᠤᠳᠠ ᠶᠢᠨ ᠵᠡᠭᠦᠨ ᠡᠮᠦᠨᠡᠳᠦ ᠬᠡᠰᠡᠭ ᠲᠤ ᠪᠠᠶᠢᠷᠢᠰᠢᠵᠦ᠂ ᠭᠠᠵᠠᠷ ᠰᠢᠷᠣᠢ ᠶᠢᠨ ᠶᠡᠷᠦᠩᠭᠡᠢ ᠲᠠᠯᠠᠪᠠᠢ ᠨᠢ 8300 ᠲᠡᠭᠰᠢ ᠲᠦᠷᠪᠡᠯᠵᠢᠨ ᠺᠢᠯᠣᠮᠧᠲᠷ᠂ ᠣᠳᠣ 15 ᠰᠣᠮᠣ ᠰᠢᠶᠠᠩ ᠪᠠᠯᠭᠠᠰᠣ ︵ᠣᠣᠯ ᠨᠢ 30 ᠰᠣᠮᠣ ᠰᠢᠶᠠᠩ ᠪᠠᠯᠭᠠᠰᠣ ᠪᠠᠶᠢᠭᠰᠠᠨ ᠢ 2005 ᠣᠨ ᠤ ᠰᠢᠶᠠᠩ ᠪᠠᠯᠭᠠᠰᠣ ᠶᠢ ᠨᠡᠶᠢᠯᠡᠬᠦᠯᠬᠦ ᠪᠠᠶᠢᠭᠤᠯᠣᠮᠵᠢ ᠶᠢᠨ ᠦᠭᠡᠷᠡᠴᠢᠯᠡᠯᠳᠡ ᠪᠠᠷ 15 ᠰᠣᠮᠣ ᠰᠢᠶᠠᠩ ᠪᠠᠯᠭᠠᠰᠣ ᠪᠣᠯᠭᠠᠵᠠᠢ︶  ᠂ 3 ᠬᠡᠷᠡᠭ ᠡᠷᠬᠢᠯᠡᠬᠦ ᠭᠠᠵᠠᠷ᠂ 224 ᠵᠠᠰᠠᠭ ᠵᠠᠬᠢᠷᠭᠠᠨ ᠤ ᠭᠠᠴᠠᠭ᠎ᠠ ᠲᠣᠰᠬᠤᠨ᠂ 18 ᠨᠡᠶᠢᠭᠡᠮ ᠲᠣᠭᠤᠷᠢᠭ᠂ 1858 ᠪᠠᠶᠢᠭᠠᠯᠢᠯᠢᠭ ᠲᠣᠰᠬᠤᠨ ᠲᠠᠢ᠃      ᠠᠦᠬᠠᠨ『 ᠮᠣᠩᠭᠤᠯ ᠦᠭᠡ 』ᠮᠢᠩ ᠣᠯᠣᠰ ᠤᠨ ᠵᠢᠶ᠋ᠨ ᠵᠢᠩ ᠤᠨ ᠬᠤᠷᠢᠨ ᠬᠤᠶᠠᠳᠣᠭᠠᠷ ᠣᠨ ︵1543 ᠣᠨ︶ ᠳᠤ ᠲᠠᠶᠠᠨ ᠰᠡᠴᠡᠨ ᠬᠠᠨ ᠦᠭᠦᠭᠰᠡᠨ ᠤ ᠰᠡᠭᠦᠯᠡᠷ᠂  ᠬᠠᠮᠤᠭ ᠮᠣᠩᠭᠤᠯ ᠣᠷᠣᠨ ᠬᠠᠭᠠᠴᠠᠨ ᠪᠣᠳᠠᠷᠠᠭᠰᠠᠨ ᠪᠠᠶᠢᠳᠠᠯ ᠳᠤ ᠣᠷᠣᠪᠠ᠃ ᠮᠣᠩᠭᠤᠯ ᠬᠠᠭᠠᠨ ᠤ ᠣᠭᠰᠠᠭ᠎ᠠ ᠴᠠᠬᠠᠷ ᠤᠨ ᠯᠢᠭᠳᠡᠨ ᠬᠠᠭᠠᠨ ᠤ ᠨᠣᠶᠠᠷᠬᠠᠯ  ᠤᠨ ᠴᠠᠭ ᠦᠶ᠎ᠡ ᠪᠣᠯᠬᠤ ᠳᠤ᠂ ᠴᠠᠬᠠᠷ ᠲᠤ ᠬᠠᠷᠢᠶᠠᠯᠠᠭᠳᠠᠵᠦ ᠪᠠᠶᠢᠭᠰᠠᠨ‌‍ᠴᠢᠩᠭᠢᠰ ᠬᠠᠭᠠᠨ ᠤ ᠠᠷᠪᠠ ᠶᠢᠰᠦᠳᠦᠭᠡᠷ ᠦᠶ᠎ᠡ ᠶᠢᠨ ᠣᠮᠪᠣᠯᠣ ᠲᠠᠶᠢᠴᠢᠩ ᠲᠦᠭᠦᠷᠡᠩ ᠯᠢᠭᠳᠡᠨ ᠬᠠᠭᠠᠨ ᠤ ᠬᠠᠷᠭᠢᠰ ᠵᠠᠰᠠᠭᠯᠠᠯ ᠠᠴᠠ ᠵᠠᠶᠢᠯᠠᠬᠤ ᠶᠢᠨ ᠲᠦᠯᠦᠭᠡ ᠂ ᠲᠡᠭᠦᠦ ᠡᠰᠡᠨ ᠣᠶᠢᠵᠠᠩ ᠨᠣᠶᠠᠨ ᠲᠠᠢ ᠪᠠᠨ ᠬᠠᠮᠳᠣ ᠴᠠᠬᠠᠷ ᠠᠶᠢᠮᠠᠭ ᠠᠴᠠ ᠬᠠᠭᠠᠴᠠᠨ᠂ ᠯᠣᠤᠬ᠎ᠠ ᠶᠢᠨ ᠭᠤᠣᠯ  ᠤᠨ ᠲᠣᠮᠳᠠ ᠰᠠᠪᠠ ᠣᠷᠣᠨ ᠢᠶᠠᠷ ᠬᠦᠷᠴᠦ ᠨᠡᠭᠦᠳᠡᠯᠯᠡᠨ ᠮᠠᠯᠵᠢᠭᠠᠳ᠂ ᠣᠣᠯ ᠤᠨ ᠬᠠᠯᠬ᠎ᠠ ᠠᠶᠢᠮᠠᠭ ᠤᠨ ᠡᠵᠡᠮᠰᠢᠯ  ᠳᠤ ᠪᠠᠶᠢᠭᠰᠠᠨ ᠯᠣᠤᠬ᠎ᠠ ᠶᠢᠨ ᠭᠤᠣᠯ ᠤᠨ ᠡᠮᠦᠨ᠎ᠡ ᠣᠮᠠᠷ᠎ᠠ ᠬᠤᠶᠠᠷ ᠬᠦᠪᠡᠭᠡᠨ ᠤ ᠭᠠᠵᠠᠷ ᠣᠷᠣᠨ ᠢ ᠬᠤᠪᠢᠶᠠᠨ ᠡᠵᠡᠯᠡᠪᠡ᠃ ᠡᠰᠡᠨ ᠣᠶᠢᠵᠠᠩ ᠨᠣᠶᠠᠨ ᠵᠡᠭᠦᠨ ᠬᠤᠶᠢᠳᠦ ᠳᠤ ᠰᠠᠭᠤᠵᠦ᠂ ᠲᠡᠭᠦᠨ ᠤ ᠠᠶᠢᠮᠠᠭ ᠢ ᠨᠠᠢᠮᠠᠨ ᠭᠡᠪᠡ᠃ ᠲᠠᠶᠢᠴᠢᠩ ᠲᠦᠭᠦᠷᠡᠩ ᠪᠠᠷᠠᠭᠤᠨ ᠡᠮᠦᠨ᠎ᠡ ᠰᠠᠭᠤᠵᠦ᠂ ᠲᠡᠭᠦᠨ ᠤ ᠠᠶᠢᠮᠠᠭ ᠢ ᠠᠦᠬᠠᠨ ︵ᠵᠠᠷᠢᠮ ᠨᠢ ᠣᠣᠭᠠᠨ ᠭᠡᠬᠦ ᠣᠳᠬ᠎ᠠ ᠲᠠᠢ ᠭᠡᠳᠡᠭ︶  ᠭᠡᠪᠡ᠃ ᠴᠢᠩ ᠣᠯᠣᠰ ᠤᠨ ᠲᠡᠭᠡᠳᠦ ᠡᠷᠳᠡᠮᠳᠦ ᠶᠢᠨ ᠠᠩᠬᠠᠳᠣᠭᠠᠷ ᠣᠨ ︵1638 ᠣᠨ︶ ᠳᠤ ᠠᠦᠬᠠᠨ ᠠᠶᠢᠮᠠᠭ ᠢ 55 ᠰᠣᠮᠣᠨ ᠵᠠᠩᠭᠢᠳᠦ ᠠᠦᠬᠠᠨ ᠬᠤᠰᠢᠭᠤ ᠪᠠᠷ ᠬᠤᠪᠢᠶᠠᠨ ᠲᠣᠭᠳᠠᠭᠠᠵᠦ᠂ ᠵᠣᠣ ᠣᠳᠠ ᠠᠶᠢᠮᠠᠭ ᠲᠤ ᠬᠠᠷᠢᠶᠠᠯᠠᠭᠤᠯᠪᠠ᠃      ᠠᠦᠬᠠᠨ ᠬᠤᠰᠢᠭᠤᠨ ᠤ 1858 ᠪᠠᠶᠢᠭᠠᠯᠢᠯᠢᠭ ᠲᠣᠰᠬᠤᠨ ᠨᠢ ᠪᠦᠷ ᠠᠦᠬᠠᠨ ᠸᠠᠩ ᠤᠨ ᠬᠤᠷᠢᠶ᠎ᠠ  ᠶᠢ ᠪᠠᠶᠢᠭᠤᠯᠣᠭᠰᠠᠨ ᠤ ᠰᠡᠭᠦᠯᠡᠷ ᠪᠦᠷᠢᠯᠳᠦᠭᠰᠡᠨ ᠪᠣᠯᠬᠤᠷ ᠣᠯᠠᠩᠭᠢ ᠨᠢ ᠠᠦᠬᠠᠨ ᠤ ᠸᠠᠩ ᠭᠦᠩ ᠤᠨ ᠬᠤᠷᠢᠶᠠᠨ ᠤ ᠰᠣᠶᠣᠯ ᠲᠠᠢ ᠬᠠᠮᠢᠶ᠎ᠠ ᠲᠠᠢ ᠪᠠᠶᠢᠳᠠᠭ᠂ ᠠᠳᠡ ᠮᠣᠩᠭᠤᠯ ᠰᠣᠶᠣᠯ ᠤᠨ ᠣᠯᠠᠮᠵᠢᠯᠠᠯ ᠢ ᠦᠨᠳᠦᠰᠦᠯᠡᠨ᠂ ᠭᠠᠵᠠᠷ ᠤᠨ ᠨᠡᠷᠡᠰ ᠤᠨ ᠪᠣᠢ ᠪᠣᠯᠣᠭᠰᠠᠨ ᠣᠣᠯ ᠣᠳᠬ᠎ᠠ ᠶᠣᠰᠣᠭᠠᠷ᠂  ᠲᠣᠣᠷᠠᠬᠢ 11 ᠲᠦᠷᠦᠯ ᠢᠶᠠᠷ ᠣᠶᠢᠯᠠᠭᠠᠨ ᠲᠠᠶᠢᠯᠪᠣᠷᠢᠯᠠᠪᠠ᠃      ᠨᠢᠭᠡ᠂ ᠸᠠᠩ ᠭᠦᠩ ᠤᠨ ᠬᠤᠷᠢᠶ᠎ᠠ ᠪᠠᠷ ᠨᠡᠷᠡᠯᠡᠭᠰᠡᠨ‌ᠨᠢ      ᠠᠦᠬᠠᠨ ᠬᠤᠰᠢᠭᠤᠨ ᠤ ᠬᠢᠵᠠᠭᠠᠷ ᠲᠣᠳᠣᠷ᠎ᠠ 4 ᠰᠠᠭᠤᠷᠢ ᠸᠠᠩ ᠭᠦᠩ ᠤᠨ ᠬᠤᠷᠢᠶ᠎ᠠ ᠪᠠᠶᠢᠭᠤᠯᠵᠦ ᠦᠩᠭᠡᠷᠡᠵᠡᠢ᠂ ᠡᠨᠡᠬᠦ ᠲᠦᠷᠪᠡᠨ ᠰᠠᠭᠤᠷᠢ ᠸᠠᠩ ᠭᠦᠩ ᠤᠨ ᠬᠤᠷᠢᠶ᠎ᠠ ᠪᠠᠶᠢᠭ᠎ᠠ ᠭᠠᠵᠠᠷ ᠲᠤ ᠲᠠᠷᠣᠢ ᠸᠠᠩ ᠭᠦᠩ ᠤᠨ ᠬᠤᠷᠢᠶ᠎ᠠ ᠪᠠᠷ ᠰᠢᠭᠤᠳ ᠨᠡᠷᠡᠯᠡᠭᠰᠡᠨ ᠠᠶᠢᠯ ᠲᠣᠰᠬᠤᠨ ᠪᠣᠢ ᠪᠣᠯᠵᠠᠢ᠄  ᠬᠠᠶᠢᠷᠬᠠᠨ ᠸᠠᠩ ᠤᠨ ᠬᠤᠷᠢᠶ᠎ᠠ᠂ ᠪᠠᠶᠢᠰᠠ  ᠶᠢᠨ ᠬᠤᠷᠢᠶ᠎ᠠ᠂ ᠭᠦᠩ ᠤᠨ ᠬᠤᠷᠢᠶ᠎ᠠ᠂ ᠬᠠᠭᠤᠴᠢᠨ ᠬᠤᠷᠢᠶ᠎ᠠ᠂ ᠰᠢᠨ᠎ᠡ ᠬᠤᠷᠢᠶ᠎ᠠ ᠭᠡᠬᠦ ᠮᠡᠳᠦ᠃      ᠬᠤᠶᠠᠷ᠂ ᠡᠹᠦ ᠶᠢᠨ ᠠᠶᠢᠯ ᠢᠶᠠᠷ ᠨᠡᠷᠡᠯᠡᠭᠰᠡᠨ ᠨᠢ      ᠠᠦᠠᠬᠨ ᠬᠤᠰᠢᠭᠤᠨ ᠤ ᠸᠠᠩ ᠭᠦᠩ ᠤᠨ ᠣᠭᠰᠠᠭ᠎ᠠ ᠪᠣᠯ ᠴᠢᠩᠭᠢᠰ ᠬᠠᠭᠠᠨ ᠤ ᠣᠳᠣᠮ ᠪᠣᠯᠬᠤᠷ ᠴᠢᠩ ᠣᠯᠣᠰ ᠤᠨ ᠲᠦᠷᠦ ᠣᠨᠴᠠᠭᠠᠢ ᠲᠡᠭᠡᠳᠦᠯᠡᠨ ᠦᠵᠡᠳᠡᠭ ᠪᠠᠶᠢᠵᠦ᠂  ᠠᠷᠪᠠᠨ ᠬᠡᠳᠦᠨ ᠭᠡᠭᠡ ᠭᠦᠩᠵᠦ ᠨᠠᠷ ᠠᠦᠬᠠᠨ ᠬᠤᠰᠢᠭᠤᠨ ᠳᠤ ᠬᠠᠷᠢᠯᠠᠵᠠᠢ᠃ ᠭᠦᠩᠵᠦ ᠬᠠᠷᠢᠯᠠᠬᠤ ᠪᠦᠷᠢ ᠡᠷᠬᠡᠪᠰᠢ ᠡᠹᠦ ︵ᠲᠠᠪᠣᠨᠠᠩ︶ ᠶᠢᠨ ᠬᠤᠷᠢᠶ᠎ᠠ ᠪᠠᠶᠢᠭᠤᠯᠳᠠᠭ ᠲᠣᠯᠨ ᠡᠹᠦ ᠠᠶᠢᠯ ᠭᠡᠵᠦ ᠨᠡᠷᠡᠯᠡᠭᠰᠡᠨ ᠠᠶᠢᠯ ᠲᠣᠰᠬᠤᠨ ᠨᠤᠭᠤᠳ ᠭᠠᠷᠣᠭᠰᠠᠨ ᠪᠠᠶᠢᠨ᠎ᠠ᠄  ᠣᠣᠯ  ᠤᠨ ᠰᠧ ᠳ᠋ᠧ ᠲᠠᠩ ᠰᠢᠶᠠᠩ ᠳᠠᠬᠢ ᠡᠹᠦ ᠶᠢᠨ ᠠᠶᠢᠯ᠂ ᠣᠣᠯ ᠤᠨ ᠸᠠᠩ ᠵᠢᠶ᠋ᠨ ᠶᠢᠩᠽᠢ ᠰᠢᠶᠠᠩ ᠳᠠᠬᠢ ᠡᠹᠦ ᠶᠢᠨ ᠠᠶᠢᠯ᠂ ᠯᠣᠤᠬ᠎ᠠ ᠶᠢᠨ ᠭᠤᠣᠯ ᠤᠨ ᠬᠤᠶᠢᠳᠦ ᠪᠡᠶ᠎ᠡ ᠳᠠᠬᠢ ᠡᠹᠦ ᠶᠢᠨ ᠠᠶᠢᠯ ︵ᠲᠣᠰ ᠭᠠᠵᠠᠷ ᠨᠢ ᠣᠳᠣ ᠨᠢᠭᠡᠨᠳᠡ ᠣᠩᠨᠢᠭᠤᠳ ᠬᠤᠰᠢᠭᠤᠨ ᠳᠤ ᠬᠠᠷᠢᠶᠠᠯᠠᠭᠳᠠᠬᠤ ᠪᠣᠯᠵᠠᠢ᠂ ᠲᠡᠦᠬᠡᠨ ᠲᠡᠭᠡᠷ᠎ᠡ ᠪᠠᠨ ᠠᠦᠬᠠᠨ ᠵᠠᠰᠠᠭ ᠸᠠᠩ ᠤᠨ ᠬᠤᠷᠢᠶ᠎ᠠ ᠳᠤ ᠬᠠᠷᠢᠶᠠᠯᠠᠭᠳᠠᠵᠦ ᠪᠠᠶᠢᠵᠠᠢ︶ ᠭᠡᠬᠦ ᠮᠡᠳᠦ᠃      ᠭᠤᠷᠪᠠ᠂ ᠯᠠᠮᠨ ᠶᠢᠨ ᠰᠦᠮ᠎ᠡ ᠪᠠᠷ ᠨᠡᠷᠡᠯᠡᠭᠰᠡᠨ ᠨᠢ      ᠮᠣᠩᠭᠤᠯᠴᠣᠳ ᠯᠠᠮᠨ ᠶᠢᠨ ᠱᠠᠰᠢᠨ ᠢ ᠰᠢᠳᠦᠳᠡᠭ ᠪᠠᠶᠢᠵᠠᠢ᠂ ᠠᠦᠬᠠᠨ ᠮᠣᠩᠭᠤᠯᠴᠣᠳ ᠴᠣ᠋ ᠮᠦᠨ ᠡᠶᠢᠮᠦ ᠪᠠᠶᠢᠯ᠎ᠠ᠃ ᠴᠢᠩ ᠣᠯᠣᠰ ᠤᠨ ᠲᠣᠮᠳᠠ ᠰᠡᠭᠦᠯᠴᠢ ᠦᠶ᠎ᠡ ᠪᠠᠷ ᠠᠦᠬᠠᠨ ᠤ ᠬᠢᠵᠠᠭᠠᠷ ᠲᠣᠳᠣᠷ᠎ᠠ ᠪᠣᠳ᠋ᠳ᠋ᠾᠨ  ᠶᠢᠨ ᠱᠠᠰᠢᠨ ᠤ ᠰᠦᠮ᠎ᠡ ᠬᠡᠶᠢᠳ 172 ᠰᠠᠭᠤᠷᠢ ᠪᠠᠶᠢᠵᠠᠢ᠂  ᠲᠡᠶᠢᠮᠦ ᠠᠴᠠ ᠯᠠᠮᠨ ᠶᠢᠨ ᠰᠦᠮ᠎ᠡ ᠪᠠᠷ ᠨᠡᠷᠡᠯᠡᠭᠰᠡᠨ ᠠᠶᠢᠯ ᠲᠣᠰᠬᠤᠨ ᠠᠯᠢ ᠣᠯᠠᠨ ᠭᠠᠷᠣᠭᠰᠠᠨ ᠪᠠᠶᠢᠨ᠎ᠠ᠃ ᠡᠳᠡᠭᠡᠷ ᠯᠠᠮᠨ ᠶᠢᠨ ᠰᠦᠮ᠎ᠡ ᠶᠢᠨ ᠣᠯᠠᠩᠭᠢ ᠨᠢ ᠸᠠᠩ ᠤᠨ ᠬᠤᠷᠢᠶ᠎ᠠ ᠲᠠᠢ ᠬᠤᠯᠪᠣᠭᠳᠠᠯ ᠲᠠᠢ ᠪᠣᠯᠬᠤᠷ᠂ ᠡᠭᠦᠨ ᠠᠴᠠ ᠪᠣᠢ ᠪᠣᠯᠣᠭᠰᠠᠨ ᠠᠶᠢᠯ ᠲᠣᠰᠬᠤᠨ ᠤ ᠨᠡᠷ᠎ᠡ  ᠨᠢ ᠴᠣ᠋ ᠸᠠᠩ ᠤᠨ ᠬᠤᠷᠢᠶ᠎ᠠ ᠲᠠᠢ ᠬᠤᠯᠪᠣᠭᠳᠠᠯ ᠲᠠᠢ ᠠᠵᠠᠢ᠄ ᠸᠠᠩ ᠤᠨ ᠬᠦᠪᠡᠭᠦᠨ ᠤ ᠰᠦᠮ᠎ᠡ᠂ ᠣᠷᠣᠶᠢᠨᠰᠦ᠋ᠮ᠎ᠡ᠂ ᠰᠦᠮ᠎ᠡ ᠶᠢᠨ  ᠲᠣᠣᠷ᠎ᠠ ᠠᠶᠢᠯ᠂ ᠪᠠᠷᠠᠭᠤᠨ ᠰᠦᠮ᠎ᠡ᠂ ᠡᠹᠦ ᠶᠢᠨ ᠰᠦᠮ᠎ᠡ᠂ ᠲᠡᠭᠰᠢ ᠣᠷᠣᠶᠢᠳᠦ ᠰᠦᠮ᠎ᠡ᠂ ᠯᠣᠣᠶᠧ ᠶᠢᠨ ᠰᠦᠮ᠎ᠡ᠂ ᠬᠠᠭᠤᠴᠢᠨ ᠰᠦᠮ᠎ᠡ ᠵᠡᠷᠭᠡ ᠪᠣᠢ᠃      ᠲᠦᠷᠪᠡ᠂ ᠸᠠᠩ ᠤᠨ ᠣᠩᠭᠤᠨ ᠭᠦᠩᠵᠦ ᠶᠢᠨ ᠪᠣᠯᠠᠰᠢ ᠪᠠᠷ ᠨᠡᠷᠡᠯᠡᠭᠰᠡᠨ ᠨᠢ      ᠴᠢᠩ ᠤᠨ ᠲᠦᠷᠦ ᠶᠢᠨ ᠭᠦᠩᠵᠦ ᠠᠦᠬᠠᠨ ᠳᠤ ᠬᠠᠷᠢᠯᠠᠭᠰᠠᠨ ᠣᠯᠠᠨ ᠪᠠᠶᠢᠳᠠᠭ᠂ ᠲᠡᠳᠡᠨ ᠢ ᠨᠦᠭᠴᠢᠭᠰᠡᠨ ᠬᠤᠶᠢᠨ᠎ᠠ ᠨᠢ ᠪᠦᠷ ᠭᠦᠩᠵᠦ ᠶᠢᠨ ᠣᠩᠭᠤᠨ ᠪᠠᠶᠢᠭᠤᠯᠵᠦ ᠦᠭᠭᠦᠭᠰᠡᠨ ᠪᠦᠭᠡᠳ ᠣᠩᠭᠤᠨ ᠤ ᠵᠠᠷᠣᠴᠠ ︵ᠣᠩᠭᠤᠨ ᠪᠣᠭᠤᠯ︶ ᠰᠠᠬᠢᠵᠦ ᠪᠠᠶᠢᠵᠠᠢ᠃ ᠡᠳᠡᠭᠡᠷ ᠣᠩᠭᠤᠨ ᠤ ᠵᠠᠷᠣᠴᠠ ᠨᠠᠷ ᠤᠨ ᠪᠠᠭᠤᠴᠠ ᠨᠢ ᠭᠦᠩᠵᠦ ᠶᠢᠨ ᠨᠡᠷ᠎ᠡ ᠪᠠᠷ ᠨᠡᠷᠡᠯᠡᠭᠰᠡᠨ ᠠᠯᠢ ᠣᠯᠠᠨ ᠠᠶᠢᠯ ᠲᠣᠰᠬᠤᠨ ᠪᠣᠯᠵᠦ ᠪᠦᠷᠢᠯᠳᠦᠵᠡᠢ᠃ ᠠᠦᠬᠠᠨ ᠤ ᠸᠠᠩ ᠭᠦᠩ ᠢ ᠨᠦᠭᠴᠢᠭᠰᠡᠨ ᠤ ᠰᠡᠭᠦᠯᠡᠷ ᠨᠢ ᠪᠦᠷ ᠰᠢᠷᠣᠢ ᠪᠠᠷ ᠪᠣᠮᠪᠠᠯᠠᠵᠦ᠂ ᠣᠩᠭᠤᠨ ᠤ ᠵᠠᠷᠣᠴᠠ ᠪᠠᠷ ᠰᠠᠬᠢᠭᠤᠯᠳᠠᠭ ᠪᠠᠶᠢᠵᠠᠢ᠂ ᠢᠩᠭᠢᠭᠡᠳ ᠸᠠᠩ ᠤᠨ ᠣᠩᠭᠤᠨ ᠢᠶᠠᠷ ᠨᠡᠷᠡᠯᠡᠭᠰᠡᠨ ᠠᠶᠢᠯ ᠲᠣᠰᠬᠤᠨ ᠨᠤᠭᠤᠳ ᠪᠦᠷᠢᠯᠳᠦᠭᠰᠡᠨ ᠪᠠᠶᠢᠨ᠎ᠠ᠃ ᠣᠳᠣ ᠠᠦᠬᠠᠨ ᠬᠤᠰᠢᠭᠤᠨ ᠤ ᠬᠢᠵᠠᠭᠠᠷ ᠲᠣᠳᠣᠷ᠎ᠠ ᠸᠠᠩ ᠤᠨ ᠣᠩᠭᠤᠨ ᠭᠦᠩᠵᠦ ᠶᠢᠨ ᠪᠣᠯᠠᠰᠢ ᠲᠠᠢ ᠬᠤᠯᠪᠣᠭᠳᠠᠯ  ᠲᠠᠢ ᠨᠢ ᠭᠤᠣᠯᠳᠠᠭᠤ᠄ ᠮᠠᠨᠢᠬᠠᠨ ᠰᠢᠶᠠᠩ ᠳᠠᠬᠢ ᠭᠦᠩᠵᠦ ᠶᠢᠨ ᠪᠣᠯᠠᠰᠢ᠂ ᠣᠣᠯ ᠤᠨ ᠠᠭᠤᠯᠵᠠᠷ ᠰᠢᠶᠠᠩ ᠳᠠᠬᠢ ᠭᠦᠩᠵᠦ ᠶᠢᠨ ᠪᠣᠯᠠᠰᠢ᠂ ᠪᠡᠶᠢᠰᠡ ᠶᠢᠨ ᠬᠤᠷᠢᠶ᠎ᠠ ᠪᠠᠯᠭᠠᠰᠣ ᠶᠢᠨ ᠠᠷᠣ ᠶᠢᠨ ᠪᠣᠯᠠᠰᠢ᠂  ᠣᠣᠯ ᠤᠨ ᠰᠢᠨ ᠬᠤᠢ ᠰᠢᠶᠠᠩ ᠳᠠᠬᠢ ᠭᠡᠭᠡᠨ ᠢᠵᠠᠭᠤᠷ᠂ ᠰᠢᠨ᠎ᠡ ᠣᠪᠣᠬᠠᠢ ᠰᠢᠶᠠᠩ ᠳᠠᠬᠢ  ᠲᠠᠭᠠᠭᠠᠮᠠᠯ ᠤᠨ ᠪᠣᠯᠠᠰᠢ ᠵᠡᠷᠭᠡ ᠪᠣᠢ᠃      ᠲᠠᠪᠤ᠂ ᠲᠠᠶᠢᠵᠢ ᠶᠢᠨ ᠠᠶᠢᠯ ᠢᠶᠠᠷ ᠨᠡᠷᠡᠯᠡᠭᠰᠡᠨ ᠨᠢ      ᠴᠢᠩ ᠤᠨ ᠲᠦᠷᠦ ᠨᠢ᠂ ᠶᠣᠸᠠᠨ ᠣᠯᠣᠰ ᠤᠨ ᠲᠠᠶᠢᠽᠦ ᠴᠢᠩᠭᠢᠰ ᠬᠠᠭᠠᠨ ᠤ ᠦᠷ᠎ᠡ ᠬᠤᠶᠢᠴᠢᠰ ᠪᠦᠬᠦᠨ ᠢ ᠪᠦᠷ ᠲᠠᠶᠢᠵᠢ ᠡᠷᠭᠦᠮᠵᠢᠯᠡᠨ᠂ ᠵᠡᠷᠭᠡ ᠲᠡᠰ ᠢᠯᠭᠠᠵᠦ ᠹᠦᠩᠯᠦ ᠣᠯᠭᠤᠭᠰᠠᠨ ᠪᠠᠶᠢᠨ᠎ᠠ᠃ ᠠᠦᠬᠠᠨ ᠠᠶᠢᠮᠠᠭ  ᠨᠢ ᠴᠢᠩᠭᠢᠰ ᠬᠠᠭᠠᠨ ᠤ ᠭᠤᠣᠯ ᠣᠳᠣᠮ ᠤᠨ ᠬᠢ ᠪᠣᠯᠬᠤᠷ ᠲᠡᠭᠦᠨ ᠤ ᠸᠠᠩ ᠭᠦᠩ ᠤᠨ ᠬᠡᠦᠬᠡᠳ ᠲᠡᠭᠦᠦᠨᠡᠷ ᠨᠢ ᠪᠦᠷ ᠲᠠᠶᠢᠵᠢ ᠶᠤᠮ᠂ ᠡᠳᠡᠭᠡᠷ ᠲᠠᠶᠢᠵᠢ ᠨᠠᠷ ᠤᠨ ᠲᠣᠳᠣᠷᠠᠬᠢ ᠨᠡᠷ᠎ᠡ ᠲᠦᠷᠦ ᠲᠠᠢ ᠬᠦᠮᠦᠰ ᠤᠨ ᠣᠯᠠᠩᠭᠢ ᠨᠢ ᠦᠪᠡᠷ ᠢᠶᠠᠨ ᠬᠤᠷᠢᠶ᠎ᠠ ᠬᠠᠰᠢᠶ᠎ᠠ ᠪᠠᠶᠢᠭᠤᠯᠵᠦ ᠶᠡᠭᠡ ᠬᠡᠮᠵᠢᠶᠡᠨ ᠤ ᠭᠠᠵᠠᠷ ᠨᠣᠳᠤᠭ ᠡᠷᠬᠡᠰᠢᠶᠡᠵᠦ ᠪᠠᠶᠢᠵᠠᠢ᠃ ᠣᠯᠠᠨ ᠵᠢᠯ ᠤᠨ ᠲᠠᠷᠠᠭ᠎ᠠ᠂ ᠲᠡᠳᠡᠨᠡᠷ ᠨᠡᠭᠦᠳᠡᠯᠯᠡᠨ ᠶᠠᠪᠣᠭᠰᠠᠨ ᠤ ᠬᠤᠶᠢᠨ᠎ᠠ᠂ ᠬᠢᠳᠠᠳᠴᠣᠳ ᠠᠳᠡ ᠢᠷᠡᠵᠦ ᠠᠶᠢᠯ ᠲᠣᠰᠬᠤᠨ ᠪᠠᠶᠢᠭᠤᠯᠬᠤ ᠳᠤ ᠪᠠᠨ᠂ ᠣᠣᠯ ᠨᠢ ᠠᠳᠡ ᠲᠠᠶᠢᠵᠢ ᠨᠣᠳᠣᠭᠯᠠᠵᠦ ᠪᠠᠶᠢᠭᠰᠠᠨ ᠪᠣᠯᠬᠤᠷ ᠨᠢ ᠲᠠᠶᠢᠵᠢ ᠶᠢᠨ ᠠᠶᠢᠯ ᠭᠡᠬᠦ ᠪᠣᠯᠵᠠᠢ᠃ ᠣᠳᠣ ᠶᠢᠨ ᠠᠦᠬᠠᠨ ᠬᠤᠰᠢᠭᠤᠨ ᠤ ᠲᠣᠳᠣᠷᠠᠬᠢ ᠲᠠᠶᠢᠵᠢ ᠶᠢᠨ ᠠᠶᠢᠯ ᠳᠤ᠄ ᠮᠠᠨᠢᠬᠠᠨ ᠰᠢᠶᠠᠩ ᠳᠠᠬᠢ ᠡᠮᠦᠨ᠎ᠡ᠂ ᠬᠤᠶᠢᠨ᠎ᠡ ᠬᠤᠶᠠᠷ ᠲᠠᠶᠢᠵᠢ ᠶᠢᠨ ᠠᠶᠢᠯ᠂ ᠴᠠᠩ ᠱᠧᠩ ᠪᠠᠯᠭᠠᠰᠣᠨ ᠳᠠᠬᠢ ᠲᠠᠶᠢᠵᠢ ᠶᠢᠨ ᠠᠶᠢᠯ᠂ ᠬᠠᠰᠢᠶᠠᠳᠦ ᠰᠢᠶᠠᠩ ᠳᠠᠬᠢ ᠲᠠᠶᠢᠵᠢ ᠶᠢᠨ ᠠᠶᠢᠯ᠂ ᠬᠡᠷᠢᠶᠡᠳᠦ ᠰᠢᠶᠠᠩ ᠳᠠᠬᠢ ᠲᠠᠶᠢᠵᠢ ᠶᠢᠨ ᠬᠤᠷᠢᠶ᠎ᠠ ᠵᠡᠷᠭᠡ ᠪᠣᠢ᠃      ᠵᠢᠷᠭᠤᠭ᠎ᠠ᠂ ᠨᠣᠶᠠᠨ ᠤ ᠠᠶᠢᠯ ᠢᠶᠠᠷ ᠨᠡᠷᠡᠯᠡᠭᠰᠡᠨ ᠨᠢ      ᠲᠣᠬᠠᠢ ᠶᠢᠨ ᠦᠶ᠎ᠡ ᠶᠢᠨ ᠮᠣᠩᠭᠤᠯ ᠤᠨ ᠨᠡᠶᠢᠭᠡᠮ ᠤᠨ ᠪᠠᠶᠢᠭᠤᠯᠣᠯ ᠢ ᠮᠡᠳᠡᠳᠡᠭ ᠦᠭᠡᠢ ᠬᠢᠳᠠᠳᠴᠣᠳ ᠮᠣᠩᠭᠤᠯ ᠤᠨ ᠲᠠᠶᠢᠵᠢ ᠨᠠᠷ ᠢ ᠴᠦᠮ ᠨᠣᠶᠠᠨ ᠭᠡᠵᠦ ᠦᠵᠡᠳᠡᠭ ᠪᠠᠶᠢᠵᠠᠢ᠃ ᠲᠡᠶᠢᠮᠦ ᠠᠴᠠ᠂ ᠵᠠᠷᠢᠮ ᠲᠠᠶᠢᠵᠢ ᠶᠢᠨ ᠰᠠᠭᠤᠵᠦ ᠪᠠᠶᠢᠭᠰᠠᠨ ᠠᠶᠢᠯ ᠲᠣᠰᠬᠤᠨ ᠢ ᠪᠠᠰᠠ ᠨᠣᠶᠠᠨ ᠤ ᠠᠶᠢᠯ ᠭᠡᠳᠡᠭ᠂ ᠠᠬ᠎ᠠ ᠲᠡᠭᠦᠦ ᠬᠡᠳᠦᠭᠦᠯᠨ ᠶᠢᠨ ᠲᠣᠳᠣᠷᠠᠬᠢ ᠬᠡᠳᠦᠳᠦᠭᠡᠷ ᠨᠢ ᠪᠣᠯ ᠲᠡᠭᠦᠨ ᠢ ᠬᠡᠳᠦᠳᠦᠭᠡᠷ ᠨᠣᠶᠠᠨ ᠤ ᠠᠶᠢᠯ ᠭᠡᠳᠡᠭ ᠪᠠᠶᠢᠪᠠ᠃ ᠣᠳᠣ ᠠᠦᠬᠠᠨ ᠳᠤ ᠨᠣᠶᠠᠨ ᠠᠶᠢᠯ ᠠᠷᠪᠠᠨ ᠬᠡᠳᠦ ᠪᠣᠢ᠂ ᠭᠤᠣᠯ ᠪᠣᠯᠬᠤ ᠶᠢ ᠨᠢ ᠲᠣᠷᠠᠳᠪᠠᠯ ᠲᠣᠣᠷᠠᠬᠢ ᠮᠡᠳᠦ᠄ ᠶᠢᠨ ᠴᠠᠩ ᠭᠸᠦ ᠯᠢᠶᠠᠩ ᠪᠠᠯᠭᠠᠰᠣ ᠳᠠᠬᠢ ᠨᠣᠶᠠᠨ ᠠᠶᠢᠯ᠂ ᠮᠠᠨᠢᠬᠠᠨ ᠰᠢᠶᠠᠩ ᠳᠠᠬᠢ ᠶᠡᠭᠡ ᠨᠣᠶᠠᠨ ᠤ ᠠᠶᠢᠯ᠂ ᠣᠣᠯ ᠤᠨ ᠰᠢᠨ ᠳ᠋ᠢ ᠰᠢᠶᠠᠩ  ᠳᠠᠬᠢ ᠶᠡᠭᠡ ᠨᠣᠶᠠᠨ ᠤ ᠠᠶᠢᠯ᠂ ᠬᠤᠶᠠᠳᠣᠭᠠᠷ ᠨᠣᠶᠠᠨ ᠤ ᠠᠶᠢᠯ᠂  ᠭᠤᠷᠪᠠᠳᠣᠭᠠᠷ ᠨᠣᠶᠠᠨ ᠤ ᠠᠶᠢᠯ᠂ ᠣᠣᠯ ᠤᠨ ᠰᠢᠨ ᠬᠤᠢ ᠰᠢᠶᠠᠩ ᠳᠠᠬᠢ ᠮᠣᠯᠣᠨ ᠨᠣᠶᠠᠨ᠂ ᠪᠡᠶᠢᠰᠡ ᠶᠢᠨ ᠬᠤᠷᠢᠶ᠎ᠠ ᠪᠠᠯᠭᠠᠰᠣᠨ ᠳᠠᠬᠢ ᠲᠠᠪᠣᠳᠣᠭᠠᠷ ᠨᠣᠶᠠᠨ ᠤ ᠠᠶᠢᠯ᠂ ᠰᠢᠩ ᠯᠦᠩ ᠸᠠ ᠪᠠᠯᠭᠠᠰᠣᠨ ᠳᠠᠬᠢ ᠲᠠᠪᠣᠳᠣᠭᠠᠷ ᠨᠣᠶᠠᠨ ᠤ ᠠᠶᠢᠯ ᠵᠡᠷᠭᠡ ᠪᠣᠢ᠃      ᠲᠣᠯᠤᠭ᠎ᠠ᠂ ᠵᠠᠩᠭᠢ᠂ ᠮᠡᠶᠢᠷᠡᠨ᠂ ᠵᠠᠯᠠᠨ ᠢᠶᠠᠷ ᠨᠡᠷᠡᠯᠡᠭᠰᠡᠨ ᠨᠢ      ᠴᠢᠩ ᠣᠯᠣᠰ ᠤᠨ ᠦᠶ᠎ᠡ ᠳᠤ᠂ ᠮᠣᠩᠭᠤᠯ ᠤᠨ ᠡᠯ᠎ᠡ ᠠᠶᠢᠮᠠᠭ ᠲᠤ ᠵᠠᠰᠠᠭ ᠬᠤᠰᠢᠭᠤ ᠪᠠᠶᠢᠭᠤᠯᠵᠦ᠂ ᠡᠯ᠎ᠡ ᠬᠤᠰᠢᠭᠤ ᠵᠠᠰᠠᠭ ᠨᠢ ᠲᠣᠰᠠᠯᠠᠭᠴᠢ ᠲᠠᠶᠢᠵᠢ ᠬᠤᠶᠠᠷ ᠪᠣᠶᠣ ᠲᠦᠷᠪᠡᠨ ᠬᠦᠮᠦᠨ ᠲᠠᠯᠪᠢᠵᠦ ᠬᠤᠰᠢᠭᠤᠨ ᠤ ᠶᠠᠪᠣᠳᠠᠯ ᠳᠤ ᠬᠠᠪᠰᠣᠷᠣᠭᠤᠯᠵᠦ᠂ ᠵᠡᠭᠦᠨ ᠪᠠᠷᠠᠭᠤᠨ ᠬᠤᠶᠠᠷ ᠮᠡᠶᠢᠷᠡᠨ ᠲᠠᠯᠪᠢᠵᠦ᠂ ᠴᠡᠷᠢᠭ ᠤᠨ ᠶᠠᠪᠣᠳᠠᠯ ᠢ ᠬᠠᠮᠵᠢᠨ ᠬᠠᠮᠢᠶᠠᠷᠣᠭᠤᠯᠵᠦ᠂ ᠡᠳᠦᠢ ᠲᠡᠳᠦᠢ ᠵᠠᠯᠠᠨ ᠲᠠᠯᠪᠢᠵᠦ᠂ ᠰᠣᠮᠣᠨ ᠤ ᠶᠠᠪᠣᠳᠠᠯ ᠢ ᠬᠠᠮᠢᠶᠠᠷᠣᠭᠤᠯᠣᠨ᠂ ᠬᠤᠰᠢᠭᠤᠨ ᠳᠤ ᠪᠠᠰᠠ ᠬᠤᠰᠢᠭᠤᠨ ᠵᠠᠩᠭᠢ᠂ ᠲᠡᠳ᠋ ᠵᠠᠩᠭᠢ ᠵᠡᠷᠭᠡ ᠬᠠᠷᠢᠶᠠᠳᠣ ᠨᠣᠶᠠᠨ ᠲᠠᠯᠪᠢᠵᠦ᠂ ᠬᠤᠰᠢᠭᠤᠨ ᠵᠠᠰᠠᠭ ᠢ ᠬᠠᠮᠢᠶᠠᠷᠣᠭᠤᠯᠳᠠᠭ ᠪᠠᠶᠢᠵᠠᠢ᠃ ᠡᠳᠡᠭᠡᠷ ᠨᠣᠶᠠᠨ ᠲᠣᠰᠢᠶᠠᠯᠳᠠᠳ ᠨᠢ ᠪᠦᠷ ᠭᠡᠷ ᠬᠤᠷᠢᠶ᠎ᠠ ᠪᠠᠶᠢᠭᠤᠯᠣᠨ᠂ ᠪᠡᠯᠴᠢᠭᠡᠷ ᠨᠣᠳᠤᠭ ᠦᠮᠴᠢᠯᠡᠳᠡᠭ ᠠᠵᠠᠢ᠃ ᠲᠡᠭᠡᠬᠦᠯᠡᠷ ᠨᠢ ᠵᠠᠩᠭᠢ᠂ ᠮᠡᠶᠢᠷᠡᠨ᠂ ᠵᠠᠯᠠᠨ ᠵᠡᠷᠭᠡ ᠪᠠᠷ ᠨᠡᠷᠡᠯᠡᠭᠰᠡᠨ ᠠᠶᠢᠯ ᠲᠣᠰᠬᠤᠨ ᠠᠯᠢ ᠣᠯᠠᠨ ᠪᠣᠢ ᠪᠣᠯᠵᠠᠢ᠃      ᠵᠠᠩᠭᠢ ᠪᠠᠷ ᠨᠡᠷᠡᠯᠡᠭᠰᠡᠨ ᠠᠶᠢᠯ ᠳᠤ᠄ ᠹᠧᠩ ᠱᠸᠦ ᠰᠢᠶᠠᠩ ᠳᠠᠬᠢ ᠵᠠᠩᠭᠢ ᠶᠢᠨ ᠠᠶᠢᠯ᠂ ᠰᠠᠯᠪᠣᠷᠢ ᠰᠢᠶᠠᠩ ᠳᠠᠬᠢ ᠵᠠᠩᠭᠢ ᠶᠢᠨ ᠠᠶᠢᠯ᠂ ᠰᠢᠨ᠎ᠡ ᠣᠪᠣᠬᠠᠢ ᠰᠢᠶᠠᠩ ᠳᠠᠬᠢ ᠵᠠᠩᠭᠢ ᠶᠢᠨ ᠠᠶᠢᠯ ᠵᠡᠷᠭᠡ ᠪᠣᠢ᠃      ᠮᠡᠶᠢᠷᠡᠨ ᠢᠶᠠᠷ ᠨᠡᠷᠡᠯᠡᠭᠰᠡᠨ ᠠᠶᠢᠯ ᠳᠤ᠄ ᠮᠠᠨᠢᠬᠠᠨ ᠰᠢᠶᠠᠩ ᠳᠠᠬᠢ ᠮᠡᠶᠢᠷᠡᠨ ᠠᠶᠢᠯ᠂ ᠰᠢᠩ ᠯᠦᠩ ᠸᠠ ᠪᠠᠯᠭᠠᠰᠣᠨ ᠳᠠᠬᠢ ᠮᠡᠶᠢᠷᠡᠨ ᠣᠪᠣᠬᠠᠢ ᠵᠡᠷᠭᠡ ᠪᠣᠢ᠃      ᠵᠠᠯᠠᠨ ᠢᠶᠠᠷ ᠨᠡᠷᠡᠯᠡᠭᠰᠡᠨ ᠠᠶᠢᠯ ᠳᠤ᠄ ᠰᠢᠶ᠋ᠨ ᠸᠠ ᠪᠠᠯᠭᠠᠰᠣ ᠳᠠᠬᠢ ᠵᠠᠯᠠᠨ ᠠᠶᠢᠯ᠂ ᠣᠣᠯ ᠤᠨ ᠳ᠋ᠠ ᠳ᠋ᠢᠶᠠᠨᠽᠢ ᠰᠢᠶᠠᠩ ᠳᠠᠬᠢ ᠵᠠᠯᠠᠨ ᠠᠶᠢᠯ᠂ ᠮᠠᠨᠢᠬᠠᠨ ᠰᠢᠶᠠᠩ ᠳᠠᠬᠢ ᠵᠠᠯᠠᠨ ᠠᠶᠢᠯ᠂ ᠣᠣᠯ ᠤᠨ ᠺᠠᠩ ᠵᠢᠶ᠋ᠨ ᠶᠢᠩᠽᠢ ᠰᠢᠶᠠᠩ ᠳᠠᠬᠢ ᠵᠠᠯᠠᠨ ᠠᠶᠢᠯ ᠵᠡᠷᠭᠡ ᠪᠣᠢ᠃      ᠨᠠᠢᠮᠨ᠂ ᠣᠪᠣᠭ᠎ᠠ ᠪᠠᠷ ᠨᠡᠷᠡᠯᠡᠭᠰᠡᠨ ᠨᠢ      ᠣᠪᠣᠭ᠎ᠠ ᠪᠣᠯ ᠮᠣᠩᠭᠤᠯᠴᠣᠳ ᠤᠨ ᠲᠠᠶᠢᠯᠭ᠎ᠠ ᠲᠠᠬᠢᠯᠭ᠎ᠠ ᠶᠢᠨ ᠴᠢᠬᠤᠯᠨ ᠠᠴᠢᠶᠠᠯᠠᠪᠣᠷᠢ ᠪᠣᠯᠣᠨ᠎ᠠ᠂ ᠣᠪᠣᠭ᠎ᠠ ᠨᠢ ᠠᠭᠤᠯᠨ ᠲᠠᠢ ᠲᠦᠰᠦᠭᠡᠷᠬᠡᠦ ᠪᠠᠶᠢᠳᠠᠭ ᠪᠣᠯᠪᠠᠴᠣ ᠪᠠᠶᠢᠭᠠᠯᠢ ᠶᠢᠨ ᠠᠭᠤᠯᠨ ᠪᠣᠰᠣ᠂ ᠬᠠᠷᠢᠨ ᠮᠣᠩᠭᠤᠯᠴᠣᠳ ᠴᠢᠯᠠᠭᠤ ᠪᠣᠶᠣ ᠰᠢᠷᠣᠢ ᠪᠠᠷ ᠣᠪᠣᠭᠠᠯᠠᠵᠦ ᠭᠠᠷᠭᠠᠭᠰᠠᠨ ᠪᠣᠯᠬᠤᠷ ᠣᠪᠣᠭ᠎ᠠ ᠭᠡᠳᠡᠭ᠃ ᠠᠭᠤᠯᠠᠨ ᠣᠷᠣᠢ ᠪᠣᠶᠣ ᠲᠣᠪᠣᠴᠠᠭ ᠲᠡᠭᠡᠷ᠎ᠡ ᠪᠣᠰᠬᠠᠵᠦ᠂  ᠣᠷᠣᠢ ᠶᠢᠨ ᠬᠡᠰᠡᠭ ᠲᠤ ᠨᠢ ᠣᠳᠠ ᠮᠣᠳᠣᠨ ᠰᠠᠯᠠᠭ᠎ᠠ ᠬᠠᠳᠬᠤᠳᠠᠭ᠃ ᠡᠷᠳᠡᠨ ᠤ ᠮᠣᠩᠭᠤᠯᠴᠣᠳ ᠪᠣᠢ ᠪᠦᠬᠦᠢ ᠪᠣᠳᠠᠰ ᠢ ᠪᠦᠷ ᠰᠠᠬᠢᠭᠤᠯᠰᠣᠨ ᠢᠶᠠᠷ ᠦᠵᠡᠨ ᠰᠢᠳᠦᠳᠡᠭ  ᠠᠴᠠ ᠠᠭᠤᠯᠨ ᠭᠤᠣᠯ ᠪᠠ ᠡᠬᠡ ᠭᠠᠵᠠᠷ ᠤᠨ ᠪᠣᠰᠣᠳ ᠡᠯ᠎ᠡ ᠬᠡᠰᠡᠭ ᠪᠣᠶᠣ ᠡᠳᠡᠭᠡᠷ ᠬᠡᠰᠡᠭ ᠢ ᠵᠠᠬᠢᠷᠴᠦ ᠪᠦᠬᠦᠢ ᠰᠠᠬᠢᠭᠤᠯᠰᠣᠨ ᠢ ᠴᠣ᠋ ᠰᠢᠳᠦᠳᠡᠭ ᠰᠠᠨ᠃ ᠡᠶᠢᠮᠦᠷᠬᠦᠦ ᠲᠠᠷᠬᠠᠨ ᠣᠷᠣᠨ ᠢ ᠬᠠᠮᠳᠣ ᠶᠢᠨ ᠪᠠ ᠣᠨᠴᠠᠭᠠᠢ ᠭᠡᠬᠦ ᠬᠤᠶᠠᠷ ᠲᠦᠷᠦᠯ ᠳᠤ ᠬᠤᠪᠢᠶᠠᠵᠦ ᠪᠣᠯᠣᠨ᠎ᠠ᠂ ᠣᠨᠴᠠᠭᠠᠢ ᠲᠠᠷᠬᠠᠨ ᠣᠷᠣᠨ ᠭᠡᠳᠡᠭ ᠨᠢ ᠲᠠᠷᠣᠢ ᠣᠪᠣᠭ᠎ᠠ ᠪᠣᠯᠣᠨ᠎ᠠ᠃ ᠡᠶᠢᠮᠦᠷᠬᠦᠦ ᠲᠠᠷᠬᠠᠨ ᠣᠷᠣᠨ ᠨᠢ ᠮᠦᠨ ᠴᠣ᠋ ᠡᠯ᠎ᠡ ᠣᠪᠣᠭ ᠲᠦᠷᠦᠯ ᠤᠨ ᠬᠢᠨ ᠦᠪᠡᠷ ᠤᠨ ᠡᠵᠡᠮᠰᠢᠯ ᠭᠠᠵᠠᠷ  ᠲᠠᠭᠠᠨ ᠪᠠᠶᠢᠭᠤᠯᠣᠭᠰᠠᠨ ᠪᠠᠶᠢᠬᠤ ᠶᠤᠮ᠂ ᠮᠣᠩᠭᠤᠯᠴᠣᠳ ᠤᠨ ᠣᠪᠣᠭ᠎ᠠ ᠲᠠᠬᠢᠬᠤ ᠪᠠ ᠣᠪᠣᠭ᠎ᠠ ᠶᠢ ᠰᠢᠳᠦᠨ ᠲᠡᠭᠡᠳᠦᠯᠡᠳᠡᠭ ᠨᠢ ᠪᠠᠷᠤᠭ ᠡᠷᠳᠡᠨ ᠤ ᠲᠠᠷᠬᠠᠨ ᠠᠭᠤᠯᠨ ᠶᠢᠨ ᠲᠠᠬᠢᠯᠭ᠎ᠠ ᠠᠴᠠ ᠢᠷᠡᠯᠳᠡ ᠲᠠᠢ᠃     《 ᠮᠣᠩᠭᠤᠯ ᠤᠨ ᠨᠢᠭᠤᠴᠠ ᠲᠣᠪᠴᠢᠶᠠᠨ 》 ᠳᠤ᠄ ᠲᠡᠮᠦᠵᠢᠨ ᠢ ᠬᠡᠷᠦᠯᠦᠨ ᠮᠦᠷᠡᠨ ᠤ ᠡᠬᠢ ᠪᠦᠷᠬᠢ ᠡᠷᠬᠢ ᠳᠤ ᠬᠤᠳᠠ ᠪᠠᠭᠤᠭᠠᠳ ᠣᠳᠠᠭ᠎ᠠ ᠦᠭᠡᠢ ᠨᠢᠭᠡᠨ ᠦᠷᠯᠦᠭᠡ ᠰᠢᠷ᠎ᠠ ᠭᠡᠭᠡ ᠣᠷᠣᠵᠦ ᠦᠷ ᠴᠠᠶᠢᠵᠦ ᠪᠠᠶᠢᠬᠤ  ᠳᠤ᠂ ᠮᠡᠷᠭᠢᠳᠴᠦᠳ ᠦᠭᠡᠯᠦᠨ ᠡᠬᠡ ᠶᠢ ᠴᠢᠯᠡᠳᠦ ᠠᠴᠠ ᠪᠣᠯᠢᠶᠠᠵᠦ ᠠᠪᠣᠭᠰᠠᠨ ᠦᠰᠢᠶ᠎ᠡ ᠶᠢ ᠠᠪᠬᠤ ᠪᠠᠷ ᠢᠷᠡᠭᠰᠡᠨ  ᠳᠤ ᠲᠡᠮᠢᠵᠢᠨ ᠪᠣᠷᠬᠠᠨ ᠬᠠᠯᠳᠣᠨ᠎ᠠ ᠨᠢᠭᠤᠭᠳᠠᠵᠦ᠂ ᠮᠡᠷᠭᠢᠳᠴᠣᠳ ᠪᠣᠷᠬᠠᠨ ᠬᠠᠯᠳᠣᠨ ᠢ ᠭᠤᠷᠪᠠᠨᠳᠠ ᠲᠣᠭᠤᠷᠢᠪᠠᠴᠣ ᠣᠯᠣᠭᠰᠠᠨ ᠦᠭᠡᠢ᠃ ᠮᠡᠷᠭᠢᠳ ᠤᠳ ᠦᠨᠡᠨ ᠬᠤᠯᠨ ᠶᠠᠪᠣᠭᠰᠠᠨ ᠤ ᠬᠤᠶᠢᠨ᠎ᠠ ᠲᠡᠮᠦᠵᠢᠨ ᠰᠠᠶ᠋ᠢ ᠪᠣᠷᠬᠠᠨ ᠬᠠᠯᠳᠣᠨ ᠲᠡᠭᠡᠷ᠎ᠡ ᠠᠴᠠ ᠪᠠᠭᠤᠵᠦ ᠡᠪᠴᠢᠭᠦᠦ ᠪᠠᠨ ᠲᠡᠯᠡᠳᠴᠦ ᠦᠭᠦᠯᠡᠷᠦᠨ     《 ᠰᠣᠯᠣᠩᠭ᠎ᠠ ᠮᠡᠳᠦ ᠰᠣᠨᠣᠰᠬᠤ       ᠰᠣᠨᠣᠷ ᠬᠤᠸᠠᠭᠴᠢᠨ ᠤ ᠠᠴᠢ ᠪᠠᠷ       ᠦᠨ᠎ᠡ ᠮᠡᠳᠦ ᠦᠵᠡᠬᠦ       ᠡᠬᠡ ᠬᠤᠸᠠᠭᠴᠢᠨ ᠤ ᠲᠣᠰᠨ ᠪᠠᠷ       ᠪᠣᠬᠢᠷ᠎ᠠ ᠮᠣᠷᠢ ᠣᠨᠣᠵᠦ       ᠪᠣᠭᠤ ᠶᠢᠨ ᠵᠠᠮ ᠢᠶᠠᠷ ᠣᠷᠣᠵᠦ       ᠪᠣᠳᠠ ᠪᠡᠶ᠎ᠡ ᠪᠠᠷ ᠪᠣᠷᠣᠭᠤᠯᠠᠪᠠ᠃       ᠪᠣᠷᠭᠠᠰᠣᠨ ᠭᠡᠷ ᠪᠠᠷᠢᠵᠦ       ᠪᠣᠷᠬᠠᠨ ᠬᠠᠯᠳᠣᠨ ᠳᠤ ᠬᠤᠷᠭᠤᠳᠠᠵᠦ       ᠪᠦᠭᠡᠰᠦᠨ ᠲᠡᠳᠦᠢ ᠠᠮᠢ ᠪᠠᠨ       ᠪᠣᠯᠵᠢᠭᠤᠯᠳᠠ ᠠᠪᠣᠷᠠᠪᠠ᠃       ᠬᠠᠶᠢᠳᠠᠭ ᠮᠣᠷᠢ ᠣᠨᠣᠵᠦ       ᠬᠠᠨᠳᠠᠭᠠᠢ ᠶᠢᠨ ᠮᠦᠷ ᠢᠶᠠᠷ ᠣᠷᠣᠵᠦ       ᠭᠠᠭᠴᠠᠬᠠᠨ ᠠᠮᠢ ᠪᠠᠨ ᠬᠠᠮᠠᠭᠠᠯᠠᠪᠠ᠃       ᠬᠠᠯᠬᠠᠰᠣᠨ ᠭᠡᠷ ᠪᠠᠷᠢᠵᠦ       ᠬᠠᠯᠳᠣᠨ ᠠᠭᠤᠯᠠᠨ ᠳᠤ ᠨᠢᠭᠤᠭᠳᠠᠵᠦ       ᠬᠠᠷᠢᠶᠠᠭᠴᠠᠢ ᠶᠢᠨ ᠲᠡᠳᠦᠢ ᠠᠮᠢ ᠪᠠᠨ       ᠬᠠᠯᠬᠠᠯᠠᠨ ᠭᠠᠷᠪᠠ᠃       ᠮᠠᠰᠢ ᠠᠶᠣᠵᠦ       ᠶᠡᠭᠡ ᠰᠠᠨᠳᠣᠷᠪᠠ᠃       ᠪᠣᠷᠬᠠᠨ ᠬᠠᠯᠳᠣᠨ ᠠᠭᠤᠯᠨ ᠶᠢ       ᠦᠷᠯᠦᠭᠡ ᠪᠦᠷᠢ ᠮᠢᠯᠢᠶᠡᠶ᠎ᠡ       ᠡᠳᠦᠷ ᠪᠦᠷᠢ ᠦᠴᠢᠶ᠎ᠡ       ᠦᠶ᠎ᠡ ᠶᠢᠨ ᠦᠶ᠎ᠡ ᠳᠡᠭᠡᠨ       ᠦᠨᠢᠳᠡ ᠲᠠᠬᠢᠶ᠎ᠠ 》 ᠬᠡᠮᠡᠨ ᠪᠦᠰᠡ ᠪᠠᠨ ᠬᠦᠵᠦᠭᠦᠨ ᠳᠡᠭᠡᠨ ᠡᠭᠡᠯᠳᠦᠷᠭᠡᠯᠡᠵᠦ᠂ ᠮᠠᠯᠠᠭᠠᠢ ᠪᠠᠨ ᠭᠠᠷ ᠲᠠᠭᠠᠨ ᠰᠡᠭᠡᠯᠳᠦᠷᠭᠡᠯᠡᠵᠦ᠂ ᠭᠠᠷ ᠢᠶᠠᠷ ᠢᠶᠠᠨ  ᠡᠪᠴᠢᠭᠦᠦ ᠪᠠᠨ ᠲᠠᠷᠣᠵᠦ᠂  ᠨᠠᠷᠠᠨ ᠦᠭᠡᠳᠡ ᠬᠠᠨᠳᠣᠨ ᠰᠦᠭᠦᠳᠴᠦ᠂ ᠶᠢᠰᠦᠨᠳᠡ ᠮᠦᠷᠭᠦᠵᠦ᠂ ᠰᠡᠷᠵᠢᠮ ᠡᠷᠭᠦᠵᠦ᠂ ᠵᠠᠯᠪᠠᠷᠢᠨ ᠲᠠᠭᠠᠳᠬᠠᠪᠠ᠃ ᠶᠣᠸᠠᠨ ᠣᠯᠣᠰ ᠤᠨ ᠦᠶ᠎ᠡ  ᠳᠤ ᠬᠤᠪᠢᠯᠠᠢ ᠬᠠᠭᠠᠨ ᠴᠠᠭᠠᠵᠠ ᠲᠠᠷᠬᠠᠭᠠᠨ᠂ ᠬᠠᠭᠠᠳ ᠡᠵᠡᠳ ᠪᠠ ᠣᠯᠠᠨ ᠸᠠᠩ ᠨᠠᠷ ᠵᠢᠯ ᠪᠦᠷᠢ ᠡᠷᠬᠡᠪᠰᠢ ᠠᠭᠤᠯᠨ ᠨᠢᠷᠣᠭᠤ ᠭᠤᠣᠯ ᠮᠦᠷᠡᠨ ᠨᠦᠭᠦᠳ ᠢ ᠲᠠᠬᠢᠬᠤ ᠬᠡᠷᠡᠭᠳᠡᠢ ᠭᠡᠵᠦ ᠲᠣᠭᠳᠠᠭᠠᠭᠰᠠᠨ ᠪᠠᠶᠢᠨ᠎ᠠ᠃    《 ᠲᠠᠶᠢᠴᠢᠩ ᠭᠦᠷᠦᠨ ᠤ ᠴᠢᠬᠤᠯᠨ ᠬᠡᠷᠡᠭ ᠤᠨ ᠵᠢᠱᠢᠶ᠎ᠡ 》᠂《 ᠬᠠᠷᠢ ᠶᠢ ᠵᠠᠰᠠᠬᠤ ᠶᠠᠮᠣᠨ· ᠬᠢᠵᠠᠭᠠᠷ ᠢ ᠵᠠᠰᠠᠬᠤᠢ 》 ᠳᠤ ᠲᠡᠮᠳᠡᠭᠯᠡᠭᠰᠡᠨ ᠨᠢ᠄《 ᠨᠡᠭᠦᠳᠡᠯᠯᠡᠨ ᠮᠠᠯᠵᠢᠬᠤ ᠵᠠᠭᠠᠭ ᠨᠡᠶᠢᠯᠡᠬᠦ ᠭᠠᠵᠠᠷ ᠲᠤ᠂ ᠠᠭᠤᠯᠨ ᠭᠤᠣᠯ ᠦᠭᠡᠢ ᠪᠦᠭᠡᠳ ᠢᠯᠭᠡᠨ ᠲᠠᠨᠢᠵᠦ ᠴᠢᠳᠠᠬᠤ ᠠᠨᠦ᠂ ᠴᠢᠯᠠᠭᠤ ᠪᠠᠷ ᠲᠡᠮᠳᠡᠭ ᠪᠣᠯᠭᠠᠭᠰᠠᠨ ᠤ ᠣᠴᠢᠷ ᠪᠣᠯᠠᠢ᠂ ᠨᠡᠷ᠎ᠡ ᠶᠢ  ︿ᠣᠪᠣᠭ᠎ᠠ﹀ ᠬᠡᠮᠡᠮᠣᠢ 》 ᠭᠡᠰᠡᠨ ᠪᠠᠶᠢᠳᠠᠭ᠃      ᠣᠪᠣᠭ᠎ᠠ ᠨᠢ ᠬᠠᠮᠤᠭ ᠠᠩᠬᠠᠨ ᠳᠤ ᠪᠠᠨ ᠵᠠᠮ ᠪᠠ ᠬᠢᠯᠢ ᠵᠠᠭᠠᠭ ᠤᠨ ᠲᠡᠮᠳᠡᠭ ᠪᠠᠶᠢᠵᠦ᠂ ᠵᠠᠮ ᠵᠢᠭᠠᠬᠤ ᠂ ᠵᠦᠭ ᠴᠢᠭ ᠢᠯᠭᠠᠬᠤ ᠪᠠ ᠵᠠᠰᠠᠭ ᠵᠠᠬᠢᠷᠭᠠᠨ ᠤ ᠬᠢᠯᠢ ᠵᠠᠭᠠᠭ ᠤᠨ ᠦᠢᠯᠡᠳᠦᠯ ᠲᠠᠢ ᠪᠠᠶᠢᠵᠠᠢ᠃ ᠬᠦᠮᠦᠰ ᠬᠤᠯᠨ ᠠᠶᠠᠨ ᠳᠤ ᠮᠣᠷᠳᠠᠬᠤ   ᠳᠠᠭᠠᠨ ᠣᠪᠣᠭ᠎ᠠ ᠶᠢᠨ ᠬᠠᠵᠠᠭᠤ ᠪᠠᠷ ᠦᠩᠭᠡᠷᠡᠬᠦ  ᠪᠦᠷᠢ ᠮᠣᠷᠢᠨ ᠠᠴᠠ ᠪᠠᠨ ᠪᠠᠭᠤᠵᠦ ᠣᠪᠣᠭ᠎ᠠ ᠵᠦᠭ ᠬᠠᠨᠳᠣᠨ ᠮᠦᠷᠭᠦᠵᠦ ᠠᠮᠣᠷ ᠲᠠᠶᠢᠪᠣᠩ ᠪᠠᠶᠢᠬᠤ ᠶᠢ ᠲᠠᠭᠠᠳᠬᠠᠨ ᠵᠠᠯᠪᠠᠷᠢᠳᠠᠭ᠃ ᠪᠠᠰᠠ ᠣᠪᠣᠭ᠎ᠠ ᠲᠡᠭᠡᠷ᠎ᠡ ᠴᠢᠯᠠᠭᠤ ᠪᠣᠶᠣ ᠰᠢᠷᠣᠢ ᠨᠡᠮᠡᠭᠡᠳ ᠰᠠᠶ᠋ᠢ ᠮᠣᠷᠳᠠᠳᠠᠭ᠃ ᠵᠢᠯ ᠪᠦᠷᠢ ᠨᠢᠭᠡ ᠣᠳᠠᠭ᠎ᠠ ᠣᠪᠣᠭᠠᠨ ᠲᠠᠬᠢᠯᠭ᠎ᠠ  ᠶᠢᠨ ᠴᠢᠭᠤᠯᠭᠠᠨ ᠴᠢᠭᠤᠯᠳᠠᠭ ᠵᠠᠩᠰᠢᠯ ᠲᠠᠢ᠂ ᠲᠠᠬᠢᠯᠭ᠎ᠠ ᠨᠢ ᠶᠡᠷᠦ ᠳᠤ ᠪᠠᠨ ᠪᠢᠯᠢᠭ ᠤᠨ ᠣᠯᠠᠷᠢᠯ ᠤᠨ ᠲᠠᠪᠣᠨ ᠰᠠᠷ᠎ᠠ ᠶᠢᠨ ᠲᠣᠮᠳᠠᠴᠢ ᠪᠠᠷ ᠶᠠᠪᠣᠭᠳᠠᠳᠠᠭ ᠪᠠᠶᠢᠵᠠᠢ᠃      ᠣᠪᠣᠭ᠎ᠠ ᠪᠠᠷ ᠨᠡᠷᠡᠯᠡᠭᠰᠡᠨ ᠠᠶᠢᠯ᠄ ᠭᠤᠷᠪᠠᠨᠬᠤᠸᠠ ᠰᠢᠶᠠᠩ ᠳᠠᠬᠢ ᠣᠪᠣᠭᠠᠳᠠᠢ᠂ ᠮᠠᠨᠢᠬᠠᠨ ᠰᠢᠶᠠᠩ  ᠳᠠᠬᠢ ᠣᠪᠣᠭᠠᠳᠣ᠂ ᠨᠦᠬᠡᠳᠦ ᠰᠢᠶᠠᠩ ᠳᠠᠬᠢ ᠣᠪᠣᠭ᠎ᠠ᠂ ᠰᠢᠶ᠋ᠨ ᠸᠠ ᠪᠠᠯᠭᠠᠰᠣ ᠳᠠᠬᠢ ᠣᠪᠣᠭᠠᠳᠣ᠂ ᠪᠡᠶᠢᠰᠡ ᠶᠢᠨ ᠬᠤᠷᠢᠶ᠎ᠠ ᠪᠠᠯᠭᠠᠰᠣ ᠳᠠᠬᠢ ᠣᠪᠣᠭ᠎ᠠ᠂ ᠣᠣᠯ ᠤᠨ ᠸᠠᠩ ᠵᠢᠶ᠋ᠨ ᠶᠢᠩᠽᠢ ᠰᠢᠶᠠᠩ ᠳᠠᠬᠢ ᠣᠪᠣᠭ᠎ᠠ ᠵᠡᠷᠭᠡ᠃      ᠶᠢᠰᠦ᠂ ᠴᠢᠩ ᠣᠯᠣᠰ ᠤᠨ ᠬᠠᠭᠠᠨ ᠵᠡᠬᠦᠨᠰᠢ ᠴᠠᠭᠳᠠᠨ ᠵᠣᠭᠠᠴᠠᠭᠰᠠᠨ ᠬᠠᠭᠤᠴᠢ ᠦᠯᠡᠳᠡᠭᠳᠡᠯ ᠢᠶᠠᠷ ᠨᠡᠷᠡᠯᠡᠭᠰᠡᠨ ᠨᠢ      ᠴᠢᠩ ᠣᠯᠣᠰ ᠤᠨ ᠬᠠᠭᠠᠨ ᠬᠡᠳᠦᠨᠳᠡ ᠵᠡᠭᠦᠨᠰᠢ  ᠴᠠᠭᠳᠠᠨ ᠪᠠᠶᠢᠴᠠᠭᠠᠵᠠᠢ᠃ ᠠᠦᠬᠠᠨ ᠨᠢ ᠪᠡᠭᠡᠵᠢᠩ  ᠠᠴᠠ ᠱᠧᠩᠵᠢᠩ ︵ᠮᠦᠭᠳᠡᠨ︶ ᠬᠦᠷᠬᠦ ᠵᠠᠮ ᠲᠡᠭᠡᠷ᠎ᠡ ᠪᠠᠶᠢᠳᠠᠭ ᠪᠣᠯᠬᠤᠷ᠂ ᠪᠡᠭᠡᠵᠢᠩ ᠠᠴᠠ ᠮᠦᠭᠳᠡᠨ ᠬᠦᠷᠬᠦ ᠴᠢᠩ  ᠤᠨ ᠬᠠᠭᠠᠳ ᠣᠯᠠᠩᠭᠢ ᠳᠠᠭᠠᠨ ᠠᠦᠬᠠᠨ ᠢᠶᠠᠷ ᠦᠩᠭᠡᠷᠡᠬᠦ ᠪᠦᠭᠡᠳ ᠠᠦᠬᠠᠨ ᠤ ᠸᠠᠩ ᠤᠨ ᠬᠤᠷᠢᠶ᠎ᠠ ᠦᠷᠳᠡᠭᠡ ᠪᠠᠷ ᠪᠠᠭᠤᠳᠠᠯᠯᠠᠳᠠᠭ ᠪᠠᠶᠢᠵᠠᠢ᠃ ᠲᠡᠭᠡᠭᠡᠳ ᠴᠢᠩ ᠣᠯᠣᠰ ᠤᠨ ᠬᠠᠭᠠᠳ ‍ᠣᠨ‌‍ᠶᠠᠪᠣᠭᠰᠠᠨ ᠦᠯᠡᠳᠡᠭᠳᠡᠯ ᠪᠣᠶᠣ ᠦᠯᠢᠭᠡᠷ ᠲᠣᠮᠤᠭ ᠢᠶᠠᠷ ᠨᠡᠷᠡᠯᠡᠭᠰᠡᠨ ᠠᠶᠢᠯ ᠲᠣᠰᠬᠤᠨ ᠠᠯᠢ ᠣᠯᠠᠨ ᠭᠠᠷᠴᠠᠢ᠃ ᠡᠩᠭᠡ ᠠᠮᠣᠭᠤᠯᠠᠩ᠂ ᠲᠡᠭᠷᠢ ᠲᠡᠳᠭᠦᠭᠴᠢ ᠬᠤᠶᠠᠷ ᠬᠠᠭᠠᠨ ᠠᠦᠬᠠᠨ ᠢᠶᠠᠷ ᠬᠡᠳᠦᠨᠳᠡ ᠦᠩᠭᠡᠷᠡᠭᠰᠡᠨ ᠪᠣᠯᠬᠤᠷ ᠡᠶᠢᠮᠦᠷᠬᠦᠦ ᠲᠦᠷᠦᠯ ᠤᠨ ᠠᠶᠢᠯ ᠲᠣᠰᠬᠤᠨ ᠤ ᠣᠯᠠᠩᠭᠢ ᠨᠢ ᠡᠩᠭᠡ ᠠᠮᠣᠭᠤᠯᠠᠩ᠂ ᠲᠡᠭᠷᠢ ᠲᠡᠳᠭᠦᠭᠴᠢ ᠲᠠᠢ ᠬᠤᠯᠪᠣᠭᠳᠠᠯ ᠲᠠᠢ ᠪᠠᠶᠢᠳᠠᠭ᠃ ᠵᠢᠱᠢᠶᠡᠯᠡᠪᠡᠯ᠄ ᠬᠠᠰᠢᠶᠠᠳᠣ᠂ ᠲᠠᠪᠢᠨ ᠭᠡᠷ᠂ ᠬᠠᠪᠢᠷᠭ᠎ᠠ᠂ ᠭᠤᠴᠢᠨ ᠭᠡᠷ ᠭᠡᠬᠦ ᠮᠡᠳᠦ᠃      ᠠᠷᠪᠠ᠂ ᠸᠠᠩ ᠤᠨ ᠬᠤᠷᠢᠶ᠎ᠠ ᠶᠢᠨ ᠭᠠᠵᠠᠷ ᠰᠢᠷᠣᠢ ᠠᠭᠤᠯᠨ ᠮᠣᠳᠣ ᠪᠠᠷ ᠨᠡᠷᠡᠯᠡᠭᠰᠡᠨ ᠨᠢ      ᠭᠠᠵᠠᠷ ᠰᠢᠷᠣᠢ ᠠᠭᠤᠯᠨ ᠰᠢᠭᠤᠢ ᠨᠢ ᠦᠩᠭᠡᠷᠡᠭᠰᠡᠨ ᠳᠤ ᠪᠦᠷ ᠠᠦᠬᠠᠨ ᠤ ᠸᠠᠩ ᠭᠦᠩ ᠤᠨ ᠬᠤᠪᠢ  ᠶᠢᠨ ᠡᠵᠡᠮᠰᠢᠯ ᠳᠤ ᠪᠠᠶᠢᠵᠠᠢ ᠡᠭᠦᠨ ᠠᠴᠠ ᠪᠣᠯᠵᠦ ᠪᠣᠢ ᠪᠣᠯᠣᠭᠰᠠᠨ ᠠᠶᠢᠯ ᠲᠣᠰᠬᠤᠨ ᠤ ᠨᠡᠷ᠎ᠡ ᠨᠢ ᠪᠦᠷ ᠠᠦᠬᠠᠨ ᠸᠠᠩ ᠤᠨ ᠬᠤᠷᠢᠶ᠎ᠠ ᠲᠠᠢ ᠬᠤᠯᠪᠣᠭᠳᠠᠯ ᠲᠠᠢ᠄ ᠪᠢᠴᠢᠭᠳᠦ᠂ ᠵᠠᠬ᠎ᠠ ᠶᠢᠨ ᠭᠠᠳᠠᠨᠠᠬᠢ ᠠᠶᠢᠯ᠂ ᠨᠣᠭᠤᠭ᠎ᠠ ᠶᠢᠨ ᠬᠠᠰᠢᠶ᠎ᠠ ᠂ ᠵᠡᠭᠦᠨ ᠬᠦᠮᠦᠷᠭᠡ᠂ ᠪᠠᠷᠠᠭᠤᠨ ᠬᠦᠮᠦᠷᠭᠡ᠂ ᠸᠠᠩ ᠤᠨ ᠭᠠᠵᠠᠷ᠂ ᠭᠦᠩ ᠤᠨ ᠭᠠᠵᠠᠷ᠂ ᠵᠠᠯᠠᠨ ᠤ ᠭᠠᠵᠠᠷ᠂ ᠮᠣᠷᠢ ᠰᠢᠯᠭᠠᠬᠤ ᠭᠤᠣ᠂ ᠬᠤᠩ ᠨᠢᠶᠠᠩ ᠭᠸᠦ ᠭᠡᠬᠦ ᠮᠡᠳᠦ᠃      ᠠᠷᠪᠠᠨ ᠨᠢᠭᠡ᠂ ᠸᠠᠩ ᠨᠣᠶᠠᠨ ᠤ ᠭᠠᠵᠠᠷ ᠰᠢᠷᠣᠢ ᠶᠢ ᠲᠦᠷᠢᠶᠡᠰᠦᠯᠡᠨ ᠲᠠᠷᠢᠳᠠᠭ ᠢᠶᠠᠷ ᠨᠡᠷᠡᠯᠡᠭᠰᠡᠨ ᠨᠢ      ᠴᠢᠩ ᠣᠯᠣᠰ ᠤᠨ ᠡᠩᠭᠡ ᠠᠮᠣᠭᠤᠯᠠᠩ᠂ ᠲᠡᠭᠷᠢ ᠲᠡᠳᠭᠦᠭᠴᠢ ᠠᠴᠠ ᠰᠡᠭᠦᠯᠡᠷ᠂ ᠴᠢᠩ ᠤᠨ ᠲᠦᠷᠦ  ᠨᠢ ᠭᠠᠵᠠᠷ ᠵᠢᠭᠡᠯᠡᠨ ᠢᠷᠭᠡᠨ ᠢ ᠲᠡᠵᠢᠭᠡᠬᠦ ᠪᠠ ᠢᠷᠭᠡᠳ ᠢ ᠨᠡᠭᠦᠯᠭᠡᠨ ᠬᠢᠵᠠᠭᠠᠷ ᠢ ᠲᠦᠭᠦᠷᠭᠡᠬᠦ ᠲᠦᠷᠦ ᠶᠢᠨ ᠪᠣᠳᠣᠯᠭ᠎ᠠ ᠶᠢ ᠬᠡᠷᠡᠭᠵᠢᠭᠦᠯᠦᠨ᠂ ᠬᠢᠳᠡᠳ ᠬᠦᠮᠦᠨ ᠸᠠᠩ ᠨᠣᠶᠠᠨ ᠤ ᠭᠠᠵᠠᠷ ᠢ ᠲᠦᠷᠢᠶᠡᠰᠦᠯᠡᠨ ᠲᠠᠷᠢᠵᠦ᠂ ᠠᠶᠢᠯ ᠲᠣᠰᠬᠤᠨ ᠪᠦᠷᠢᠯᠳᠦᠭᠦᠯᠦᠨ ᠰᠠᠭᠤᠷᠢᠰᠢᠵᠠᠢ᠂ ᠲᠡᠭᠡᠭᠡᠳ ᠪᠠᠰᠠ ᠨᠢᠭᠡᠨ ᠪᠦᠯᠦᠭ ᠲᠦᠷᠢᠶᠡᠰᠦᠯᠡᠬᠦ ᠬᠦᠴᠦ ᠶᠠᠪᠣᠬᠤ ᠬᠠᠷᠢᠴᠠᠭ᠎ᠠ ᠶᠢ ᠲᠣᠰᠬᠠᠭᠰᠠᠨ ᠠᠶᠢᠯ ᠲᠣᠰᠬᠤᠨ ᠤ ᠨᠡᠷ᠎ᠡ ᠪᠣᠢ ᠪᠣᠯᠵᠠᠢ᠄ ᠠᠷᠪᠠᠨ ᠬᠤᠶᠠᠷ ᠪᠦᠯᠦᠭ ︵ᠱᠣᠸᠠᠩ ᠵᠢᠩ ᠲᠣᠰᠬᠤᠨ ᠤ ᠬᠠᠭᠤᠴᠢᠨ ᠨᠡᠷᠡᠶᠢᠳᠦᠯ︶᠂ ᠠᠷᠪᠠᠨ ᠶᠡᠭᠡ ᠬᠤᠪᠢᠳᠦ᠂ ᠵᠢᠦ ᠯᠦᠩ ᠳ᠋ᠦᠨ᠂ ᠯᠠᠨᠳᠣᠣ ᠶᠢᠩᠽᠢ ︵ᠲᠠᠭᠠᠭᠠᠴᠢᠯᠠᠭᠴᠢ︶᠂ ᠬᠠᠪᠰᠣᠷᠤᠭ᠎ᠠ ᠵᠠᠷᠣᠴᠠ ᠶᠢᠨ ᠭᠠᠵᠠᠷ ᠭᠡᠬᠦ ᠮᠡᠳᠦ᠃      ᠲᠡᠭᠡᠷᠡᠬᠢ ᠲᠠᠶᠢᠯᠪᠣᠷᠢᠯᠠᠯᠳᠠ ᠳᠤ ᠡᠪ ᠬᠠᠪᠤ ᠦᠭᠡᠢ ᠵᠦᠢᠯ ᠪᠠᠶᠢᠪᠠᠯ ᠵᠢᠭᠠᠨ ᠵᠠᠯᠠᠷᠠᠭᠤᠯᠵᠦ ᠦᠭᠬᠦ ᠶᠢ ᠴᠢᠩ ᠰᠡᠳᠬᠢᠯ ᠠᠴᠠ ᠪᠠᠨ ᠬᠦᠰᠡᠵᠦ ᠪᠠᠶᠢᠨ᠎ᠠ᠃   ᠵᠣᠬᠢᠶᠠᠭᠴᠢ᠄ ᠪᠣᠣ ᠶᠨ ᠵᠢᠶᠦ᠋ᠨ ︵ᠠᠥᠬᠠᠨ ᠬᠤᠰᠢᠭᠤᠨ ᠤ ᠦᠨᠳᠦᠰᠦᠳᠡᠨ ᠱᠠᠰᠢᠨ ᠰᠣᠷᠳᠠᠬᠤᠨ ᠤ ᠲᠣᠪᠴᠢᠶ᠎ᠠ︶
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备12002332号