ᠰᠢᠶᠣᠣ ᠾᠧ ᠰᠢ ᠶᠢᠨ ᠰᠣᠶᠤᠯ ᠤᠨ ᠬᠠᠭᠤᠴᠢᠳ ᠨᠢ ᠥᠪᠥᠷ ᠮᠣᠩᠭᠤᠯ ᠤᠨ ᠠᠤᠬᠠᠨ ᠬᠤᠰᠢᠭᠤᠨ ᠤ | ᠮᠣᠳᠣᠨ ᠠᠶᠢᠯ ᠰᠢᠶᠠᠩ ᠤᠨ ᠮᠣᠳᠣᠨ ᠠᠶᠢᠯ ᠲᠣᠰᠬᠤᠨ ᠤ ᠰᠢᠶᠤᠤ ᠾᠧ ᠰᠢ᠂ ᠮᠥᠩᠬᠡ ᠭᠤᠣᠯ ᠤᠨ ᠪᠠᠷᠠᠭᠤᠨ | ᠡᠷᠭᠢ ᠶᠢᠨ ᠨᠢᠭᠡᠳᠦᠭᠡᠷ ᠳᠡᠰ ᠤᠨ ᠳᠡᠨᠵᠢ ᠭᠠᠵᠠᠷ ᠳᠡᠭᠡᠷ᠎ᠡ ᠪᠠᠶᠢᠷᠢᠯᠠᠵᠤ᠂ ᠭᠠᠵᠠᠷ ᠤᠨ ᠭᠠᠳᠠᠷᠭᠤ ᠨᠢ ᠪᠠᠷᠠᠭᠤᠨ ᠢᠶᠠᠨ | ᠥᠨᠳᠥᠷ ᠵᠡᠭᠦᠨ ᠢᠶᠠᠨ ᠳᠣᠣᠷ᠎ᠠ᠂ ᠵᠡᠭᠦᠨ ᠢᠶᠠᠨ ᠭᠤᠣᠯ ᠠᠴᠠ ᠪᠠᠷᠤᠭ 400 ᠮᠧᠲᠷ ᠵᠠᠶᠢᠲᠠᠶ ᠪᠠᠶᠢᠳᠠᠭ᠃ 1987 | ᠣᠨ ᠤ 7 ᠰᠠᠷ᠎ᠠ ~ 8 ᠰᠠᠷ᠎ᠠ ᠪᠣᠯᠲᠠᠯ᠎ᠠ ᠳᠤᠮᠳᠠᠳᠤ ᠤᠯᠤᠰ ᠤᠨ ᠨᠡᠶᠢᠭᠡᠮ ᠤᠨ ᠰᠢᠨᠵᠢᠯᠡᠬᠦ ᠤᠬᠠᠭᠠᠨ ᠤ | ᠬᠦᠷᠢᠶᠡᠯᠡᠩ ᠤᠨ ᠬᠠᠭᠤᠴᠢ ᠰᠤᠳᠤᠯᠤᠯ ᠤᠨ ᠰᠤᠳᠤᠯᠭᠠᠨ ᠤ ᠭᠠᠵᠠᠷ ᠤᠨ ᠥᠪᠥᠷ ᠮᠣᠩᠭᠤᠯ ᠤᠨ ᠠᠵᠢᠯᠯᠠᠬᠤ | ᠠᠩᠭᠢ ᠶᠢᠨ ᠶᠠᠩ ᠬᠤ᠋ ᠶᠢ ᠲᠣᠮᠢᠯᠠᠨ ᠰᠢᠶᠣᠣ ᠾᠧ ᠰᠢ ᠶᠢᠨ ᠰᠣᠶᠤᠯ ᠤᠨ ᠬᠠᠭᠤᠴᠢᠳ ︵87MAH | ᠨᠣᠮᠧᠲᠦ︶ ᠢ ᠨᠡᠭᠡᠭᠡᠨ ᠠᠭᠤᠳᠠᠯᠵᠤ᠂ 5 ᠬᠠᠶᠢᠯᠲᠠ ᠶᠢᠨ ᠴᠢᠭ ᠭᠠᠷᠭᠠᠵᠤ᠂ 3 ᠰᠠᠭᠤᠷᠢ ᠬᠠᠭᠤᠴᠢᠳ ᠢ ᠨᠡᠭᠡᠭᠡᠨ | ᠮᠠᠯᠲᠠᠵᠤ᠂ ᠮᠠᠯᠲᠠᠵᠤ ᠭᠠᠷᠭᠠᠭᠰᠠᠨ ᠲᠠᠯᠠᠪᠠᠶ ᠨᠢ ᠪᠠᠷᠤᠭ 300 ᠲᠡᠭᠰᠢ ᠳᠥᠷᠪᠡᠯᠵᠢᠨ ᠮᠧᠲᠷ ᠪᠠᠶᠢᠨ᠎ᠠ᠃ ᠭᠠᠵᠠᠷ ᠤᠨ | ᠭᠠᠳᠠᠷᠭᠤ ᠶᠢᠨ ︽ᠦᠨᠡᠰᠦᠨ ᠴᠠᠭᠠᠷᠢᠭ︾ ᠠᠴᠠ 6 ᠮᠥᠷ ᠂ ᠨᠡᠶᠢᠳᠡ 26 ᠦᠨᠡᠰᠦᠨ ᠴᠠᠭᠠᠷᠢᠭ ᠪᠠᠶᠢᠬᠤ ᠶᠢ | ᠮᠠᠭᠠᠳᠯᠠᠵᠤ ᠪᠣᠯᠤᠨ᠎ᠠ᠂ ᠦᠨᠡᠰᠦᠨ ᠴᠠᠭᠠᠷᠢᠭ ᠨᠢᠭᠡᠪᠦᠷᠢ ᠨᠢ ᠳᠠᠷᠤᠢ ᠨᠢᠭᠡᠨ ᠪᠠᠶᠢᠰᠢᠩ ᠤᠨ ᠰᠠᠭᠤᠷᠢ ᠪᠣᠯᠤᠨ᠎ᠠ᠃ | ᠲᠤᠰ ᠬᠠᠭᠤᠴᠢᠳ ᠤᠨ ᠡᠮᠦᠨᠡᠰᠢ ᠣᠮᠠᠷᠠᠰᠢ ᠪᠠᠨ 61.5 ᠮᠧᠲᠷ ᠣᠷᠳᠣ ᠂ ᠵᠡᠭᠦᠨᠰᠢ ᠪᠠᠷᠠᠭᠤᠨᠰᠢ 10 ᠮᠧᠲᠷ | ᠥᠷᠭᠡᠨ᠂ ᠶᠡᠷᠦᠩᠬᠡᠶ ᠲᠠᠯᠠᠪᠠᠶ ᠨᠢ ᠪᠠᠷᠤᠭ 615 ᠲᠡᠭᠰᠢ ᠳᠥᠷᠪᠡᠯᠵᠢᠨ ᠮᠧᠲᠷ ᠪᠠᠶᠢᠳᠠᠭ᠃ | ᠬᠠᠭᠤᠴᠢ ᠰᠤᠳᠤᠯᠤᠭᠴᠢᠳ 1987 ᠣᠨ ᠳᠤ ᠠᠩᠬ᠎ᠠ ᠤᠳᠠᠭᠠᠰᠢᠶᠣᠣ ᠾᠧ ᠰᠢ ᠶᠢᠨ ᠰᠣᠶᠤᠯ ᠤᠨ | ᠬᠠᠭᠤᠴᠢᠳ ᠢ ᠢᠯᠡᠷᠡᠭᠦᠯᠵᠦ᠂ ᠠᠳᠡ ᠠᠴᠠ ᠮᠠᠯᠲᠠᠵᠤ ᠭᠠᠷᠭᠠᠭᠰᠠᠨ ᠸᠠᠭᠠᠷ ᠰᠠᠪᠠ ᠪᠠ ᠢᠷᠣᠭᠠᠷ ᠤᠨ ᠬᠡᠰᠡᠭ ᠨᠢ | ᠪᠦᠷ ᠮᠠᠰᠢ ᠵᠤᠵᠠᠭᠠᠨ᠂ ᠳᠠᠷᠤᠢ ︽ ᠪᠦᠳᠦᠭᠦᠯᠢᠭ ᠸᠠᠭᠠᠷ︾᠂ ᠥᠩᠭᠡᠨ ᠲᠠᠯ᠎ᠠ ᠨᠢ ᠶᠠᠮᠠᠷ ᠴᠤ ᠬᠡ ᠤᠭᠠᠯᠵᠠ ᠦᠭᠡᠶ | ᠪᠠᠶᠢᠵᠤ᠂ ᠡᠨᠡ ᠨᠢ ᠸᠠᠭᠠᠷ ᠤᠨ ᠤᠷᠠᠯᠢᠭ ᠨᠢ ᠨᠡᠯᠢᠶᠡᠳ ᠡᠷᠲᠡᠨ ᠤ ᠪᠥᠭᠡᠳ ᠪᠦᠳᠦᠭᠦᠯᠢᠭ ᠢ ᠬᠠᠷᠠᠭᠤᠯᠵᠤ᠂ | ᠬᠠᠭᠤᠴᠢ ᠰᠤᠳᠤᠯᠤᠯ ᠳᠤ ᠸᠠᠭᠠᠷ ᠰᠠᠪᠠ ᠨᠢ ᠴᠢᠯᠠᠭᠤᠨ ᠪᠠᠭᠠᠵᠢ ᠪᠠ ᠶᠠᠰᠤᠨ ᠪᠠᠭᠠᠵᠢ ᠲᠠᠢ ᠠᠳᠠᠯᠢᠳᠬᠠᠪᠠᠯ ᠤᠨ | ᠵᠢᠯ ᠤᠨ ᠬᠤᠪᠢᠷᠠᠯᠲᠠ ᠶᠢ ᠨᠠᠩ ᠠᠮᠠᠷᠬᠠᠨ ᠳᠣᠰᠬᠠᠵᠤ᠂ ᠲᠡᠭᠦᠨ ᠤ ᠳᠠᠷᠠᠭᠠᠬᠢ ᠰᠣᠶᠣᠯ ᠤᠨ ᠵᠢᠯ ᠳᠠᠬᠢ ᠸᠠᠭᠠᠷ ᠤᠨ | ᠰᠠᠪᠠᠨ ᠳᠡᠭᠡᠷ᠎ᠡ ᠳᠠᠷᠤᠶ ᠬᠡ ᠤᠭᠠᠯᠵᠠ ᠵᠡᠷᠭᠡ ᠭᠠᠷ ᠤᠷᠠᠯᠠᠯ ᠤᠨ ᠬᠤᠪᠢᠷᠠᠯᠲᠠ ᠭᠠᠷᠤᠭᠰᠠᠨ ᠢ ᠬᠠᠷᠠᠭᠤᠯᠵᠤ ᠪᠠᠶᠢᠨ᠎ᠠ᠃ | ᠳᠤᠮᠳᠠᠳᠤ ᠤᠯᠤᠰ ᠤᠨ ᠵᠡᠭᠦᠨ ᠬᠤᠶᠢᠲᠤ ᠣᠷᠣᠨ ᠪᠣᠯ ᠵᠡᠭᠦᠨ ᠬᠤᠶᠢᠲᠤ ᠠᠽᠢᠶ᠎ᠠ ᠶᠢᠨ ᠭᠠᠵᠠᠷ ᠣᠷᠣᠨ ᠤ | ᠲᠡᠦᠬᠡᠨ ᠠᠴᠠ ᠡᠮᠦᠨᠡᠬᠢ ᠰᠣᠶᠣᠯ ᠤᠨ ᠴᠢᠬᠤᠯᠠ ᠡᠭᠦᠰᠦᠯ ᠤᠨ ᠭᠠᠵᠠᠷ ᠤᠨ ᠨᠢᠭᠡ ᠮᠥᠨ᠂ ᠰᠢᠶᠣᠣ ᠾᠧ ᠶᠠᠨ ᠤ | ᠰᠣᠶᠤᠯ ᠤᠨ ᠬᠠᠭᠤᠴᠢᠳ ᠢ ᠢᠯᠡᠷᠡᠭᠦᠯᠦᠭᠰᠡᠨ ᠨᠢ ᠵᠡᠭᠦᠨ ᠬᠤᠶᠢᠲᠤ ᠠᠽᠢᠶ᠎ᠠ ᠶᠢᠨ ᠭᠠᠵᠠᠷ ᠣᠷᠣᠨ ᠤ ᠲᠡᠦᠬᠡᠨ ᠠᠴᠠ | ᠡᠮᠦᠨᠡᠬᠢ ᠰᠣᠶᠣᠯ ᠤᠨ ᠰᠣᠯᠢᠯᠴᠠᠭ᠎ᠠ ᠳᠤ ᠰᠢᠨ᠎ᠡ ᠰᠦᠪᠡᠭᠴᠢ ᠬᠠᠩᠭᠠᠬᠤ ᠪᠣᠯᠤᠨ᠎ᠠ᠃ ᠰᠢᠶᠤᠤ ᠾᠧ ᠶᠠᠨ ᠤ | ᠰᠣᠶᠣᠯ ᠨᠢ ᠠᠯᠳᠠᠷᠲᠤ ᠬᠤᠩᠱᠠᠨ ᠰᠣᠶᠣᠯ ᠵᠢᠴᠢ ᠲᠡᠭᠦᠨ ᠤ ᠡᠮᠦᠨᠡᠬᠢ ᠬᠤᠶᠢᠨᠠᠬᠢ ᠦᠶ᠎ᠡ ᠶᠢᠨ ᠰᠢᠩ ᠯᠦᠩ ᠸᠠ | ᠰᠣᠶᠣᠯ᠂ ᠵᠣᠣ ᠪᠦᠦ ᠭᠸᠤ ᠶᠢᠨ ᠰᠣᠶᠣᠯ ᠤᠨ ᠳᠠᠷᠠᠭᠠᠬᠢ ᠴᠢᠬᠤᠯᠠ ᠢᠯᠡᠷᠡᠭᠦᠯᠦᠯᠲᠡ ᠪᠠᠶᠢᠵᠤ᠂ ᠳᠤᠮᠳᠠᠳᠤ | ᠤᠯᠤᠰ ᠤᠨ ᠵᠡᠭᠦᠨ ᠬᠤᠶᠢᠲᠤ ᠣᠷᠣᠨ ᠤ ᠪᠠᠯᠠᠷ ᠡᠷᠲᠡᠨ ᠤ ᠣᠨ ᠵᠢᠯ ᠤᠨ ᠵᠢᠷᠤᠭ ᠤᠨ ᠵᠢᠭᠰᠠᠯ ᠢ ᠨᠠᠩ | ᠲᠡᠭᠦᠯᠳᠡᠷᠵᠢᠭᠦᠯᠵᠦ᠂ ᠲᠣᠰ ᠭᠠᠵᠠᠷ ᠣᠷᠣᠨ ᠤ ᠪᠠᠯᠠᠷ ᠡᠷᠲᠡᠨ ᠤ ᠣᠨ ᠵᠢᠯ ᠤᠨ ᠵᠢᠷᠤᠭ ᠤᠨ ᠵᠢᠭᠰᠠᠯ ᠢ | ᠨᠠᠷᠢᠯᠢᠬᠵᠢᠭᠤᠯᠬᠤ ᠶᠢᠨ ᠬᠠᠮᠲᠤ ᠤᠷᠤᠭᠰᠢ ᠠᠬᠢᠭᠤᠯᠬᠤ ᠪᠣᠯᠤᠮᠵᠢ ᠲᠠᠢ ᠪᠠᠶᠢᠨ᠎ᠠ᠃ | ᠠᠩᠬᠠᠳᠤᠭᠠᠷ ᠬᠤᠭᠤᠴᠠᠭᠠᠨ ᠤ ᠬᠤᠩᠱᠠᠨ ᠤ ᠰᠣᠶᠣᠯ ᠤᠨ ᠤᠯᠠᠨ ᠤᠯᠤᠰ ᠤᠨ ᠡᠷᠳᠡᠮ ᠰᠢᠨᠵᠢᠯᠡᠭᠡᠨ ᠤ | ᠰᠤᠳᠤᠯᠤᠨ ᠶᠠᠷᠢᠯᠴᠠᠬᠤ ᠬᠤᠷᠠᠯ ᠳᠤ ᠣᠷᠣᠯᠴᠠᠭᠰᠠᠨ ᠡᠷᠳᠡᠮᠲᠡᠳ ᠤᠨ ᠦᠵᠡᠬᠦ ᠪᠠᠷ᠂ 1987 ᠣᠨ ᠳᠤ | ᠢᠯᠡᠷᠡᠭᠦᠯᠦᠭᠰᠡᠨ ᠥᠪᠥᠷ ᠮᠣᠩᠭᠤᠯ ᠤᠨ ᠰᠢᠶᠤᠤ ᠾᠧ ᠶᠠᠨ ᠰᠣᠶᠣᠯ ᠤᠨ ᠬᠠᠭᠤᠴᠢᠳ ᠨᠢ ᠤᠳᠤ ᠠᠴᠠ ᠪᠠᠷᠤᠭ | 8500 ᠵᠢᠯ ᠡᠮᠦᠨ᠎ᠡ ᠪᠠᠶᠢᠵᠤ᠂ ᠨᠢᠭᠡᠨᠲᠡ ᠢᠯᠡᠷᠡᠭᠦᠯᠦᠭᠰᠡᠨ ᠳᠤᠮᠳᠠᠳᠤ ᠤᠯᠤᠰ ᠤᠨ ᠵᠡᠭᠦᠨ ᠬᠤᠶᠢᠲᠤ ᠣᠷᠣᠨ ᠤ | ᠬᠠᠮᠤᠭ ᠡᠷᠲᠡᠨ ᠤ ᠲᠡᠦᠬᠡᠨ ᠠᠴᠠ ᠡᠮᠦᠨᠡᠬᠢ ᠰᠣᠶᠣᠯ ᠠᠴᠠ 300 ᠵᠢᠯ ᠤᠷᠤᠭᠰᠢᠯᠠᠭᠰᠠᠨ ᠪᠠᠶᠢᠨ᠎ᠠ᠃ | ︽ᠰᠢᠶᠤᠤ ᠾᠧ ᠶᠠᠨ ᠤ ᠰᠣᠶᠣᠯ ᠨᠢ ᠡᠳᠦᠭᠡ ᠪᠣᠯᠲᠠᠯ᠎ᠠ ᠵᠥᠪᠬᠡᠨ 3 ᠰᠠᠭᠤᠷᠢ ᠰᠣᠶᠣᠯ ᠤᠨ ᠬᠠᠭᠤᠴᠢᠳ ᠢ | ᠮᠠᠯᠲᠠᠭᠰᠠᠨ ᠪᠣᠯᠪᠠᠴᠤ ᠮᠠᠯᠲᠠᠵᠤ ᠭᠠᠷᠭᠠᠭᠰᠠᠨ ᠲᠡᠤᠬᠡ ᠶᠢᠨ ᠳᠤᠷᠠᠰᠬᠠᠯᠲᠤ ᠵᠦᠢᠯ ᠨᠢ 300 ᠭᠠᠷᠤᠶ ᠵᠦᠢᠯ ᠪᠣᠶ᠂ | ᠡᠭᠦᠨ ᠳᠤ ᠡᠯ ᠡ ᠵᠦᠢᠯ ᠤᠨᠸᠠᠭᠠᠷ ᠤᠨ ᠴᠣᠮᠣ᠂ ᠸᠠᠭᠠᠷ ᠪᠣᠲᠤᠩᠪᠠ ᠡᠯ᠎ᠡ ᠵᠦᠢᠯ ᠤᠨ ᠶᠠᠰᠤᠨ ᠡᠳ᠋ ᠪᠣᠯᠤᠨ | ᠴᠢᠯᠠᠭᠤᠨ ᠵᠡᠪᠰᠡᠭ ᠪᠠᠶᠢᠵᠤ᠂ ᠡᠭᠦᠨ ᠳᠤ ᠳᠤᠮᠳᠠᠳᠤ ᠤᠯᠤᠰ ᠤᠨ ᠵᠡᠭᠦᠨ ᠬᠤᠶᠢᠲᠤ ᠣᠷᠣᠨ ᠤ ᠬᠠᠮᠤᠭ ᠡᠷᠲᠡᠨ ᠤ | ᠸᠠᠭᠠᠷ ᠤᠨ ᠱᠤᠭᠤᠮᠠᠯ — ᠶᠡᠭᠡ ᠪᠠᠭ᠎ᠠ ᠨᠢ ᠪᠠᠷᠤᠭ ᠭᠠᠷ ᠤᠨ ᠠᠯᠠᠭ᠎ᠠ ᠶᠢᠨ ᠬᠠᠭᠠᠰ ᠣᠷᠳᠣ᠂ ᠥᠨᠳᠥᠷ ᠨᠢ 5 | ᠰᠠᠨᠲ᠋ᠢᠮᠧᠲᠷ ᠣᠷᠴᠢᠮ ᠪᠠᠶᠢᠵᠤ᠂ ᠡᠷᠲᠡᠨ ᠤ ᠬᠥᠮᠦᠰ ᠤᠨ ᠲᠠᠬᠢᠯᠭ᠎ᠠ ᠪᠤᠶᠤ ᠰᠢᠲᠦᠯᠭᠡ ᠳᠤ ᠬᠡᠷᠡᠭᠯᠡᠵᠦ ᠪᠠᠶᠢᠵᠤ | ᠮᠡᠳᠡᠨ᠎ᠡ᠃︾ ᠭᠡᠵᠦ ᠯᠢᠦ ᠭᠦᠸᠧ ᠰᠢᠶᠠᠩ ᠬᠡᠯᠡᠪᠡ᠃ | ᠰᠢᠶᠤᠤ ᠾᠧ ᠶᠠᠨ ᠤ ᠰᠣᠶᠣᠯ ᠤᠨ ᠬᠠᠮᠤᠭ ᠨᠡᠶᠢᠲᠡᠯᠢᠭ ᠴᠢᠯᠠᠭᠤᠨ ᠵᠡᠪᠰᠡᠭ ᠤᠨ ᠨᠢᠭᠡ ᠨᠢ ᠳᠤᠮᠳᠠ ᠨᠢ | ᠲᠣᠭᠤᠷᠢᠭ ᠨᠦᠬᠡ ᠲᠠᠢ ᠲᠣᠮᠣ ᠴᠢᠯᠠᠭᠤᠨ ᠵᠡᠪᠰᠡᠭ ᠪᠠ ᠳᠤᠮᠳᠠ ᠨᠢ ᠬᠤᠲᠣᠭᠤᠷ ᠣᠷᠣᠮ ᠲᠠᠢ ᠵᠢᠵᠢᠭ ᠴᠢᠯᠠᠭᠤᠨ | ᠵᠡᠪᠰᠡᠭ ᠪᠠᠭᠲᠠᠵᠤ᠂ ᠳᠦᠷᠰᠦ ᠪᠦᠲᠦᠭᠡᠯᠲᠡ ᠨᠢ ᠣᠨᠴᠠᠭᠠᠶ ᠬᠤᠪᠣᠷ᠂ ᠪᠣᠳᠠᠲᠠᠶ ᠴᠢᠳᠠᠪᠬᠢ ᠶᠢ ᠨᠢ ᠬᠠᠷᠠᠬᠠᠨ | ᠰᠢᠢᠳᠪᠦᠷᠢᠯᠡᠭᠳᠡᠭᠡᠳᠦᠢ ᠪᠠᠶᠢᠨ᠎ᠠ᠃ |