ᠠᠤᠬᠠᠨ ᠠᠶᠢᠮᠠᠭ᠂ ᠠᠤᠬᠠᠨ ᠬᠤᠰᠢᠭᠤ ᠶᠢᠨ ᠢᠷᠡᠯ ᠵᠢᠴᠢ ᠬᠤᠪᠢᠰᠤᠯ
ᠨᠡᠶᠢᠲᠡᠯᠡᠭᠰᠡᠨ ᠴᠠᠭ᠄
2015/8/11
     1᠂ ᠠᠤᠬᠠᠨ ᠠᠶᠢᠮᠠᠭ ᠶᠢᠨ ᠢᠷᠡᠯ      ᠠᠤᠬᠠᠨ ᠠᠶᠢᠮᠠᠭ ᠪᠤᠯ ᠠᠷᠪᠠᠨ ᠭᠤᠷᠪᠠᠳᠤᠭᠠᠷ ᠵᠠᠭᠤᠨ ᠤ ᠦᠶ᠎ᠡ ᠳᠤ ᠪᠥᠷᠢᠯᠳᠦᠭᠰᠡᠨ ᠮᠤᠩᠭᠤᠯ ᠠᠶᠢᠮᠠᠭ ᠪᠤᠯᠤᠨ᠎ᠠ᠃ ᠠᠶᠢᠮᠠᠭ ᠤᠨ ᠨᠡᠷᠡᠶᠢᠳᠦᠯ ᠨᠢ ᠮᠥᠩᠬᠡ ᠬᠠᠭᠠᠨ ᠤ ᠬᠡᠰᠢᠭᠲᠡᠨ ᠴᠡᠷᠢᠭ ᠠᠴᠠ ᠢᠷᠡᠯᠲᠡᠢ᠃ ᠮᠥᠩᠬᠡ ᠬᠠᠭᠠᠨ ᠪᠣᠯ ᠴᠢᠩᠭᠢᠰ ᠬᠠᠭᠠᠨ ᠤ ᠣᠳᠬᠤᠨ ᠬᠥᠪᠡᠭᠦᠨ ᠲᠣᠯᠣᠢ ᠶᠢᠨ ᠤᠤᠭᠠᠨ ᠬᠥᠪᠡᠭᠦᠨ ᠪᠤᠯᠬᠤᠷ᠂ ᠬᠠᠭᠠᠨ ᠰᠠᠭᠤᠬᠤ ᠠᠴᠠ ᠨᠢ ᠡᠮᠦᠨ᠎ᠠ ᠬᠥᠮᠥᠰ ᠲᠡᠭᠦᠨ ᠢ ︽ᠤᠤᠭᠠᠨ ᠸᠠᠩ︾ ᠭᠡᠵᠤ ᠳᠠᠭᠤᠳᠠᠳᠠᠭ ᠪᠠᠶᠢᠵᠠᠢ᠃ ᠤᠤᠭᠠᠨ ᠸᠠᠩ ᠤᠨ ᠬᠡᠰᠢᠭᠲᠡᠨ ᠴᠡᠷᠢᠭ ᠢ ᠬᠥᠮᠥᠰ ︽ᠤᠤᠭᠠᠨ ᠠᠶᠢᠮᠠᠭ︾ ᠭᠡᠳᠡᠭ᠃ ᠬᠤᠵᠢᠮ ᠤᠨ ︽ᠠᠤᠬᠠᠨ ᠠᠶᠢᠮᠠᠭ︾  ᠨᠢ ᠳᠠᠷᠤᠢ ᠡᠨᠡ ︽ᠤᠤᠭᠠᠨ ᠠᠶᠢᠮᠠᠭ︾ ᠤᠨ ᠤᠯᠠᠷᠢᠭᠰᠠᠨ ᠳᠠᠭᠤᠳᠠᠯᠭ᠎ᠠ ᠪᠣᠯᠣᠨ᠎ᠠ᠃ ﹇1﹈      ᠠᠳᠡ ᠬᠤᠶᠠᠷ ᠵᠦᠢᠯ ᠢ ᠴᠢᠬᠤᠯᠴᠢᠯᠠᠨ ᠰᠣᠳᠤᠯᠤᠭᠤᠰᠢᠲᠠᠢ ᠪᠠᠶᠢᠨ᠎ᠠ᠃ ᠨᠢᠭᠡ ᠨᠢ ᠠᠶᠢᠮᠠᠭ ᠭᠡᠬᠦ ᠦᠭᠡ ᠪᠣᠯᠣᠨ᠎ᠠ᠃ ᠠᠶᠢᠮᠠᠭ ᠭᠡᠬᠦ ᠦᠭᠡ ᠶᠢᠨ ᠢᠵᠠᠭᠤᠷ ᠨᠢ ︽ᠠᠢ︾ ︵范畴︶ ᠪᠣᠯᠣᠨ᠎ᠠ᠃ ︽ᠠᠢ︾ ᠭᠡᠬᠦ ᠢᠵᠠᠭᠤᠷ ᠳᠡᠭᠡᠷ᠎ᠡ ︽ᠮᠠᠭ︾ ᠳᠠᠭᠠᠪᠤᠷᠢ ᠶᠢ ᠵᠠᠯᠭᠠᠵᠤ ᠠᠶᠢᠮᠠᠭ ᠭᠡᠬᠦ ᠦᠭᠡ ᠶᠢ ᠪᠦᠲᠦᠭᠡᠵᠡᠢ᠃ ᠡᠭᠦᠪᠡᠷ ᠳᠦᠯᠬᠢᠨ ᠪᠣᠳᠣᠪᠠᠯ᠂ ᠠᠶᠢᠮᠠᠭ ᠨᠢ ᠲᠡᠷᠡ ᠦᠶᠠᠰ ᠶᠠᠰᠤ ᠴᠢᠰᠤᠨ ᠤ ᠬᠠᠷᠢᠴᠠᠭ᠎ᠠ ᠦᠭᠡᠢ᠂ ᠭᠡᠪᠡᠴᠦ ᠤᠯᠤᠰ ᠲᠥᠷᠥ ᠪᠤᠶᠤ ᠭᠠᠵᠠᠷ ᠣᠷᠣᠨ ᠤ ᠬᠤᠪᠢᠶᠠᠷᠯᠠᠯ ᠠᠴᠠ ᠪᠣᠯᠵᠤ᠂ ᠬᠠᠮᠲᠤ ᠤᠷᠤᠰᠢᠨ ᠠᠮᠢᠳᠤᠷᠠᠵᠤ᠂ ᠨᠢᠭᠡ ᠵᠦᠢᠯ ᠤᠨ ᠠᠵᠢᠯ ᠡᠭᠦᠷᠭᠡ ᠶᠢ ᠭᠦᠢᠴᠡᠳᠭᠡᠵᠤ ᠶᠠᠪᠤᠭᠰᠠᠨ᠂ ᠣᠯᠠᠠ ᠶᠠᠰᠤᠲᠠᠨ ᠴᠢᠰᠤᠲᠠᠨ ᠤ ᠬᠤᠯᠪᠤᠭ᠎ᠠ ᠪᠠᠶᠢᠭᠰᠠᠨ ᠰᠢᠭ᠋᠃ ᠬᠠᠷᠢᠨ ᠣᠳᠣᠬᠢ ︽ᠶᠠᠮᠠᠷ ᠣᠪᠣᠭ ᠤᠨ ᠶᠠᠮᠠᠷ ᠠᠶᠢᠮᠠᠭ︾  ᠭᠡᠳᠡᠭ ᠨᠢ ᠨᠢᠭᠡ ᠡᠪᠦᠭᠡ ᠳᠡᠭᠡᠳᠦᠰ ᠠᠴᠠ ᠢᠷᠡᠯ ᠲᠠᠢ ᠬᠥᠮᠥᠰ  ᠤᠨ ᠳᠠᠭᠤᠳᠠᠯᠭ᠎ᠠ ᠪᠤᠯᠤᠨ᠎ᠠ᠃      ᠨᠥᠭᠦᠭᠡ ᠨᠢ ︽ᠠᠤᠬᠠᠨ ᠠᠶᠢᠮᠠᠭ︾ ᠭᠡᠳᠡᠭ ᠨᠡᠷ᠎ᠡ ︽ᠨᠢᠭᠤᠴᠠ ᠲᠣᠪᠴᠢᠶᠠᠨ︾ ᠳᠤ ᠭᠠᠷᠳᠠᠭ ᠦᠭᠡᠢ᠂ ᠬᠠᠷᠢᠨ ︽ᠠᠯᠲᠠᠨ ᠬᠦᠷᠳᠦ ᠮᠢᠩᠭᠠᠨ ᠬᠡᠭᠡᠰᠦᠲᠦ︾ ︵ᠴᠣᠶᠢᠵᠢ ᠶᠢᠨ ᠲᠤᠯᠭᠠᠨ ᠬᠠᠷᠢᠴᠠᠭᠤᠯᠤᠭᠰᠠᠨ︶ ᠶᠢᠨ125 ᠳ᠋ᠤᠭᠠᠷ ᠨᠢᠭᠤᠷ ᠲᠤ ︽ᠠᠤᠬᠠᠨ ᠢ ᠰᠠᠳᠠᠭᠴᠢᠨ ᠤ ᠰᠡᠴᠡᠨ︾ ① ᠭᠡᠵᠤ ᠭᠠᠷᠳᠠᠭ᠃ ᠣᠨ ᠨᠢ1434 ᠤᠨ ᠪᠣᠯᠣᠨ᠎ᠠ᠃ ︽ᠨᠢᠭᠤᠴᠠ ᠲᠣᠪᠴᠢᠶᠠᠨ︾ ᠢ ᠥᠭᠡᠳᠡᠢ ᠬᠠᠭᠠᠨ ︵1241 ᠣᠨ ᠳᠤ ᠬᠠᠯᠢᠪᠠ︶ ᠠᠴᠠ ᠰᠡᠭᠦᠯᠡᠷ ᠪᠢᠴᠢᠭᠳᠡᠭᠰᠡᠨ ᠭᠡᠳᠡᠭ ᠪᠠᠷ ᠪᠣᠳᠣᠪᠠᠯ᠂ ᠠᠤᠬᠠᠨ ᠠᠶᠢᠮᠠᠭ ᠨᠢ1241 ᠣᠨ ᠠᠴᠠ ᠰᠡᠭᠦᠯᠡᠷ᠂1434 ᠣᠨ ᠠᠴᠠ ᠡᠮᠦᠨ᠎ᠡ ᠪᠥᠷᠢᠯᠳᠦᠭᠰᠡᠨ ᠨᠢ ᠲᠠᠭᠠᠷᠠᠨ᠎ᠠ᠃ ᠡᠭᠦᠪᠡᠷ ᠳᠦᠯᠬᠢᠨ ᠪᠤᠳᠤᠪᠠᠯ᠂ ᠠᠷᠪᠠᠨ ᠭᠤᠷᠪᠠᠳᠤᠭᠠᠷ ᠵᠠᠭᠤᠨ ᠳᠤ ᠪᠦᠷᠢᠯᠳᠦᠪᠡ ᠭᠡᠬᠦ ᠬᠡᠯᠡᠯᠭᠡ ᠲᠡᠦᠬᠡ ᠶᠢᠨ ᠦᠨᠡᠨ ᠲᠠᠢ ᠨᠡᠶᠢᠴᠡᠨ᠎ᠡ᠃      ᠤᠮᠠᠷᠠᠲᠤ ᠶᠤᠸᠠᠨ ᠤᠯᠤᠰ ᠤᠨ ᠦᠶ᠎ᠡ ᠳᠤ ᠠᠤᠬᠠᠨ ᠠᠶᠢᠮᠠᠭ ᠨᠢ ᠬᠠᠯᠬ᠎ᠠ ᠭᠤᠤᠯ᠂ ᠰᠢᠯᠢ ᠶᠢᠨ ᠭᠤᠤᠯ ᠤᠨ ᠤᠷᠴᠢᠮ ᠢᠶᠠᠷ ᠨᠡᠭᠦᠳᠡᠯᠯᠡᠨ ᠠᠮᠢᠳᠤᠷᠠᠵᠤ᠂ ᠴᠠᠬᠠᠷ ᠲᠥᠮᠡᠨ ᠳᠤ ᠬᠠᠷᠢᠶᠠᠯᠠᠭᠳᠠᠵᠤ ᠪᠠᠶᠢᠭᠰᠠᠨ ᠠᠴᠠ ᠪᠠᠨ ᠬᠤᠵᠢᠮ  ᠨᠢ ᠬᠠᠯᠬ᠎ᠠ ᠲᠥᠮᠡᠨ ᠳᠤ ᠬᠠᠷᠢᠶᠠᠯᠠᠭᠳᠠᠬᠤ ᠪᠤᠯᠵᠠᠢ᠃ ᠠᠷᠪᠠᠨ ᠭᠤᠷᠪᠠᠳᠤᠭᠠᠷ ᠵᠠᠭᠤᠨ ᠳᠣᠮᠳᠠᠴᠢ ᠪᠠᠷ ᠳᠠᠷᠠᠶᠢᠰᠤᠨ ᠬᠥᠳᠡᠩ ᠬᠠᠭᠠᠨ ᠠᠯᠲᠠᠨ ᠬᠠᠭᠠᠨ ᠳᠤ ᠬᠠᠰᠢᠭᠳᠠᠵᠤ᠂ ᠴᠠᠬᠠᠷ ᠲᠥᠮᠡᠨ ᠢᠶᠠᠨ ᠳᠠᠭᠠᠭᠤᠯᠤᠨ ᠵᠠᠭᠦᠨᠰᠢ ᠵᠠᠶᠢᠯᠠᠨ ᠬᠢᠩᠭᠠᠨ ᠳᠠᠪᠠᠭ᠎ᠠ ᠶᠢ ᠳᠠᠪᠠᠨ᠂ ᠯᠢᠶᠤᠤᠳᠦᠩ ᠤᠨ ᠬᠢᠵᠠᠭᠠᠷ ᠲᠤ ᠨᠡᠭᠦᠬᠦ ᠦᠶᠡᠰ᠂ ᠠᠤᠬᠠᠨ ᠠᠶᠢᠮᠠᠭ ᠴᠦ ᠳᠠᠷᠠᠶᠢᠰᠤᠨ ᠬᠥᠳᠡᠩ ᠬᠠᠭᠠᠨ ᠢ ᠲᠠᠭᠠᠨ ᠨᠡᠭᠦᠳᠡᠯᠯᠡᠵᠡᠢ᠃ ᠠᠷᠪᠠᠨ ᠳᠣᠯᠣᠳᠤᠭᠠᠷ ᠵᠠᠭᠤᠨ ᠤ ᠡᠬᠢ ᠪᠠᠷ ᠠᠤᠬᠠᠨ ᠠᠶᠢᠮᠠᠭ ᠤᠨ ᠲᠦᠷᠦᠭᠦᠦ ᠳᠠᠶᠢᠴᠢᠩ ᠳᠦᠭᠦᠷᠡᠩ 19 ᠳᠡᠭᠦᠦ ᠡᠰᠡᠨ ᠤᠶᠢᠵᠠᠩ19 ᠲᠠᠢ ᠪᠠᠨ ᠯᠤᠤᠬ᠎ᠠ ᠶᠢᠨ ᠭᠤᠤᠯ  ᠤᠨ ᠳᠤᠮᠳᠠᠳᠤ ᠤᠷᠤᠰᠬᠠᠯ ᠳᠠᠭᠠᠤ ᠭᠠᠵᠠᠷ ᠭᠤᠤᠯ ᠬᠠᠪᠴᠢᠨ ᠨᠤᠲᠤᠭᠯᠠᠭᠰᠠᠨ ᠪᠠᠶᠢᠨ᠎ᠠ᠃ ᠳᠠᠶᠢᠴᠢᠩ ᠳᠦᠭᠦᠷᠡᠩ  ᠤᠨ ᠳᠡᠭᠦᠦ ᠡᠰᠡᠨ ᠤᠶᠢᠵᠠᠩ ᠨᠢ ᠠᠤᠬᠠᠨ ᠠᠶᠢᠮᠠᠭ ᠤᠨ ᠵᠡᠭᠦᠨ ᠬᠤᠶᠢᠲᠤ ᠬᠡᠰᠡᠭ ᠲᠤ ᠨᠤᠲᠤᠭᠯᠠᠵᠤ᠂ ᠳᠠᠭᠠᠯᠲᠠ ᠠᠶᠢᠮᠠᠭ ᠢᠶᠠᠨ ︽ᠨᠠᠢᠮᠠᠨ︾ ᠭᠡᠵᠤ ᠨᠡᠷᠡᠯᠡᠵᠡᠢ᠃      ᠠᠳᠡ ᠠᠤᠬᠠᠨ ᠭᠡᠳᠡᠭ ᠨᠡᠷᠡᠶᠢᠳᠦᠯ ᠦᠬᠤᠸᠠᠨ ︵乌桓︶ ᠠᠴᠠ ᠢᠷᠡᠯᠲᠡᠢ ᠭᠡᠬᠦ ᠬᠡᠯᠡᠯᠭᠡ ᠶᠢ ᠦᠭᠡᠶᠢᠰᠭᠡᠵᠤ ᠪᠣᠯᠣᠨ᠎ᠠ᠃ ᠠᠤᠬᠠᠨ ᠠᠶᠢᠮᠠᠭ ᠨᠢ ᠦᠬᠤᠸᠠᠨ ᠤ ᠮᠠᠨᠳᠤᠭᠰᠠᠨ ᠤᠭ ᠨᠤᠲᠤᠭ —— ᠯᠣᠤᠬ᠎ᠠ ᠰᠢᠷᠠᠮᠥᠷᠡᠨ ᠤ ᠭᠠᠵᠠᠷ ᠢᠷᠡᠬᠦ ᠦᠶᠡᠰ᠂ ︽ᠠᠤᠬᠠᠨ ᠠᠶᠢᠮᠠᠭ︾ ᠭᠡᠬᠦ ᠨᠡᠷᠡᠶᠢᠳᠦᠯ ᠢᠶᠠᠨ ᠵᠠᠷᠤᠭᠠᠳ ᠨᠢᠭᠡᠨᠲᠡ ᠭᠤᠷᠪᠠ ᠲᠥᠷᠪᠡᠨ ᠵᠠᠭᠤᠨ ᠵᠢᠯ ᠪᠤᠯᠴᠢᠬᠠᠭᠰᠠᠨ ᠶᠤᠮ᠃ ᠡᠶᠢᠮᠦ ᠪᠠᠷ ᠢᠶᠠᠨ ᠦᠬᠤᠸᠠᠨ ᠤ ᠮᠠᠨᠳᠤᠭᠰᠠᠨ ᠤᠤᠭᠠᠯ ᠨᠤᠲᠤᠭ ᠲᠤ ᠰᠠᠭᠤᠷᠢᠰᠢᠭᠠᠳ᠂ ᠠᠤᠬᠠᠨ ᠭᠡᠰᠡᠨ ᠨᠡᠷ᠎ᠡ ᠶᠢ ᠣᠯᠪᠠ ᠭᠡᠳᠡᠭ ᠨᠢ ᠠᠯᠪᠠ ᠪᠠᠷ ᠳᠣᠬᠤᠭᠰᠠᠨ ᠵᠦᠢᠯ ᠪᠣᠯᠬᠤ ᠶᠤᠮ᠃      ᠳᠠᠬᠢᠪᠠᠯ ᠯᠢᠭᠳᠡᠨ ᠬᠤᠲᠤᠭᠳᠤ ② ᠲᠠᠢ ᠥᠷᠢᠰᠴᠦ ᠤᠯᠠᠨ ᠠᠴᠠ ᠶᠡᠭᠡ ︽ᠤᠤ ᠬᠠᠭᠠᠨ︾ ᠭᠡᠵᠤ ᠨᠡᠷ᠎ᠡ ᠠᠪᠤᠭᠰᠠᠨ ᠠᠴᠠ ᠢᠷᠡᠯᠲᠡᠢ ᠭᠡᠬᠦ ᠨᠢ ᠨᠡᠩ ᠴᠦ ᠲᠡᠦᠬᠡ ᠶᠢᠨ ᠦᠨᠳᠦᠰᠦᠯᠡᠯ ᠦᠭᠡᠢ᠃ ᠯᠢᠭᠳᠡᠨ ᠬᠠᠭᠠᠨ ᠲᠠᠢ ᠠᠳᠠᠯᠢ ᠴᠠᠭ ᠲᠤ ᠠᠮᠢᠳᠤᠷᠠᠵᠤ ᠪᠠᠶᠢᠭᠰᠠᠨ ᠳᠠᠶᠢᠴᠢᠩ ᠳᠦᠭᠦᠷᠡᠩ ᠤᠨ ᠦᠷ᠎ᠡ ᠬᠡᠦᠬᠡᠳ ᠰᠤᠨᠤᠮ ᠳᠦᠭᠦᠷᠡᠩ20 ᠨᠢ ︽ᠳᠦᠭᠦᠷᠡᠩ︾ ᠭᠡᠳᠡᠭ ᠵᠡᠷᠭᠡ ᠬᠡᠷᠬᠡᠮ ᠢᠶᠠᠷ ᠢᠶᠠᠨ ᠴᠤᠯᠠᠯᠠᠭᠳᠠᠵᠤ ᠪᠠᠶᠢᠭᠰᠠᠨ ᠠᠴᠠ ᠥᠭᠡᠷ᠎ᠡ ︽ᠬᠠᠨ︾ ᠴᠤᠯᠠ ᠠᠪᠤᠭᠰᠠᠨ ᠦᠭᠡᠢ ᠶᠤᠮ᠃      2᠂ ᠠᠤᠬᠠᠨ ᠬᠤᠰᠢᠭᠤᠨ ᠤ ᠢᠷᠡᠯ      ᠠᠷᠪᠠᠨ ᠵᠢᠷᠭᠤᠳᠤᠭᠠᠷ ᠵᠠᠭᠤᠨ ᠤ ᠡᠴᠦᠰ ᠢᠶᠠᠷ ᠮᠠᠨᠵᠤ ᠶᠢᠨ ᠲᠥᠷᠦᠭᠦᠦ ᠨᠤᠷᠬᠠᠴᠢ ᠵᠥᠷᠴᠢᠨ ᠠᠶᠢᠮᠠᠭ ᠢᠶᠠᠨ ᠨᠢᠭᠡᠳᠭᠡᠵᠤ᠂1616 ᠣᠨ ᠳᠤ ᠬᠤᠶᠢᠲᠤ ᠠᠯᠲᠠᠨ ᠤᠯᠤᠰ ᠢ ᠪᠠᠶᠢᠭᠤᠯᠵᠠᠢ᠃ ᠬᠤᠶᠢᠲᠤ ᠠᠯᠲᠠᠨ ᠤᠯᠤᠰ ᠨᠢ ᠤᠮᠠᠷᠠᠲᠤ ᠶᠤᠸᠠᠨ ᠪᠠ ᠮᠢᠩ ᠤᠯᠤᠰ ᠲᠠᠢ ᠵᠡᠷᠭᠡᠴᠡᠨ ᠣᠷᠤᠰᠢᠵᠤ ᠪᠠᠶᠢᠪᠠᠴᠤ᠂ ᠮᠢᠩ ᠤᠯᠤᠰ ᠢ ᠭᠤᠤᠯ ᠳᠠᠶᠢᠰᠤᠨ  ᠢᠶᠠᠷ ᠦᠵᠡᠵᠦ ᠪᠠᠶᠢᠵᠠᠢ᠃ ᠭᠡᠪᠡᠴᠦ ᠮᠢᠩ ᠢ ᠴᠤᠬᠢᠬᠤ ᠳᠤ ᠤᠮᠠᠷ᠎ᠠ ᠠᠴᠠ ᠢᠷᠡᠬᠦ ᠮᠤᠩᠭᠤᠯ ᠤᠨ ᠳᠤᠪᠲᠤᠯᠤᠯᠲᠠ ᠶᠢ ᠠᠷᠢᠯᠭᠠᠬᠤ ᠨᠢ ᠬᠠᠮᠤᠭ ᠠᠴᠠ ᠴᠢᠬᠤᠯᠠ ᠲᠤᠯᠠ ᠮᠤᠩᠭᠤᠯ ᠢ ᠡᠵᠡᠯᠡᠵᠦ ᠠᠪᠬᠤ ᠨᠢ ᠲᠡᠭᠦᠨ ᠤ ᠳᠠᠶᠢᠨ ᠤ ᠪᠣᠳᠣᠯᠭ᠎ᠠ  ᠶᠢᠨ ᠭᠤᠤᠯ ᠬᠠᠷᠠᠯᠲᠠ ᠪᠣᠯᠵᠤ ᠪᠠᠶᠢᠪᠠ᠃ ᠶᠠᠭ ᠡᠨᠡ ᠦᠶᠡᠰ ᠯᠢᠭᠳᠡᠨ ᠬᠤᠳᠤᠭᠲᠤ ᠬᠠᠭᠠᠨ ᠤ ᠬᠤᠷᠴᠢᠨ ᠠᠶᠢᠮᠠᠭ  ᠲᠤ ᠴᠡᠷᠢᠭ ᠬᠥᠳᠡᠯᠭᠡᠭᠰᠡᠨ ᠨᠢ ᠭᠤᠪᠢ ᠶᠢᠨ ᠡᠮᠦᠨᠡᠬᠢ ᠮᠤᠩᠭᠤᠯ ᠢ ᠡᠵᠡᠯᠡᠬᠦ ᠭᠡᠰᠡᠨ ᠨᠤᠷᠬᠠᠴᠢ ᠶᠢᠨ ᠪᠤᠳᠤᠯᠭ᠎ᠠ ᠳᠤ ᠠᠰᠢᠭᠲᠠᠢ ᠨᠥᠬᠦᠴᠡᠯ ᠣᠯᠭᠤᠭᠰᠠᠨ ᠪᠠᠶᠢᠨ᠎ᠠ᠃1625 ᠣᠨ ᠳᠤ ᠯᠢᠭᠳᠡᠨ ᠬᠤᠳᠤᠭᠲᠤ ᠬᠠᠭᠠᠨ ᠬᠤᠷᠴᠢᠨ ᠢ ᠳᠠᠶᠢᠯᠠᠭᠰᠠᠨ ᠳᠤ ᠬᠤᠷᠴᠢᠨ ᠠᠶᠢᠮᠠᠭ ᠤᠨ ᠲᠦᠷᠦᠭᠦᠦ ᠣᠩᠭᠤᠳᠠᠢ ᠶᠢᠨ ᠬᠦᠦ ᠣᠣᠪᠠ ᠬᠤᠶᠢᠲᠤ ᠠᠯᠲᠠᠨ ᠤᠯᠤᠰ ︵ᠮᠠᠨᠵᠤ︶ ᠶᠢᠨ ᠲᠤᠰᠠᠯᠠᠮᠵᠢ ᠪᠠᠷ ᠯᠢᠭᠳᠡᠨ ᠬᠤᠳᠤᠭᠲᠤ ᠬᠠᠭᠠᠨ ᠢ ᠢᠯᠠᠵᠠᠢ᠃ ᠢᠩᠬᠢᠭᠡᠳ ᠯᠢᠭᠳᠡᠨ ᠬᠤᠳᠤᠭᠲᠤ ᠬᠠᠭᠠᠨ ᠤ ᠴᠡᠷᠢᠭ ᠤᠨ ᠬᠦᠴᠦᠨ ᠢᠶᠠᠷ ᠮᠤᠩᠭᠤᠯ ᠢ ᠨᠢᠭᠡᠳᠭᠡᠬᠦ ᠭᠡᠰᠡᠨ ᠪᠤᠳᠤᠯᠭ᠎ᠠ ᠨᠢ ᠡᠰᠡᠷᠭᠦ ᠳ᠋ᠦᠩ ᠤᠯᠵᠤ᠂ ᠮᠤᠩᠭᠤᠯ ᠤᠨ ᠵᠡᠭᠦᠨ ᠲᠠᠯ᠎ᠠ ᠪᠠᠷ ᠰᠠᠬᠢᠭᠤᠯ ᠪᠣᠯᠵᠤ ᠪᠠᠶᠢᠭᠰᠠᠨ ᠥᠪᠦᠷ ᠲᠠᠪᠤᠨ ᠬᠠᠯᠬ᠎ᠠ③ ︵ᠪᠠᠭᠠᠷᠢᠨ᠂ ᠬᠤᠩᠬᠢᠷᠠᠳ᠂ ᠵᠠᠷᠤᠳ᠂ ᠥᠵᠢᠶᠡᠳ᠂ ᠪᠠᠶᠠᠭᠤᠳ︶ ᠯᠢᠭᠳᠡᠨ ᠬᠤᠳᠤᠭᠲᠤ ᠬᠠᠭᠠᠨ ᠠᠴᠠ ᠰᠠᠯᠤᠭᠰᠠᠨ ᠪᠠᠶᠢᠨ᠎ᠠ᠃ ﹇1﹈      ᠠᠤᠬᠠᠨ ᠠᠶᠢᠮᠠᠭ ᠤᠨ ᠲᠥᠷᠥᠭᠦᠦ ᠳᠠᠶᠢᠴᠢᠩ ᠳᠦᠭᠦᠷᠡᠩ ᠤᠨ ᠬᠥᠪᠡᠭᠦᠨ ᠰᠤᠨᠤᠮ ᠳᠦᠭᠦᠷᠡᠩ20᠂ ᠰᠡᠴᠡᠨᠵᠤᠷᠢᠭᠲᠤ20 ᠬᠤᠶᠠᠷ ᠯᠢᠭᠳᠡᠨ ᠬᠠᠭᠠᠨ ᠤ ᠲᠤᠪᠲᠤᠯᠭ᠎ᠠ ᠳᠤ ᠳᠤᠷ᠎ᠠ ᠦᠭᠡᠶᠢᠴᠡᠵᠦ ᠪᠠᠶᠢᠬᠤ ᠳᠤ᠂ ᠮᠢᠩ ᠤᠯᠤᠰ ᠤᠨ ᠲᠢᠶᠠᠨ ᠴᠢ ︵天启︶ ᠶᠢᠨ ᠳᠤᠯᠤᠳᠤᠭᠠᠷ ᠣᠨ ︵1627︶ ᠤ ᠵᠢᠷᠭᠤᠭᠠᠨ ᠰᠠᠷ᠎ᠠ ᠳᠤ ᠮᠢᠩ ᠤᠯᠤᠰ ᠤᠨ ᠡᠯᠴᠢᠨ ᠢᠷᠡᠵᠦ᠂ ᠠᠤᠬᠠᠨ ᠠᠶᠢᠮᠠᠭ ᠢ ᠢᠳᠬᠠᠨ ᠳᠠᠭᠠᠭᠤᠯᠬᠤ ᠭᠡᠰᠡᠨ ᠳᠤ᠂ ᠰᠤᠨᠤᠮ ᠳᠦᠭᠦᠷᠡᠩ᠂ ᠰᠡᠴᠡᠨᠵᠤᠷᠢᠭᠲᠤ ᠬᠤᠶᠠᠷ ᠴᠠᠭ ᠲᠥᠷᠦ ᠶᠢᠨ ᠥᠩᠭᠡ ᠶᠢ ᠰᠢᠨᠵᠢᠵᠤ᠂ ᠠᠰᠢᠭ ᠬᠤᠤᠷ ᠢ ᠢᠯᠭᠠᠨ ᠬᠡᠮᠵᠢᠶᠡᠯᠡᠭᠡᠳ᠂ ᠨᠠᠶᠢᠮᠠᠨ ᠠᠶᠢᠮᠠᠭ ᠤᠨ ᠲᠥᠷᠥᠭᠦᠦ ᠡᠰᠡᠨ ᠣᠶᠢᠵᠠᠩ ᠤᠨ ᠬᠥᠪᠡᠭᠦᠨ ᠭᠤᠨᠴᠤᠭ20 ︵ᠮᠥᠨ ᠭᠤᠨᠴᠤᠭᠪᠠᠭᠠᠲᠤᠷ ᠭᠡᠬᠦ︶ ᠤᠨ ᠬᠠᠮᠲᠤ ᠮᠢᠩ ᠤᠨ ᠡᠯᠴᠢ ᠶᠢ ᠬᠤᠶᠢᠲᠤ ᠠᠯᠲᠠᠨ ᠤᠯᠤᠰ ᠤᠨ ᠨᠡᠶᠢᠰᠯᠡᠯ ᠮᠥᠭᠳᠡᠨ ︵沈阳︶ ᠳᠤ ᠪᠠᠷᠢᠵᠤ ᠬᠦᠷᠭᠡᠭᠡᠳ᠂ ᠬᠤᠶᠢᠲᠤ ᠠᠯᠲᠠᠨ ᠤᠯᠤᠰ ᠢ ᠳᠠᠭᠠᠵᠠᠢ᠃ ﹇1﹈      ᠲᠤᠰ ᠬᠡᠷᠡᠭ ᠤᠴᠢᠷ ᠬᠤᠶᠢᠲᠤ ᠠᠯᠲᠠᠨ ᠤᠯᠤᠰ ᠤᠨ ᠬᠠᠨ ᠳᠥᠰᠢᠮᠡᠳ ᠤᠨ ᠠᠩᠬᠠᠷᠤᠯ ᠢ ᠶᠡᠭᠡ ᠲᠠᠲᠠᠵᠤ᠂ ᠵᠥᠪᠯᠡᠯᠳᠦᠭᠰᠡᠨ ᠤ ᠡᠴᠦᠰ ᠲᠤ᠂ ᠠᠤᠬᠠᠨ ᠠᠶᠢᠮᠠᠭ ᠨᠢ ᠴᠢᠩᠭᠢᠰ ᠬᠠᠭᠠᠨ ᠤ ᠰᠢᠭᠤᠳ ᠤᠭᠰᠠᠭ᠎ᠠ ᠮᠥᠨ ᠪᠥᠭᠡᠳ ᠲᠡᠷᠡ ᠦᠶᠡᠰ60 ᠡᠷᠦᠬᠡ ᠲᠠᠶᠢᠵᠢ7000 ᠬᠤᠶᠠᠭ ︵16—60 ᠨᠠᠰᠤᠨ ᠤ ᠪᠥᠰᠡᠲᠠᠶᠢᠴᠤᠤᠯ︶ ᠲᠠᠢ ᠪᠠᠶᠢᠵᠤ᠂ ᠴᠡᠷᠢᠭ ᠤᠨ ᠬᠦᠴᠦᠨ ᠴᠢᠬᠢᠷᠠᠭ ᠪᠥᠭᠡᠳ ᠪᠤᠰᠤᠳ ᠠᠶᠢᠮᠠᠭ ᠤᠭᠰᠠᠭ᠎ᠠ ᠶᠢ ᠨᠥᠯᠥᠭᠡᠯᠡᠬᠦ ᠬᠦᠴᠦᠨ ᠴᠢᠩᠭ᠎ᠠ ᠭᠡᠵᠤ ᠦᠵᠡᠵᠦ᠂ ᠤᠷᠤᠭᠤᠯᠵᠤ ᠠᠪᠬᠤ ᠰᠢᠢᠳᠪᠦᠷᠢ ᠭᠠᠷᠭᠠᠭᠰᠠᠨ ᠪᠠᠶᠢᠨ᠎ᠠ᠃ ﹇2﹈ ᠰᠤᠨᠤᠮ ᠳᠦᠭᠦᠷᠡᠩ ᠨᠠᠷ ᠢ ᠬᠦᠷᠬᠦ  ᠳᠤ ᠬᠤᠸᠠᠩ ᠲᠠᠶᠢᠵᠢ ᠠᠴᠠ ᠬᠠᠮᠤᠭ ᠳᠥᠰᠢᠮᠡᠳ ᠢᠶᠠᠨ ᠳᠠᠭᠠᠭᠤᠯᠤᠨ᠂ ᠮᠥᠭᠳᠡᠨ ᠬᠤᠲᠠᠨ ᠠᠴᠠ ᠪᠠᠨ ᠭᠠᠷᠤᠨ᠂ ᠶᠡᠭᠡ ᠶᠤᠰᠤᠯᠠᠯ ᠢᠶᠠᠷ ᠤᠭᠲᠤᠭᠰᠠᠨ ᠭᠡᠳᠡᠭ᠃ ᠬᠤᠲᠠᠨ ᠳᠤ ᠤᠷᠤᠭᠰᠠᠨ ᠤ ᠳᠠᠷᠠᠭ᠎ᠠ᠂ ᠰᠤᠨᠤᠮ ᠳᠦᠭᠦᠷᠡᠩ ᠨᠠᠷ ᠮᠢᠩ ᠤᠨ ᠪᠢᠴᠢᠭ ᠵᠢᠴᠢ ᠬᠤᠶᠠᠷ ᠡᠯᠴᠢᠨ ᠢ ᠬᠤᠶᠢᠲᠤ ᠠᠯᠲᠠᠨ ᠤᠯᠤᠰ ᠲᠤ ᠳᠤᠰᠢᠶᠠᠪᠠ᠃ ᠠᠤᠬᠠᠨ ᠤ ᠡᠨᠡ ᠬᠥᠳᠡᠯᠦᠯ ᠲᠤᠬᠠᠢ ᠶᠢᠨ ᠦᠶᠡᠰ ᠬᠤᠶᠢᠲᠤ ᠠᠯᠲᠠᠨ᠂ ᠮᠢᠩ᠂ ᠤᠮᠠᠷᠠᠲᠤ ᠶᠤᠸᠠᠨ ᠤᠯᠤᠰ ᠲᠤ ᠶᠡᠭᠡ ᠳᠤᠷᠭᠢᠯᠲᠠ ᠠᠪᠴᠢᠷᠠᠭᠰᠠᠨ ᠪᠠᠶᠢᠨ᠎ᠠ᠃      ᠠᠤᠬᠠᠨ ᠠᠶᠢᠮᠠᠭ ᠤᠨ ᠠᠬᠠᠯᠠᠭᠴᠢ ᠰᠣᠨᠣᠮ ᠳᠦᠭᠦᠷᠡᠩ20᠂ ᠰᠡᠴᠡᠨᠵᠣᠷᠢᠭᠲᠦ20 ᠴᠢᠩ ᠣᠯᠣᠰ ᠢ ᠳᠠᠭᠠᠭᠰᠠᠨ ᠤ ᠳᠠᠷᠠᠭ᠎ᠠ᠂ ᠴᠢᠩ ᠣᠯᠣᠰ ᠤᠨ ᠲᠡᠭᠷᠢ ᠶᠢᠨ ᠰᠡᠴᠡᠨ ᠤ ᠠᠩᠬᠠᠨ ᠤ ᠣᠨ ᠤ ᠠᠷᠪᠠᠨ ᠬᠤᠶᠠᠷ ᠰᠠᠷ᠎ᠠ ᠳᠤ᠂ ᠬᠤᠩ ᠲᠠᠶᠢᠵᠢ ᠥᠪᠡᠷ ᠤᠨ ᠡᠬᠡ ᠥᠭᠡᠷ᠎ᠡ ᠲᠠᠢ ᠡᠭᠡᠴᠢ᠂ ᠨᠣᠷᠬᠠᠴᠢ ᠶᠢᠨ ᠭᠤᠷᠪᠠᠳᠤᠭᠠᠷ ᠥᠬᠢᠨ ᠮᠠᠩᠭᠦᠵᠢ ︵ᠬᠠᠳᠠ︶ ᠭᠦᠩᠵᠦ ᠶᠢ ᠰᠣᠨᠣᠮ ᠳᠦᠭᠦᠷᠡᠩ ᠳᠤ ᠪᠠᠭᠤᠯᠭᠠᠨ ᠥᠭᠴᠦ᠂ ᠺᠠᠢ ᠶᠤᠸᠠᠨ开原 ᠤ ᠮᠠᠯᠵᠢᠯ ᠤᠨ ᠭᠠᠵᠠᠷ ︵ᠡᠳᠦᠭᠡ ᠲᠢᠶᠧ ᠯᠢᠩ ᠬᠤᠲᠠ ᠶᠢᠨ ᠬᠠᠪᠢ ᠳᠤ ᠪᠤᠢ︶ ᠢ ᠡᠵᠡᠯᠡᠭᠦᠯᠦᠨ ᠰᠠᠭᠤᠯᠭᠠᠪᠠᠢ᠃ ︵ᠮᠠᠩᠭᠦᠵᠢ ᠭᠦᠩᠵᠦ ᠮᠢᠩ ᠤᠯᠤᠰ ᠤᠨ ᠸᠠᠨ ᠯᠢ ᠶᠢᠨ ᠠᠷᠪᠠᠨ ᠨᠠᠢᠮᠠᠨ ᠣᠨ ﹇1590﹈ ᠳᠤ ᠲᠥᠷᠥᠪᠡ᠃ ᠲᠡᠭᠦᠨ ᠤ ᠡᠬᠡ ᠠᠨᠤ ᠨᠤᠷᠬᠠᠴᠢ ᠶᠢᠨ ᠵᠠᠯᠭᠠᠭᠰᠠᠨ ᠳᠠᠲᠠᠪᠤᠷᠢ ᠹᠦ᠋ ᠴᠠ ᠣᠪᠣᠭᠲᠤ ﹇继妃富察氏﹈ ᠪᠤᠶᠤ᠃ ᠠᠷᠪᠠᠨ ᠬᠤᠶᠠᠷ ᠨᠠᠰᠤᠨ ᠳᠤ ᠨᠢ ᠬᠠᠳᠠ ᠠᠶᠢᠮᠠᠭ ᠤᠨ ᠨᠠᠯᠠ ᠣᠪᠣᠭᠲᠤ ᠥᠷᠭᠦᠳᠠᠢ ᠳᠤ ᠥᠭᠭᠦᠭᠰᠡᠨ ᠠᠴᠠ ᠪᠠᠰᠠ ﹇ᠬᠠᠳᠠ ᠭᠦᠩᠵᠦ﹈ ᠬᠡᠮᠡᠨ ᠳᠠᠭᠤᠳᠠᠳᠠᠭ ᠪᠤᠶᠤ᠃ 1626 ᠣᠨ ᠳᠤ ᠥᠷᠭᠦᠳᠡᠢ ᠨᠠᠰᠤ ᠪᠠᠷᠠᠵᠤ᠂ 1627 ᠣᠨ ᠳᠤ12 ᠰᠠᠷ᠎ᠠ ᠶᠢᠨ22 ᠤ ᠡᠳᠦᠷ᠂ 38 ᠨᠠᠰᠤᠲᠠᠢ ᠮᠠᠩᠭᠦᠵᠢ ᠳᠠᠬᠢᠨ ᠠᠤᠬᠠᠨ ᠤ ᠰᠤᠨᠤᠮᠳᠦᠭᠦᠷᠡᠩ ᠳᠤ ᠮᠣᠷᠳᠠᠪᠠ᠃ ᠮᠠᠩᠭᠦᠵᠢ ᠳᠡᠭᠡᠷᠡᠩᠭᠦᠢ ᠲᠣᠭᠰᠢᠨ ᠠᠴᠠ ᠪᠣᠯᠵᠤ᠂ 1635 ᠣᠨ ᠳᠤ ᠭᠡᠭᠡ ᠴᠣᠯᠠ ᠪᠠᠨ ᠬᠤᠰᠤᠭᠳᠠᠵᠤ ᠂ ᠡᠩ ᠤᠨ ᠠᠷᠠᠳ ᠪᠣᠯᠭᠠᠨ᠂ ᠣᠶᠢᠷ᠎ᠠ ᠲᠥᠷᠥᠭᠰᠡᠨ ᠲᠠᠢ ᠪᠠᠨ ᠶᠠᠪᠤᠯᠴᠠᠵᠤ ᠪᠣᠯᠬᠤ ᠦᠭᠡᠢ ᠬᠡᠮᠡᠨ ᠶᠠᠯᠠᠯᠠᠪᠠᠢ᠃ ᠲᠤᠰ ᠵᠢᠯ ᠵᠠᠷᠤᠳᠠᠰᠤ ᠨᠢ ᠲᠡᠭᠦᠨ ᠢ ᠡᠬᠡ ᠨᠢᠭᠡᠲᠡᠢ ᠠᠬ᠎ᠠ ᠮᠠᠩᠭᠦᠷᠲᠡᠢ ᠲᠠᠢ ᠬᠤᠤᠪᠢᠯᠳᠤᠨ ᠬᠠᠭᠠᠨ ᠰᠠᠭᠤᠷᠢᠨ ᠪᠤᠯᠢᠶᠠᠬᠤ ᠭᠡᠪᠡ ᠭᠡᠵᠤ ᠢᠯᠡᠴᠢᠯᠡᠭᠡᠳ᠂ ᠮᠠᠩᠭᠦᠵᠢ ᠠᠯᠠᠭᠳᠠᠪᠠ᠃︶      ᠰᠡᠴᠡᠨᠵᠤᠷᠢᠭᠲᠦ 20 ᠳᠤ ᠳᠤᠤᠷᠠᠯ ᠪᠠᠭᠠᠲᠤᠷ ︵ᠲᠡᠷᠢᠭᠦᠨ ᠵᠡᠷᠭᠡ ᠶᠢᠨ ᠪᠠᠭᠠᠲᠤᠷ ᠭᠡᠬᠦ ᠤᠳᠬ᠎ᠠ ᠲᠠᠢ︶ ᠴᠤᠯᠠ ᠰᠤᠶᠤᠷᠬᠠᠨ᠂ ᠤᠭ ᠨᠤᠲᠤᠭ ᠲᠤ ᠨᠢ ᠪᠤᠴᠠᠭᠠᠵᠤ᠂ ᠠᠤᠬᠠᠨ ᠠᠶᠢᠮᠠᠭ ᠤᠨ ᠪᠦᠬᠦ ᠡᠷᠬᠡ ᠶᠢ ᠵᠠᠬᠢᠷᠠᠭᠤᠯᠪᠠᠢ᠃ ᠲᠡᠭᠷᠢ  ᠶᠢᠨ ᠰᠡᠴᠡᠨ ᠤ ᠠᠩᠬᠠᠨ ᠤ ᠣᠨ  ︵1627︶ ᠤ ᠠᠷᠪᠠᠨ ᠬᠤᠶᠠᠷ ᠰᠠᠷ᠎ᠠ ᠳᠤ᠂ ᠰᠡᠴᠡᠨᠵᠤᠷᠢᠭᠲᠤ ᠠᠴᠠ ᠬᠤᠩ ᠲᠠᠶᠢᠵᠢ ᠲᠠᠢ ᠬᠤᠳᠠ ᠤᠷᠤᠭ ᠪᠣᠯᠣᠯᠴᠠᠬᠤ ᠶᠢ ᠭᠤᠶᠤᠭᠰᠠᠨ ᠳᠤ᠂ ᠬᠤᠩ ᠲᠠᠶᠢᠵᠢ ᠳᠣᠯᠣᠭᠠᠨ ᠨᠠᠰᠤᠲᠠᠢ ᠠᠬᠠᠮᠠᠳ‌ᠥᠬᠢᠨ‌ᠠᠮᠪᠠ ᠪᠠᠨ ᠰᠡᠴᠡᠨᠵᠤᠷᠢᠭᠲᠤ 20 ᠶᠢᠨ ᠬᠥᠪᠡᠭᠦᠨ ᠪᠠᠨᠳᠢ21 ᠳᠤ ᠥᠭᠬᠦ ᠪᠠᠷ ᠠᠮᠠ ᠠᠯᠳᠠᠪᠠᠢ᠃      1631 ᠣᠨ ᠳᠤ ᠰᠡᠴᠡᠨᠵᠤᠷᠢᠭᠲᠤ  ᠮᠢᠩ ᠤᠯᠤᠰ ᠢ ᠳᠠᠶᠢᠯᠠᠭᠠᠳ ᠪᠤᠴᠠᠬᠤ ᠵᠠᠮ ᠳᠠᠭᠠᠨ ᠨᠠᠰᠤ ᠪᠠᠷᠠᠭᠰᠠᠨ ᠠᠴᠠ ᠰᠡᠭᠦᠯᠡᠷ᠂ 1633 ᠣᠨ ᠳᠤ᠂ ᠴᠢᠩ ᠤᠯᠤᠰ ᠤᠨ ᠲᠡᠭᠷᠢ ᠶᠢᠨ ᠰᠡᠴᠡᠨ ᠬᠠᠭᠠᠨ ᠬᠤᠩ ᠲᠠᠶᠢᠵᠢ᠂ ᠤᠯᠠᠭᠠᠨ ᠨᠠᠷᠠᠨ ᠤᠪᠤᠭᠲᠤ ᠬᠠᠲᠤᠨ ᠠᠴᠠ ᠪᠠᠨ‌ᠮᠡᠨᠳᠦᠯᠡᠭᠰᠡᠨ ᠠᠬᠠᠮᠠᠳ ᠥᠬᠢᠨ ᠠᠮᠪᠠ ︵阿木巴︶ ᠪᠠᠨ ᠠᠷᠪᠠᠨ ᠭᠤᠷᠪᠠᠨ ᠨᠠᠰᠤᠲᠠᠢ ᠳᠤ ᠨᠢ ᠰᠡᠴᠡᠨᠵᠤᠷᠢᠭᠲᠤ ᠶᠢᠨ ᠬᠥᠪᠡᠭᠦᠨ ᠪᠠᠨᠳᠢ21 ᠳᠤ ᠪᠠᠭᠤᠯᠭᠠᠨ ᠥᠭᠴᠦ᠂ ᠪᠠᠨᠳᠢ ᠪᠠᠷ ᠡᠴᠢᠭᠡ ᠶᠢᠨ ᠬᠢᠨᠢ ᠬᠡᠷᠬᠡᠮ ᠢ ᠵᠠᠯᠭᠠᠮᠵᠢᠯᠠᠭᠤᠯᠪᠠᠢ᠃      1634ᠣᠨ ᠳᠤ ︵ᠲᠡᠭᠷᠢ ᠶᠢᠨ ᠰᠡᠴᠡᠨ ᠤ ᠨᠠᠢᠮᠠᠳᠤᠭᠠᠷ ᠣᠨ︶ ᠬᠤᠩ ᠲᠠᠶᠢᠵᠢ ᠨᠠᠭᠠᠴᠤ ᠠᠰᠢ ᠳᠠᠷᠬᠠᠨ ᠪᠣᠯᠣᠨ ᠳᠠᠶᠠᠴᠢ ᠲᠠᠪᠤᠨᠠᠩ ᠢ ᠮᠣᠩᠭᠤᠯ ᠭᠠᠵᠠᠷ ᠲᠣᠮᠢᠯᠠᠨ᠂ ᠠᠤᠬᠠᠨ᠂ ᠨᠠᠢᠮᠠᠨ᠂ ᠣᠩᠨᠢᠭᠤᠳ᠂ ᠪᠠᠭᠠᠷᠢᠨ᠂ ᠠᠷᠤ ᠬᠤᠷᠴᠢᠨ᠂ ᠵᠠᠷᠤᠳ᠂ ᠬᠠᠷᠠᠴᠢᠨ᠂ ᠲᠦᠮᠡᠳ᠂ ᠳᠥᠷᠪᠡᠨ ᠬᠡᠦᠬᠡᠳ ᠤᠨ ᠠᠶᠢᠮᠠᠭ᠂ ᠤᠷᠠᠳ ᠵᠡᠷᠭᠡ ᠠᠶᠢᠮᠠᠭ ᠤᠨ ᠲᠦᠷᠦᠭᠦᠴᠦᠳ ᠢ ᠣᠳᠣ ᠶᠢᠨ ᠵᠢᠷᠢᠮ ᠠᠶᠢᠮᠠᠭ ᠤᠨ ᠬᠤᠷᠴᠢᠨ ᠵᠡᠭᠦᠨ ᠭᠠᠷᠤᠨ ᠬᠤᠶᠢᠲᠤ ᠬᠤᠰᠢᠭᠤᠨ ᠤ ᠱᠣᠩᠬᠤᠷ ᠤᠨ ᠠᠭᠤᠯᠠᠨ ᠳᠤ ᠴᠢᠭᠤᠯᠭᠠᠨ ᠬᠢᠯᠭᠡᠵᠦ᠂ ᠡᠯ᠎ᠡ ᠠᠶᠢᠮᠠᠭ ᠤᠨ ᠬᠤᠭᠤᠷᠣᠨᠳᠤᠬᠢ ᠮᠠᠯᠵᠢᠬᠤ ᠬᠢᠯᠢ ᠬᠢᠵᠠᠭᠠᠷ ᠢ ᠢᠯᠭᠠᠪᠤᠷᠢᠯᠠᠨ ᠲᠣᠭᠲᠠᠭᠠᠵᠤ᠂ ᠡᠷᠦᠬᠡ ᠠᠮᠠ ᠶᠢᠨ ᠲᠤᠭ᠎ᠠ ᠶᠢ ᠳᠠᠩᠰᠠᠯᠠᠵᠤ᠂ ᠬᠠᠤᠯᠢ ᠴᠠᠭᠠᠵᠠ ᠶᠢ ᠤᠬᠠᠭᠤᠯᠤᠨ ᠮᠡᠳᠡᠭᠳᠡᠵᠡᠢ᠃ ᠴᠢᠩ ᠤᠯᠤᠰ ᠤᠨ ︽ᠮᠣᠩᠭᠤᠯ ᠬᠤᠰᠢᠭᠤ ᠨᠤᠲᠤᠭ ᠤᠨ ᠲᠡᠮᠳᠡᠭᠯᠡᠯ︾ ᠳᠤ ︽ᠠᠤᠬᠠᠨ ᠨᠢᠭᠡ ᠬᠤᠰᠢᠭᠤ ᠪᠣᠯᠣᠨ ᠲᠣᠭᠲᠠᠪᠠᠢ  ᠃ ᠲᠡᠭᠦᠨ ᠤ ᠨᠤᠲᠤᠭ ᠤᠨ ᠭᠠᠵᠠᠷ ᠠᠨᠤ ᠯᠤᠤᠬ᠎ᠠ ᠶᠢᠨ ᠭᠤᠣᠯ ᠢ ᠬᠠᠪᠴᠢᠵᠤ ᠪᠣᠢ᠃ ᠵᠡᠭᠦᠨᠰᠢ ᠬᠠᠷ᠎ᠠ  ᠣᠷᠣᠢ᠂ ᠡᠮᠦᠨᠡᠰᠢ ᠬᠠᠯᠠᠭ᠎ᠠ ᠳᠠᠪᠠᠭ᠎ᠠ ︵ᠪᠠᠰᠠ ᠴᠦ ᠴᠠᠭᠠᠨ ᠰᠤᠪᠤᠷᠭᠠᠨ ᠳᠠᠪᠠᠭ᠎ᠠ ᠭᠡᠳᠡᠭ  ᠂ ᠪᠠᠷᠠᠭᠤᠨᠰᠢ ᠠᠯᠢᠮᠠᠲᠦ ᠳᠠᠪᠠᠭ᠎ᠠ᠂ ᠬᠤᠶᠢᠰᠢ ᠶᠣᠯᠣ ᠳᠠᠪᠠᠭ᠎ᠠ( ᠠᠰᠢᠬᠠᠨ ᠰᠤᠮᠤᠨ ᠤ ᠶᠣᠯᠣ ᠶᠢᠨ ᠠᠭᠤᠯᠠ︶᠂ ᠵᠡᠭᠦᠨ ᠡᠮᠦᠨᠡᠰᠢ ᠭᠤᠷᠪᠠᠯᠵᠢᠨ ᠰᠢᠨᠠ ᠠᠲᠠᠷ᠂ ᠪᠠᠷᠠᠭᠤᠨ ᠡᠮᠦᠨᠡᠰᠢ ᠬᠤᠪᠳᠤᠲᠤ ᠬᠠᠷ᠎ᠠ᠂ ᠵᠡᠭᠦᠨ ᠬᠤᠶᠢᠰᠢ ᠲᠡᠭᠡᠴᠡᠲᠦ ᠂ ᠪᠠᠷᠠᠭᠤᠨ ᠬᠤᠶᠢᠰᠢ ᠤᠯᠠᠭᠠᠨ ᠰᠦᠮ᠎ᠡ ᠬᠦᠷᠴᠦᠬᠦᠢ᠃︾ ᠭᠡᠵᠤ ᠲᠣᠳᠣᠷᠬᠠᠢ ᠲᠡᠮᠳᠡᠭᠯᠡᠵᠦ ᠪᠠᠶᠢᠨ᠎ᠠ᠃ ﹇3﹈      1636 ᠣᠨ ᠳᠤ ᠴᠢᠩ ᠤᠯᠤᠰ ᠤᠨ ᠲᠡᠭᠷᠢ ᠰᠡᠴᠡᠨ ᠬᠠᠭᠠᠨ ︵天聪︶ ᠠᠴᠠ ᠵᠠᠷᠯᠢᠭ ᠪᠠᠭᠤᠯᠭᠠᠵᠤ᠂ ᠬᠠᠶᠢᠷᠠᠲᠤ ᠥᠬᠢᠨ ᠠᠮᠪᠠ ᠪᠠᠨ ᠲᠥᠷᠥ ᠶᠢᠨ ᠭᠦᠩᠵᠦ ᠡᠷᠭᠦᠮᠵᠢᠯᠡᠵᠦ᠂ ᠪᠠᠨᠳᠢ21 ᠶᠢ ᠲᠥᠷᠥ ᠶᠢᠨ ᠡᠹᠦ᠋᠂ ᠵᠠᠰᠠᠭ ᠲᠥᠷᠥ ᠶᠢᠨ ᠵᠢᠶᠦ᠋ᠨ ᠸᠠᠩ ᠪᠣᠯᠭᠠᠪᠠᠢ᠃ ᠡᠭᠦᠨ ᠠᠴᠠ ᠡᠬᠢᠯᠡᠨ ᠠᠤᠬᠠᠨ ᠠᠶᠢᠮᠠᠭ ᠠᠤᠬᠠᠨ ᠬᠤᠰᠢᠭᠤ ᠪᠣᠯᠪᠠ᠃ ᠬᠤᠰᠢᠭᠤᠨ ᠵᠠᠰᠠᠭ ᠸᠠᠩ ᠤᠨ ᠣᠷᠳᠣᠨ ᠢ ᠭᠤᠷᠪᠠᠨ ᠲᠤᠯᠭ᠎ᠠ ᠠᠭᠤᠯᠠ ᠵᠢᠨ‌ᠡᠩᠭᠡᠷ᠂  ᠮᠥᠩᠬᠡ ᠭᠤᠣᠯ ‍ᠤᠨ‌ᠠᠷᠤ ᠳᠤ ᠪᠠᠶᠢᠭᠤᠯᠵᠤ᠂ ᠭᠠᠵᠠᠷ ᠨᠤᠲᠤᠭ ᠤᠨ ᠬᠡᠪᠴᠢᠶ᠎ᠡ ᠯᠤᠤᠬ᠎ᠠ ᠶᠢᠨ ᠭᠤᠣᠯ ᠤᠨ ᠬᠤᠶᠠᠷ ᠬᠥᠪᠡᠭᠡ ᠳᠠᠭᠠᠤ ᠡᠮᠦᠨᠡᠰᠢ ᠬᠤᠶᠢᠰᠢ280 ᠢᠯᠡᠭᠦᠦ ᠭᠠᠵᠠᠷ ᠤᠷᠲᠤ᠂ ᠵᠡᠭᠦᠨᠰᠢ ᠪᠠᠷᠠᠭᠤᠨᠰᠢ160 ᠭᠠᠵᠠᠷ ᠰᠢᠬᠠᠮ ᠥᠷᠭᠡᠨ᠂ ᠨᠢᠭᠡᠴᠢ 55 ᠰᠤᠮᠤ᠂ ᠬᠠᠷᠢᠶᠠᠲᠤ ᠠᠷᠠᠳ1800 ᠢᠯᠡᠭᠦᠦ ᠡᠷᠦᠬᠡ᠂ ᠲᠠᠶᠢᠵᠢ60 ᠡᠷᠦᠬᠡ᠃ ᠵᠢᠶᠦ᠋ᠨ ᠸᠠᠩ ᠪᠠᠨᠳᠢ ᠠᠤᠬᠠᠨ ᠬᠤᠰᠢᠭᠤ ᠶᠢ ᠳᠥᠷᠪᠡᠨ ᠶᠡᠭᠡ ᠲᠣᠭᠤᠷᠢᠭ ᠬᠤᠪᠢᠶᠠᠵᠤ ᠶᠡᠷᠦᠩᠬᠡᠶᠢᠯᠡᠨ ᠵᠠᠬᠢᠷᠴᠤ ᠪᠠᠶᠢᠪᠠ᠃ ﹇2﹈      1637ᠣᠨ ᠳᠤ ᠰᠣᠨᠣᠮ ᠳᠦᠭᠦᠷᠡᠩ20 ᠳᠤᠷ᠎ᠠ ᠪᠠᠷ ᠳᠠᠷᠬᠠᠨ ᠠᠭᠤᠯᠠᠨ ᠳᠤ ᠠᠪᠠ ᠲᠠᠯᠪᠢᠭᠰᠠᠨ ᠤᠴᠢᠷ ᠪᠤᠷᠤᠭᠤᠳᠠᠵᠤ᠂ ᠤᠤᠯ ᠨᠤᠲᠤᠭ ᠠᠤᠬᠠᠨ ᠬᠤᠰᠢᠭᠤᠨ ᠳᠠᠭᠠᠨ ᠪᠤᠴᠠᠵᠤ ᠢᠷᠡᠪᠡ᠃ ᠡᠨᠡ ᠦᠶᠡᠰ ᠰᠡᠴᠡᠨᠵᠤᠷᠢᠭᠲᠤ ᠨᠢᠭᠡᠨᠲᠡ ᠨᠠᠰᠤ ᠪᠠᠷᠠᠭᠰᠠᠨ ᠲᠤᠯᠠ᠂ ᠬᠥᠪᠡᠭᠦᠨ ᠨᠢ ᠪᠠᠨᠳᠢ ᠠᠪᠠᠭ᠎ᠠ ᠠᠪᠤ ᠪᠠᠨ ᠤᠯᠠᠭᠠᠨ ᠵᠤ ᠭᠡᠬᠦ ᠭᠠᠵᠠᠷ ᠲᠤ ᠨᠤᠲᠤᠭᠯᠠᠭᠤᠯᠵᠤ᠂ ᠳᠠᠭᠠᠭᠤᠯᠵᠤ ᠠᠪᠴᠢᠷᠠᠭᠰᠠᠨ24 ᠡᠷᠦᠬᠡ ᠲᠠᠶᠢᠵᠢ᠂ 2000 ᠠᠯᠪᠠᠲᠤ ᠶᠢ ᠨᠢ ᠬᠠᠮᠢᠶᠠᠷᠠᠭᠤᠯᠪᠠ ᠃ ᠰᠣᠨᠣᠮ ᠳᠦᠭᠦᠷᠡᠩ ᠬᠡᠳᠦᠶᠢᠪᠡᠷ ᠬᠡᠷᠬᠡᠮ ᠵᠡᠷᠭᠡ ᠲᠠᠢ ᠴᠦ᠂ ᠵᠠᠰᠠᠭ ᠤᠨ ᠡᠷᠬᠡ ᠦᠭᠡᠢ ᠲᠤᠯᠠ᠂ ᠪᠠᠰᠠ ︽ᠬᠠᠶᠢᠷ᠎ᠠ ᠶᠢᠨ ᠸᠠᠩ︾ ᠭᠡᠵᠤ ᠳᠠᠭᠤᠳᠠᠳᠠᠭ᠃1648  ᠣᠨ ᠳᠤ ᠬᠠᠶᠢᠷ᠎ᠠ ᠶᠢᠨ ᠸᠠᠩ‌‍ᠰᠣᠨᠣᠮ ᠳᠦᠭᠦᠷᠡᠩ ᠤᠨ ᠬᠥᠪᠡᠭᠦᠨ ᠮᠠᠰᠢᠭ ᠲᠤ ᠵᠠᠰᠠᠭ ᠲᠥᠷᠥ ᠶᠢᠨ ᠸᠠᠩ ᠤᠨ ᠬᠡᠷᠬᠡᠮ ᠰᠣᠶᠣᠷᠬᠠᠵᠤ ︵ᠰᠣᠨᠣᠮ ᠳᠦᠭᠦᠷᠡᠩ ᠸᠠᠩ ᠭᠠᠴᠢᠭᠳᠠᠨ ᠵᠣᠪᠠᠭᠰᠠᠭᠠᠷ ᠪᠠᠶᠢᠭᠠᠳ1644 ᠣᠨ ᠳᠤ ᠨᠠᠰᠤ ᠪᠠᠷᠠᠵᠠᠢ︶᠂ ᠬᠠᠶᠢᠷ᠎ᠠ ᠶᠢᠨ ᠸᠠᠩ  ᠤᠨ ᠣᠷᠳᠣᠨ ᠤ ᠬᠠᠮᠢᠶᠠᠲᠤ ᠪᠠᠨ ᠬᠠᠮᠢᠶᠠᠷᠴᠤ᠂ ᠠᠤᠬᠠᠨ ᠵᠠᠰᠠᠭ ᠢ ᠬᠠᠪᠰᠤᠷᠠᠨ ᠬᠠᠮᠢᠶᠠᠷᠪᠠ᠃ ᠡᠭᠦᠨ ᠠᠴᠠ ᠪᠠᠨᠳᠢ21᠂ᠮᠠᠰᠢᠭ21 ᠠᠬ᠎ᠠ ᠳᠡᠭᠦᠦ ᠬᠤᠶᠠᠭᠤᠯᠠ ᠤᠨ ᠬᠤᠶᠢᠴᠢᠰ ᠠᠤᠬᠠᠨ ᠬᠤᠰᠢᠭᠤ ᠶᠢ ᠦᠶ᠎ᠡ ᠤᠯᠠᠷᠢᠨ ᠵᠠᠯᠭᠠᠮᠵᠢᠯᠠᠪᠠᠢ᠃ ﹇2﹈      3᠂ ᠠᠤᠬᠠᠨ ᠬᠤᠰᠢᠭᠤ ᠭᠤᠷᠪᠠ ᠬᠤᠪᠢᠶᠠᠭᠳᠠᠭᠰᠠᠨ      1910 ᠣᠨ ︵ᠬᠡᠪᠲᠦ ᠶᠤᠰᠤᠲᠤ ᠶᠢᠨ ᠬᠤᠶᠠᠳᠤᠭᠠᠷ ᠣᠨ︶ ᠤ4 ᠰᠠᠷ᠎ᠠ ᠳᠤ ᠡᠵᠡᠨ ᠵᠤᠷᠭᠠᠨ ᠵᠦᠪᠰᠢᠶᠡᠷᠡᠵᠤ᠂ ᠠᠤᠬᠠᠨ ᠤ ᠰᠤᠯᠠ ᠸᠠᠩ ᠰᠧᠷᠡᠩᠳᠣᠨᠣᠷᠣᠪ 29 ︵ᠰᠤᠨᠤᠮ ᠳᠦᠭᠦᠷᠡᠩ ᠤᠨ ᠠᠷᠪᠠᠳᠣᠭᠠᠷ ᠦᠶ᠎ᠡ  ᠶᠢᠨ ᠠᠴᠢ︶ ᠢ ᠸᠠᠩ ᠡᠷᠭᠦᠮᠵᠢᠯᠡᠵᠦ᠂ ᠠᠤᠬᠠᠨ ᠬᠤᠰᠢᠭᠤᠨ ᠠᠴᠠ20 ᠰᠣᠮᠣ ᠶᠢ ᠬᠤᠪᠢᠶᠠᠨ ᠭᠠᠷᠭᠠᠵᠤ ᠠᠤᠬᠠᠨ ᠪᠠᠷᠠᠭᠤᠨ ᠬᠤᠰᠢᠭᠤ ᠭᠡᠪᠡ᠃ ᠸᠠᠩ ᠤᠨ ᠤᠷᠳᠤ ᠪᠠᠨ ᠬᠠᠶᠢᠷ᠎ᠠ ᠶᠢᠨ ᠸᠠᠩ ᠤᠨ ᠬᠤᠷᠢᠶᠠᠨ ᠳᠤ ᠪᠠᠶᠢᠭᠤᠯᠪᠠ᠃ ᠤᠭ  ᠤᠨ ᠬᠤᠰᠢᠭᠤᠨ ᠵᠠᠰᠠᠭ ᠢ ᠠᠤᠬᠠᠨ ᠵᠡᠭᠦᠨ ᠬᠤᠰᠢᠭᠤ ᠭᠡᠵᠤ᠂ ᠦᠯᠡᠳᠡᠭᠰᠡᠨ35 ᠰᠣᠮᠣ ᠶᠢ ᠨᠢ ᠬᠠᠮᠢᠶᠠᠷᠠᠭᠤᠯᠪᠠ᠃      ᠲᠤᠮᠳᠠᠳᠤ ᠢᠷᠭᠡᠨ ᠤᠯᠤᠰ ᠤᠨ ᠠᠷᠪᠠᠨ ᠨᠢᠭᠡᠳᠦᠭᠡᠷ ᠣᠨ ︵1922︶ ᠳᠤ᠂ ᠠᠤᠬᠠᠨ ᠤ ᠪᠠᠶᠢᠰᠠ  ᠳ᠋ᠧᠰᠡᠷᠠᠶᠢᠲ᠋ᠥᠪ ︵ᠪᠠᠨᠳᠢ ᠶᠢᠨ ᠠᠬᠠᠮᠠᠳ ᠬᠥᠪᠡᠭᠦᠨ ᠮᠡᠷᠭᠡᠨᠪᠠᠭᠠᠲᠤᠷ ᠠᠤᠬᠠᠨ ᠸᠠᠩ ᠰᠠᠭᠤᠪᠠ᠂ ᠮᠡᠷᠭᠡᠨᠪᠠᠭᠠᠲᠤᠷ ᠤᠨ ᠬᠤᠶᠠᠳᠤᠭᠠᠷ ᠬᠥᠪᠡᠭᠦᠨ ᠭᠤᠮᠪᠤ ᠶᠢᠨ ᠬᠤᠶᠢᠴᠢᠰ ᠠᠤᠬᠠᠨ ᠪᠠᠶᠢᠰᠠ ᠪᠤᠯᠪᠠ︶᠂ ᠳᠤᠮᠳᠠᠳᠤ ᠢᠷᠭᠡᠨ ᠤᠯᠤᠰ ᠤᠨ ᠵᠥᠪᠰᠢᠶᠡᠷᠡᠯ ᠲᠠᠢ ᠪᠠᠷ᠂ ᠵᠠᠭᠦᠨ ᠠᠤᠬᠠᠨ ᠬᠤᠰᠢᠭᠤᠨ ᠠᠴᠠ ᠠᠷᠪᠠᠨ ᠰᠣᠮᠣ ᠰᠠᠯᠭᠠᠨ᠂ ᠠᠤᠬᠠᠨ ᠡᠮᠦᠨᠡᠲᠦ ᠬᠤᠰᠢᠭᠤ ᠶᠢ ᠪᠠᠶᠢᠭᠤᠯᠵᠤ᠂ ᠸᠠᠩ ᠤᠨ ᠤᠷᠳᠤᠨ ᠢᠶᠠᠨ ᠪᠠᠶᠢᠰᠠ ᠶᠢᠨ ᠬᠤᠷᠢᠶᠠᠨ ᠳᠤ ᠲᠠᠯᠪᠢᠭᠰᠠᠨ ᠪᠠᠶᠢᠪᠠ᠃ ﹇4﹈      ᠢᠩᠭᠢᠵᠦ ᠪᠥᠲᠦᠨ ᠪᠠᠶᠢᠭᠰᠠᠨ ᠨᠢᠭᠡ ᠬᠤᠰᠢᠭᠤ ᠭᠤᠷᠪᠠᠨ ᠲᠡᠰᠢ ᠰᠠᠳᠠᠷᠠᠵᠤ᠂ ᠬᠦᠴᠦᠲᠡᠢ ᠪᠠᠶᠢᠭᠰᠠᠨ ᠨᠢᠭᠡᠨ ᠠᠶᠢᠮᠠᠭ ᠡᠯᠡᠰᠦ ᠬᠤᠮᠠᠭ ᠮᠡᠲᠦ ᠬᠡᠶᠢᠰᠪᠡ᠃      ﹇1﹈ ᠪᠠᠨᠳᠢ ᠡᠹᠦ᠋ ᠵᠢᠴᠢ ᠲᠡᠭᠦᠨ ᠤ ᠬᠤᠶᠢᠴᠢᠰ—— ᠪᠤᠤ ᠰᠢ      ﹇2﹈ ᠠᠤᠬᠠᠨ ᠪᠤᠷᠵᠢᠬᠢᠨ ᠤᠪᠤᠭᠲᠠᠳ ᠤᠨ ᠦᠶ᠎ᠡ ᠵᠠᠯᠭᠠᠮᠵᠢᠯᠠᠯ ᠤᠨ ᠲᠤᠬᠠᠢ—— ᠰᠤᠳᠪᠤᠤ      ﹇3﹈敖汉部落史——吴永善      ﹇4﹈ ᠠᠤᠬᠠᠨ ᠬᠤᠰᠢᠭᠤᠨ ᠤ ᠡᠴᠦᠰ ᠤᠨ ᠸᠠᠩ ᠬᠢᠭᠡᠳ ᠲᠡᠭᠦᠨ ᠤ ᠤᠭ ᠤᠭᠰᠠᠭ᠎ᠠ—— ᠪᠤᠤ ᠰᠢ      ① ᠡᠨᠡ ᠨᠢ ᠶᠠᠷᠢᠶᠠᠨ ᠤ ᠬᠡᠯᠡ ᠮᠠᠶ᠋ᠢᠭᠲᠠᠢ᠃ ᠤᠳᠤ ᠴᠦ ᠭᠡᠰᠡᠨ ︽ᠠᠤᠬᠠᠨ ᠤ ᠬᠥᠮᠥᠨ︾ ᠭᠡᠰᠡᠨ ᠦᠭᠡ  ᠶᠢ ᠮᠠᠨ ᠤ ᠨᠤᠲᠤᠭ ᠲᠤ ︽ᠠᠤᠬᠠᠨ ᠨᠠᠢ ᠬᠥᠮᠥᠨ︾ ᠭᠡᠵᠤ ᠬᠡᠯᠡᠳᠡᠭ᠃ ᠡᠨᠡ ᠶᠠᠷᠢᠶᠠᠨ ᠤ ᠬᠡᠯᠡᠯᠭᠡ ᠶᠢ ︽ᠠᠤᠬᠠᠨ  ᠢ ᠬᠥᠮᠥᠨ︾ ᠭᠡᠵᠤ ᠲᠡᠮᠳᠡᠭᠯᠡᠭᠰᠡᠨ ᠪᠠᠶᠢᠵᠤ ᠮᠠᠭᠠᠳ᠃      ② ᠯᠢᠭᠳᠡᠨ ᠬᠤᠳᠤᠭᠲᠤ1592 ᠣᠨ ᠳᠤ ᠲᠥᠷᠥᠵᠤ᠂1604 ᠣᠨ ᠳᠤ ᠬᠠᠭᠠᠨ ᠰᠠᠭᠤᠵᠤ᠂1634 ᠣᠨ ᠳᠤ ᠬᠠᠯᠢᠪᠠ᠃      ③ ᠬᠠᠯᠬ᠎ᠠ ᠭᠡᠳᠡᠭ ᠦᠭᠡ ᠬᠠᠯᠬᠠᠭ᠎ᠠ᠂ ᠬᠠᠯᠬᠠᠪᠴᠢ ᠭᠡᠬᠦ ᠥᠭᠡ ᠠᠴᠠ ᠢᠷᠡᠯ ᠲᠠᠢ ᠴᠦ ᠮᠠᠭᠠᠳ᠃      ᠲᠤᠳᠤᠷᠬᠠᠶᠢᠯᠠᠲᠠ᠄ ᠬᠥᠮᠥᠨ ᠤ ᠨᠡᠷ᠎ᠡ ᠤᠨ ᠳᠤᠤᠷᠠᠬᠢ ᠲᠤᠭ᠎ᠠ ᠨᠢ ᠴᠢᠩᠭᠢᠰ ᠬᠠᠭᠠᠨ ᠠᠴᠠ ᠲᠤᠭᠠᠯᠠᠭᠰᠠᠨ ᠦᠶ᠎ᠡ ᠶᠢᠨ ᠲᠤᠭ᠎ᠠ ᠮᠥᠨ᠃  
 
ᠢᠷᠡᠯᠲᠡ᠄ ᠬᠤᠯᠪᠣᠭ᠎ᠠ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备12002332号