| | | | ᠲᠡᠮᠭᠡᠳᠦ᠂ ᠮᠣᠩᠭᠤᠯ ᠦᠨᠳᠦᠰᠦᠳᠡᠨ ᠤ ᠠᠯᠳᠠᠷᠳᠣ ᠨᠣᠮ ᠬᠡᠪᠯᠡᠬᠦᠯᠦᠭᠴᠢ᠂ ᠣᠷᠴᠢᠭᠤᠯᠣᠭᠴᠢ᠂ ᠰᠣᠶᠣᠯ | ᠤᠨ ᠵᠢᠳᠬᠦᠯᠳᠡᠨ᠃ ᠲᠡᠮᠭᠡᠳᠦ ᠠᠪᠣᠭᠠᠢ ᠪᠣᠯ ᠵᠣᠰᠣᠳᠣ ᠶᠢᠨ ᠴᠢᠭᠤᠯᠭᠠᠨ ᠤ ᠬᠠᠷᠠᠴᠢᠨ ᠪᠠᠷᠠᠭᠤᠨ ᠬᠤᠰᠢᠭᠤᠨ ︵ | ᠣᠳᠣ ᠶᠢᠨ ᠣᠯᠠᠭᠠᠨᠬᠠᠳᠠ ᠬᠤᠳᠠ ᠶᠢᠨ ᠬᠠᠷᠠᠴᠢᠨ ᠬᠤᠰᠢᠭᠤ︶ ᠤ ᠬᠦᠮᠦᠨ᠂ ᠬᠢᠳᠠᠳ ᠨᠠᠷ᠎ᠡ ᠨᠢ ᠸᠠᠩ ᠷᠦᠢ ᠴᠠᠩ | ︵汪睿昌︶᠂ ᠡᠷᠬᠦᠭᠰᠡᠨ ᠨᠡᠷ᠎ᠡ ᠶᠢᠨ ᠡᠾᠸᠣ ︵印侯︶ ᠭᠡᠳᠡᠭ᠃ ᠲᠡᠮᠭᠡᠳᠦ 1888 ᠣᠨ ᠤ ᠯᠠ | ᠰᠠᠷ᠎ᠠ ᠶᠢᠨ ᠰᠢᠨ᠎ᠡ ᠶᠢᠨ ᠲᠣᠯᠣᠭᠠᠨ ᠤ ᠡᠳᠦᠷ᠂ ᠸᠠᠩ ᠤᠨ ᠣᠷᠳᠣᠨ ᠤ ᠪᠠᠷᠠᠭᠤᠨ ᠭᠤᠣ ᠠᠶᠢᠯ ᠤᠨ ᠡᠭᠡᠯ ᠠᠷᠠᠳ | ᠤᠨ ᠭᠡᠷ ᠲᠤ ᠵᠠᠶᠠᠭᠠᠪᠠ᠃ ᠲᠡᠷᠡ ᠬᠠᠷᠠᠬᠠᠨ ᠪᠠᠭ᠎ᠠ ᠠᠴᠠ ᠪᠠᠨ ᠰᠡᠴᠡᠨ ᠰᠡᠷᠭᠦᠯᠡᠩ ᠣᠢ ᠣᠬᠠᠭᠠᠨ ᠣᠯᠠᠨ ᠠᠴᠠ | ᠴᠤᠯᠭᠤᠷᠠᠭᠰᠠᠨ ᠲᠣᠯᠠᠳᠠ ᠲᠣᠬᠠᠢ ᠶᠢᠨ ᠦᠶ᠎ᠡ ᠶᠢᠨ ᠬᠤᠰᠢᠭᠤᠨ ᠸᠠᠩ ᠬᠦᠩᠰᠠᠩᠨᠣᠷᠪᠤ ᠴᠢᠨ ᠸᠠᠩ ᠤᠨ ᠲᠠᠭᠠᠰᠢᠶᠠᠯ | ᠢ ᠣᠯᠵᠣ᠂ ︽ᠡᠷᠬᠦᠭᠰᠡᠨ ᠬᠦᠪᠡᠬᠦᠨ︾ ᠲᠠᠨᠢᠭᠠᠳ ᠸᠠᠩ ᠤᠨ ᠡᠷᠬᠢᠯᠡᠭᠰᠡᠨ ᠰᠢᠨ᠎ᠡ ᠰᠣᠷᠭᠠᠭᠤᠯᠢ ᠲᠦᠪ ᠢ ᠡᠷᠬᠢᠮᠯᠡᠬᠦ | ᠲᠠᠩᠬᠢᠮ ᠳᠤ ᠰᠣᠷᠣᠯᠴᠠᠭᠤᠯᠵᠠᠢ᠃ | 1903 ᠣᠨ ᠳᠤ᠂ ᠰᠣᠷᠣᠯᠭ᠎ᠠ ᠶᠢᠨ ᠠᠮᠵᠢᠯᠳᠠ ᠣᠯᠠᠨ ᠠᠴᠠ ᠣᠷᠣᠶᠢᠯᠠᠭᠰᠠᠨ ᠢᠶᠠᠷ ᠪᠡᠭᠡᠵᠢᠩ ᠳᠠᠬᠢ | ᠵᠡᠬᠦᠨ ᠮᠣᠵᠢ ᠶᠢᠨ ᠲᠡᠮᠦᠷ ᠵᠠᠮ ᠤᠨ ᠣᠷᠣᠰ ᠬᠡᠯᠡᠨ ᠤ ᠰᠣᠷᠭᠠᠭᠤᠯᠢ ᠳᠤ ᠪᠠᠳᠣᠯᠠᠭᠳᠠᠨ ᠬᠦᠷᠭᠡᠭᠳᠡᠵᠦ᠂ ᠣᠷᠣᠰ | ᠦᠭᠡ ᠬᠡᠯᠡ ᠣᠳᠬ᠎ᠠ ᠵᠣᠬᠢᠶᠠᠯ ᠢ ᠲᠣᠰᠬᠠᠢ ᠰᠣᠷᠣᠭᠰᠠᠨ ᠪᠠᠶᠢᠨ᠎ᠠ᠃ 1906 ᠣᠨ ᠳᠤ᠂ ᠬᠦᠩᠰᠠᠩᠨᠣᠷᠪᠤ ᠸᠠᠩ | ᠰᠢᠨ᠎ᠡ ᠶᠢ ᠡᠬᠦᠳᠴᠦ᠂ ᠮᠣᠩᠭᠤᠯ ᠬᠤᠰᠢᠭᠤ ᠪᠠᠨ ᠮᠠᠨᠳᠣᠭᠤᠯᠬᠤ ᠶᠢᠨ ᠲᠦᠯᠦᠭᠡ ᠬᠤᠰᠢᠭᠤᠨ ᠠᠴᠠ ᠣᠬᠢ | ᠰᠢᠯᠢᠳᠡᠭ ᠮᠣᠩᠭᠤᠯ ᠬᠡᠣᠬᠡᠳ ᠢ ᠶᠠᠫᠣᠨ ᠳᠤ ᠬᠦᠷᠭᠡᠨ ᠰᠣᠷᠣᠯᠴᠠᠭᠤᠯᠬᠤ ᠳᠤ ᠰᠣᠩᠭᠤᠭᠳᠠᠨ ᠣᠷᠣᠵᠣ᠂ ᠲᠣᠣᠺᠢᠣ᠋ | ᠶᠢᠨ ︽ᠰᠢᠨ ᠪᠠᠷ ᠴᠡᠷᠢᠭ ᠤᠨ ᠰᠣᠷᠭᠠᠭᠤᠯᠢ︾ ᠳᠤ ᠬᠦᠷᠭᠡᠭᠳᠡᠨ᠂ ᠬᠠᠭᠤᠷᠠᠢ ᠵᠠᠮ ᠤᠨ ᠴᠡᠷᠢᠭ ᠤᠨ ᠨᠣᠶᠠᠳ ᠤᠨ | ᠬᠦᠮᠦᠵᠢᠯ ᠬᠦᠷᠳᠡᠪᠡ᠃ ᠰᠣᠷᠣᠯᠭ᠎ᠠ ᠲᠡᠬᠦᠰᠦᠭᠰᠡᠨ ᠤ ᠳᠠᠷᠠᠭ᠎ᠠ ᠬᠦᠩᠰᠠᠩᠨᠣᠷᠪᠤ ᠸᠠᠩ ᠤᠨ ᠵᠦᠪᠰᠢᠶᠡᠷᠡᠯ ᠢᠶᠠᠷ | ᠲᠣᠣᠺᠢᠣ᠋ ᠶᠢᠨ ︽ᠵᠢᠢ ᠠᠢ ᠡᠮᠨᠡᠯᠭᠡ ᠶᠢᠨ ᠰᠣᠷᠭᠠᠭᠤᠯᠢ︾ ᠳᠤ ᠰᠢᠯᠵᠢᠨ ᠣᠷᠣᠵᠣ ᠡᠮ ᠡᠮᠨᠡᠯᠭᠡ ᠰᠣᠷᠪᠠ᠃ | ᠲᠡᠮᠭᠡᠳᠦ ᠶᠠᠫᠣᠨ ᠳᠤ ᠵᠢᠷᠭᠤᠭᠠᠨ ᠵᠢᠯ ᠰᠣᠷᠣᠯᠴᠠᠵᠣ᠂ ᠮᠣᠩᠭᠤᠯ ᠦᠨᠳᠣᠰᠦᠳᠡᠨ ᠤ ᠣᠷᠴᠢᠨ ᠠᠬᠤᠢ ᠶᠢᠨ | ᠠᠩᠬᠠᠳᠣᠭᠠᠷ ᠣᠳᠠᠭᠠᠨ ᠤ ᠶᠠᠫᠣᠨ ᠳᠤ | ᠰᠣᠷᠣᠯᠴᠠᠭᠰᠠᠨ ᠰᠣᠷᠣᠭᠴᠢᠳ ᠤᠨ ᠨᠢᠭᠡ ᠪᠣᠯᠣᠭᠰᠠᠨ ᠶᠤᠮ᠃ | 1910 ᠣᠨ ᠳᠤ᠂ ᠶᠠᠫᠣᠨ ᠳᠤ ᠬᠠᠮᠳᠣ ᠰᠣᠷᠣᠯᠴᠠᠭᠰᠠᠨ ᠬᠠᠷᠠᠴᠢᠨ ᠨᠣᠳᠤᠭ ᠤᠨ ᠰᠠᠶᠢᠬᠠᠨ ᠬᠡᠣᠬᠡᠨ ᠶᠢᠨ | ᠱᠣ᠋ ᠵᠧᠨ ᠲᠠᠢ ᠬᠤᠷᠢᠮᠯᠠᠵᠣ᠂ ᠵᠣᠯ ᠵᠢᠷᠭᠠᠯᠳᠣ ᠠᠮᠢᠳᠣᠷᠠᠯ ᠢᠶᠠᠨ ᠡᠬᠢᠯᠡᠬᠦᠯᠵᠡᠢ᠃ ᠶᠢᠨ ᠱᠣ᠋ ᠵᠧᠨ ᠡᠷ᠎ᠡ ᠨᠦᠬᠦᠷ | ᠲᠡᠮᠭᠡᠳᠦ ᠶᠢᠨ ᠠᠵᠢᠯ ᠦᠢᠯᠡᠰ ᠢ ᠳᠡᠮᠵᠢᠵᠣ᠂ ᠠᠮᠢᠳᠣᠷᠠᠯ ᠣᠨᠳᠣᠷᠣᠯᠭ᠎ᠠ ᠶᠢ ᠨᠢ ᠲᠦᠪᠬᠢᠨᠡᠬᠦᠯᠵᠦ᠂ ᠲᠡᠮᠭᠡᠳᠦ ᠳᠤ | ᠬᠠᠮᠤᠭ ᠤᠨ ᠶᠡᠭᠡ ᠲᠣᠰᠠ ᠳᠡᠮᠵᠢᠯᠭᠡ ᠬᠦᠷᠭᠡᠵᠦ ᠶᠠᠪᠣᠭᠰᠠᠨ ᠨᠢ ᠲᠣᠷᠠᠳᠣᠭᠤᠰᠢᠲᠠᠢ ᠪᠢᠯᠡ᠃ | 1912 ᠣᠨ ᠠᠴᠠ1913 ᠣᠨ ᠪᠣᠯᠳᠠᠯ᠎ᠠ᠂ ᠲᠡᠮᠭᠡᠳᠦ ᠬᠠᠷᠠᠴᠢᠨ ᠸᠠᠩ ᠤᠨ ᠣᠷᠳᠣᠨ ᠪᠠ ᠣᠯᠠᠭᠠᠨᠬᠠᠳᠠ | ᠵᠡᠷᠭᠡ ᠭᠠᠵᠠᠷ ᠢᠶᠠᠷ ᠡᠮᠴᠢᠯᠡᠵᠦ᠂ ᠨᠣᠳᠤᠭ ᠣᠰᠣᠨ ᠳᠠᠭᠠᠨ ᠪᠣᠶᠠᠨ ᠦᠢᠯᠡᠳᠴᠦ ᠶᠠᠪᠣᠯ᠎ᠠ᠃ 1914 ᠣᠨ ᠳᠤ᠂ | ᠬᠦᠩᠰᠠᠩᠨᠣᠷᠪᠤ ᠸᠠᠩ ᠪᠡᠭᠡᠵᠢᠩ ᠳᠤ ᠮᠣᠩᠭᠤᠯ ᠲᠦᠪᠡᠳ ᠤᠨ ᠵᠣᠷᠭᠠᠨ ᠤ ᠰᠠᠶᠢᠳ ᠪᠣᠯᠵᠣ᠂ ᠲᠡᠮᠭᠡᠳᠦ ᠶᠢ | ᠣᠷᠴᠢᠭᠤᠯᠣᠭᠴᠢ ᠪᠠ ᠡᠳ᠋ ᠤᠨ ᠶᠠᠪᠣᠳᠠᠯ ᠤᠨ ᠰᠠᠯᠠᠭᠠᠨ ᠳᠠᠷᠤᠭ᠎ᠠ᠂ ᠮᠣᠩᠭᠤᠯ ᠲᠦᠪᠡᠳ ᠤᠨ ᠰᠣᠷᠭᠠᠭᠤᠯᠢ ᠶᠢᠨ | ᠪᠠᠭᠰᠢ ᠪᠣᠯᠭᠠᠪᠠ᠃ ᠡᠨᠡ ᠬᠤᠭᠤᠴᠠᠭᠠᠨ ᠳᠤ ᠲᠡᠷᠡ ᠭᠦᠩᠰᠠᠩᠨᠣᠷᠪᠤ ᠸᠠᠩ ᠢ ᠲᠠᠭᠠᠨ ᠬᠤᠷᠠᠯ ᠴᠣᠭᠯᠠᠭᠠᠨ ᠳᠤ | ᠣᠷᠣᠯᠴᠠᠨ᠂ ᠠᠯᠪᠠᠨ ᠠᠵᠢᠯ ᠳᠠᠭᠠᠨ ᠴᠢᠷᠮᠠᠶᠢᠵᠣ ᠶᠠᠪᠣᠵᠠᠢ᠃ 1919 ᠣᠨ ᠳᠤ᠂ ︽5.4︾ ᠤ ᠵᠠᠯᠠᠭᠤᠴᠣᠳ | ᠤᠨ ᠬᠦᠳᠡᠯᠭᠡᠭᠡᠨ ᠦᠷᠨᠢᠬᠦ ᠳᠤ ᠲᠡᠮᠭᠡᠳᠦ ᠮᠣᠩᠭᠤᠯ ᠲᠦᠪᠡᠳ ᠤᠨ ᠰᠣᠷᠭᠠᠭᠤᠯᠢ ᠶᠢᠨ ᠰᠣᠷᠣᠭᠴᠢᠳ ᠤᠨ | ᠬᠦᠳᠡᠯᠭᠡᠭᠡᠨ ᠢ ᠢᠳᠡᠪᠬᠢᠳᠡᠢ ᠳᠡᠮᠵᠢᠵᠦ ᠪᠠᠶᠢᠭᠰᠠᠨ ᠶᠤᠮ᠃ | ᠲᠡᠮᠭᠡᠳᠦ ᠡᠷᠭᠡ ᠠᠰᠢᠭ ᠲᠤ ᠳᠣᠷᠠᠯᠠᠬᠤ ᠦᠭᠡᠢ᠂ ᠮᠣᠩᠭᠤᠯ ᠦᠨᠳᠦᠰᠦᠲᠡᠨ ᠤ ᠪᠠᠨ ᠲᠡᠣᠭᠡ ᠰᠣᠶᠣᠯ ᠢ | ᠰᠣᠳᠣᠯᠬᠤ ᠳᠤ ᠨᠢᠭᠡ ᠯᠡ ᠬᠦᠴᠦ ᠪᠠᠷ ᠴᠢᠷᠮᠠᠶᠢᠨ ᠵᠢᠳᠬᠦᠵᠦ᠂ ᠮᠣᠩᠭᠤᠯ ᠬᠢᠳᠠᠳ ᠲᠦᠪᠡᠳ ᠮᠠᠨᠵᠦ ᠬᠡᠯᠡᠨ ᠤ | ᠡᠷᠳᠡᠨ ᠤ ᠨᠣᠮ ᠪᠢᠴᠢᠭ ᠢ ᠴᠣᠭᠯᠠᠭᠤᠯᠣᠨ ᠡᠮᠬᠢᠳᠬᠡᠵᠦ᠂ ᠡᠷᠳᠡᠮᠳᠡᠨ ᠮᠡᠷᠭᠡᠳ ᠲᠠᠢ ᠲᠠᠨᠢᠯᠴᠠᠵᠣ ᠰᠣᠳᠣᠯᠭᠠᠨ ᠤ | ᠦᠢᠯᠡᠰ ᠢᠶᠠᠨ ᠬᠦᠨᠵᠡᠭᠡᠶᠢᠷᠡᠬᠦᠯᠵᠦ ᠪᠠᠶᠢᠭᠰᠠᠨ ᠪᠦᠭᠡᠳ ᠮᠣᠩᠭᠤᠯ᠂ ᠮᠠᠨᠵᠣ᠂ ᠬᠢᠳᠠᠳ᠂ ᠲᠦᠪᠡᠳ᠂ ᠣᠷᠣᠰ᠂ | ᠶᠠᠫᠣᠨ ᠵᠢᠷᠭᠤᠭᠠᠨ ᠬᠡᠯᠡᠨ ᠳᠤ ᠨᠡᠪᠳᠡᠷᠡᠭᠰᠡᠨ ᠨᠡᠷᠡᠳᠦ ᠡᠷᠳᠡᠮᠳᠡᠨ ᠪᠣᠯᠣᠭᠰᠠᠨ ᠶᠤᠮ᠃ | ᠲᠡᠮᠭᠡᠳᠦ ᠮᠣᠩᠭᠤᠯ ᠨᠣᠮ ᠱᠠᠰᠳᠢᠷ ᠢ ᠣᠷᠴᠢᠭᠤᠯᠵᠣ ᠡᠮᠬᠢᠳᠬᠡᠬᠦ ᠶᠠᠪᠣᠴᠠ ᠳᠠᠭᠠᠨ ᠮᠤᠩᠭᠤᠯ ᠨᠣᠮ | ᠬᠡᠪᠯᠡᠬᠦᠯᠬᠦ ᠬᠦᠴᠢᠷᠳᠡᠯ ᠳᠤ ᠲᠣᠯᠭᠠᠷᠠᠵᠣ᠂ ᠲᠣᠬᠠᠢ ᠶᠢᠨ ᠦᠶ᠎ᠡ ᠶᠢᠨ ᠴᠦᠭᠡᠨ ᠲᠣᠭᠠᠨ ᠤ ᠮᠣᠳᠣᠨ ᠰᠡᠶᠢᠯᠦᠮᠡᠯ ᠪᠠ | ᠴᠢᠯᠠᠭᠤᠨ ᠪᠠᠷ ᠤᠨ ᠬᠡᠪᠯᠡᠯ ᠢ ᠦᠵᠡᠭᠡᠳ ᠰᠡᠳᠬᠢᠯ ᠵᠣᠪᠠᠨᠢᠵᠣ ᠪᠠᠶᠢᠪᠠ᠃ ᠲᠡᠷᠡ ᠦᠶ᠎ᠡ ᠳᠤ ᠣᠯᠣᠰ ᠤᠨ | ᠳᠣᠳᠣᠭᠠᠳᠣ ᠳᠤ ᠮᠣᠩᠭᠤᠯ ᠬᠤᠷᠭᠤᠯᠵᠢᠨ ᠦᠰᠦᠭ ᠤᠨ ᠬᠡᠪᠯᠡᠯ ᠦᠭᠡᠢ᠂ ᠬᠡᠳᠦᠶᠢᠴᠢᠨᠡᠭᠡᠨ ᠬᠦᠮᠦᠰ ᠣᠷᠣᠯᠳᠣᠵᠣ | ᠲᠣᠷᠰᠢᠭᠠᠳ ᠪᠦᠳᠦᠭᠡᠵᠦ ᠳᠡᠶᠢᠯᠦᠭᠰᠡᠨ ᠦᠭᠡᠢ᠃ 1913 ᠣᠨ ᠳᠤ᠂ ᠣᠷᠣᠰ | ᠬᠦᠮᠦᠨ ᠬᠠᠷᠪᠢᠨ ᠳᠤ ᠬᠤᠷᠭᠤᠯᠵᠢᠨ ᠦᠰᠦᠭ ᠢᠶᠠᠷ ᠰᠡᠳᠬᠦᠯ ᠬᠡᠪᠯᠡᠬᠦᠯᠵᠦ᠂ 1915 ᠣᠨ ᠳᠤ ᠶᠠᠫᠣᠨ ᠬᠦᠮᠦᠨ | ᠵᠡᠬᠦᠨ ᠬᠤᠶᠢᠳᠣ ᠣᠷᠣᠨ ᠳᠤ ᠬᠤᠷᠭᠤᠯᠵᠢᠨ ᠦᠰᠦᠭ ᠢᠶᠠᠷ ᠮᠣᠩᠭᠤᠯ ᠰᠣᠨᠢᠨ ᠰᠡᠳᠬᠦᠯ ᠬᠡᠪᠯᠡᠬᠦᠯᠵᠦ ᠦᠩᠭᠡᠷᠡᠭᠰᠡᠨ | ᠪᠣᠯᠪᠠᠴᠣ ᠮᠠᠷᠭᠡᠵᠢᠯ ᠢᠶᠠᠨ ᠰᠣᠷᠭᠠᠬᠤ ᠦᠭᠡᠢ ᠮᠦᠷᠳᠡᠭᠡᠨ ᠭᠠᠳᠠᠭᠠᠳᠣ ᠬᠦᠷᠦᠨ ᠤ ᠦᠢᠯᠡᠳᠦᠭᠰᠡᠨ ᠬᠤᠷᠭᠤᠯᠵᠢᠨ | ᠮᠣᠩᠭᠤᠯ ᠦᠰᠦᠭ ᠨᠢ ᠶᠠᠩᠵᠣ ᠬᠡᠯᠪᠡᠷᠢ ᠦᠵᠡᠮᠵᠢ ᠦᠭᠡᠢ᠂ ᠲᠠᠰᠣᠷᠬᠠᠢ ᠪᠣᠳᠠᠷᠬᠠᠢ ᠪᠠᠶᠢᠵᠠᠢ᠃ ᠡᠬᠦᠨ ᠢ ᠦᠵᠡᠭᠡᠳ | ᠂ ᠲᠡᠮᠭᠡᠳᠦ ᠦᠨᠳᠦᠰᠦᠳᠡᠨ ᠤ ᠪᠠᠨ ᠰᠣᠶᠣᠯ ᠤᠨ ᠦᠪ ᠬᠦᠷᠦᠩᠭᠡ ᠪᠠᠨ ᠬᠠᠮᠠᠭᠠᠯᠠᠵᠣ᠂ ᠦᠷᠭᠡᠨ ᠳᠡᠯᠭᠡᠷ | ᠣᠬᠠᠭᠤᠯᠬᠤ ᠶᠢᠨ ᠲᠦᠯᠦᠭᠡ ᠵᠠᠪᠠᠯ ᠮᠣᠩᠭᠤᠯ ᠬᠤᠷᠭᠤᠯᠵᠢᠨ ᠦᠰᠦᠭ ᠤᠨ ᠬᠡᠪᠯᠡᠯ ᠢ ᠰᠣᠳᠣᠯᠵᠣ ᠪᠦᠳᠦᠭᠡᠨ᠎ᠡ ᠭᠡᠵᠤ | ᠵᠣᠷᠢᠭ ᠰᠢᠭᠤᠳᠣᠨ ᠠᠵᠢᠯᠯᠠᠪᠠ᠃ ᠲᠡᠮᠭᠡᠳᠦ ᠶᠠᠫᠣᠨ ᠠᠴᠠ ᠪᠣᠴᠠᠨ ᠢᠷᠡᠭᠰᠡᠨ ᠤ ᠰᠡᠬᠦᠯᠡᠷ᠂ ᠪᠡᠭᠡᠵᠢᠩ ᠳᠠᠬᠢ ᠦᠪᠡᠷ | ᠤᠨ ᠭᠡᠷ ᠲᠤ ᠪᠠᠨ ︽ᠭᠤᠪᠢ ᠶᠢᠨ ᠡᠩᠭᠡᠷ ᠤᠨ ᠰᠢᠨ᠎ᠡ ᠲᠦᠷᠰᠦ — ᠰᠡᠬᠦᠳᠡᠷᠯᠡᠬᠦ ᠭᠠᠵᠠᠷ︾ ᠡᠷᠬᠢᠯᠡᠵᠦ᠂ | ᠪᠡᠭᠡᠵᠢᠩ ᠳᠤ ᠣᠴᠢᠭᠰᠠᠨ ᠮᠠᠨᠵᠣ ᠮᠣᠩᠭᠤᠯ ᠬᠦᠮᠦᠰ ᠲᠤ ᠦᠢᠯᠡᠴᠢᠯᠡᠵᠦ᠂ ᠳᠡᠳᠡᠨᠣᠰ ᠤᠨ ᠪᠠᠭ᠋ᠠᠷᠬᠠᠯ ᠢ ᠣᠯᠵᠣ | ᠪᠠᠶᠢᠭᠰᠠᠨ ᠶᠤᠮ᠃ ᠲᠡᠭᠡᠭᠡᠳ ᠲᠡᠷᠡ ᠡᠨᠡ ᠬᠦ ᠰᠡᠬᠦᠳᠡᠷᠯᠡᠬᠦ ᠭᠠᠵᠠᠷ ᠤᠨ ᠨᠡᠷ᠎ᠡ ᠪᠠᠷ ᠮᠣᠩᠭᠤᠯ ᠬᠢᠳᠠᠳ | ᠬᠠᠪᠰᠣᠷᠭᠠᠭᠰᠠᠨ ᠬᠢᠴᠢᠶᠡᠯ ᠤᠨ ᠪᠢᠴᠢᠭ ᠢ ᠴᠢᠯᠠᠭᠤᠨ ᠪᠠᠷ ᠢᠶᠠᠷ ᠬᠡᠪᠯᠡᠵᠦ ᠬᠤᠳᠠᠯᠳᠣᠭᠠᠳ ᠵᠣᠭᠤᠰ ᠴᠣᠭᠯᠠᠭᠤᠯᠣᠨ᠂ | ᠮᠣᠩᠭᠤᠯ ᠬᠤᠷᠭᠤᠯᠵᠢᠨ ᠦᠰᠦᠭ ᠤᠨ ᠬᠡᠪᠯᠡᠯ ᠢ ᠰᠣᠳᠣᠯᠬᠤ ᠪᠠᠷ ᠣᠷᠣᠯᠳᠣᠵᠣ ᠡᠬᠢᠯᠡᠪᠡ᠃ | 1915 ᠣᠨ ᠤ ᠦᠶᠡᠰ᠂ ᠲᠡᠮᠭᠡᠳᠦ ᠣᠯᠣᠰ ᠤᠨ ᠳᠣᠳᠣᠭᠠᠳᠣ ᠭᠠᠳᠠᠭᠠᠳᠣ ᠶᠢᠨ ᠬᠤᠷᠭᠤᠯᠵᠢᠨ ᠦᠰᠦᠭ | ᠬᠡᠪᠯᠡᠯ ᠤᠨ ᠣᠷ᠎ᠠ ᠮᠡᠷᠭᠡᠵᠢᠯ ᠢ ᠨᠠᠷᠢᠨ ᠰᠢᠨᠵᠢᠯᠡᠵᠦ᠂ ᠮᠣᠩᠭᠤᠯ ᠬᠤᠷᠭᠤᠯᠵᠢᠨ ᠬᠡᠪ ᠬᠢᠬᠦ ᠳᠡᠭᠡᠨ ᠯᠠᠪᠯᠠᠯᠳᠠ ᠪᠣᠯᠭᠠᠪᠠ | ᠃ ᠲᠡᠮᠭᠡᠳᠦ ᠮᠣᠩᠭᠤᠯ ᠦᠰᠦᠭ ᠪᠣᠰᠤᠭ᠎ᠠ ᠪᠢᠴᠢᠬᠦ ᠳᠦᠷᠢᠮ ᠢ ᠪᠠᠷᠢᠮᠳᠠᠯᠠᠵᠣ᠂ ︽ᠳᠡᠭᠡᠷ᠎ᠡ᠂ ᠳᠣᠮᠳᠠ᠂ ᠳᠣᠣᠷ᠎ᠠ︾ | ᠬᠤᠪᠢᠶᠠᠨ ᠲᠦᠰᠦᠭᠡᠯᠡᠵᠦ ᠪᠠᠶᠢᠵᠠᠢ᠃ ᠣᠷᠢᠳ ᠢᠶᠠᠷ ᠦᠭᠡᠷ ᠤᠨ ᠡᠪᠡᠷ ᠤᠨ ᠶᠠᠰᠣ ᠪᠠᠷ ᠨᠠᠶᠠᠨ ᠲᠠᠪᠣᠨ ᠦᠰᠦᠭ | ᠰᠡᠶᠢᠯᠦᠨ ᠭᠠᠷᠭᠠᠭᠰᠠᠨ ᠪᠣᠯᠪᠠᠴᠣ ᠨᠣᠮ ᠬᠡᠪᠯᠡᠬᠦ ᠳᠤ ᠬᠦᠨᠳᠦ ᠬᠦᠩᠭᠡᠨ ᠲᠡᠩ ᠦᠭᠡᠢ᠂ ᠨᠠᠷᠢᠨ ᠪᠦᠳᠦᠬᠦᠨ ᠲᠡᠭᠰᠢ | ᠦᠭᠡᠢ ᠪᠣᠯᠣᠭᠰᠠᠨ ᠠᠴᠠ ᠪᠦᠳᠦᠮᠵᠢ ᠭᠠᠷᠣᠭᠰᠠᠨ ᠦᠭᠡᠢ᠃ ᠭᠡᠪᠡᠴᠦ ᠲᠡᠮᠭᠡᠳᠦ ᠢᠯᠠᠭᠳᠠᠯ ᠠᠴᠠ ᠵᠣᠷᠢᠭ ᠮᠣᠬᠤᠭᠰᠠᠨ | ᠦᠭᠡᠢ᠂ ᠬᠤᠶᠠᠳᠠᠬᠢ ᠣᠳᠠᠭ᠎ᠠ ᠶᠠᠫᠣᠨ ᠤ ᠨᠢᠭᠳᠠ ᠰᠢᠷ᠎ᠠ ᠮᠣᠳᠣ ᠪᠠᠷ ᠬᠡᠳᠦᠨ ᠵᠠᠭᠤᠨ ᠮᠣᠩᠭᠤᠯ ᠦᠰᠦᠭ ᠤᠨ | ᠲᠣᠯᠣᠭᠠᠢ ᠣᠷᠠᠯᠠᠵᠣ ᠰᠡᠶᠢᠯᠦᠭᠡᠳ᠂ ᠦᠰᠦᠭ ᠤᠨ ᠲᠢᠭ ᠨᠢ ᠦᠵᠡᠮᠦᠷᠢ ᠲᠠᠢ ᠪᠣᠯᠣᠭᠰᠠᠨ ᠴᠦ ᠳᠠᠷᠣᠮᠠᠯ ᠤᠨ | ᠪᠣᠯᠪᠠᠰᠣᠷᠠᠭᠤᠯᠬᠤ ᠬᠡᠪ ᠦᠭᠡᠢ ᠲᠣᠯᠠ ᠪᠦᠳᠦᠮᠵᠢ ᠭᠠᠷᠣᠭᠰᠠᠨ ᠦᠭᠡᠢ᠃ ᠡᠭᠡᠯ ᠬᠠᠷᠠᠴᠣ ᠶᠢᠨ ᠬᠦᠪᠡᠬᠦᠨ ᠲᠡᠮᠭᠡᠳᠦ | ᠶᠢᠨ ᠠᠮᠢᠳᠣᠷᠠᠯ ᠶᠠᠳᠠᠭᠤᠷᠠᠵᠣ᠂ ᠵᠣᠭᠤᠰ ᠮᠦᠩᠬᠦ ᠬᠦᠷᠦᠯᠴᠡᠬᠦ ᠦᠭᠡᠢ ᠪᠣᠯᠣᠭᠰᠠᠨ ᠲᠣᠯᠠ ᠮᠣᠩᠭᠤᠯ ᠬᠤᠷᠭᠤᠯᠵᠢᠨ | ᠦᠰᠦᠭ ᠤᠨ ᠰᠣᠳᠣᠯᠭᠠᠨ ᠳᠣᠳᠠᠭᠤ ᠬᠠᠶᠠᠭᠳᠠᠪᠠ᠃ | | 1919 ᠣᠨ ᠳᠤ᠂ ᠲᠡᠷᠡ ᠬᠦᠩᠰᠠᠩᠨᠣᠷᠪᠤ ᠸᠠᠩ ᠤᠨ ᠳᠡᠮᠵᠢᠯᠭᠡ ᠶᠢ ᠣᠯᠵᠣ᠂ ᠲᠢᠶᠠᠨᠵᠢᠨ ᠳᠤ ᠬᠡᠳᠦᠨᠳᠡ | ᠬᠦᠷᠴᠦ ᠶᠠᠫᠣᠨ ᠬᠦᠮᠦᠨ ᠠᠴᠠ ᠣᠷᠠᠯᠠᠨ ᠰᠡᠶᠢᠯᠬᠦ ᠮᠡᠷᠭᠡᠵᠢᠯ ᠰᠣᠷᠪᠠ᠃ ᠲᠡᠭᠡᠭᠡᠳ ᠲᠡᠷᠡ ᠮᠣᠩᠭᠤᠯ ᠬᠤᠷᠭᠤᠯᠵᠢᠨ | ᠦᠰᠦᠭ ᠤᠨ ᠵᠡᠰ ᠬᠡᠪ ᠬᠢᠵᠦ᠂ ᠦᠰᠦᠭ ᠴᠢᠳᠬᠤᠨ ᠭᠠᠷᠭᠠᠪᠠ᠃ ᠡᠨᠡ ᠬᠦ ᠠᠮᠵᠢᠯᠳᠠ ᠨᠢ ᠳᠡᠮᠭᠡᠳᠦ ᠳᠤ | ᠵᠣᠷᠢᠭᠵᠢᠭᠤᠯᠣᠯ ᠪᠣᠯᠵᠣ᠂ ᠬᠦᠰᠡᠯ ᠵᠣᠷᠢᠭ ᠢ ᠨᠢ ᠬᠦᠪᠴᠢᠯᠡᠪᠡ᠃ ᠠᠩᠬ᠎ᠠ ᠡᠬᠢᠨ ᠳᠡᠭᠡᠨ ᠰᠢᠨ᠎ᠡ ᠦᠰᠦᠭ ᠨᠢ | ᠦᠶ᠎ᠡ ᠬᠤᠭᠤᠷᠣᠨᠳᠣ ᠪᠠᠨ ᠠᠪᠴᠠᠯᠳᠣᠬᠤ ᠦᠭᠡᠢ ᠪᠠᠶᠢᠭᠰᠠᠨ ᠶᠤᠮ᠃ ᠲᠡᠮᠭᠡᠳᠦ ᠭᠤᠸᠠᠢ ᠬᠠᠳᠠᠭᠤ ᠵᠣᠷᠢᠭ ᠭᠠᠷᠭᠠᠨ | ᠣᠯᠠᠨ ᠣᠳᠠᠭ᠎ᠠ ᠲᠣᠷᠰᠢᠨ ᠦᠢᠯᠡᠳᠴᠦ 1922 ᠣᠨ ᠤ ᠡᠪᠦᠯ᠂ ᠮᠣᠩᠭᠤᠯ ᠬᠤᠷᠭᠤᠯᠵᠢᠨ ᠦᠰᠦᠭ ᠢ | ᠦᠢᠯᠡᠳᠴᠦ ᠪᠦᠳᠦᠭᠡᠪᠡ᠃ ᠡᠨᠡ ᠨᠢ ᠮᠠᠨ ᠤ ᠣᠯᠣᠰ ᠤᠨ ᠬᠠᠮᠤᠭ ᠠᠩᠬᠠᠳᠠᠭᠴᠢ ᠮᠣᠩᠭᠤᠯ ᠦᠰᠦᠭ ᠤᠨ | ᠲᠣᠭᠤᠯᠭᠠᠨ ᠪᠠᠷ ᠪᠣᠯᠵᠣ᠂ ᠮᠣᠩᠭᠤᠯ ᠨᠣᠮ ᠪᠢᠴᠢᠭ ᠤᠨ ᠬᠡᠪᠯᠡᠯ ᠰᠢᠨ᠎ᠡ ᠨᠢᠭᠡᠨ ᠱᠠᠳᠣᠨ ᠳᠤ ᠣᠷᠣᠭᠰᠠᠨ ᠶᠤᠮ᠃ | 1923 ᠣᠨ ᠳᠤ᠂ ᠣᠮᠠᠷᠠᠳᠣ ᠶᠢᠨ ᠴᠡᠷᠢᠭ ᠤᠨ ᠡᠷᠭᠡᠳᠡᠨ ᠤ ᠵᠠᠰᠠᠭ ᠤᠨ ᠭᠠᠵᠠᠷ ᠤᠨ ᠲᠠᠷᠢᠶᠠᠯᠠᠩ | ᠠᠷᠠᠯᠵᠢᠶᠠᠨ ᠤ ᠶᠠᠮᠣᠨ ᠠᠴᠠ ᠱᠠᠩᠨᠠᠯ ᠤᠨ ᠪᠢᠴᠢᠭ ᠪᠠᠭᠤᠯᠭᠠᠨ᠂ ᠭᠤᠴᠢᠨ ᠵᠢᠯ ᠤᠨ ᠲᠣᠰᠬᠠᠢ ᠡᠵᠡᠩᠨᠡᠬᠦ ᠳᠡᠮᠳᠡᠭ | ᠦᠭᠴᠦ ᠭᠠᠶᠢᠯᠢ ᠠᠴᠠ ᠬᠡᠯᠳᠦᠷᠢᠬᠦᠯᠦᠨ᠎ᠡ ᠭᠡᠪᠡ᠃ ᠡᠬᠦᠨ ᠤ ᠬᠠᠮᠳᠣ ᠲᠡᠷᠡ ᠮᠠᠨᠵᠦ ᠦᠰᠦᠭ ᠤᠨ ᠲᠣᠭᠤᠯᠭᠠᠨ ᠪᠠᠷ | ᠢ ᠦᠢᠯᠡᠳᠴᠦ ᠪᠦᠳᠦᠭᠡᠪᠡ᠃ 1923 ᠣᠨ ᠤ ᠬᠠᠪᠣᠷ᠂ ᠲᠡᠮᠭᠡᠳᠦ ᠪᠡᠭᠡᠵᠢᠩ ᠳᠤ ᠮᠣᠩᠭᠤᠯ ᠤᠨ ᠲᠡᠣᠬᠡᠨ | ᠳᠡᠭᠡᠷᠡᠬᠢ ᠠᠩᠬᠠᠳᠠᠭᠴᠢ ᠬᠡᠪᠯᠡᠯ ᠤᠨ ᠭᠠᠵᠠᠷ — ᠮᠣᠩᠭᠤᠯ ᠪᠢᠴᠢᠭ ᠤᠨ ᠬᠤᠷᠢᠶ᠎ᠠ ᠶᠢ ᠪᠠᠶᠢᠭᠤᠯᠵᠣ᠂ ᠦᠪᠡᠷ ᠤᠨ | ᠪᠡᠶ᠎ᠡ ᠡᠷᠬᠢᠯᠡᠭᠴᠢ ᠪᠣᠯᠵᠣ᠂ ᠪᠡᠭᠡᠵᠢᠩ ᠳᠠᠬᠢ ᠮᠣᠩᠭᠤᠯ ᠰᠣᠶᠣᠯ ᠳᠤ ᠬᠠᠶᠢᠷᠠᠲᠠᠢ ᠬᠦᠮᠦᠰ ᠬᠤᠪᠢ ᠣᠷᠣᠭᠤᠯᠵᠣ | ᠪᠠᠶᠢᠪᠠ᠃ ᠡᠬᠦᠨ ᠳᠤ ᠬᠦᠩᠰᠠᠩᠨᠣᠷᠪᠤ᠂ ᠡᠩᠭᠡᠪᠦᠷᠢᠨ᠂ ᠢᠳᠡᠴᠢᠨ ᠵᠡᠷᠭᠡ ᠬᠠᠷᠠᠴᠢᠨ ᠡᠷᠳᠡᠮᠳᠡᠳ ᠣᠯᠠᠨ ᠪᠠᠶᠢᠯᠴᠠᠪᠠ᠃ | ᠮᠣᠩᠭᠤᠯ ᠪᠢᠴᠢᠭ ᠤᠨ ᠬᠡᠪᠯᠡᠯ ᠤᠨ ᠬᠤᠷᠢᠶ᠎ᠠ ᠪᠠᠶᠢᠭᠤᠯᠣᠭᠳᠠᠮᠠᠭᠴᠠ ᠬᠠᠮᠤᠭ ᠣᠷᠢᠳᠠᠪᠠᠷ ︽ᠪᠠᠷᠠᠭᠤᠨ ᠬᠠᠨ ᠣᠯᠣᠰ | ᠤᠨ ᠦᠯᠢᠭᠡᠷ︾ ᠢ ᠬᠡᠪᠯᠡᠬᠦᠯᠵᠦ᠂ ᠨᠢᠭᠡ ᠢᠵᠢ ᠨᠠᠢᠮᠠᠨ ᠪᠣᠳᠢ᠂ ᠨᠡᠶᠢᠳᠡ ᠲᠠᠪᠣᠨ ᠵᠠᠭᠤᠨ ᠢᠵᠢ ᠳᠦᠷᠪᠡᠨ ᠮᠢᠩᠭᠠᠨ | ᠳᠡᠪᠳᠡᠷ ᠨᠣᠮ ᠬᠡᠪᠯᠡᠬᠦᠯᠪᠡ᠃ ᠡᠨᠡ ᠨᠢ ᠮᠣᠩᠭᠤᠯ ᠪᠢᠴᠢᠭ ᠤᠨ ᠬᠤᠷᠭᠤᠯᠵᠢᠨ ᠦᠰᠦᠭ ᠤᠨ ᠭᠡᠪᠯᠡᠯ ᠤᠨ ᠰᠢᠨ᠎ᠡ | ᠱᠠᠳᠣᠨ ᠳᠤ ᠣᠷᠣᠭᠰᠠᠨ ᠢ ᠬᠠᠷᠠᠭᠤᠯᠵᠣ ᠪᠠᠶᠢᠨ᠎ᠠ᠃ | 1924 ᠣᠨ ᠳᠤ᠂ ᠮᠣᠩᠭᠤᠯ ᠣᠯᠣᠰ ᠠᠴᠠ ᠬᠦᠮᠦᠨ ᠲᠣᠮᠢᠯᠠᠨ ᠢᠷᠡᠬᠦᠯᠵᠦ ᠮᠣᠩᠭᠤᠯ ᠪᠢᠴᠢᠭ ᠤᠨ | ᠬᠤᠷᠢᠶ᠎ᠠ ᠠᠴᠠ ᠬᠡᠪᠯᠡᠯ ᠤᠨ ᠮᠡᠷᠭᠡᠵᠢᠯ ᠰᠣᠷᠴᠦ ᠪᠠᠶᠢᠭᠰᠠᠨ ᠪᠦᠭᠡᠳ ᠮᠣᠩᠭᠤᠯ ᠪᠢᠴᠢᠭ ᠤᠨ ᠬᠤᠷᠢᠶᠠᠨ ᠤ | ᠮᠡᠷᠭᠡᠵᠢᠯᠳᠡᠨ ᠸᠠᠩ ᠵᠧᠨ ᠳ᠋ᠦᠸᠧ ᠶᠢ ᠣᠷᠢᠨ ᠮᠣᠩᠭᠤᠯ ᠣᠯᠣᠰ ᠲᠠᠭᠠᠨ ᠮᠣᠩᠭᠤᠯ ᠪᠢᠴᠢᠭ ᠤᠨ ᠬᠡᠪᠯᠡᠯ ᠤᠨ | ᠦᠢᠯᠡᠳᠪᠦᠷᠢ ᠪᠠᠶᠢᠭᠤᠯᠪᠠ᠃ ᠭᠠᠳᠠᠭᠠᠳᠣ ᠣᠯᠣᠰ ᠤᠨ ᠬᠦᠮᠦᠰ ᠮᠣᠩᠭᠤᠯ ᠪᠢᠴᠢᠭ ᠤᠨ ᠬᠤᠷᠢᠶᠠᠨ ᠳᠤ ᠢᠷᠡᠵᠦ᠂ | ᠭᠡᠪᠯᠡᠯ ᠤᠨ ᠮᠡᠷᠭᠡᠵᠢᠯ ᠢ ᠰᠣᠷᠬᠤ ᠭᠡᠰᠡᠨ ᠳᠤ᠂ ᠲᠡᠮᠭᠡᠳᠦ ᠬᠠᠷᠠᠮ ᠦᠭᠡᠢ ᠵᠢᠭᠠᠨ ᠰᠣᠷᠭᠠᠵᠣ᠂ ᠮᠣᠩᠭᠤᠯ ᠪᠢᠴᠢᠭ | ᠤᠨ ᠬᠤᠷᠭᠤᠯᠵᠢᠨ ᠦᠰᠦᠭ ᠤᠨ ᠬᠡᠪᠯᠡᠯ ᠤᠨ ᠮᠡᠷᠭᠡᠵᠢᠯ ᠢᠶᠠᠨ ᠡᠸᠦ᠋ᠷᠦᠫᠡ ᠲᠢᠪ ᠲᠤ ᠣᠯᠠᠮᠵᠢᠯᠠᠪᠠ᠃ ᠲᠡᠮᠭᠡᠳᠦ ᠶᠢᠨ | ᠬᠤᠷᠭᠤᠯᠵᠢᠨ ᠦᠰᠦᠭ ᠤᠨ ᠬᠡᠪᠯᠡᠯ ᠢ ᠡᠬᠦᠳᠦᠨ ᠪᠦᠳᠦᠭᠡᠭᠰᠡᠨ ᠠᠴᠠ ᠨᠠᠰᠢ ᠮᠣᠩᠭᠤᠯ ᠤᠨ ᠡᠯ᠎ᠡ ᠭᠠᠵᠠᠷ ᠬᠡᠪᠯᠡᠯ ᠤᠨ | ᠦᠢᠯᠡᠳᠪᠦᠷᠢ ᠪᠠᠶᠢᠭᠤᠯᠬᠤ ᠳᠠᠭᠠᠨ ᠪᠦᠷ ᠯᠡ ᠪᠡᠭᠡᠵᠢᠩ ᠤᠨ ᠮᠣᠩᠭᠤᠯ ᠪᠢᠴᠢᠭ ᠤᠨ ᠬᠤᠷᠢᠶ᠎ᠠ ᠠᠴᠠ ᠮᠡᠷᠭᠡᠵᠢᠯ | ᠰᠣᠷᠴᠣ ᠡᠵᠡᠮᠰᠢᠵᠣ ᠪᠠᠶᠢᠵᠠᠢ᠃ 1923 ᠣᠨ ᠳᠤ᠂ ᠬᠦᠸᠧ ᠳ᠋ᠣᠣ ᠹᠦ᠋ ᠬᠤᠶᠠᠷ ᠮᠣᠩᠭᠤᠯ ᠮᠡᠷᠭᠡᠵᠢᠯᠳᠡᠨ ᠢ | ᠲᠣᠮᠢᠯᠠᠨ ᠪᠡᠭᠡᠵᠢᠩ ᠳᠤ ᠣᠴᠢᠭᠤᠯᠣᠨ ᠰᠣᠷᠣᠯᠴᠠᠭᠤᠯᠵᠣ᠂ ᠳᠠᠷᠠᠭ᠎ᠠ ᠵᠢᠯ ᠨᠢ ᠮᠦᠭᠳᠡᠨ ᠬᠤᠳᠠᠨ᠎ᠠ ︵ᠣᠳᠣ ᠶᠢᠨ | ᠱᠧᠨᠶᠠᠩ︶ ᠮᠣᠩᠭᠤᠯ ᠨᠣᠮ ᠪᠢᠴᠢᠭ ᠬᠡᠪᠯᠡᠬᠦ ᠦᠢᠯᠡᠳᠪᠦᠷᠢ ᠡᠬᠦᠳᠦᠨ ᠪᠠᠶᠢᠭᠤᠯᠣᠭᠰᠠᠨ ᠶᠤᠮ᠃ 1925 ᠣᠨ ᠳᠤ | ᠂ ᠱᠠᠩᠬᠠᠢ ᠶᠢᠨ ᠱᠠᠩ ᠦ᠋ ᠬᠡᠪᠯᠡᠯ ᠤᠨ ᠬᠤᠷᠢᠶ᠎ᠠ ᠮᠣᠩᠭᠤᠯ ᠪᠢᠴᠢᠭ ᠤᠨ ᠬᠤᠷᠢᠶᠠᠨ ᠤ ᠮᠡᠷᠭᠡᠵᠢᠯᠳᠡᠨ ᠰᠢᠶᠠᠩ ᠲᠢᠩ | ᠢ ᠣᠷᠢᠨ᠂ ᠱᠠᠩ ᠦ᠋ ᠬᠡᠪᠯᠡᠯ ᠤᠨ ᠬᠤᠷᠢᠶᠠᠨ ᠳᠠᠭᠠᠨ ᠮᠣᠩᠭᠤᠯ ᠨᠣᠮ ᠰᠡᠳᠬᠦᠯ ᠬᠡᠪᠯᠡᠬᠦᠯᠵᠦ ᠪᠠᠶᠢᠪᠠ᠃ 1926 | ᠣᠨ ᠳᠤ᠂ ᠱᠠᠩᠳᠣ ᠳᠤ ᠴᠠᠬᠠᠷ ᠤᠨ ᠮᠣᠩᠭᠤᠯ ᠪᠢᠴᠢᠭ ᠬᠡᠪᠯᠡᠬᠦ ᠦᠢᠯᠡᠳᠪᠦᠷᠢ ᠪᠠᠶᠢᠭᠤᠯᠵᠣ ᠪᠡᠭᠡᠵᠢᠩ ᠤᠨ ᠮᠣᠩᠭᠤᠯ | ᠪᠢᠴᠢᠭ ᠤᠨ ᠬᠤᠷᠢᠶ᠎ᠠ ᠠᠴᠠ ᠮᠠᠷᠭᠡᠵᠢᠯᠳᠡᠨ ᠪᠠᠭᠰᠢ ᠵᠠᠯᠠᠵᠣ ᠪᠠᠶᠢᠭᠰᠠᠨ ᠶᠤᠮ᠃ | 1925 ᠣᠨ ᠳᠤ᠂ ᠲᠡᠮᠭᠡᠳᠦ᠂ ᠣᠮᠠᠷᠠᠳᠣ ᠶᠢᠨ ᠴᠡᠷᠢᠭ ᠤᠨ ᠡᠷᠭᠡᠳᠡᠨ ᠤ ᠵᠠᠰᠠᠭ ᠤᠨ ᠭᠠᠵᠠᠷ ᠤᠨ | ᠨᠠᠶᠢᠳᠠᠯᠭ᠎ᠠ ᠪᠠᠷ ᠲᠦᠪᠡᠳ ᠦᠰᠦᠭ ᠤᠨ ᠲᠣᠭᠤᠯᠭᠠᠨ ᠪᠠᠷ ᠢ ᠡᠬᠦᠳᠦᠨ ᠪᠦᠳᠦᠭᠡᠵᠦ᠂ ᠮᠣᠩᠭᠤᠯ ᠪᠢᠴᠢᠭ ᠤᠨ | ᠬᠤᠷᠢᠶᠠᠨ ᠳᠠᠭᠠᠨ ᠲᠦᠪᠡᠳ ᠨᠣᠮ ᠬᠡᠪᠯᠡᠬᠦᠯᠵᠦ ᠪᠠᠶᠢᠪᠠ᠃ ᠶᠢᠰᠦᠳᠦᠭᠡᠷ ᠳᠦᠷᠢ ᠶᠢᠨ ᠪᠠᠨᠴᠢᠨ ᠪᠣᠭᠳᠠ ᠪᠡᠭᠡᠵᠢᠩ | ᠳᠤ ᠢᠷᠡᠭᠰᠡᠨ ᠤ ᠳᠠᠷᠠᠭ᠎ᠠ ᠳᠡᠮᠭᠡᠳᠦ᠂ ᠪᠠᠨᠴᠢᠨ ᠪᠣᠭᠳᠠ ᠶᠢ ᠠᠰᠠᠷᠠᠨ ᠬᠠᠷᠠᠭᠠᠯᠵᠠᠬᠤ ᠭᠠᠵᠠᠷ ᠪᠠ ᠨᠣᠮ ᠪᠢᠴᠢᠭ | ᠬᠡᠪᠯᠡᠬᠦ ᠭᠠᠵᠠᠷ ᠤᠨ ᠳᠠᠷᠤᠭ᠎ᠠ ᠪᠠᠷ ᠠᠵᠢᠯᠯᠠᠵᠣ ᠪᠠᠶᠢᠵᠠᠢ᠃ 1930 ᠣᠨ ᠤ 2 ᠰᠠᠷ᠎ᠠ ᠳᠤ᠂ ᠲᠡᠮᠭᠡᠳᠦ ᠨᠠᠨᠵᠢᠩ ᠤᠨ | ᠢᠷᠭᠡᠨ ᠤ ᠵᠠᠰᠠᠭ ᠤᠨ ᠭᠠᠵᠠᠷ ᠤᠨ ᠰᠣᠷᠭᠠᠨ ᠬᠦᠮᠦᠵᠢᠯ ᠤᠨ ᠶᠠᠮᠣᠨ ᠤ ᠮᠣᠩᠭᠤᠯ ᠲᠦᠪᠡᠳ ᠰᠣᠷᠭᠠᠨ ᠬᠦᠮᠦᠵᠢᠯ | ᠤᠨ ᠬᠡᠯᠳᠡᠰ ᠤᠨ ᠬᠢᠨᠠᠨ ᠨᠠᠶᠢᠷᠠᠭᠤᠯᠣᠭᠴᠢ ᠰᠠᠯᠠᠭᠠᠨ ᠳᠠᠷᠤᠭ᠎ᠠ ᠪᠣᠯᠵᠣ᠂1934 ᠣᠨ ᠤ11 ᠰᠠᠷ᠎ᠠ ᠳᠤ ᠲᠣᠰᠢᠶᠠᠯ | ᠠᠴᠠ ᠪᠠᠨ ᠰᠠᠯᠪᠠ᠃ ᠡᠨᠡ ᠬᠤᠭᠤᠴᠠᠭᠠᠨ ᠳᠤ ︽ᠳᠣᠮᠳᠠᠳᠣ ᠣᠯᠣᠰ ᠤᠨ ᠰᠣᠷᠭᠠᠨ ᠬᠦᠮᠦᠵᠢᠯ ᠤᠨ ᠲᠡᠣᠭᠡ︾ | ᠪᠢᠴᠢᠬᠦ ᠠᠵᠢᠯ ᠳᠤ ᠣᠷᠣᠯᠴᠠᠵᠣ᠂ ︽ᠮᠣᠩᠭᠤᠯ ᠲᠦᠪᠡᠳ ᠤᠨ ᠰᠣᠷᠭᠠᠨ ᠬᠦᠮᠦᠵᠢᠯ ᠤᠨ ᠵᠣᠷᠪᠣᠰ︾ ᠢ ᠪᠢᠴᠢᠪᠡ᠃ | 1930 ᠣᠨ ᠤ ᠨᠠᠮᠣᠷ᠂ ᠨᠠᠨᠵᠢᠩ ᠤᠨ ᠢᠷᠭᠡᠨ ᠤ ᠵᠠᠰᠠᠭ ᠤᠨ ᠭᠠᠵᠠᠷ ᠤᠨ ᠰᠣᠷᠭᠠᠨ ᠬᠦᠮᠦᠵᠢᠯ ᠤᠨ ᠶᠠᠮᠣᠨ᠂ | ᠮᠣᠩᠭᠤᠯ ᠲᠦᠪᠡᠳ ᠤᠨ ᠵᠦᠪᠯᠡᠯ᠂ ᠮᠣᠩᠭᠤᠯ ᠤᠨ ᠡᠯ᠎ᠡ ᠬᠤᠰᠢᠭᠤᠨ ᠤ ᠨᠠᠶᠢᠰᠯᠡᠯ ᠳᠤ ᠰᠠᠭᠤᠭ᠎ᠠ ᠬᠡᠷᠡᠭ ᠡᠷᠬᠢᠯᠡᠬᠦ | ᠭᠠᠵᠠᠷ ᠵᠡᠷᠭᠡ ᠪᠦᠷ ᠮᠣᠩᠭᠤᠯ ᠲᠦᠪᠡᠳ ᠬᠡᠯᠡᠨ ᠤ ᠬᠤᠷᠭᠤᠯᠵᠢᠨ ᠦᠰᠦᠭ ᠤᠨ ᠬᠡᠪᠯᠡᠯ ᠬᠡᠷᠡᠭᠰᠡᠬᠦ ᠪᠣᠯᠣᠭᠰᠠᠨ ᠠᠴᠠ | ᠲᠣᠰ ᠭᠤᠷᠪᠠᠨ ᠭᠠᠵᠠᠷ ᠵᠢᠷᠭᠤᠭᠠᠨ ᠵᠠᠭᠤᠨ ᠲᠦᠬᠦᠷᠢᠭ ᠭᠠᠷᠭᠠᠵᠣ ᠮᠣᠩᠭᠤᠯ ᠤᠨ ᠪᠢᠴᠢᠭ ᠤᠨ ᠬᠤᠷᠢᠶ᠎ᠠ ᠳᠤ | ᠨᠠᠨᠵᠢᠩ ᠳᠤ ᠰᠢᠯᠵᠢᠬᠦᠯᠪᠡ᠃ ᠡᠬᠦᠨ ᠠᠴᠠ ᠬᠤᠶᠢᠨ᠎ᠠ᠂ ᠮᠣᠩᠭᠤᠯ ᠪᠢᠴᠢᠭ ᠤᠨ ᠬᠤᠷᠢᠶ᠎ᠠ ᠨᠢ ᠳᠡᠭᠡᠷ᠎ᠡ | ᠳᠣᠷᠠᠳᠣᠭᠰᠠᠨ ᠭᠤᠷᠪᠠᠨ ᠪᠠᠶᠢᠭᠤᠯᠤᠯᠭ᠎ᠠ ᠶᠢᠨ ᠠᠯᠪᠠᠨ ᠪᠢᠴᠢᠭ ᠪᠠ ᠰᠣᠨᠢᠨ ᠰᠡᠳᠬᠦᠯ ᠢ ᠲᠣᠰᠬᠠᠢ ᠬᠡᠪᠯᠡᠬᠦ ᠪᠣᠯᠪᠠ᠃ | ᠲᠡᠭᠡᠭᠡᠳ ᠳᠡᠮᠭᠡᠳᠦ ᠨᠠᠷ ᠤᠨ ᠠᠵᠣ ᠠᠬᠤᠢ ᠶᠢᠨ ᠣᠷᠣᠯᠭ᠎ᠠ ᠨᠠᠮᠡᠭᠳᠡᠵᠦ᠂ ᠰᠢᠨ᠎ᠡ ᠮᠠᠰᠢᠨ ᠲᠣᠨᠣᠭᠯᠠᠯ | ᠣᠷᠣᠭᠤᠯᠣᠭᠰᠠᠨ ᠶᠤᠮ᠃ 1923 ᠣᠨ ᠤ1 ᠰᠠᠷ᠎ᠠ ᠳᠤ᠂ ᠶᠠᠫᠣᠨ ᠤ ᠳᠦᠷᠢᠮᠡᠭᠡᠢ ᠴᠡᠷᠢᠭ ᠨᠠᠨᠵᠢᠩ ᠬᠤᠳᠠ ᠶᠢ | ᠳᠡᠯᠪᠡᠴᠢᠭᠰᠡᠨ ᠠᠴᠠ ᠮᠣᠩᠭᠤᠯ ᠪᠢᠴᠢᠭ ᠤᠨ ᠬᠤᠷᠢᠶ᠎ᠠ ᠡᠬᠦᠳᠡ ᠪᠠᠨ ᠬᠠᠭᠠᠬᠤ ᠳᠤ ᠬᠦᠷᠴᠦ ᠴᠦᠬᠡᠨ ᠲᠣᠭᠠᠨ ᠤ | ᠮᠣᠩᠭᠤᠯ ᠬᠢᠴᠢᠶᠡᠯ ᠤᠨ ᠪᠢᠴᠢᠭ ᠳᠠᠷᠤᠮᠠᠯᠯᠠᠬᠤ ᠯᠡ ᠳᠡᠳᠦᠢ ᠪᠣᠯᠪᠠ᠃ 1934 ᠣᠨ ᠤ 5 ᠰᠠᠷ᠎ᠠ ᠳᠤ᠂ | ᠬᠠᠭᠤᠷᠮᠠᠭ ᠮᠠᠨᠵᠣ ᠣᠯᠣᠰ ᠲᠤ ᠣᠷᠢᠭᠳᠠᠨ᠂ ᠴᠢᠶᠠᠨ ᠵᠢᠶᠠ ᠳ᠋ᠢᠶᠠᠨ ︵ᠲᠦᠩᠯᠢᠶᠣᠣ︶᠂ ᠸᠠᠩ ᠤᠨ ᠰᠦᠮ᠎ᠡ ︵ | ᠣᠳᠣ ᠶᠢᠨ ᠣᠯᠠᠭᠠᠨᠬᠤᠳᠠ︶ ᠶᠢᠨ ᠬᠢᠩᠭᠠᠨ ᠤ ᠴᠡᠷᠢᠭ ᠤᠨ ᠨᠣᠶᠠᠳ ᠤᠨ ᠰᠣᠷᠭᠠᠭᠤᠯᠢ ᠳᠤ ᠮᠣᠩᠭᠤᠯ ᠬᠡᠯᠡᠨ ᠤ | ᠪᠠᠭᠰᠢ ᠪᠠᠷ ᠣᠷᠢᠭᠳᠠᠵᠣ᠂ ᠨᠠᠨᠵᠢᠩ ᠳᠠᠬᠢ ᠮᠣᠩᠭᠤᠯ ᠪᠢᠴᠢᠭ ᠤᠨ ᠬᠤᠷᠢᠶ᠎ᠠ ᠪᠦᠷᠢᠮᠦᠰᠦᠨ ᠬᠠᠶᠠᠭᠳᠠᠵᠠᠢ᠃ ᠡᠨᠡ | ᠬᠤᠭᠤᠴᠠᠭᠠᠨ ᠳᠤ ᠲᠡᠷᠡ ᠨᠠᠰᠦᠮᠦ᠋ᠩᠭᠡ ᠲᠠᠢ ᠬᠤᠶᠠᠭᠤᠯᠠ ᠠᠩᠭ᠍ᠯᠢ ᠬᠡᠯᠡᠨ ᠤ ᠦᠰᠦᠭ ᠤᠨ ᠮᠠᠰᠢᠨᠳᠠᠭᠤᠷ ᠢ | ᠦᠭᠡᠷᠡᠴᠢᠯᠡᠨ ᠮᠣᠩᠭᠤᠯ ᠦᠰᠦᠭ ᠤᠨ ᠮᠠᠰᠢᠨᠳᠠᠭᠤᠷ ᠪᠣᠯᠭᠠᠵᠣ᠂ ᠴᠡᠷᠢᠭ ᠤᠨ ᠰᠣᠷᠭᠠᠭᠤᠯᠢ ᠳᠤ ᠬᠡᠷᠡᠭᠯᠡᠵᠦ ᠪᠠᠶᠢᠪᠠ᠃ | | 1936 ᠣᠨ ᠳᠤ᠂ ᠬᠢᠩᠭᠠᠨ ᠤ ᠴᠡᠷᠢᠭ ᠤᠨ ᠨᠣᠶᠠᠳ ᠤᠨ ᠰᠣᠷᠭᠠᠭᠤᠯᠢ ᠳᠤ ᠵᠢᠭᠠᠬᠤ ᠮᠠᠲ᠋ᠧᠷᠢᠶᠠᠯ ᠬᠡᠪᠯᠡᠬᠦ | ᠬᠡᠷᠡᠭᠴᠡᠭᠡ ᠲᠠᠢ ᠪᠣᠯᠵᠣ᠂ ᠪᠡᠭᠡᠵᠢᠩ᠂ ᠨᠠᠨᠵᠢᠩ ᠳᠤ ᠪᠠᠶᠢᠬᠤ ᠮᠣᠩᠭᠤᠯ ᠪᠢᠴᠢᠭ ᠤᠨ ᠳᠠᠷᠤᠮᠠᠯᠯᠠᠬᠤ ᠮᠠᠰᠢᠨ ᠲᠣᠨᠤᠭ | ᠢᠶᠠᠨ ᠴᠣᠭᠯᠠᠭᠤᠯᠵᠣ ᠸᠠᠩ ᠤᠨ ᠰᠦᠮ᠎ᠡ ᠳᠤ ᠠᠪᠠᠴᠢᠭᠰᠠᠨ ᠪᠣᠯᠪᠠᠴᠣ ᠵᠠᠷᠣᠳᠠᠯ ᠰᠦᠢᠳᠬᠡᠯ ᠬᠤᠮᠰᠠᠳᠠᠵᠣ ᠬᠡᠷᠡᠭᠯᠡᠵᠦ | ᠴᠢᠳᠠᠭᠰᠠᠨ ᠦᠭᠡᠢ᠃ ᠰᠡᠬᠦᠯᠡᠷ ᠨᠢ ᠡᠩᠬᠡᠪᠦᠷᠢᠨ ᠲᠡᠬᠦᠨ ᠢ ᠡᠷᠢᠵᠣ ᠮᠠᠰᠢᠨ ᠲᠣᠨᠣᠭᠯᠠᠯ ᠢᠶᠠᠨ ᠮᠠᠰᠢᠪᠠᠶᠠᠷ ᠢᠶᠠᠷ | ᠬᠠᠷᠢᠭᠤᠴᠠᠭᠤᠯᠣᠨ᠂ ᠳ᠋ᠧ ᠸᠠᠩ ᠤᠨ ᠠᠯᠪᠠᠨ ᠤ ᠭᠠᠵᠠᠷ ᠠᠪᠴᠢᠷᠠᠵᠣ ᠬᠡᠷᠡᠭᠯᠡᠪᠡ᠃ 1937 ᠣᠨ ᠤ 4 ᠰᠠᠷ᠎ᠠ ᠳᠤ | ᠂ ᠬᠦᠭᠡᠬᠤᠳᠠ ᠳᠤ ᠵᠦᠭᠡᠭᠡᠪᠦᠷᠢᠯᠡᠵᠦ᠂ ︽ᠮᠣᠩᠭᠤᠯ ᠬᠢᠵᠠᠭᠠᠷ︾ ᠰᠣᠨᠢᠨ ᠤ ᠭᠠᠵᠠᠷ ᠲᠤ ︽ ᠮᠣᠩᠭᠤᠯ ᠭᠠᠷᠠᠭ ᠤᠨ | ᠰᠣᠨᠢᠨ︾ ᠳᠠᠷᠣᠮᠯᠠᠵᠣ ᠪᠠᠶᠢᠪᠠ᠃ 1939 ᠣᠨ ᠤ 9 ᠰᠠᠷ᠎ᠠ ᠳᠤ᠂ ᠳᠠᠬᠢᠨ ᠴᠢᠭᠤᠯᠣᠯᠳᠣ ᠬᠠᠭᠠᠯᠭ᠎ᠠ ᠳᠤ | ᠨᠡᠬᠦᠯᠭᠡᠨ ᠢᠷᠡᠵᠦ᠂ ︽ᠮᠣᠩᠭᠤᠯ ᠭᠠᠷᠠᠭ ᠤᠨ ᠰᠣᠨᠢᠨ︾ ᠢᠶᠠᠨ ᠬᠡᠪᠯᠡᠬᠦᠯᠪᠡ᠃ ᠲᠡᠮᠭᠡᠳᠦ ᠶᠢᠨ ᠬᠡᠪᠯᠡᠯ ᠤᠨ ᠮᠠᠰᠢᠨ | ᠲᠦᠬᠦᠭᠡᠷᠦᠮᠵᠢ ᠨᠢ ᠦᠪᠦᠷ ᠮᠣᠩᠭᠤᠯ ᠤᠨ ᠮᠣᠩᠭᠤᠯ ᠬᠡᠯᠡᠨ ᠤ ᠬᠡᠪᠯᠡᠯ ᠤᠨ ᠰᠠᠭᠤᠷᠢ ᠮᠠᠰᠢᠨ ᠪᠣᠯᠵᠣ᠂ ᠰᠢᠨ᠎ᠡ | ᠨᠡᠶᠢᠭᠡᠮ ᠳᠤ ᠰᠢᠨ᠎ᠡ ᠭᠠᠪᠢᠶ᠎ᠠ ᠪᠠᠶᠢᠭᠤᠯᠵᠣ ᠢᠷᠡᠭᠰᠡᠨ ᠪᠠᠶᠢᠨ᠎ᠠ᠃ | 1939 ᠣᠨ ᠤ5 ᠰᠠᠷ᠎ᠠ ᠶᠢᠨ3 ᠤ ᠡᠳᠦᠷ᠂ ᠮᠣᠩᠭᠤᠯ ᠦᠨᠳᠦᠰᠦᠳᠡᠨ ᠤ ᠬᠡᠪᠯᠡᠬᠦᠯᠦᠭᠴᠢ᠂ | ᠣᠷᠴᠢᠭᠤᠯᠣᠭᠴᠢ᠂ ᠮᠣᠩᠭᠤᠯ ᠦᠰᠦᠭ ᠤᠨ ᠬᠤᠷᠭᠤᠯᠵᠢᠨ ᠬᠡᠪᠯᠡᠯ ᠤᠨ ᠡᠬᠦᠳᠦᠨ ᠪᠦᠳᠦᠭᠡᠭᠴᠢ ᠳᠡᠮᠭᠡᠳᠦ ᠠᠪᠣᠭᠠᠢ | ᠡᠪᠡᠳᠴᠢᠨ ᠢᠶᠠᠷ ᠸᠠᠩ ᠤᠨ ᠰᠦᠮ᠎ᠡ ᠳᠤ ᠨᠠᠰᠣ ᠪᠠᠷᠠᠪᠠ᠃ ᠨᠠᠰᠣᠨ ᠰᠡᠬᠦᠳᠡᠷ ᠰᠠᠶ᠋ᠢ ᠲᠠᠪᠢᠨ ᠬᠤᠶᠠᠷᠳᠠᠢ᠃ ᠠᠢ᠂ | ᠬᠤᠬᠤᠢ᠂ ᠬᠠᠷᠠᠮᠰᠠᠯᠳᠠᠢ ᠪᠣᠯᠠᠢ︕ ᠨᠡᠷᠡᠳᠦ ᠮᠡᠷᠭᠡᠳ ᠤᠨ ᠨᠠᠰᠣᠨ ᠰᠡᠬᠦᠳᠡᠷ ᠬᠡᠳᠦᠢ ᠣᠬᠤᠷ ᠠᠵᠠᠢ︖ ᠲᠡᠮᠭᠡᠳᠦ | ᠮᠣᠩᠭᠤᠯ ᠦᠨᠳᠦᠰᠦᠳᠡᠨ ᠤ ᠬᠡᠪᠯᠡᠯ ᠤᠨ ᠦᠢᠯᠡᠰ ᠲᠤ ᠨᠠᠰᠣᠨ ᠲᠣᠷᠰᠢᠳᠠ ᠵᠢᠳᠬᠦᠭᠰᠡᠭᠡᠷ ᠢᠷᠡᠭᠰᠡᠨ ᠶᠤᠮ᠃ ᠲᠡᠷᠡ | ᠦᠪᠡᠷᠳᠡᠭᠡᠨ ᠣᠷᠴᠢᠭᠤᠯᠵᠣ᠂ ᠨᠠᠶᠢᠷᠠᠭᠤᠯᠵᠣ᠂ ᠪᠢᠴᠢᠵᠣ᠂ ᠬᠢᠨᠠᠨ ᠲᠣᠭᠳᠠᠭᠠᠵᠣ᠂ᠬᠡᠪᠯᠡᠬᠦᠯᠦᠭᠰᠡᠨ ᠬᠢᠳᠠᠳ᠂ ᠮᠠᠨᠵᠣ | ᠂ ᠮᠣᠩᠭᠤᠯ᠂ ᠲᠦᠪᠡᠳ ᠤᠨ ᠰᠣᠶᠣᠯ ᠲᠡᠣᠬᠡ ᠶᠢᠨ ᠨᠣᠮ ᠨᠢ ᠡᠯ᠎ᠡ ᠦᠨᠳᠦᠰᠦᠳᠡᠨ ᠤ ᠰᠣᠶᠣᠯ ᠬᠡᠭᠡᠷᠡᠯ ᠤᠨ | ᠦᠢᠯᠡᠰ ᠲᠤ ᠯᠣᠳᠣ ᠶᠡᠭᠡ ᠦᠢᠯᠡᠳᠦᠯ ᠦᠵᠡᠬᠦᠯᠪᠡ᠃ ᠲᠡᠬᠦᠨ ᠤ ᠬᠡᠪᠯᠡᠬᠦᠯᠦᠭᠰᠡᠨ ᠨᠣᠮ ᠪᠢᠴᠢᠭ ᠨᠢ ᠳᠡᠯᠡᠭᠡᠢ | ᠳ᠋ᠡᠬᠢᠨ ᠳᠤ ᠲᠦᠭᠡᠵᠦ᠂ ᠪᠦᠬᠦ ᠳᠡᠯᠡᠭᠡᠢ ᠶᠢᠨ ᠰᠣᠶᠣᠯ ᠤᠨ ᠬᠦᠭᠵᠢᠯᠳᠡ ᠳᠤ ᠲᠣᠰᠠ ᠨᠡᠮᠡᠷᠢ ᠪᠣᠯᠣᠭᠰᠠᠨ ᠶᠤᠮ᠃ | ᠲᠡᠮᠭᠡᠳᠦ᠂ ᠢᠳᠡᠴᠢᠨ ᠬᠤᠶᠠᠭᠤᠯᠠ ᠶᠢᠨ ᠨᠠᠶᠢᠷᠠᠭᠤᠯᠣᠭᠰᠠᠨ ᠨᠠᠢᠮᠠᠨ ᠳᠡᠪᠳᠡᠷ ︽ᠮᠣᠩᠭᠤᠯ ᠣᠳᠬ᠎ᠠ ᠶᠢᠨ ᠰᠣᠷᠭᠠᠬᠤ | ᠪᠢᠴᠢᠭ︾ ᠨᠢ ᠮᠠᠨ ᠤ ᠣᠯᠣᠰ ᠤᠨ ᠠᠩᠬᠠᠳᠠᠭᠴᠢ ᠮᠣᠩᠭᠤᠯ ᠬᠡᠯᠡ ᠰᠣᠷᠬᠤ ᠪᠢᠴᠢᠭ ᠪᠣᠯᠵᠣ᠂ ᠮᠥᠨ ᠴᠦ ᠳᠡᠯᠡᠬᠡᠢ | ᠳ᠋ᠡᠬᠢᠨ ᠤ ᠮᠣᠩᠭᠤᠯ ᠬᠡᠯᠡ ᠰᠣᠷᠬᠤ ᠪᠢᠴᠢᠭ ᠪᠣᠯᠣᠭᠰᠠᠨ ᠶᠤᠮ᠃ ᠲᠡᠮᠭᠡᠳᠦ ᠶᠢᠨ ᠨᠠᠶᠢᠷᠠᠭᠤᠯᠵᠣ᠂ ᠣᠷᠴᠢᠭᠤᠯᠵᠣ᠂ | ᠬᠡᠪᠯᠡᠬᠦᠯᠦᠭᠰᠡᠨ ᠮᠣᠩᠭᠤᠯ᠂ ᠲᠦᠪᠡᠳ᠂ ᠬᠢᠳᠠᠳ᠂ ᠮᠠᠨᠵᠣ ᠬᠡᠯᠡᠨ ᠤ ᠨᠣᠮ ᠪᠢᠴᠢᠭ ᠨᠢ ᠲᠠᠪᠢᠨ ᠬᠡᠳᠦᠨ ᠲᠦᠷᠦᠯ | ᠠᠷᠪᠠᠨ ᠲᠦᠮᠡᠨ ᠳᠡᠪᠳᠡᠷ ᠢᠯᠡᠬᠦᠣ ᠪᠠᠶᠢᠵᠣ᠂ ᠮᠣᠩᠭᠤᠯ ᠦᠨᠳᠦᠰᠦᠳᠡᠨ ᠤ ᠬᠡᠪᠯᠡᠯ ᠤᠨ ᠲᠡᠣᠬᠡᠨ ᠳᠡᠭᠡᠷ᠎ᠡ ᠨᠠᠷ᠎ᠡ | ᠴᠣᠣ ᠮᠠᠨᠳᠣᠭᠤᠯᠵᠣ᠂ ᠦᠨᠡᠳᠦ ᠦᠪ ᠪᠣᠶᠠᠨ ᠪᠣᠯᠣᠭᠰᠠᠨ ᠶᠤᠮ᠃ ᠪᠠᠯᠵᠢᠨᠢᠮ᠎ᠠ ᠪᠠᠭᠰᠢ ᠠᠴᠠ ᠣᠯᠣᠰ ᠤᠨ ᠮᠦᠵᠠᠢ | ᠳᠤ ᠬᠠᠳᠠᠭᠠᠯᠠᠭᠳᠠᠵᠣ ᠪᠠᠶᠢᠭ᠎ᠠ ᠴᠢᠩᠬᠢᠰ ᠬᠠᠭᠠᠨ ᠤ ᠬᠦᠷᠦᠭ ᠢ ᠳᠡᠮᠭᠡᠳᠦ ᠶᠢᠨ ︽ᠮᠣᠩᠭᠤᠯ ᠪᠢᠴᠢᠭ ᠤᠨ ᠬᠤᠷᠢᠶ᠎ᠠ︾ | ᠠᠴᠠ ᠳᠠᠷᠤᠮᠠᠯᠯᠠᠵᠠᠢ ᠭᠡᠵᠤ ᠣᠷᠴᠢᠮ ᠮᠡᠳᠡᠭᠡᠯᠡᠵᠦ ᠪᠠᠶᠢᠨ᠎ᠠ᠃ ᠳᠡᠮᠭᠡᠳᠦ ᠶᠢᠨ ᠮᠣᠩᠭᠤᠯ ᠪᠢᠴᠢᠭ ᠤᠨ ᠬᠤᠷᠢᠶ᠎ᠠ | ᠠᠴᠠ ︽ᠶᠣᠸᠠᠨ ᠣᠯᠣᠰ ᠤᠨ ᠬᠠᠭᠠᠳ ᠤᠨ ᠬᠦᠷᠦᠭ ᠵᠢᠷᠤᠭ︾᠂ ︽ᠴᠢᠩᠬᠢᠰ ᠬᠠᠭᠠᠨ ᠤ ᠱᠠᠰᠳᠢᠷ︾᠂ ︽ | ᠴᠢᠩᠬᠢᠰ ᠬᠠᠭᠠᠨ ᠤ ᠰᠣᠷᠭᠠᠯ ᠦᠭᠡ︾᠂ ︽ᠶᠣᠸᠠᠨ ᠣᠯᠣᠰ ᠤᠨ ᠲᠡᠣᠭᠡ︾ ᠵᠡᠷᠭᠡ ᠮᠣᠩᠭᠤᠯ ᠲᠡᠣᠬᠡᠨ ᠪᠢᠴᠢᠭ ᠢ | ᠬᠡᠪᠯᠡᠬᠦᠯᠵᠦ ᠪᠠᠶᠢᠭᠰᠠᠨ ᠨᠢ ᠮᠣᠩᠭᠤᠯ ᠲᠡᠣᠭᠡ ᠰᠣᠶᠣᠯ ᠳᠤ ᠪᠠᠯᠠᠷᠠᠰᠢ ᠦᠭᠡᠢ ᠭᠠᠪᠢᠶ᠎ᠠ ᠵᠢᠳᠬᠦᠯ ᠦᠵᠡᠬᠦᠯᠦᠭᠰᠡᠨ | ᠶᠤᠮ᠃ | | | | | | |