ᠠᠤᠬᠠᠨ ᠣᠮᠪᠣᠯ ᠨᠣᠶᠠᠨ ᠠᠨᠳᠠ ᠠᠶᠤᠰᠢ ᠶᠢᠨ ᠦᠷ᠎ᠡ ᠬᠤᠶᠢᠴᠢᠰ ᠪᠠ ᠠᠶᠢᠮᠠᠭ ᠤᠨ ᠨᠡᠷ᠎ᠡ ᠳᠠᠭᠤᠳᠠᠯᠭ᠎ᠠ  ᠬᠤᠪᠢᠷᠠᠯᠲᠠ ᠭᠠᠷᠤᠭᠰᠠᠨ ᠲᠤᠬᠠᠢ
ᠨᠡᠶᠢᠲᠡᠯᠡᠭᠰᠡᠨ ᠴᠠᠭ᠄
2015/9/15
     ᠠᠤᠬᠠᠨ ᠣᠮᠪᠣᠯ ᠨᠣᠶᠠᠨ ᠠᠨᠳᠠ ᠠᠶᠤᠰᠢ ᠶᠢᠨ ᠦᠷ᠎ᠡ ᠬᠤᠶᠢᠴᠢᠰ ᠪᠠ ᠠᠶᠢᠮᠠᠭ ᠤᠨ ᠨᠡᠷ᠎ᠡ ᠳᠠᠭᠤᠳᠠᠯᠭ᠎ᠠ  ᠬᠤᠪᠢᠷᠠᠯᠲᠠ ᠭᠠᠷᠤᠭᠰᠠᠨ ᠲᠤᠬᠠᠢ            ᠴᠢᠩᠭᠢᠰ ᠬᠠᠭᠠᠨ ᠤ ᠤᠭᠰᠠᠭ᠎ᠠ ᠲᠥᠷᠥᠯ ᠤᠨ21 ᠳ᠋ᠦ᠋ᠭᠡᠷ ᠦᠶ᠎ᠡ᠂ ᠠᠤᠬᠠᠨ ᠤ ᠵᠠᠰᠠᠭ ᠲᠥᠷᠥ ᠶᠢᠨ ᠵᠢᠶᠦ᠋ᠨ  ᠸᠠᠩ ᠪᠥᠭᠡᠳ ᠴᠢᠩ ᠤᠯᠤᠰ ᠤᠨ ᠡᠹᠦ᠋ ᠪᠠᠨᠳᠢ ᠶᠢᠨ ᠭᠤᠣᠯ ᠣᠷᠳᠣᠨ᠎ᠠ᠂ ᠭᠦᠷᠦᠨ ᠭᠦᠩᠵᠦ  ᠠᠮᠪᠠ ᠠᠴᠠ  ᠳᠥᠷᠪᠡᠨ ᠬᠥᠪᠡᠭᠦᠨ ᠨᠢᠭᠡ ᠬᠡᠦᠬᠡᠨ ᠮᠡᠨᠳᠦᠯᠡᠪᠡ᠃ ᠠᠬᠠᠮᠠᠳ ᠬᠥᠪᠡᠭᠦᠨ‌ᠮᠡᠷᠭᠡᠨᠪᠠᠭᠠᠲᠤᠷ ︵ᠮᠡᠷᠭᠡᠨᠪᠠᠭᠠᠲᠤᠷ ᠤᠨ  ᠬᠤᠶᠠᠳᠣᠭᠠᠷ ᠬᠥᠪᠡᠭᠦᠨ ᠭᠤᠮᠪᠤ᠂ ᠪᠠᠶᠢᠰᠠ ᠶᠢᠨ ᠬᠤᠷᠢᠶᠠᠨ ᠤ ᠳᠡᠭᠡᠳᠦ︶᠂ ᠬᠤᠶᠠᠳᠤᠭᠠᠷ ᠬᠥᠪᠡᠭᠦᠨ ᠲᠡᠷᠢᠭᠦᠨ  ᠵᠡᠷᠭᠡ ᠶᠢᠨ ᠲᠠᠶᠢᠵᠢ᠂ ᠬᠤᠱᠤᠢ ᠡᠹᠦ᠋ ᠴᠢᠯᠠᠭᠤᠨ ᠪᠠᠭᠠᠲᠤᠷ ︵ᠡᠪ ᠠᠶᠢᠮᠠᠭ ᠤᠨ ᠳᠡᠭᠡᠳᠦ ᠬᠡᠮᠡᠳᠡᠭ︶᠂  ᠭᠤᠷᠪᠠᠳᠤᠭᠠᠷ ᠬᠥᠪᠡᠭᠦᠨ ᠲᠡᠷᠢᠭᠦᠨ ᠵᠡᠷᠭᠡ ᠶᠢᠨ ᠲᠠᠶᠢᠵᠢ  ᠸᠴᠢᠷ  ᠂ ᠣᠳᠬᠤᠨ ᠬᠥᠪᠡᠭᠦᠨ ᠲᠡᠷᠢᠭᠦᠨ ᠵᠡᠷᠭᠡ ᠶᠢᠨ  ᠲᠠᠶᠢᠵᠢ ᠠᠨᠳᠠ ᠠᠶᠤᠰᠢ ᠳᠥᠷᠪᠡᠨ ᠬᠥᠪᠡᠭᠦᠨ ᠪᠤᠶᠤ᠃ ᠡᠳᠡ ᠪᠣᠯᠪᠠᠰᠤ ᠴᠠᠳᠢᠭ ᠨᠢᠭᠡᠲᠡᠢ ᠳᠥᠷᠪᠡᠨ ᠶᠡᠭᠡ ᠬᠥᠬᠡ  ᠡᠭᠦᠳᠡᠨ ᠤ ᠲᠠᠶᠢᠵᠢ ᠨᠠᠷ ᠤᠨ ᠥᠨᠳᠥᠷ ᠡᠪᠦᠭᠡ ᠨᠠᠷ ᠪᠣᠯᠣᠨ᠎ᠠ᠃ ︵ᠪᠣᠯᠣᠷ ᠡᠷᠢᠬᠡ ᠳᠤ᠂ ᠴᠢᠯᠠᠭᠤᠨ ᠪᠠᠭᠠᠲᠤᠷ ᠠᠴᠠ  ᠰᠠᠶᠢᠨ ᠣᠶᠤᠲᠤ᠂ ᠳᠠᠯᠠᠢ᠂ ᠯᠤᠪᠰᠠᠩ᠂ ᠪᠢᠯᠢᠭᠦᠨᠳᠠᠯᠠᠢ ᠲᠠᠨ ᠪᠣᠢ᠂ ᠸᠠᠴᠢᠷ ᠠᠴᠠ ᠠᠴᠠ  ᠳ᠋ᠠᠨᠵᠢᠨ᠂ ᠨᠣᠮᠣᠨᠰᠠᠩ᠂  ᠡᠷᠳᠡᠨᠢ᠂ ᠲᠡᠭᠦᠰ᠂ ᠳᠠᠯᠠᠢ᠂ ᠪᠢᠯᠢᠭᠦᠨ ᠲᠠᠨ ᠪᠣᠢ ᠭᠡᠵᠤ ᠲᠡᠮᠳᠡᠭᠯᠡᠵᠦ ᠪᠤᠢ︶᠃            1647ᠣᠨ ᠡᠶᠡᠪᠡᠷ ᠵᠠᠰᠠᠭᠴᠢ ᠶᠢᠨ ᠳᠥᠷᠪᠡᠳᠦᠭᠡᠷ ᠣᠨ  ᠳᠤ᠂ ᠠᠤᠬᠠᠨ ᠤ ᠪᠠᠨᠳᠢ ᠵᠢᠶᠦ᠋ᠨ ᠸᠠᠩ ᠨᠠᠰᠤ  ᠪᠠᠷᠠᠭᠰᠠᠨ ᠤ ᠳᠠᠷᠠᠭ᠎ᠠ᠂ ᠲᠡᠭᠦᠨ ᠤ ᠭᠤᠷᠪᠠᠨ ᠸᠠᠩ ᠤᠨ ᠤᠷᠪᠠᠯᠭᠠᠨ ᠢ ᠳᠠᠷᠤᠭᠰᠠᠨ ᠭᠠᠪᠢᠶ᠎ᠠ ᠳᠤ ᠨᠡᠶᠢᠴᠡᠭᠦᠯᠦᠨ᠂  ᠭᠦᠷᠦᠨ ᠬᠠᠭᠠᠨ ᠤ ᠣᠷᠳᠣᠨ ᠠᠴᠠ ᠦᠷ᠎ᠡ ᠬᠡᠦᠬᠡᠳ ᠲᠤ ᠨᠢ ᠤᠯᠤᠰ ᠤᠨ ᠵᠢᠭᠡ ᠣᠮᠪᠣᠯ ᠤᠨ ᠬᠡᠷᠬᠡᠮ ᠰᠣᠶᠣᠷᠬᠠᠵᠤ᠂  ᠠᠬᠠᠮᠠᠳ ᠬᠥᠪᠡᠭᠦᠨ ᠮᠡᠷᠭᠡᠨᠪᠠᠭᠠᠲᠤᠷ ᠲᠤ ᠠᠤᠬᠠᠨ ᠬᠤᠰᠢᠭᠤᠨ ᠤ ᠵᠠᠰᠠᠭ ᠲᠥᠷᠥ ᠶᠢᠨ ᠵᠢᠶᠦ᠋ᠨ ᠸᠠᠩ ᠤᠨ  ᠬᠡᠷᠬᠡᠮ ᠢ ᠵᠠᠯᠭᠠᠮᠵᠢᠯᠠᠭᠤᠯᠪᠠ᠃ ᠪᠤᠰᠤᠳ ᠭᠤᠷᠪᠠᠨ ᠳᠡᠭᠦᠦ ᠨᠠᠷ ᠲᠤ ᠨᠢ ᠴᠦ ᠭᠡᠰᠡᠨ ᠵᠣᠬᠢᠬᠤ ᠵᠡᠷᠭᠡ ᠳᠡᠰ ᠬᠡᠷᠬᠡᠮ  ᠲᠤᠰᠢᠶᠠᠯ ᠣᠯᠭᠤᠵᠤ᠂ ᠲᠥᠷᠥ ᠶᠢᠨ ᠵᠢᠭᠡ ᠣᠮᠪᠣᠯ ᠤᠨ ᠬᠤᠪᠢ ᠪᠠᠷ ᠬᠠᠭᠠᠨ ᠣᠷᠳᠣᠨ ᠤ ᠰᠤᠷᠭᠠᠨ ᠬᠥᠮᠥᠵᠢᠯ ᠢ  ᠬᠦᠷᠲᠡᠬᠦ᠂ ᠬᠠᠭᠠᠨ ᠤ ᠰᠢᠳᠠᠷ ᠬᠠᠮᠠᠭᠠᠯᠠᠭᠴᠢ ᠶᠢᠨ ᠡᠭᠦᠷᠭᠡ ᠶᠢ ᠡᠭᠦᠷᠭᠡᠯᠡᠬᠦ᠂ ᠬᠠᠭᠠᠨ ᠲᠠᠢ ᠨᠢᠭᠤᠷᠳᠠᠨ ᠵᠣᠯᠭᠠᠬᠤ  ᠮᠡᠲᠦ ᠶᠢᠨ ᠣᠨᠴᠠ ᠡᠷᠬᠡ ᠶᠢ ᠣᠯᠭᠤᠭᠰᠠᠨ ᠪᠠᠶᠢᠨ᠎ᠠ᠃            ᠭᠦᠩᠵᠦ ᠠᠮᠪᠠ ᠲᠡᠭᠷᠢ ᠶᠢᠨ ᠵᠠᠷᠯᠢᠭ ︵天命︶ ᠶᠢᠨ ᠵᠢᠷᠭᠤᠭᠠᠨ ︵1621︶ ᠣᠨ ᠤ ᠭᠤᠷᠪᠠᠨ  ᠰᠠᠷᠠᠶᠢᠨ ᠠᠷᠪᠠᠨ ᠬᠤᠶᠠᠷ ᠤᠨ ᠡᠳᠦᠷ ᠮᠡᠨᠳᠦᠯᠡᠵᠦ᠂ ᠡᠶᠡᠪᠡᠷ ᠵᠠᠰᠠᠭᠴᠢ ᠶᠢᠨ ᠠᠷᠪᠠᠨ ᠨᠢᠭᠡᠨ ︵1654︶ ᠣᠨ ᠳᠤ  ᠨᠠᠰᠤ ᠪᠠᠷᠠᠪᠠ᠂ ᠭᠤᠴᠢᠨ ᠲᠥᠷᠪᠡᠨ ᠨᠠᠰᠤᠯᠠᠪᠠ᠃            ᠵᠤᠷᠰᠢᠯ ᠶᠣᠰᠣᠭᠠᠷ ᠣᠳᠬᠤᠨ ᠬᠥᠪᠡᠭᠦᠨ‌ᠠᠨᠳᠠ ᠠᠶᠤᠰᠢ ᠨᠢ ᠭᠡᠷ ᠤᠨ ᠥᠪ ᠭᠠᠯ ᠭᠤᠯᠣᠮᠲᠠ ᠶᠢ ᠥᠪᠯᠡᠪᠡ  ᠭᠡᠨ᠎ᠡ᠃ ᠡᠭᠦᠨ ᠤ ᠬᠠᠮᠲᠤ ᠭᠦᠷᠦᠨ ᠭᠦᠩᠵᠦ ᠠᠮᠪᠠ‌ᠠᠮᠢᠳᠤ ᠰᠡᠷᠡᠭᠦᠨ ᠪᠠᠶᠢᠬᠤ ᠴᠠᠭ ᠲᠠᠭᠠᠨ ᠥᠪᠡᠷ ᠤᠨ ᠠᠯᠲᠠᠨ  ᠪᠠᠭᠤᠪᠴᠢ ᠪᠠᠷ ᠢᠶᠠᠨ ᠪᠦᠲᠦᠭᠡᠯᠭᠡᠵᠦ ᠳᠠᠬᠢᠵᠤ ᠪᠠᠶᠢᠭᠰᠠᠨ ᠨᠢᠭᠡ ᠵᠤᠤ ᠪᠤᠷᠬᠠᠨ᠂ ᠰᠤᠪᠤᠷᠭ᠎ᠠ ᠬᠤᠶᠠᠷ ᠢ ᠪᠠᠭ᠎ᠠ  ᠬᠥᠪᠡᠭᠦᠨ ᠠᠨᠳᠠ ᠠᠶᠤᠰᠢ ᠳᠠᠭᠠᠨ ᠭᠡᠷᠢᠶᠡᠰᠯᠡᠨ ᠥᠭᠭᠦᠭᠰᠡᠨ ᠠᠵᠠᠢ᠃            ᠥᠨᠳᠥᠷ ᠡᠪᠦᠭᠡ‌ᠠᠨᠳᠠ‌ᠠᠶᠤᠰᠢ ᠳᠡᠭᠡᠳᠦ ᠶᠢᠨ ᠥᠪ ᠭᠠᠯ ᠭᠤᠯᠣᠮᠲᠠ ᠶᠢ ᠥᠮᠴᠢᠯᠡᠵᠦ᠂ ᠵᠢᠶᠦ᠋ᠨ ᠸᠠᠩ ᠤᠨ  ᠭᠡᠷ᠂ ᠰᠠᠭᠤᠭᠠᠯᠢ ᠨᠤᠲᠤᠭ ᠪᠣᠯᠬᠤ ᠭᠤᠷᠪᠠᠨ ᠲᠤᠯᠭ᠎ᠠ ᠳᠤ ᠰᠠᠭᠤᠷᠢᠰᠢᠵᠤ᠂ ᠬᠠᠮᠢᠶᠠᠷᠴᠤ ᠪᠠᠶᠢᠭᠰᠠᠨ ᠪᠣᠯᠬᠤᠷ᠂  ᠲᠡᠭᠦᠨ ᠤ ᠦᠷ᠎ᠡ ᠬᠡᠦᠬᠡᠳ ᠬᠠᠷᠢᠶᠠᠲᠤ ᠨᠠᠷ ᠢ ᠲᠡᠭᠷᠢ ᠲᠡᠳᠬᠦᠭᠴᠢ ᠬᠠᠭᠠᠨ ᠤ ᠡᠬᠢᠨ ᠤ ᠦᠶ᠎ᠡ ᠠᠴᠠ ︽ᠭᠤᠷᠪᠠᠨ  ᠲᠤᠯᠭ᠎ᠠ ᠠᠶᠢᠮᠠᠭ︾ ᠤᠨ ᠲᠠᠶᠢᠵᠢ ᠨᠠᠷ ᠬᠡᠮᠡᠨ ᠨᠢᠭᠡᠳᠦᠯᠲᠡᠢ ᠨᠡᠷᠡᠶᠢᠳᠦᠯ ᠢᠶᠠᠷ ᠳᠠᠭᠤᠳᠠᠵᠤ ᠪᠠᠶᠢᠵᠠᠢ᠃ ᠠᠶᠤᠰᠢ  ᠡᠪᠦᠭᠡ ᠶᠢᠨ ᠦᠷ᠎ᠡ ᠬᠤᠶᠢᠴᠢᠰ ᠭᠤᠷᠪᠠᠨ ᠲᠤᠯᠭ᠎ᠠ ᠠᠭᠤᠯᠠ ᠶᠢᠨ ᠣᠷᠴᠢᠨ ᠲᠣᠭᠤᠷᠢᠨ᠂ ᠲᠡᠭᠦᠨ ᠤ ᠬᠠᠷᠢᠶᠠᠲᠦ  ᠨᠤᠲᠤᠭ ᠯᠤᠤᠬ᠎ᠠ ᠶᠢᠨ ᠭᠤᠣᠯ ᠤᠨ ᠬᠤᠶᠠᠷ ᠬᠥᠪᠡᠭᠡ ᠳᠠᠭᠠᠤ ᠭᠠᠵᠠᠷ ᠣᠷᠣᠨ ᠳᠤ ᠤᠳᠠᠭᠠᠨ ᠣᠨ ᠦᠶ᠎ᠡ ᠤᠯᠠᠷᠢᠨ  ᠠᠮᠢᠳᠤᠷᠠᠵᠤ ᠪᠠᠶᠢᠭᠰᠠᠨ ᠶᠤᠮ᠃            ᠵᠢᠱᠢᠶᠡᠯᠡᠪᠡᠯ᠄ ᠴᠢᠩ ᠤᠯᠤᠰ ᠤᠨ ᠰᠠᠶᠢᠰᠢᠶᠠᠯᠲᠤ ᠢᠷᠦᠭᠡᠯᠲᠦ ᠶᠢᠨ ᠨᠠᠢᠮᠠᠳᠤᠭᠠᠷ ᠣᠨ ︵1803 ᠣᠨ︶ ︿ ᠠᠤᠬᠠᠨ ᠤ ᠸᠠᠩ ᠤᠨ ᠬᠤᠰᠢᠭᠤᠨ ᠤ ᠭᠦᠩᠵᠦ ᠶᠢᠨ ᠬᠥᠪᠡᠭᠦᠳ ᠠᠴᠢ ᠨᠠᠷ ᠲᠠᠶᠢᠵᠢ ᠨᠡᠶᠢᠲᠡ ᠵᠢᠷᠭᠤᠭᠠᠨ ᠵᠠᠭᠤ  ᠠᠷᠪᠠᠭᠠᠳ ᠬᠥᠮᠥᠨ ᠢ ᠠᠷᠪᠠᠨ ᠵᠢᠰᠢᠶ᠎ᠡ ᠪᠣᠯᠭᠠᠨ ᠲᠣᠭᠲᠠᠭᠠᠵᠤ᠂ ᠵᠢᠰᠢᠶ᠎ᠡ ᠪᠦᠷᠢ ᠶᠢ ᠵᠢᠷᠠᠨ ᠬᠥᠮᠥᠨ ᠢᠶᠠᠷ  ᠬᠤᠪᠢᠶᠠᠭᠠᠳ᠂ ᠵᠢᠯ ᠪᠦᠷᠢ ᠡᠭᠡᠯᠵᠢᠯᠡᠨ ᠨᠢᠭᠡᠨ ᠵᠢᠰᠢᠶ᠎ᠡ ᠨᠡᠶᠢᠰᠯᠡᠯ ᠬᠤᠲᠠ ᠳᠤ ᠢᠷᠡᠭᠦᠯᠦᠭᠲᠦᠨ﹀ ᠬᠡᠮᠡᠭᠰᠡᠨ ᠢ  ᠲᠥᠷᠥ ᠭᠡᠷᠡᠯᠲᠦ ᠶᠢᠨ ᠬᠤᠷᠢᠨ ᠬᠤᠶᠠᠳᠤᠭᠠᠷ ᠣᠨ ᠳᠤ(1842)︽ᠭᠠᠳᠠᠭᠠᠳᠤ ᠮᠣᠩᠭᠤᠯ ᠤᠨ ᠲᠥᠷᠥ ᠵᠠᠰᠠᠬᠤ  ᠶᠠᠪᠤᠳᠠᠯ ᠤᠨ ᠶᠠᠮᠤᠨ ᠤ ᠬᠠᠤᠯᠢ ᠵᠦᠢᠯ ᠤᠨ ᠪᠢᠴᠢᠭ︾ ᠲᠤ ᠲᠡᠮᠳᠡᠭᠯᠡᠵᠦ ᠪᠣᠢ᠃            ᠡᠭᠦᠨ ᠠᠴᠠ ᠦᠵᠡᠬᠦ ᠳᠤ ᠠᠤᠬᠠᠨ ᠪᠣᠷᠵᠢᠭᠢᠨ ᠣᠪᠣᠭᠲᠤ ᠣᠮᠪᠣᠯ ᠲᠠᠶᠢᠵᠢ ᠶᠢᠨ ᠡᠷᠦᠬᠡ ᠡᠭᠦᠳᠡ ᠨᠢ  ᠲᠠᠰᠤᠷᠠᠯᠲᠠ ᠦᠭᠡᠢ ᠥᠷᠭᠡᠵᠢᠨ ᠪᠤᠵᠠᠭᠠᠶᠢᠷᠠᠵᠤ ᠢᠷᠡᠭᠰᠡᠨ ᠭᠡᠳᠡᠭ ᠢ ᠮᠡᠳᠡᠵᠦ ᠪᠣᠯᠬᠤ ᠪᠥᠭᠡᠳ ᠮᠠᠨ ᠤ ᠡᠪᠦᠭᠡ ᠶᠢᠨ  ᠦᠶ᠎ᠡ ᠪᠣᠯᠲᠠᠯ᠎ᠠ ᠵᠢᠩ ᠬᠤᠲᠠᠨ᠎ᠠ ᠵᠢᠰᠢᠶ᠎ᠡ ᠳᠤ ᠶᠠᠪᠤᠵᠤ ᠪᠠᠶᠢᠪᠠ ᠭᠡᠳᠡᠭ ᠬᠡᠯᠡᠯᠭᠡ ᠴᠦ ᠦᠨᠡᠨ ᠶᠤᠮ ᠪᠠᠶᠢᠨ᠎ᠠ᠃            ᠳᠡᠭᠡᠳᠦ ᠡᠪᠦᠭᠡ ᠪᠠᠨᠳᠢ ᠶᠢᠨ ᠭᠡᠷ ᠣᠷᠳᠣᠨ ᠭᠤᠷᠪᠠᠨ ᠲᠤᠯᠭ᠎ᠠ ᠳᠤ ᠰᠠᠭᠤᠷᠢᠰᠢᠵᠤ ᠪᠠᠶᠢᠭᠰᠠᠨ ᠪᠣᠯᠬᠤᠷ ᠲᠡᠷᠡ  ᠨᠤᠲᠤᠭ ᠲᠤ ᠰᠢᠭᠤᠳ ᠬᠠᠮᠢᠶᠠᠷᠤᠭᠳᠠᠬᠤ ᠰᠤᠮᠤ ᠤᠯᠠᠨ᠂ ᠭᠠᠵᠠᠷ ᠨᠡᠯᠢᠶᠡᠳ ᠠᠭᠤᠳᠠᠮ᠂ ᠡᠮᠦᠨᠡᠰᠢ ᠭᠠᠭᠴᠠ  ᠪᠤᠭᠤᠲᠤ ︵ᠴᠠ ᠪᠤᠭᠤᠲᠤ ᠭᠡᠰᠡᠨ ᠦᠭᠡ ᠭᠡᠨ᠎ᠡ᠂ ᠤᠷᠢᠳᠤ ᠴᠠ ᠪᠤᠭᠤ ᠣᠯᠠᠨ ᠪᠠᠶᠢᠭᠰᠠᠨ ᠭᠡᠳᠡᠭ︶᠂ ᠬᠤᠶᠢᠰᠢ  ᠯᠤᠤᠬ᠎ᠠ ᠶᠢᠨ ᠭᠤᠣᠯ ᠤᠨ ᠬᠤᠶᠠᠷ ᠬᠥᠪᠡᠭᠡ ᠳᠠᠭᠠᠤ ᠣᠷᠣᠨ ᠪᠣᠯᠣᠨ᠎ᠠ᠃ ᠲᠡᠳᠡᠭᠡᠷ ᠬᠠᠷᠢᠶᠠᠲᠤ ᠭᠠᠵᠠᠷ ᠣᠷᠣᠨ ᠳᠤ  ᠲᠠᠷᠬᠠᠯᠴᠠᠨ ᠰᠠᠭᠤᠷᠢᠰᠢᠭᠰᠠᠨ ᠥᠨᠳᠥᠷ ᠡᠪᠦᠭᠡ ᠠᠨᠳᠠ ᠠᠶᠤᠰᠢ ᠶᠢᠨ ᠦᠷ᠎ᠡ ᠠᠴᠢ ᠨᠠᠷ ᠢ ᠳᠡᠭᠡᠳᠦ ᠶᠢᠨ  ᠨᠤᠲᠤᠭ ᠤᠨ ᠨᠡᠷ᠎ᠡ ᠪᠠᠷ ︽ᠭᠤᠷᠪᠠᠨ ᠲᠤᠯᠭ᠎ᠠ ᠠᠶᠢᠮᠠᠭ ᠤᠨ ᠲᠠᠶᠢᠵᠢ︾ ᠬᠡᠮᠡᠨ ᠳᠠᠭᠤᠳᠠᠬᠤ ᠪᠣᠯᠵᠤ᠂ ᠰᠡᠭᠦᠯᠳᠡᠭᠡᠨ  ᠪᠣᠯᠵᠤ ᠢᠷᠡᠭᠡᠳ ︽ᠭᠤᠷᠪᠠᠨ ᠠᠶᠢᠮᠠᠭ ᠤᠨ ᠲᠠᠶᠢᠵᠢ ᠨᠠᠷ︾ ᠭᠡᠵᠤ ᠳᠥᠭᠦᠮᠴᠢᠯᠡᠨ ᠳᠠᠭᠤᠳᠠᠬᠤ ᠪᠣᠯᠪᠠ᠃            ᠥᠨᠳᠥᠷ ᠡᠪᠦᠭᠡ ᠠᠨᠳᠠ ᠠᠶᠤᠰᠢ ᠠᠴᠠ ᠵᠢᠷᠭᠤᠭᠠᠨ ᠬᠥᠪᠡᠭᠦᠨ ᠲᠠᠢ᠂ ᠲᠤᠰ ᠲᠤᠰ ᠠᠮᠤᠭᠤᠯᠠᠩ᠂  ᠪᠢᠯᠢᠭᠦᠨᠳᠠᠯᠠᠢ᠂ ᠵᠠᠮᠰᠣ ᠡᠹᠦ᠋᠂ ᠡᠷᠳᠡᠨᠢᠳᠠᠯᠠᠢ᠂ ᠴᠣᠭᠲᠤ ᠯᠣᠪᠰᠠᠩ᠂ ᠳᠤᠰᠠᠯᠠᠭᠴᠢ ᠲᠠᠶᠢᠵᠢ ᠴᠤᠶᠢᠵᠠᠮᠰᠣ ᠬᠡᠮᠡᠵᠦ  ᠪᠣᠢ ︵ᠪᠤᠯᠤᠷ ᠡᠷᠢᠬᠡ︶᠃ ᠠᠤᠬᠠᠨ ᠵᠢᠶᠦ᠋ᠨ ᠸᠠᠩ ᠪᠠᠳᠮᠠᠷᠠᠰᠢ ᠶᠢᠨ ᠦᠶ᠎ᠡ ᠳᠤ ᠵᠠᠮᠰᠣ ᠡᠹᠦ᠋ ᠲᠡᠷᠢᠭᠦᠨ ᠲᠠᠢ  ᠨᠣᠶᠠᠳ ᠨᠠᠷ᠂ ᠭᠤᠷᠪᠠᠨ ᠲᠤᠯᠭ᠎ᠠ ᠶᠢᠨ ᠬᠠᠷᠢᠶᠠᠲᠤ ᠨᠤᠲᠤᠭ ᠲᠤ ᠴᠠᠭᠠᠨ ᠴᠣᠷᠵᠢ ᠯᠠᠮ᠎ᠠ ᠶᠢᠨ ᠨᠣᠮ ᠪᠢᠰᠢᠯᠭᠠᠭᠰᠠᠨ  ᠭᠠᠵᠠᠷ ︵ᠣᠩᠭᠤᠨ ᠴᠢᠪᠠᠭᠠᠲᠤ ᠬᠤᠸᠠ︶ ᠳᠤ ︽ᠣᠷᠣᠢ ᠶᠢᠨ ᠰᠦᠮ᠎ᠡ︾ ᠶᠢ ᠪᠠᠶᠢᠭᠤᠯᠵᠤ᠂1772 ᠣᠨ ᠳᠤ ︵ ᠬᠠᠷ᠎ᠠ ᠯᠤᠤ ᠵᠢᠯ︶᠂ ᠳᠠᠷᠤᠢ ᠲᠡᠭᠷᠢ ᠲᠡᠳᠬᠦᠭᠴᠢ ᠶᠢᠨ ᠭᠤᠴᠢᠨ ᠳᠣᠯᠣᠳᠤᠭᠠᠷ ᠣᠨ ᠳᠤ ᠪᠠᠷᠢᠵᠤ ᠳᠠᠭᠤᠰᠬᠠᠵᠤ᠂  ᠲᠡᠭᠷᠢ ᠲᠡᠳᠬᠦᠭᠴᠢ ᠬᠠᠭᠠᠨ ᠠᠴᠠ ︽普善寺︾ ︵ᠲᠦᠭᠡᠮᠡᠯ ᠡᠯᠪᠡᠷᠢᠯᠲᠦ ᠰᠠᠮᠠᠨᠳᠠᠪᠠᠳᠠᠷ᠎ᠠ ᠬᠡᠶᠢᠳ︶ ᠭᠡᠵᠤ  ᠢᠯᠡᠷᠬᠡᠶᠢᠯᠡᠯ ᠪᠢᠴᠢᠭᠡᠰᠦ ᠪᠢᠴᠢᠵᠦ ᠥᠭᠴᠦ᠂ ᠲᠤᠯᠭ᠎ᠠ ᠶᠢᠨ ᠰᠦᠮ᠎ᠡ ᠠᠴᠠ ᠬᠤᠷᠠᠯ ᠰᠠᠯᠭᠠᠵᠤ᠂ ᠭᠤᠣᠯ  ᠥᠭᠯᠢᠭᠡ ᠶᠢᠨ ᠡᠵᠡᠳ ᠨᠢ ᠭᠤᠷᠪᠠᠨ ᠠᠶᠢᠮᠠᠭ ᠤᠨ ᠲᠠᠶᠢᠵᠢ ᠨᠠᠷ ᠪᠣᠯᠪᠠ᠃ ᠡᠨᠡ ᠰᠦᠮ᠎ᠡ ᠶᠢ ᠮᠠᠰᠢ ᠥᠨᠳᠦᠷᠯᠢᠭ  ᠭᠠᠵᠠᠷ ᠪᠠᠶᠢᠭᠤᠯᠤᠭᠰᠠᠨ ᠪᠣᠯᠬᠤᠷ ᠬᠤᠯᠠ ᠠᠴᠠ ᠬᠠᠷᠠᠭᠳᠠᠳᠠᠭ ᠲᠤᠯᠠ ᠣᠷᠣᠢ ᠶᠢᠨ ᠰᠦᠮ᠎ᠡ ᠭᠡᠳᠡᠭ᠃ ᠣᠷᠣᠢ ᠶᠢᠨ  ᠰᠦᠮ᠎ᠡ ᠶᠢᠨ ᠭᠤᠣᠯ ᠨᠢᠷᠤᠭᠤ ᠭᠠᠷᠭᠠᠭᠰᠠᠨ ᠡᠳᠦᠷ ᠤᠨ ᠦᠳᠡ ᠳᠤ᠂ ᠰᠦᠮ᠎ᠡ ᠶᠢ ᠪᠠᠷᠢᠭᠰᠠᠨ ᠲᠦᠷᠦᠭᠦᠦ ᠤᠷᠠᠴᠢᠨ   ᠨᠢ᠂ ᠰᠦᠮ᠎ᠡ ᠶᠢᠨ ᠭᠤᠣᠯ ᠨᠢᠷᠤᠭᠤᠨ ᠳᠡᠭᠡᠷ᠎ᠡ ᠨᠢᠭᠡ ᠰᠣᠨᠢᠨ ᠵᠢᠭᠲᠡᠢ ᠢᠰᠢᠭᠡ ᠲᠣᠭᠯᠠᠵᠤ ᠪᠠᠶᠢᠭᠰᠠᠨ ᠢ ᠦᠵᠡᠪᠡ  ᠭᠡᠨ᠎ᠡ᠃ ᠡᠶᠢᠮᠦ ᠠᠴᠠ ᠲᠡᠷᠡ ︽羊羔子庙︾ ᠭᠡᠰᠡᠨ ᠬᠢᠲᠠᠳ ᠨᠡᠷ᠎ᠡ ᠥᠭᠪᠡ ᠭᠡᠨ᠎ᠡ᠃ ᠬᠤᠵᠢᠮ ᠤᠨ  ᠬᠥᠮᠥᠨ ᠡᠨᠡ ᠰᠦᠮ᠎ᠡ ᠶᠢ ᠮᠠᠭᠲᠠᠵᠤ ᠰᠢᠯᠦᠭᠯᠡᠭᠰᠡᠨ ︽ᠣᠷᠣᠢ ᠶᠢᠨ ᠰᠦᠮ᠎ᠡ ᠶᠢᠨ ᠬᠤᠯᠪᠣᠭ᠎ᠠ ᠮᠠᠭᠲᠠᠭᠠᠯ︾  ᠭᠤᠷᠪᠠᠨ ᠪᠠᠳᠠᠭ ᠰᠢᠯᠦᠭ ᠪᠠᠶᠢᠳᠠᠭ ᠢ ᠠᠳᠡ ᠳᠠᠭᠠᠯᠳᠤᠭᠤᠯᠤᠨ ᠰᠡᠶᠢᠷᠡᠭᠦᠯᠦᠶ᠎ᠡ᠃            ᠠᠯᠤᠰ ᠤᠨ ᠬᠤᠯᠠ ᠠᠴᠠ ᠬᠠᠷᠠᠭᠳᠠᠬᠤ ᠨᠢ            ᠣᠷᠣᠢ ᠶᠢᠨ ᠰᠦᠮ᠎ᠡ ᠶᠢᠨ ᠭᠠᠵᠠᠷ ᠪᠠᠶᠢᠨ᠎ᠠ᠂            ᠠᠭᠠᠷ ᠤᠨ ᠨᠠᠷᠠᠨ ᠤ ᠭᠡᠭᠡᠬᠡᠨ ᠲᠤᠶᠠᠭᠠᠨ ᠳᠤ            ᠠᠯᠲᠠᠨ ᠤ ᠭᠡᠷᠡᠯ ᠰᠠᠴᠤᠷᠠᠳᠠᠭ᠃            ᠲᠠᠪᠤᠨ ᠷᠠᠰᠠᠩ ᠬᠤᠷᠠᠯ ᠪᠦᠷᠢᠨ            ᠲᠠᠷᠨᠢ ᠶᠢᠨ ᠠᠶᠠᠯᠭᠤ ᠬᠠᠩᠭᠢᠨᠠᠭᠠᠳ ᠬᠥ᠋ ᠬᠥᠢ            ᠲᠣᠭᠤᠷᠢᠭᠰᠠᠨ ᠪᠦᠬᠦ ᠮᠥᠷᠭᠦᠯᠴᠢᠳ ᠲᠡᠭᠡᠨ            ᠥᠯᠵᠡᠢ ᠮᠥᠷ ᠢ ᠰᠣᠶᠣᠷᠬᠠᠨ᠎ᠠ ᠬᠥ᠋ ᠬᠥᠢ            ᠳᠡᠭᠡᠷ᠎ᠡ ᠭᠠᠵᠠᠷ ᠰᠦᠨᠳᠡᠷᠯᠡᠭᠡᠳ            ᠳᠡᠭᠡᠳᠦ ᠶᠢᠨ ᠨᠤᠲᠤᠭ ᠢ ᠪᠠᠷᠠᠭᠠᠯᠠᠭᠠᠳ            ᠳᠥᠷᠪᠡᠨ ᠵᠦᠭ ᠤᠨ ᠮᠥᠷᠭᠦᠯᠴᠢᠳ ᠲᠡᠭᠡᠨ            ᠲᠠᠪᠤᠨ ᠢᠷᠦᠭᠡᠯ ᠬᠦᠷᠲᠡᠭᠡᠵᠦ ᠪᠠᠶᠢᠨ᠎ᠠ ᠬᠥ᠋ ᠬᠥᠢ            ᠲᠡᠶᠢᠮᠦ ᠠᠴᠠ ᠭᠤᠷᠪᠠᠨ ᠠᠶᠢᠮᠠᠭ ᠲᠠᠶᠢᠵᠢ ᠶᠢᠨ ᠬᠠᠷᠢᠶᠠᠲᠤ ᠭᠠᠵᠠᠷ ᠨᠢ ᠤᠯᠠᠭᠠᠨ ᠪᠤᠷᠭᠠᠰᠤᠲᠤ ᠠᠴᠠ  ᠬᠤᠶᠢᠰᠢ ᠯᠣᠤᠬ᠎ᠠ ᠶᠢᠨ ᠭᠤᠣᠯ ᠤᠨ ᠡᠮᠦᠨ᠎ᠡ ᠬᠥᠪᠡᠭᠡᠨ ᠳᠠᠬᠢ ᠬᠤᠶᠠᠷ ᠤᠳᠠ᠂ ᠬᠠᠷ᠎ᠠ ᠱᠤᠷᠣᠩ ᠤᠨ ᠠᠭᠤᠯᠠ᠂  ᠭᠤᠣᠯ ᠤᠨ ᠠᠷᠤ ᠳᠠᠬᠢ ᠯᠢᠩᠬᠤᠸᠠᠲᠤ ᠨᠠᠭᠤᠷ ᠤᠨ ᠲᠠᠯ᠎ᠠ ︵ᠬᠤᠷᠴᠢᠨ ᠲᠠᠯ᠎ᠠ︶᠂ ᠪᠣᠷᠣ ᠲᠣᠯᠣᠭᠠᠢ ᠶᠢᠨ ᠠᠭᠤᠯᠠ᠂  ᠴᠢᠨᠳᠠᠮᠤᠨᠢ ᠠᠴᠠ ᠵᠡᠭᠦᠨᠰᠢ᠂ ᠬᠤᠩᠭᠠᠲᠤ ᠶᠢᠨ ᠵᠣ᠂ ᠬᠠᠪᠢᠷᠭ᠎ᠠ ᠠᠭᠤᠯᠠ᠂ ᠰᠢᠷ᠎ᠠ ᠨᠠᠭᠤᠷ ᠬᠦᠷᠬᠦ ᠠᠤᠬᠠᠨ ᠵᠡᠭᠦᠨ  ᠭᠠᠷ ᠬᠤᠰᠢᠭᠤᠨ ᠤ ᠵᠡᠭᠦᠨ ᠬᠤᠶᠢᠲᠤ ᠨᠢᠭᠡᠨ ᠬᠡᠰᠡᠭ ᠭᠠᠵᠠᠷ ᠨᠤᠲᠤᠭ ᠢ ᠵᠠᠮᠰᠣ ᠨᠠᠷ ᠤᠨ ᠦᠷ᠎ᠡ ᠬᠤᠶᠢᠴᠢᠰ ᠲᠠᠪᠤᠨ  ᠰᠤᠮᠤᠨ ᠤ ᠬᠠᠷᠢᠶᠠᠲᠤ ᠲᠠᠶᠢᠵᠢ ᠨᠠᠷ ᠨᠣᠶᠠᠷᠬᠠᠬᠤ ᠪᠠᠶᠢᠷᠢ ᠶᠢ ᠡᠵᠡᠯᠡᠨ ᠰᠠᠭᠤᠷᠢᠰᠢᠵᠤ ᠪᠠᠶᠢᠪᠠ᠃            ᠡᠭᠦᠨ ᠤ ᠳᠣᠲᠣᠷ᠎ᠠ ᠳᠣᠣᠷ᠎ᠠ ᠤᠳᠠᠨ ᠨᠤᠲᠤᠭ ᠠᠴᠠ ᠡᠮᠦᠨ᠎ᠡ᠂ ᠬᠥᠭᠦᠷᠭᠡ ᠬᠠᠳᠠᠨ ᠠᠴᠠ ᠪᠠᠷᠠᠭᠤᠨᠰᠢ ᠪᠠᠷᠤᠭ  ᠠᠷᠪᠠᠨ ᠭᠠᠵᠠᠷ ᠤᠨ ᠦᠵᠦᠭᠦᠷ ᠲᠤ ᠨᠢᠭᠡᠨ ᠬᠥᠬᠡ ᠭᠠᠷᠤᠳᠢ ᠳᠡᠪᠳᠡᠷᠢᠵᠦ ᠪᠠᠶᠢᠬᠤ ᠰᠢᠨᠵᠢᠲᠡᠢ ᠠᠭᠤᠯᠠ ᠪᠣᠢ᠃ ᠮᠢᠨᠦ  ᠳᠡᠭᠡᠳᠦ ᠶᠢᠨ ᠣᠩᠭᠤᠨ ᠡᠨᠡ ᠠᠭᠤᠯᠠᠨ ᠤ ᠡᠩᠭᠡᠷ ᠲᠤ ᠣᠳᠣ ᠪᠣᠯᠲᠠᠯ᠎ᠠ ᠪᠠᠶᠢᠭ᠎ᠠ᠂ ᠡᠭᠦᠨ ᠤ ᠳᠤᠮᠳᠠ ᠨᠢᠭᠡ ᠰᠠᠭᠤᠷᠢ  ᠢᠯᠠᠮ᠎ᠠ ᠶᠢᠨ ᠮᠣᠳᠣ ᠤᠷᠭᠤᠭᠰᠠᠨ ᠨᠢᠭᠡᠨ ᠣᠩᠭᠤᠨ ᠪᠣᠢ᠂ ᠡᠭᠦᠨ ᠢ ᠪᠣᠯ ᠭᠦᠩᠵᠦ ᠶᠢᠨ ᠣᠩᠭᠤᠨ ᠭᠡᠳᠡᠭ ᠶᠤᠮ᠃  ᠴᠣᠬᠤᠮ ᠬᠠᠭᠠᠨ ᠤᠭᠰᠠᠭᠠᠲᠠᠨ ᠤ ᠭᠡᠷ ᠠᠴᠠ ᠠᠯᠢ ᠦᠶ᠎ᠡ ᠳᠤ ᠪᠠᠭᠤᠯᠭᠠᠵᠤ ᠥᠭᠭᠦᠭᠰᠡᠨ ᠵᠢᠶᠦ᠋ᠨ ᠵᠦ ᠭᠡᠭᠡ ᠶᠢ  ᠮᠡᠳᠡᠬᠦ ᠦᠭᠡᠢ ᠪᠣᠯᠪᠠᠴᠤ᠂ ᠮᠢᠨᠦ ᠦᠶ᠎ᠡ ᠪᠣᠯᠲᠠᠯ᠎ᠠ ᠡᠷᠭᠦᠴᠡ ᠡᠷᠭᠦᠵᠦ ᠮᠥᠷᠭᠦᠭᠰᠡᠭᠡᠷ ᠪᠠᠶᠢᠭ᠎ᠠ ᠶᠤᠮ᠃ ᠡᠨᠡ  ᠭᠦᠩᠵᠦ ᠶᠢᠨ ᠣᠩᠭᠤᠨ ᠤ ᠬᠠᠵᠠᠭᠤ ᠳᠤ ᠴᠢᠯᠠᠭᠤ ᠲᠣᠭᠤᠰᠬ᠎ᠠ ᠶᠢᠨ ᠪᠦᠲᠦᠴᠡ ᠲᠠᠢ ᠬᠤᠶᠠᠷ ᠮᠤᠭᠤᠨ ᠪᠠᠶᠢᠭᠰᠠᠨ  ᠶᠤᠮ᠂ ᠡᠭᠦᠨ ᠢ ᠮᠢᠨᠦ ᠬᠤᠶᠠᠷ ᠡᠯᠦᠨᠴᠡ ᠡᠪᠦᠭᠡ ᠶᠢᠨ ᠮᠤᠭᠤᠨ ᠭᠡᠳᠡᠭ᠃ ᠡᠳᠡᠭᠡᠷ ᠢ ᠶᠠᠮᠠᠷ ᠨᠢᠭᠡ ᠬᠤᠣᠷᠲᠠᠨ ᠨᠢ  ᠰᠣᠶᠣᠯ ᠤᠨ ᠶᠡᠭᠡ ᠬᠤᠪᠢᠰᠬᠠᠯ ᠤᠨ ᠦᠶᠡᠰ ᠡᠪᠳᠡᠭᠰᠡᠨ  ᠢ ᠮᠡᠳᠡᠬᠦ ᠦᠭᠡᠢ᠃            ᠮᠠᠨ ᠤ ᠠᠤᠬᠠᠨ ᠭᠤᠷᠪᠠᠨ ᠲᠤᠯᠭ᠎ᠠ ᠠᠶᠢᠮᠠᠭ ᠤᠨ ᠲᠠᠶᠢᠵᠢ ᠨᠠᠷ᠂ ᠴᠢᠩ ᠤᠯᠤᠰ ᠤᠨ ᠬᠡᠪᠲᠦ ᠶᠣᠰᠣᠲᠤ ︵宣 统︶ ᠬᠠᠭᠠᠨ ᠤ ᠦᠶ᠎ᠡ ᠬᠦᠷᠲᠡᠯ᠎ᠡ᠂ ᠠᠤᠬᠠᠨ ᠵᠡᠭᠦᠨ ᠭᠠᠷ ᠬᠤᠰᠢᠭᠤ ᠶᠢᠨ ᠬᠤᠶᠢᠲᠤ ᠬᠡᠰᠡᠭ ᠲᠤ ᠶᠡᠭᠡ ᠪᠠᠷ  ᠬᠥᠭᠵᠢᠨ ᠪᠤᠵᠠᠭᠠᠶᠢᠷᠠᠵᠤ᠂ ᠡᠷᠦᠬᠡ ᠣᠯᠠᠰᠢᠷᠠᠭᠰᠠᠨ ᠠᠴᠠ ᠰᠠᠭᠤᠷᠢᠰᠢᠨ ᠨᠤᠲᠤᠭᠰᠢᠭᠰᠠᠨ ᠭᠠᠵᠠᠷ ᠤᠨ  ᠨᠡᠷ᠎ᠡ ᠪᠠᠷ ᠢᠶᠠᠨ ᠶᠠᠮᠠᠷ ᠶᠠᠮᠠᠷ ᠠᠶᠢᠯ ᠪᠦᠯᠦᠭ ᠬᠤᠪᠢᠶᠠᠨ ᠳᠠᠭᠤᠳᠠᠯᠴᠠᠵᠤ᠂ ᠢᠯᠠᠩᠭᠤᠶ᠎ᠠ ᠴᠢᠩ ᠤᠯᠤᠰ ᠮᠥᠬᠦᠵᠦ  ᠳᠤᠮᠳᠠᠳᠤ ᠢᠷᠭᠡᠨ ᠤᠯᠤᠰ ᠪᠣᠯᠬᠤ ᠶᠢᠨ ᠵᠡᠷᠭᠡ ᠪᠠᠷ᠂ ᠳᠡᠭᠡᠳᠦ ᠶᠢᠨ ᠨᠤᠲᠤᠭ ᠣᠷᠣᠨ ᠢᠶᠠᠨ ᠡᠵᠡᠮᠰᠢᠵᠦ ᠬᠠᠮᠢᠶᠠᠷᠬᠤ  ᠡᠷᠬᠡ ᠴᠢᠳᠠᠯ ᠢᠶᠠᠨ ᠠᠯᠳᠠᠵᠤ᠂ ᠳᠥᠷᠪᠡᠨ ᠵᠦᠭ ᠨᠠᠢᠮᠠᠨ ᠵᠣᠪᠬᠢᠰ ᠲᠤ ᠰᠠᠯᠵᠤ ᠵᠠᠳᠠᠷᠠᠵᠤ ᠶᠠᠪᠤᠪᠠ᠃ ᠡᠶᠢᠮᠦ ᠠᠴᠠ  ᠠᠷᠭ᠎ᠠ ᠪᠤᠰᠤ ᠤᠤᠯ ᠰᠠᠭᠤᠭᠠᠯᠢ ᠨᠤᠲᠤᠭ ᠢᠶᠠᠷ ᠠᠶᠢᠮᠠᠭ ᠤᠨ ᠨᠡᠷ᠎ᠡ ᠪᠣᠯᠭᠠᠵᠤ ᠳᠠᠭᠤᠳᠠᠯᠴᠠᠵᠤ ᠡᠬᠢᠯᠡᠪᠡ᠃  ᠵᠢᠱᠢᠶᠡᠯᠡᠪᠡᠯ᠄ ᠤᠳᠠᠨ ᠠᠶᠢᠯ ᠳᠤ ᠰᠠᠭᠤᠷᠢᠰᠢᠵᠤ ᠪᠠᠶᠢᠭᠰᠠᠨ ᠨᠢ ᠪᠢᠳᠡ ᠪᠣᠯ ᠤᠳᠠ ᠠᠶᠢᠮᠠᠭ ᠤᠨ ᠲᠠᠶᠢᠵᠢ ᠨᠠᠷ᠂  ᠯᠢᠩᠬᠤᠸᠠᠲᠤ ᠨᠠᠭᠤᠷ ᠤᠨ ᠲᠣᠭᠤᠷᠢᠨ ᠳᠤ ᠨᠤᠲᠤᠭᠰᠢᠵᠤ ᠪᠠᠶᠢᠭᠰᠠᠨ ᠨᠢ ᠪᠢᠳᠡ ᠪᠣᠯ ᠯᠢᠩᠬᠤᠸᠠᠲᠤ ᠠᠶᠢᠮᠠᠭ᠂  ᠬᠠᠪᠢᠷᠭ᠎ᠠ ᠠᠭᠤᠯᠠ ᠵᠢᠨ‌‍ᠲ᠋ᠣᠭᠤᠷᠢᠨ ᠳᠤ ᠨᠤᠲᠤᠭᠰᠢᠵᠤ ᠪᠠᠶᠢᠭᠰᠠᠨ ᠨᠢ ᠪᠢᠳᠡ ᠪᠣᠯ ᠬᠠᠪᠢᠷᠭ᠎ᠠ ᠠᠶᠢᠮᠠᠭ ᠤᠨ ᠲᠠᠶᠢᠵᠢ  ᠨᠠᠷ ᠭᠡᠬᠦ᠃ ᠪᠠᠰᠠ ᠬᠦᠷᠬᠢᠷ᠎ᠡ ᠠᠶᠢᠮᠠᠭ᠂ ᠪᠣᠷᠣ ᠲᠤᠯᠤᠭᠠᠢ ᠠᠶᠢᠮᠠᠭ᠂ ᠲᠠᠪᠢᠨ ᠭᠡᠷ ᠠᠶᠢᠮᠠᠭ ᠭᠡᠬᠦ ᠮᠡᠲᠦ ᠪᠠᠷ  ᠳᠠᠭᠤᠳᠠᠯᠴᠠᠬᠤ ᠪᠣᠯᠵᠤ᠂ ᠣᠳᠣ ᠪᠣᠯᠬᠤ ᠳᠤ ᠭᠠᠭᠴᠠ ᠠᠤᠬᠠᠨ ᠪᠣᠷᠵᠢᠭᠢᠨ ᠣᠪᠣᠭ ᠢᠶᠠᠨ ᠮᠡᠳᠡᠬᠦ ᠠᠴᠠ ᠪᠤᠰᠤ᠂ ᠭᠡᠷ  ᠲᠥᠷᠥᠯ᠂ ᠤᠳᠤᠮ ᠤᠭᠰᠠᠭ᠎ᠠ ᠪᠠᠨ ᠮᠡᠳᠡᠬᠦ ᠪᠠᠨ ᠪᠣᠯᠢᠪᠠ᠃ ᠵᠠᠷᠢᠮ ᠦᠶᠡᠰ ᠤᠭᠰᠠᠭ᠎ᠠ ᠲᠥᠷᠥᠯ ᠵᠠᠭᠤᠷ᠎ᠠ ᠪᠠᠨ  ᠤᠷᠤᠭ ᠰᠠᠭᠤᠵᠤ ᠪᠠᠶᠢᠬᠤ ᠦᠵᠡᠭᠳᠡᠯ ᠴᠦ ᠭᠠᠷᠴᠤ ᠪᠠᠶᠢᠨ᠎ᠠ᠃            ᠠᠨᠳᠠ ᠠᠶᠤᠰᠢ ᠨᠣᠶᠠᠨ ᠤ ᠥᠪ ᠭᠤᠯᠣᠮᠲᠠ ᠶᠢ ᠤᠯᠠᠮᠵᠢᠯᠠᠭᠰᠠᠨ᠂ ᠵᠢᠷᠭᠤᠳᠤᠭᠠᠷ ᠦᠶ᠎ᠡ ᠶᠢᠨ ︵ᠭᠤᠴᠢ  ᠬᠦᠦ︶ ᠪᠠᠯᠳᠠᠨ ᠵᠢᠶᠦ᠋ᠨ ᠸᠠᠩ ᠤᠨ ᠲᠥᠷᠥᠯ ᠤᠨ ᠳᠡᠭᠦᠦ᠂ ᠳ᠋ᠧᠴᠢᠨ ᠸᠠᠩ ᠤᠨ ᠭᠠᠷ ᠤᠨ ᠳᠣᠣᠷ᠎ᠠ ᠨᠡᠯᠢᠶᠡᠳ ᠶᠡᠭᠡ  ᠡᠷᠬᠡ ᠰᠦᠷᠲᠡᠢ ᠨᠢᠭᠡᠨ ᠠᠳᠠᠮᠠᠯ ᠨᠣᠶᠠᠨ ᠪᠠᠶᠢᠵᠠᠢ᠃ ᠭᠡᠷ ᠤᠨ ᠰᠠᠭᠤᠷᠢ ᠨᠢ ᠯᠤᠤᠬ᠎ᠠ ᠶᠢᠨ ᠭᠤᠣᠯ ᠤᠨ ᠡᠮᠦᠨ᠎ᠡ  ᠤᠯᠠᠭᠠᠨ ᠬᠤᠸᠠ ᠠᠭᠤᠯᠠ ᠶᠢᠨ ᠠᠷᠤ ᠥᠪᠥᠷ ᠬᠤᠷᠮᠣᠢ ᠳᠠᠭᠠᠤ ᠣᠷᠣᠨ᠂ ᠪᠠᠰᠠ ᠳᠡᠭᠡᠷ᠎ᠡ ᠤᠳᠠ᠂ ᠳᠣᠣᠷ᠎ᠠ ᠤᠳᠠ  ᠭᠡᠰᠡᠨ ᠭᠠᠵᠠᠷ ᠠᠮᠢᠳᠤᠷᠠᠵᠤ ᠪᠠᠶᠢᠭᠰᠠᠨ ᠪᠣᠯᠬᠤᠷ᠂  ᠲᠡᠷᠡ ᠦᠶ᠎ᠡ ᠶᠢᠨ ᠬᠥᠮᠥᠰ ᠪᠦᠷ ᠤᠳᠠᠨ ᠨᠤᠲᠤᠭ ᠤᠨ ᠶᠡᠭᠡ  ᠠᠳᠠᠮᠠᠯ ᠣᠮᠪᠣᠯ ᠨᠣᠶᠠᠨ ᠭᠡᠵᠤ ᠳᠠᠭᠤᠳᠠᠵᠤ ᠪᠠᠶᠢᠭᠰᠠᠨ ᠭᠡᠨ᠎ᠡ᠃ ᠡᠨᠡ ᠨᠣᠶᠠᠨ ᠠᠴᠠ ᠭᠤᠷᠪᠠᠨ ᠬᠦᠦ ᠲᠠᠢ᠃            ᠳᠠᠷᠤᠢ ᠰᠠᠶᠢᠨᠪᠠᠲᠤ᠂ ᠰᠠᠶᠢᠨᠵᠠᠶᠠᠭᠠᠲᠤ᠂ ᠰᠠᠶᠢᠨᠳᠦ᠋ᠭᠦᠷᠡᠩ ᠪᠣᠯᠣᠨ᠎ᠠ᠃ ᠰᠠᠶᠢᠨᠪᠠᠲᠤ᠂ ᠰᠠᠶᠢᠨᠵᠠᠶᠠᠭᠠᠲᠤ ᠨᠢ  ᠭᠡᠷ ᠨᠤᠲᠤᠭ ᠢᠶᠠᠨ ᠰᠠᠬᠢᠵᠤ᠂ ᠰᠠᠶᠢᠨᠳᠦ᠋ᠭᠦᠷᠡᠩ ᠭᠦᠷᠦᠨ ᠭᠦᠩᠵᠦ ᠶᠢᠨ ᠦᠷ᠎ᠡ ᠬᠤᠶᠢᠴᠢᠰ ᠤᠨ ᠬᠤᠪᠢ ᠪᠠᠷ ᠵᠢᠩ  ᠬᠤᠲᠠᠨ᠎ᠠ ᠰᠤᠷᠤᠯᠴᠠᠵᠤ᠂ ᠤᠯᠤᠰ ᠤᠨ ᠰᠢᠯᠭᠠᠯᠲᠠ ᠳᠤ ᠳᠡᠰ ᠲᠤ ᠣᠷᠣᠭᠠᠳ ︵ᠴᠢᠩ ᠤᠯᠤᠰ ᠤᠨ ᠦᠶ᠎ᠡ ᠳᠤ᠂  ᠠᠷᠤ ᠭᠠᠵᠠᠷ ᠰᠢᠯᠭᠠᠯᠲᠠ ᠶᠠᠪᠤᠭᠤᠯᠬᠤ ᠦᠭᠡᠢ ᠭᠡᠳᠡᠭ ᠲᠣᠭᠲᠠᠭᠠᠯ ᠪᠠᠶᠢᠳᠠᠭ᠂ ᠡᠭᠦᠪᠡᠷ ᠪᠣᠳᠣᠪᠠᠯ ᠪᠤᠷᠤᠭᠤ ᠬᠡᠯᠡᠯᠭᠡ  ᠪᠣᠯᠣᠯᠲᠠᠢ︶᠂ ᠱᠠᠨ ᠰᠢ ᠮᠤᠵᠢ ᠶᠢᠨ ᠲᠠᠶᠢᠶᠤᠸᠠᠨ ︵山西省太原市︶ ᠭᠠᠵᠠᠷ ᠶᠡᠭᠡ ᠨᠣᠶᠠᠨ  ᠰᠠᠭᠤᠵᠤ᠂ ᠲᠥᠷᠥ ᠭᠡᠷᠡᠯᠲᠦ ᠬᠠᠭᠠᠨ ᠤ ᠦᠶᠡᠰ ᠲᠤᠰᠢᠶᠠᠯ ᠠᠴᠠ ᠪᠠᠨ ᠪᠠᠭᠤᠪᠠ ᠭᠡᠳᠡᠭ᠃ ᠥᠨᠳᠥᠷ ᠡᠪᠦᠭᠡ ᠠᠨᠳᠠ  ᠠᠶᠤᠰᠢ ᠶᠢᠨ ᠥᠪ ᠭᠤᠯᠣᠮᠲᠠ ᠡᠨᠡ ᠭᠤᠷᠪᠠᠨ ᠬᠤᠯᠤᠨᠴᠠ‌ᠡᠪᠦᠭᠡ ᠶᠢᠨ ᠭᠡᠷ ᠲᠤ ᠪᠠᠶᠢᠪᠠ᠃            ᠥᠪ ᠭᠤᠯᠣᠮᠲᠠ ᠳᠤ ᠪᠠᠭᠲᠠᠬᠤ ᠵᠦᠢᠯᠡᠰ ᠭᠡᠪᠡᠯ᠄            1᠂ ᠳᠡᠭᠡᠳᠦᠰ ᠤᠨ ᠭᠡᠷ ᠲᠥᠷᠥᠯ ᠤᠨ ᠴᠠᠳᠢᠭ ᠲᠡᠮᠳᠡᠭᠯᠡᠯ            2᠂ ᠭᠤᠷᠪᠠᠨ ᠶᠦᠮᠦ ᠶᠢᠨ ᠰᠢᠲᠦᠭᠡᠨ ᠰᠤᠳᠤᠷ 16 ᠪᠣᠳᠢ            3᠂ ᠬᠤᠷᠢᠨ ᠲᠠᠪᠤᠨ ᠮᠢᠩᠭᠠᠲᠤ ᠬᠡᠮᠡᠬᠦ ᠬᠤᠪᠢᠯᠠᠢ ᠰᠡᠴᠡᠨ ᠬᠠᠭᠠᠨ ᠤ ᠮᠠᠭᠲᠠᠭᠠᠯ ᠮᠣᠳᠣᠨ ᠬᠡᠪ ᠤᠨ  ᠮᠣᠩᠭᠤᠯ ᠰᠤᠳᠤᠷ ᠠᠷᠪᠠᠨ ᠪᠣᠳᠢ            4᠂ ᠭᠦᠷᠦᠨ ᠭᠦᠩᠵᠦ ᠶᠢᠨ ᠣᠳᠬᠤᠨ ᠬᠦᠦ ᠳᠡᠭᠡᠨ ᠭᠡᠷᠢᠶᠡᠰᠯᠡᠵᠦ ᠥᠭᠭᠦᠭᠰᠡᠨ ᠵᠤᠤ ᠪᠤᠷᠬᠠᠨ᠂ ᠠᠯᠲᠠᠨ  ᠰᠤᠪᠤᠷᠭ᠎ᠠ ᠵᠡᠷᠭᠡ ᠪᠠᠭᠲᠠᠨ᠎ᠠ᠃            ᠡᠳᠡᠭᠡᠷ ᠵᠦᠢᠯ ᠢ ᠨᠢ ᠭᠠᠵᠠᠷ ᠰᠢᠷᠣᠢ ᠶᠢᠨ ᠬᠤᠪᠢᠰᠬᠠᠯ ᠠᠴᠠ ᠰᠣᠶᠣᠯ ᠤᠨ ᠬᠤᠪᠢᠰᠬᠠᠯ ᠬᠦᠷᠲᠡᠯ᠎ᠡ ᠬᠢ  ᠬᠤᠭᠤᠴᠠᠭᠠᠨ ᠳᠤ ᠠᠩᠭᠢ ᠶᠢᠨ ᠲᠡᠮᠡᠴᠡᠯ ᠳᠤ᠂ ᠹᠸᠤᠳᠠᠯ ᠶᠣᠰᠣ ᠶᠢ ᠤᠰᠠᠳᠬᠠᠬᠤ᠂ ᠬᠠᠭᠤᠴᠢᠨ ᠳᠦᠷᠢᠮ ᠢ  ᠡᠪᠳᠡᠵᠦ ᠰᠢᠨ᠎ᠡ ᠶᠣᠰᠣ ᠶᠢ ᠪᠠᠶᠢᠭᠤᠯᠬᠤ ᠤᠯᠤᠰ ᠲᠥᠷᠥ ᠶᠢᠨ ᠬᠥᠳᠡᠯᠭᠡᠭᠡᠨ ᠤ ᠳᠤᠮᠳᠠ᠂ ᠭᠠᠯ ᠳᠤ ᠰᠢᠲᠠᠭᠠᠵᠤ  ᠤᠰᠤᠨ ᠳᠤ ᠤᠷᠤᠰᠬᠠᠵᠤ ᠰᠦᠢᠳᠬᠡᠪᠡ᠃            ᠳᠡᠭᠡᠳᠦᠰ ᠤᠨ ᠥᠪ ᠬᠥᠷᠥᠩᠭᠡ ᠭᠠᠯ ᠭᠤᠯᠣᠮᠲᠠ ᠶᠢ ᠥᠮᠴᠢᠯᠡᠭᠰᠡᠨ ᠡᠯᠦᠨᠴᠡ ᠡᠪᠦᠭᠡ ᠤᠨ ᠨᠢᠭᠡ ᠭᠡᠷ  ᠤᠯᠠᠭᠠᠨ ᠬᠤᠸᠠ ᠠᠭᠤᠯᠠ ᠶᠢᠨ ᠠᠷᠤ ᠥᠪᠥᠷ ᠤᠳᠠᠨ ᠨᠤᠲᠤᠭ ᠲᠤ ᠰᠠᠭᠤᠷᠢᠰᠢᠵᠤ ᠪᠠᠶᠢᠭᠰᠠᠨ ᠤᠴᠢᠷ ᠠᠴᠠ  ᠠᠶᠢᠮᠠᠭ ᠲᠥᠷᠥᠯ ᠨᠢᠭᠡ ᠲᠠᠢ ᠲᠠᠶᠢᠵᠢ ᠨᠠᠷ ᠤᠨ ᠦᠷᠡᠰ᠂ ᠵᠢᠯ ᠪᠦᠷᠢ ᠶᠢᠨ ᠴᠠᠭᠠᠨ ᠰᠠᠷ᠎ᠠ ᠶᠢᠨ ᠬᠤᠷᠢᠨ ᠬᠤᠶᠠᠷ ᠤᠨ  ᠡᠳᠦᠷ ᠤᠳᠠᠨ ᠠᠶᠢᠯ ᠳᠤ ᠴᠤᠭᠯᠠᠷᠠᠵᠤ᠂ ᠳᠡᠭᠡᠳᠦ ᠶᠢᠨ ᠰᠢᠲᠦᠭᠡᠨ ᠲᠡᠭᠡᠨ ᠳᠠᠬᠢᠯᠭ᠎ᠠ ᠡᠷᠭᠦᠵᠦ ᠪᠠᠶᠠᠷᠯᠠᠨ  ᠬᠥᠭᠡᠷᠦᠯᠳᠦᠳᠡᠭ᠃ ᠡᠭᠦᠨᠴᠡ ᠤᠳᠠ ᠠᠶᠢᠮᠠᠭ ᠤᠨ ᠲᠠᠶᠢᠵᠢ ᠨᠠᠷ ᠬᠡᠮᠡᠬᠦ ᠳᠠᠭᠤᠳᠠᠯᠭ᠎ᠠ ᠠᠯᠳᠠᠷ ᠠᠳᠡ ᠠᠴᠠ ᠡᠭᠦᠰᠪᠡᠢ  ᠃            ᠨᠠᠶᠢᠷᠠᠭᠤᠯᠤᠨ ᠡᠮᠬᠢᠳᠭᠡᠭᠴᠢ   ᠰᠣᠳᠪᠤᠤ   ︵ᠰᠣᠳᠪᠣᠣ ᠡᠪᠦᠭᠡ ᠶᠢᠨ ᠪᠢᠴᠢᠭᠰᠡᠨ ᠢ ᠬᠠᠰᠤᠵᠤ ᠡᠮᠬᠢᠣᠭᠡᠪᠡ᠂  ᠪᠤᠷᠤᠭᠤ ᠵᠦᠢᠯ ᠪᠠᠶᠢᠪᠠᠯ᠂ ᠦᠵᠡᠬᠦ ᠮᠡᠷᠭᠡᠳ ᠬᠠᠯᠠᠵᠤ ᠰᠠᠶᠢᠵᠢᠷᠠᠭᠤᠯᠬᠤ ᠪᠤᠯᠪᠠᠤ︕︶
 
ᠢᠷᠡᠯᠲᠡ᠄ ᠬᠤᠯᠪᠤᠭ᠎ᠠ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备12002332号