ᠲᠡᠮᠤᠵᠢᠨ ᠤ ᠤᠪᠤᠭ ᠢᠵᠠᠭᠤᠷ ᠤᠨ ᠲᠤᠬᠠᠢ
ᠨᠡᠶᠢᠲᠡᠯᠡᠭᠰᠡᠨ ᠴᠠᠭ᠄
2015/9/11
     ᠮᠤᠩᠭᠤᠯ ᠤᠨ ᠲᠡᠤᠭᠡ ᠰᠤᠳᠤᠯᠤᠯ ᠡᠬᠢᠯᠡᠭᠰᠡᠨ ᠠᠴᠠ ᠠᠪᠤᠭᠠᠳ ᠮᠤᠩᠭᠤᠯ ᠠᠶᠢᠮᠠᠭ ᠤᠨ ᠡᠭᠦᠰᠤᠯ ᠭᠠᠷᠤᠯ᠂  ᠤᠭ ᠱᠠᠭ ᠤᠨ ᠲᠤᠬᠠᠢ ᠤᠯᠠᠨ ᠠᠷᠪᠢᠨ ᠶᠠᠷᠢᠶ᠎ᠡ ᠬᠡᠯᠡᠯᠴᠡᠭᠡ ᠡᠭᠦᠰᠴᠤ᠂ ᠠᠳᠠᠯᠢ ᠪᠤᠰᠤ ᠰᠠᠨᠠᠯ ᠤᠨ ᠢᠶᠠᠨ ᠬᠤᠪᠢ  ᠳᠤ᠂  ᠦᠪᠡᠷ ᠦᠪᠡᠷ ᠤᠨ ᠢᠶᠠᠨ ᠦᠵᠡᠯᠳᠡ ᠪᠠᠨ ᠪᠠᠷᠢᠮᠳᠠᠯᠠᠬᠰᠠᠭᠠᠷ ᠢᠷᠡᠪᠡ᠃ ᠲᠤᠳᠤᠷᠬᠠᠢ ᠨᠢ ᠬᠡᠪᠡᠯ᠂ ᠮᠤᠩᠭᠤᠯ ᠭᠡᠳᠡᠭ ᠨᠡᠷ᠎ᠡ ᠠᠯᠢ ᠡᠷᠳᠡ ᠲᠠᠩ ᠤᠯᠤᠰ ᠤᠨ ᠦᠶ᠎ᠡ ᠳᠤ ᠲᠤᠳᠤᠷ᠎ᠠ ᠭᠠᠵᠠᠷ ᠤᠨ ᠬᠦᠮᠤᠰ ᠲᠤ ᠮᠡᠳᠡᠭᠳᠡᠵᠤ᠂ ᠬᠢᠳᠡᠳ ᠰᠤᠳᠤᠷ ᠪᠢᠴᠢᠭ ᠲᠤ《 ᠮᠦᠡᠭ ᠦ 》 ︵蒙兀) ᠭᠡᠵᠤ ᠲᠡᠮᠳᠡᠭᠯᠡᠭᠰᠡᠨ ᠪᠠᠶᠢᠨ᠎ᠠ᠃                          ᠷᠠᠰᠢᠳ᠋ — ᠠᠳ᠋ — ᠳ᠋ᠢᠨ《 ᠰᠤᠳᠤᠷ ᠤᠨ ᠴᠢᠭᠤᠯᠭᠠᠨ 》 ᠳᠠᠭᠠᠨ᠂ ᠮᠤᠩᠭᠤᠯᠴᠤᠳ ᠠᠯᠢ ᠡᠷᠳᠡ ᠦᠶ᠎ᠡ  ᠳᠡᠭᠡᠨ ᠡᠷᠭᠦᠨ᠎ᠡ ᠬᠤᠨ ᠭᠡᠳᠡᠭ ᠪᠡᠷᠭᠡ ᠪᠠᠷᠳᠠᠭ᠎ᠠ ᠶᠡᠭᠡᠳᠠᠢ ᠡᠭᠴᠨ ᠲᠠᠪᠠᠭ᠎ᠠ ᠲᠤᠮᠳᠡ ᠠᠮᠢᠳᠤᠷᠠᠵᠤ ᠪᠠᠶᠢᠪᠠ᠃ ᠬᠤᠵᠢᠮ ᠨᠢ ᠬᠦᠮᠤᠨ ᠠᠮᠨ ᠤᠯᠠᠰᠢᠷᠠᠭᠠᠳ ᠨᠤᠳᠤᠭ ᠲᠠᠪᠢᠰᠭᠡᠷ ᠨᠢ ᠢᠪᠴᠤᠤ ᠴᠢᠬᠤᠯ ᠪᠤᠯᠤᠬᠰᠡᠨ ᠳᠤ᠂ ᠬᠦᠭᠡᠷᠭᠡ ᠲᠠᠳᠡᠨ ᠠᠭᠤᠯᠨ ᠶᠢ ᠰᠢᠳᠠᠭᠠᠨ ᠵᠠᠮ ᠭᠠᠷᠭᠠᠭᠠᠳ᠂ ᠲᠠᠯ᠎ᠠ ᠨᠤᠳᠤᠭ ᠤᠷᠤᠭᠤ ᠨᠡᠭᠦᠳᠡᠯᠯᠡᠭᠰᠡᠨ ᠪᠠᠶᠢᠨ᠎ᠠ ᠭᠡᠵᠤ ᠪᠢᠴᠢᠵᠠᠢ᠃ ᠡᠨᠡᠬᠦ ᠶᠡᠭᠡ ᠨᠡᠭᠦᠳᠡᠯ ᠨᠢ ᠪᠠᠷᠤᠭ ᠲᠤᠯᠤᠳᠤᠭᠠᠷ ᠵᠠᠭᠤᠨ ᠤ ᠦᠶ᠎ᠡ ᠳᠤ ᠪᠠᠶᠢᠬᠰᠡᠨ ᠪᠦᠭᠡᠳ ᠡᠨᠡ ᠨᠡᠭᠦᠳᠡᠯ ᠳᠤ ᠪᠦᠷᠳᠡ ᠴᠢᠨ᠋ᠸ᠎ᠠ ᠭᠡᠮᠡᠭᠴᠢ ᠨᠢᠭᠡ ᠬᠦᠮᠤᠨ ᠤᠪᠤᠭ ︵ᠬᠢᠶᠠᠨ ᠤᠪᠤᠭ︶ ᠤᠨ ᠠᠬᠠᠯᠠᠭᠴᠢ ᠪᠠᠶᠢᠪᠠ ︵ᠷᠠᠰᠢᠳ᠋ — ᠠᠳ᠋ — ᠳ᠋ᠢᠨ᠄ 《 ᠰᠤᠳᠤᠷ ᠤᠨ ᠴᠢᠭᠤᠯᠭᠠᠨ 》 ᠨᠢᠭᠡᠳᠦᠭᠡᠷ ᠪᠤᠳᠢ᠂ ᠬᠤᠶᠠᠳᠤᠭᠠᠷ ᠲᠡᠪᠳᠡᠷ᠂ 6 ᠳ᠋ᠤᠭᠠᠷ ᠲᠠᠯ᠎ᠠ ᠳᠤ︶᠃ 《 ᠮᠤᠩᠭᠤᠯ ᠤᠨ ᠨᠢᠭᠤᠴᠨ ᠲᠤᠪᠴᠢᠶᠠᠨ 》 ᠢ ᠲᠡᠯᠭᠡᠷᠡᠩᠭᠦᠳᠡ 《 ᠴᠢᠩᠬᠢᠰ ᠬᠠᠭᠠᠨ  ᠤ ᠢᠵᠠᠭᠤᠷ ᠲᠡᠭᠡᠷ᠎ᠠ ᠲᠡᠭᠷᠢ ᠠᠴᠠ ᠵᠠᠶᠠᠭᠠᠳᠤ ᠲᠦᠷᠦᠭᠰᠡᠨ ᠪᠦᠷᠳᠡ ᠴᠢᠨ᠋ᠸ᠎ᠠ᠂ ᠭᠤᠸ᠎ᠠ ᠮᠠᠷᠠᠯ ᠭᠡᠵᠤ ᠪᠠᠶᠢᠪᠠ᠃ ᠲᠡᠳᠡ ᠲᠠᠩᠬᠢᠰ ᠢ ᠬᠡᠳᠦᠯᠤᠨ ᠨᠡᠭᠦᠵᠤ ᠢᠷᠡᠭᠡᠳ᠂  ᠤᠨᠤᠨ ᠭᠤᠤᠯ ᠤᠨ ᠡᠬᠢ ᠪᠤᠷᠬᠠᠨ ᠬᠠᠯᠳᠤᠨ ᠠᠭᠤᠯᠠᠨ ᠳᠤ ᠨᠤᠳᠤᠭᠯᠠᠪᠠ 》 ᠭᠡᠵᠤ ᠲᠡᠮᠳᠡᠭᠯᠡᠭᠰᠡᠨ ᠪᠠᠶᠢᠳᠠᠭ᠃                          ᠮᠤᠩᠭᠤᠯᠴᠤᠳ ᠠᠭᠠᠵᠢᠮ ᠢᠶᠠᠷ ᠬᠦᠴᠦᠷᠭᠡᠭᠵᠢᠵᠤ᠂ ᠨᠢᠷᠤᠭᠤᠨ ᠮᠤᠩᠭᠤᠯ ᠪᠠ ᠲᠡᠷᠡᠯᠡᠬᠢᠨ ᠮᠤᠩᠭᠤᠯ ᠭᠡᠵᠤ ᠬᠤᠶᠠᠷ ᠶᠡᠭᠡ ᠰᠠᠯᠠᠭ᠎ᠠ ᠪᠤᠯᠵᠤ ᠬᠤᠪᠢᠶᠠᠬᠳᠠᠪᠠ᠃ ᠨᠢᠷᠤᠭᠤᠨ ᠮᠤᠩᠭᠤᠯ ᠭᠡᠵᠤ ᠴᠢᠩᠬᠢᠰ ᠬᠠᠭᠠᠨ ᠤ ᠠᠷᠪᠠᠳᠤᠭᠠᠷ ᠦᠶ᠎ᠡ ᠶᠢᠨ ᠡᠮᠡᠭᠡ ᠡᠭᠡ ᠠᠯᠤᠨ ᠭᠤᠸ᠎ᠠ ᠶᠢᠨ ᠡᠷ᠎ᠡ ᠪᠠᠨ ᠦᠭᠦᠭᠰᠡᠨ ᠤ ᠬᠤᠶᠢᠨ᠎ᠡ ᠭᠡᠷᠡᠯ ᠠᠴᠠ ᠵᠢᠷᠮᠤᠰᠤᠯᠡᠨ ᠲᠦᠷᠦᠭᠰᠡᠨ ᠭᠤᠷᠪᠡᠨ ᠬᠡᠤᠭᠡᠳ ᠤᠨ ᠦᠷᠡᠳᠦᠰ ᠪᠦᠭᠡᠳ ᠠᠯᠤᠨ ᠭᠤᠸ᠎ᠠ ᠶᠢᠨ ᠠᠷᠢᠭᠤᠨ ᠨᠢᠷᠤᠭᠤᠨ ᠠᠴᠠ ᠡᠭᠦᠰᠦᠭᠰᠡᠨ ᠪᠤᠯᠬᠤᠷ ᠨᠢᠷᠤᠭᠤᠨ ᠮᠤᠩᠭᠤᠯ ᠭᠡᠵᠤ ᠨᠡᠷᠡᠯᠡᠯ᠎ᠡ ᠭᠡᠰᠡᠨ ᠲᠤᠮᠤᠭ ︵ᠷᠠᠰᠢᠳ᠋ — ᠠᠳ᠋ — ᠳ᠋ᠢᠨ᠄ 《 ᠰᠤᠳᠤᠷ ᠤᠨ ᠴᠢᠭᠤᠯᠭᠠᠨ 》ᠨᠢᠭᠡᠳᠦᠭᠡᠷ ᠪᠤᠳᠢ᠂ ᠬᠤᠶᠠᠳᠤᠭᠠᠷ ᠲᠡᠪᠳᠡᠷ᠂ 12.14 ᠳ᠋ᠤᠭᠡᠷ ᠨᠢᠭᠤᠷ ᠲᠤ︶ ᠡᠷᠳᠡᠨ ᠤ ᠮᠤᠩᠭᠤᠯᠴᠤᠳ ᠤᠨ ᠲᠤᠮᠳᠡ ᠦᠷᠭᠡᠨ ᠢᠶᠠᠷ ᠤᠯᠠᠮᠵᠢᠯᠠᠬᠳᠡᠨ ᠶᠠᠷᠢᠬᠳᠠᠵᠤ ᠪᠠᠶᠢᠵᠠᠢ᠃ ᠨᠢᠷᠤᠭᠤᠨ ᠮᠤᠩᠭᠤᠯ ᠲᠤᠳᠤᠷ᠎ᠠ ᠬᠢᠶᠠᠨ ᠤᠪᠤᠭ ᠭᠡᠵᠤ ᠪᠠᠶᠢᠬᠰᠡᠨ ᠨᠢ ᠴᠢᠩᠬᠢᠰ ᠬᠠᠭᠠᠨ ᠤ ᠲᠡᠭᠡᠳᠤᠰ ᠤᠨ ᠤᠪᠤᠭ ᠢᠵᠠᠭᠤᠷ ᠠᠵᠠᠢ᠃                          ᠨᠢᠷᠤᠭᠤᠨ ᠮᠤᠩᠭᠤᠯ ᠪᠤᠯᠤᠨ ᠲᠡᠷᠡᠯᠡᠬᠢᠨ ᠮᠤᠩᠭᠤᠯ ᠢ ᠨᠡᠶᠢᠯᠡᠭᠦᠯᠦᠭᠡᠳ ᠬᠠᠮᠤᠭ ᠮᠤᠩᠭᠤᠯ ᠭᠡᠳᠡᠭ ᠪᠠᠶᠢᠪᠠ᠃  ᠨᠢᠷᠤᠭᠤᠨ ᠮᠤᠩᠭᠤᠯ ᠪᠤᠯᠤᠨ ᠲᠡᠷᠡᠯᠡᠬᠢᠨ ᠮᠤᠩᠭᠤᠯ ᠤᠪᠤᠭ ᠢᠵᠠᠭᠤᠷ ᠤᠨ ᠬᠤᠪᠢ ᠳᠤ ᠢᠯᠭᠠᠯ ᠲᠠᠢ ᠪᠠᠶᠢᠬᠰᠡᠨ ᠪᠤᠯᠪᠠᠴᠤ ᠡᠷᠳᠡᠨ ᠠᠴᠠ ᠪᠠᠨ ᠠᠪᠤᠭᠠᠳ ᠪᠠᠳᠤ ᠴᠢᠩᠭ᠎ᠠ ᠠᠶᠢᠮᠠᠭ ᠤᠨ ᠬᠤᠯᠪᠤᠭ᠎ᠠ ᠪᠤᠯᠵᠤ ᠤᠷᠤᠰᠢᠵᠤ ᠪᠠᠶᠢᠯ᠎ᠠ᠃ ᠴᠢᠩᠬᠢᠰ ᠬᠠᠭᠠᠨ ᠤ ᠡᠪᠦᠭᠡ ᠲᠡᠭᠡᠳᠤᠰ ᠡᠨᠡᠬᠦ ᠠᠶᠢᠮᠠᠭ ᠲᠠᠭᠠᠨ ᠶᠡᠷᠤ ᠠᠴᠠ ᠪᠠᠨ ᠨᠠᠯᠢᠶᠠᠳ ᠦᠨᠳᠤᠷ ᠪᠠᠶᠢᠷᠢ ᠰᠠᠭᠤᠷᠢ ᠲᠠᠢ ᠪᠠᠶᠢᠬᠰᠡᠨ ᠢᠶᠠᠨ ᠡᠯᠤᠨᠴᠨ ᠡᠪᠦᠭᠡ ᠬᠠᠪᠤᠯ ᠤᠨ ᠦᠶ᠎ᠡ ᠳᠤ ᠬᠦᠷᠦᠭᠡᠳ᠂ ᠬᠠᠮᠤᠭ ᠮᠤᠩᠭᠤᠯ ᠤᠨ ᠬᠠᠭᠠᠨ ᠡᠷᠭᠦᠮᠵᠢᠯᠡᠭᠳᠡᠭᠰᠡᠨ ᠪᠢᠯᠨ᠃  
 
ᠢᠷᠡᠯᠲᠡ᠄ ᠬᠤᠯᠪᠤᠭ᠎ᠠ ᠪᠦᠷᠭᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备12002332号