ᠭᠡᠥᠭᠡᠳ ᠤᠨ ᠪᠠᠶᠠᠷᠯᠠᠨ ᠲᠠᠯᠠᠷᠬᠠᠬᠤ ᠰᠡᠳᠭᠢᠯᠭᠡ ᠶᠢ ᠬᠦᠮᠦᠵᠢᠭᠦᠯᠬᠦ ᠬᠡᠷᠡᠭᠳᠡᠢ
ᠨᠡᠶᠢᠲᠡᠯᠡᠭᠰᠡᠨ ᠴᠠᠭ᠄
2015/8/11
     ᠡᠩ ᠤᠨ ᠦᠭᠡᠨ ᠳᠤ ︽ᠪᠠᠶᠠᠷᠯᠠᠨ ᠲᠠᠯᠠᠷᠬᠠᠬᠤ ᠰᠡᠳᠭᠢᠯᠭᠡ ᠲᠠᠢ ᠬᠦᠮᠦᠨ ᠤ ᠰᠠᠨᠠᠭ᠎ᠠ ᠰᠡᠳᠭᠢᠯ ᠨᠢ  ᠠᠭᠤᠵᠢᠭᠤ ᠲᠠᠯᠪᠢᠭᠤ ᠪᠠᠶᠢᠳᠠᠭ︾ ᠭᠡᠭᠦ ᠦᠭᠡ ᠪᠠᠶᠢᠳᠠᠭ᠃ ᠬᠡᠥᠬᠡᠳ ᠤᠨ ᠪᠠᠶᠠᠷᠯᠠᠨ ᠲᠠᠯᠠᠷᠬᠠᠬᠤ ᠰᠡᠳᠭᠢᠯᠭᠡ ᠶᠢ  ᠬᠦᠮᠦᠵᠢᠭᠦᠯᠬᠦ ᠳᠤ ᠭᠡᠷ ᠤᠨ ᠠᠬᠠᠮᠠᠳ ᠶᠠᠭᠤᠨ ᠤ ᠡᠮᠦᠨ᠎ᠡ ᠭᠡᠥᠭᠡᠳ ᠢᠶᠠᠨ ᠵᠢᠯᠤᠭᠤᠳᠤᠨ᠂ ᠪᠤᠰᠤᠳ ᠲᠤ ᠠᠴᠢᠯᠠᠯ  ᠵᠢᠷᠦᠮ ᠲᠠᠢ᠂ ᠪᠤᠰᠤᠳ ᠲᠤ ᠪᠠᠶᠠᠷᠯᠠᠨ ᠲᠠᠯᠠᠷᠬᠠᠬᠤ ᠰᠡᠳᠬᠢᠯᠭᠡ ᠲᠠᠢ᠂ ᠪᠤᠰᠤᠳ ᠤᠨ ᠬᠦᠴᠢᠷ ᠢ ᠬᠠᠪᠰᠤᠷᠬᠤ  ᠲᠠᠳᠬᠠᠯ ᠲᠠᠢ᠂ ᠪᠤᠰᠤᠳ ᠢ ᠬᠦᠨᠳᠦᠳᠭᠡᠨ ᠪᠢᠰᠢᠷᠡᠭᠦ ᠤᠪᠤᠷ ᠰᠤᠷᠳᠠᠯ ᠲᠠᠢ ᠪᠤᠯᠭᠠᠬᠤ ᠶᠢ ᠠᠠᠬᠡᠬᠷᠬᠤ ᠬᠡᠷᠡᠭᠳᠡᠢ᠃                    ᠨᠢᠭᠡ᠂ ᠡᠴᠢᠬᠡ ᠡᠬᠡ ᠪᠡᠶ᠎ᠡ ᠪᠠᠷ ᠢᠶᠠᠨ ᠲᠦᠷᠦᠬᠦᠯᠡᠨ ᠲᠠᠭᠤᠷᠢᠶᠠᠯ ᠪᠤᠯᠬᠤ ᠬᠡᠷᠡᠭᠳᠡᠢ᠃            ᠶᠠᠭᠤᠨ ᠤ ᠡᠮᠦᠨ᠎ᠡ᠂ ᠭᠡᠥᠭᠡᠳ ᠤᠨ ᠬᠦᠳᠡᠯᠵᠤ ᠪᠠᠷᠢᠬᠤ ᠨᠢ ᠬᠤᠷᠳᠤᠨ᠂ ᠪᠤᠰᠤᠳ ᠢ ᠲᠠᠭᠤᠷᠢᠶᠠᠬᠤ  ᠴᠢᠳᠠᠪᠤᠷᠢ ᠨᠢ ᠶᠡᠭᠡ᠂ ᠶᠠᠪᠤᠳᠠᠯ ᠪᠦᠬᠦᠨ ᠳᠤ ᠰᠤᠨᠢᠭᠤᠴᠢ ᠠᠷᠠᠨᠰᠢᠨ ᠲᠠᠢ ᠪᠠᠶᠢᠬᠤ ᠰᠠᠶᠢᠨ ᠰᠠᠶᠢᠬᠠᠨ ᠵᠠᠩ  ᠲᠠᠳᠬᠠᠯ ᠢ ᠨᠢ ᠠᠰᠢᠭᠯᠠᠨ ᠬᠦᠮᠦᠵᠢᠭᠦᠯᠬᠦ ᠬᠡᠷᠡᠭᠳᠡᠢ᠃ ᠡᠭᠦᠨ ᠳᠤ ᠭᠡᠥᠭᠡᠳ ᠪᠤᠰᠤᠳ ᠲᠤ ᠶᠤᠰᠤᠷᠬᠠᠭ᠂ ᠪᠤᠰᠤᠳ ᠢ  ᠬᠦᠨᠳᠤᠳᠭᠡᠬᠦ᠂ ᠪᠤᠰᠤᠳ ᠤᠨ ᠰᠠᠶᠢᠨ ᠰᠠᠶᠢᠬᠠᠨ ᠨᠦᠯᠦᠭᠡ ᠶᠢ ᠤᠷᠢᠳᠠᠪᠡᠷ ᠬᠦᠷᠳᠡᠭᠦ ᠨᠢ ᠭᠡᠥᠭᠡᠳ ᠤᠨ ᠠᠯᠤᠰ  ᠢᠷᠡᠭᠡᠳᠦᠢ ᠳᠤ ᠬᠦᠮᠦᠨ ᠤ ᠵᠡᠷᠬᠡ ᠳᠤ ᠬᠦᠷᠬᠦ ᠳᠤ ᠯᠤᠳᠤ ᠶᠡᠭᠡ ᠠᠴᠢ ᠲᠤᠰᠠᠲᠠᠢ ᠶᠤᠮ᠃            ᠬᠤᠶᠠᠷ᠂ ᠭᠡᠥᠭᠡᠳ ᠶᠠᠭᠤᠨ ᠤ ᠡᠮᠦᠨ᠎ᠡ ᠡᠴᠢᠬᠡ ᠡᠬᠡ ᠠᠴᠠ ᠪᠠᠨ ᠡᠬᠢᠯᠡᠨ ᠪᠤᠰᠤᠳ ᠢ ᠬᠦᠨᠳᠦᠳᠭᠡᠭᠦ  ᠬᠡᠷᠡᠭᠳᠡᠢ᠃            ᠪᠦᠷᠢᠨ ᠪᠤᠰᠤ ᠮᠠᠲ᠋ᠧᠷᠢᠶᠠᠯ ᠢ ᠦᠨᠳᠦᠰᠦᠯᠡᠪᠡᠯ᠂ ᠵᠠᠭᠤᠨ ᠤ ᠲᠠᠯᠠ ᠶᠢᠨ ᠪᠠᠭ᠎ᠠ ᠰᠤᠷᠭᠠᠭᠤᠯᠢ ᠶᠢᠨ  ᠰᠤᠷᠤᠭᠴᠢᠳ ᠤᠨ ᠦᠵᠡᠬᠦ ᠪᠠᠷ᠂ ᠡᠴᠢᠬᠡ ᠡᠬᠡ ᠨᠢ ᠲᠡᠳᠡᠨ ᠢ ᠠᠰᠠᠷᠠᠨ ᠬᠠᠶᠢᠷᠠᠯᠠᠵᠤ ᠬᠦᠴᠦ ᠬᠦᠯᠦᠰᠦ ᠪᠠᠨ  ᠤᠷᠤᠰᠬᠠᠬᠤ ᠨᠢ ᠶᠤᠰᠤᠳᠠᠢ ᠭᠡᠵᠤ ᠦᠵᠡᠳᠡᠭ ᠰᠡᠨ᠃ ᠡᠶᠢᠮᠦ ᠠᠴᠠ ᠭᠡᠥᠭᠡᠳ ᠢᠶᠠᠨ ᠵᠤᠷᠢᠭᠤᠳᠠ ᠦᠪᠡᠷ ᠤᠨ ᠠᠵᠢᠯ  ᠬᠦᠳᠡᠯᠮᠦᠷᠢ ᠶᠢᠨ ᠢᠶᠠᠨ ᠲᠤᠬᠠᠢ ᠶᠢᠨ ᠲᠠᠯᠠᠪᠤᠷ ᠲᠠᠭᠠᠨ ᠲᠠᠭᠠᠭᠤᠯᠤᠨ ᠠᠪᠠᠴᠢᠵᠦ᠂ ᠭᠡᠥᠭᠡᠳ ᠢᠶᠠᠨ ᠡᠳᠦᠢ ᠲᠡᠳᠦᠢ  ᠠᠰᠢᠭᠳᠠᠢ ᠠᠵᠢᠯ ᠳᠤ ᠤᠷᠤᠯᠴᠠᠭᠤᠯᠬᠤ ᠬᠡᠷᠡᠭᠳᠡᠢ᠂ ᠢᠩᠭᠢᠬᠦ ᠨᠢ ᠭᠡᠥᠭᠡᠳ ᠤᠨ ᠴᠢᠨᠢ ᠲᠤᠳᠤᠭᠠᠳᠤ ᠰᠡᠳᠬᠢᠯᠭᠡ ᠳᠤᠨᠢ  ᠡᠴᠢᠬᠡ ᠡᠬᠡ ᠶᠢᠨ ᠢᠶᠠᠨ ᠠᠵᠢᠯ ᠬᠦᠳᠡᠯᠮᠦᠷᠢ ᠶᠢᠨ ᠰᠢᠷᠭᠠᠭᠤ ᠬᠠᠳᠠᠭᠤᠵᠢᠯᠳᠠᠢ ᠪᠠᠶᠢᠬᠤ ᠶᠢ ᠮᠡᠳᠡᠬᠦᠯᠵᠦ᠂ ᠵᠤᠭᠤᠰ  ᠤᠯᠬᠤ ᠨᠢ ᠲᠡᠶᠢᠮᠦ ᠬᠢᠯᠪᠠᠷ ᠪᠢᠰᠢ ᠪᠠᠶᠢᠬᠤ ᠶᠢ ᠮᠡᠳᠡᠭᠦᠯᠭᠦ ᠪᠤᠯᠤᠨ᠎ᠠ᠃ ᠬᠡᠥᠭᠡᠳ ᠤᠨ ᠦᠰᠦᠯᠳᠡ ᠪᠤᠶᠢᠵᠢᠯᠳᠠ ᠶᠢᠨ  ᠶᠠᠪᠤᠴᠠ ᠳᠤ ᠵᠠᠪᠠᠯ ᠬᠡᠥᠭᠡᠳ ᠤᠨ ᠡᠴᠢᠬᠡ ᠡᠬᠡ ᠪᠠᠨ ᠬᠠᠶᠢᠷᠠᠯᠠᠨ ᠰᠠᠨᠠᠵᠤ᠂ ᠬᠦᠨᠳᠦᠳᠭᠡᠨ ᠪᠢᠰᠢᠷᠡᠭᠦ᠂ ᠲᠡᠮᠵᠢᠨ  ᠲᠤᠰᠠᠯᠠᠬᠤ ᠰᠠᠶᠢᠨ ᠰᠠᠶᠢᠬᠠᠨ ᠵᠠᠩ ᠠᠷᠠᠨᠰᠢᠨ ᠢ ᠬᠦᠮᠦᠵᠢᠭᠦᠯᠬᠦ ᠶᠢ ᠤᠮᠳᠤᠭᠠᠶᠢᠯᠠᠵᠤ ᠪᠤᠯᠤᠰᠢ ᠦᠭᠡᠢ ᠶᠤᠮ᠃               ᠭᠤᠷᠪᠠ᠂ ᠭᠡᠥᠭᠡᠳ ᠤᠨ ᠢᠶᠠᠨ ᠰᠠᠶᠢᠨ ᠰᠠᠶᠢᠬᠠᠨ ᠲᠠᠳᠬᠠᠯ ᠢ ᠬᠦᠮᠦᠵᠢᠭᠦᠯᠬᠦ ᠠᠵᠠ ᠲᠤᠬᠢᠶᠠᠯ ᠢ ᠠᠯᠳᠠᠵᠤ  ᠪᠤᠯᠬᠤ ᠦᠭᠡᠢ᠃              ᠵᠠᠷᠢᠮ ᠳᠠᠭᠠᠨ ︽ᠭᠡᠥᠭᠡᠳ ᠪᠠᠭ᠎ᠠ ᠶᠤᠮ ᠴᠢᠨᠢ︾ ᠭᠡᠳ ᠶᠠᠮᠠᠷᠪᠠ ᠠᠵᠢᠯ ᠢ ᠭᠡᠥᠭᠡᠳ ᠢᠶᠠᠨ ᠤᠷᠤᠯᠠᠨ  ᠬᠦᠢᠴᠡᠳᠭᠡᠭᠡᠳ᠂ ᠭᠡᠥᠭᠡᠳ ᠤᠨ ᠢᠶᠠᠨ ᠠᠵᠢᠯ ᠬᠢᠬᠦ ᠵᠠᠪᠰᠢᠶᠠᠨ ᠢ ᠶᠠᠭᠠᠬᠢᠭᠰᠠᠨ ᠴᠦ ᠬᠠᠷᠰᠢᠯᠠᠵᠤ ᠪᠤᠯᠬᠤ ᠦᠭᠡᠢ᠃  ᠢᠩᠭᠢᠵᠤ ᠬᠠᠷᠰᠢᠯᠠᠪᠠᠯ ᠡᠳᠦᠷ ᠤᠨ ᠤᠳᠠᠭᠠᠨ ᠳᠤ ᠲᠠᠳᠬᠠᠯ ᠪᠤᠯᠵᠤ᠂ ᠬᠤᠵᠢᠮ ᠭᠡᠥᠭᠡᠳ ᠤᠨ ᠴᠢᠨᠢ ᠪᠤᠰᠤᠳ ᠲᠤ  ᠲᠠᠯᠠᠷᠬᠠᠬᠤ ᠰᠡᠳᠭᠢᠯ᠂ ᠪᠤᠰᠤᠳ ᠢ ᠬᠠᠶᠢᠷᠠᠯᠠᠨ ᠬᠦᠨᠳᠦᠳᠭᠡᠭᠦ ᠰᠡᠳᠬᠢᠯ ᠨᠢ ᠲᠤᠳᠠᠮᠠᠭ ᠪᠤᠯᠵᠤ ᠮᠡᠳᠡᠨ᠎ᠡ᠃               ᠲᠦᠷᠪᠡ᠂ ᠪᠠᠶᠠᠷ ᠲᠤᠷᠠᠰᠬᠠᠯ ᠤᠨ ᠡᠳᠦᠷ ᠢ ᠠᠰᠢᠭᠯᠠᠨ ᠬᠦᠮᠦᠵᠢᠯ ᠬᠢᠨ᠎ᠡ᠃              ᠡᠭᠦᠨ ᠳᠤ ᠪᠠᠭᠰᠢ ᠶᠢᠨ ᠪᠠᠶᠠᠷ ᠤᠨ ᠡᠳᠦᠷ ᠲᠤ ᠭᠡᠥᠭᠡᠳ ᠢᠶᠠᠨ ᠱᠠᠭᠠᠷᠳᠠᠨ ᠠᠩᠬᠢ ᠶᠢᠨ ᠺᠠᠳ᠋ᠷ ᠢ ᠵᠤᠬᠢᠶᠠᠨ  ᠪᠠᠶᠢᠭᠤᠯᠵᠥ ᠪᠠᠭᠰᠢ ᠳᠠᠭᠠᠨ ᠬᠦᠷᠭᠡᠯᠭᠡᠭᠦ᠂ ᠡᠵᠢ ᠠᠪᠤ ᠶᠢᠨ ᠢᠶᠠᠨ ᠪᠠᠶᠠᠷ ᠤᠨ ᠡᠳᠦᠷ ᠲᠤ ᠬᠡᠥᠭᠡᠳ ᠢᠶᠠᠨ  ᠰᠡᠩᠭᠡᠷᠡᠭᠦᠯᠵᠤ ᠪᠠᠶᠢᠭᠠᠳ ᠡᠵᠢ ᠠᠪᠤ ᠳᠠᠭᠠᠨ ᠠᠬᠠᠮᠠᠳ ᠢᠶᠠᠨ ᠬᠦᠨᠳᠦᠳᠭᠡᠭᠦ ᠬᠦᠨ ᠵᠤᠵᠠᠭᠠᠨ ᠬᠠᠶᠢᠷ᠎ᠠ ᠰᠡᠳᠭᠢᠯᠭᠡ  ᠪᠢᠯᠬᠠᠮ᠎ᠠ ᠰᠠᠶᠢᠬᠠᠨ ᠦᠭᠡ ᠶᠠᠷᠢᠭᠤᠯᠬᠤ ᠮᠡᠳᠦ ᠪᠠᠷ ᠬᠢᠯᠬᠡᠵᠦ ᠪᠤᠯᠤᠨ᠎ᠠ᠃      ᠲᠠᠪᠤ᠂ ᠡᠳᠦᠷ ᠲᠤᠳᠤᠮ ᠤᠨ ᠠᠮᠢᠳᠤᠷᠠᠯ ᠠᠴᠠ ᠭᠠᠷᠳᠠᠬᠤ ᠭᠡᠷᠡᠭᠳᠡᠢ᠃            ᠭᠡᠷ ᠪᠦᠯᠢ ᠨᠢ ᠭᠡᠥᠭᠡᠳ ᠤᠨ ᠦᠰᠦᠨ ᠪᠤᠶᠢᠵᠢᠬᠤ᠂ ᠬᠦᠳᠡᠯᠭᠡᠭᠡᠨ ᠬᠢᠬᠦ ᠭᠤᠥᠯ ᠲᠠᠯᠠᠪᠤᠷ ᠪᠤᠯᠤᠭᠰᠠᠨ ᠤ  ᠬᠤᠪᠢ ᠳᠤ ᠭᠡᠥᠭᠡᠳ ᠵᠠᠪᠠᠯ ᠭᠡᠷ ᠪᠦᠯᠢ ᠠᠴᠠ ᠡᠳᠦᠷ ᠪᠦᠷᠢ ᠡᠯ᠎ᠡ ᠵᠦᠢᠯ ᠤᠨ ᠰᠠᠶᠢᠨ ᠰᠠᠶᠢᠬᠠᠨ ᠨᠦᠯᠦᠭᠡᠯᠡᠯ ᠢ  ᠬᠦᠷᠳᠡᠵᠤ ᠪᠠᠶᠢᠬᠤ ᠬᠡᠷᠡᠭᠲᠡᠢ᠃ ᠭᠡᠷ ᠪᠦᠯᠢ ᠶᠢᠨ ᠡᠳᠦᠷ ᠲᠤᠳᠤᠮ ᠤᠨ ᠠᠵᠤ ᠠᠮᠢᠳᠤᠷᠠᠯ ᠤᠨ ᠶᠠᠪᠤᠴᠠ ᠶᠢᠨ  ᠲᠤᠮᠳᠠ ᠠᠴᠠ ᠴᠠᠭ ᠲᠤᠬᠢᠶᠠᠯ ᠢ ᠠᠰᠢᠭᠯᠠᠨ ᠭᠡᠥᠭᠡᠳ ᠢᠶᠠᠨ ᠰᠡᠩᠭᠡᠷᠡᠭᠦᠯᠦᠨ᠂ ᠭᠡᠥᠭᠡᠳ ᠤᠨ ᠢᠳᠡᠪᠬᠢᠲᠡᠢ ᠰᠠᠶᠢᠬᠠᠨ  ᠠᠵᠢᠯ ᠤᠨ ᠤᠷᠮᠠᠰ ᠢ ᠨᠢ ᠲᠡᠭᠡᠭᠰᠢᠯᠡᠭᠦᠯᠬᠦ ᠬᠡᠷᠡᠭᠳᠡᠢ᠃ ᠪᠠᠰᠠ ᠲᠧᠯᠸᠢᠰ ᠪᠤᠶᠤ ᠨᠤᠮ ᠲᠡᠪᠳᠡᠷ᠂ ᠠᠵᠤ  ᠠᠮᠢᠳᠤᠷᠠᠯ ᠤᠨ ᠲᠤᠮᠳᠠ ᠠᠴᠠ ᠤᠯᠤᠭᠰᠠᠨ ᠬᠦᠨ ᠭᠦᠨᠵᠡᠭᠡᠢ ᠶᠤᠰᠤ ᠤᠴᠢᠷ ᠢ ᠬᠠᠷᠠᠭᠤᠯᠤᠭᠰᠠᠨ ᠶᠤᠭᠳᠤ ᠦᠯᠢᠭᠡᠷ᠂  ᠭᠡᠥᠭᠡᠳ ᠤᠨ ᠦᠯᠢᠭᠡᠷ᠂ ᠨᠡᠷᠡᠳᠦ ᠬᠦᠮᠦᠨ ᠤ ᠦᠯᠢᠭᠡᠷ ᠠᠴᠠ ᠡᠰᠢ ᠲᠠᠳᠠᠨ ᠭᠡᠥᠭᠡᠳ ᠲᠡᠭᠡᠨ ᠪᠠᠶᠠᠷᠯᠠᠨ ᠲᠠᠯᠠᠷᠬᠠᠬᠤ  ᠰᠠᠶᠢᠨ ᠰᠠᠶᠢᠬᠠᠨ ᠵᠠᠩ ᠮᠤᠷᠠᠯ ᠢ ᠬᠦᠷᠳᠡᠭᠡᠭᠦ ᠬᠡᠷᠡᠭᠳᠡᠢ᠃              ᠵᠢᠷᠭᠤᠭ᠎ᠠ᠂ ᠭᠡᠥᠭᠡᠳ ᠲᠡᠭᠡᠨ ᠵᠠᠪᠠᠯ ᠡᠴᠢᠬᠡ ᠡᠬᠡ ᠨᠢ ᠲᠡᠳᠡᠨ ᠠᠴᠠ ᠶᠠᠮᠠᠷ ᠴᠦ ᠬᠠᠷᠢᠭᠤ ᠤᠯᠬᠤ ᠰᠠᠨᠠᠭ᠎ᠠ  ᠦᠭᠡᠢ ᠪᠠᠶᠢᠬᠤ ᠶᠢ ᠮᠡᠳᠡᠭᠦᠯᠭᠦ ᠬᠡᠷᠡᠭᠲᠡᠢ᠃              ᠡᠴᠢᠬᠡ ᠡᠬᠡ ᠶᠢᠨ ᠬᠢᠨᠢ ᠭᠡᠥᠭᠡᠳ ᠢᠶᠠᠨ ᠨᠢᠭᠡ ᠯᠡ ᠰᠡᠳᠬᠢᠯᠭᠡ ᠪᠠᠷ ᠬᠦᠮᠦᠵᠢᠭᠦᠯᠦᠨ ᠪᠤᠶᠢᠵᠢᠭᠤᠯᠵᠤ  ᠪᠠᠶᠢᠬᠤ ᠶᠢᠨ ᠵᠤᠷᠢᠯᠭ᠎ᠠ ᠨᠢ ᠲᠠᠷᠤᠢ ᠲᠡᠳᠡᠨ ᠢ ᠢᠷᠡᠭᠡᠳᠦᠢ ᠳᠤ ᠵᠠᠪᠠᠯ ᠠᠷᠠᠳ ᠲᠦᠮᠡᠨ ᠳᠤ ᠠᠴᠢ ᠲᠤᠰᠠᠳᠠᠢ᠂ ᠡᠭᠡ  ᠤᠯᠤᠰ ᠲᠠᠭᠠᠨ ᠬᠡᠷᠡᠭᠴᠡᠭᠡ ᠲᠠᠢ ᠬᠦᠮᠦᠨ ᠪᠤᠯᠭᠠᠬᠤ ᠶᠢᠨ ᠲᠦᠯᠦᠭᠡ ᠭᠡᠭᠦ ᠶᠢ ᠵᠠᠪᠠᠯ ᠮᠡᠳᠡᠭᠦᠯᠬᠦ ᠬᠡᠷᠡᠭᠳᠡᠢ᠃              ᠲᠤᠯᠤᠭ᠎ᠠ᠂ ᠭᠡᠥᠭᠡᠳ ᠵᠠᠪᠠᠯ ᠨᠡᠶᠢᠳᠡ ᠶᠢᠨ ᠠᠵᠢᠯ ᠬᠦᠳᠡᠯᠮᠦᠷᠢ ᠳᠤ ᠢᠳᠡᠪᠬᠢᠳᠡᠢ ᠤᠷᠤᠯᠴᠠᠬᠤ ᠬᠡᠷᠡᠭᠳᠡᠢ᠃              ᠭᠡᠥᠭᠡᠳ ᠢᠶᠠᠨ ᠵᠠᠪᠠᠯ ᠤᠯᠠᠨ ᠨᠡᠶᠢᠳᠡ ᠶᠢ ᠪᠤᠳᠤᠯᠬᠢᠯᠠᠨ᠂ ᠬᠠᠷᠠᠬᠠᠨ ᠪᠠᠭ᠎ᠠ ᠠᠴᠠ ᠨᠢ ᠨᠡᠶᠢᠳᠡᠴᠢ ᠦᠵᠡᠯ ᠢ  ᠬᠦᠮᠦᠵᠢᠭᠦᠯᠦᠨ᠂ ᠭᠡᠷ ᠪᠦᠯᠢ ᠲᠤᠳᠤᠷᠠᠬᠢ ᠬᠠᠷᠢᠭᠤᠴᠠᠯᠭ᠎ᠠ ᠶᠢ ᠤᠢᠢᠯᠠᠭᠠᠭᠤᠯᠵᠤ᠂ ᠢᠷᠡᠭᠡᠳᠦᠢ ᠳᠤ ᠤᠯᠤᠰ ᠭᠡᠷ ᠤᠨ  ᠨᠢᠭᠡᠨ ᠬᠠᠷᠢᠭᠤᠴᠠᠯᠭ᠎ᠠ ᠲᠠᠢ ᠠᠷᠠᠳ ᠢᠷᠭᠡᠳ ᠪᠤᠯᠬᠤ ᠡᠭᠦᠷᠭᠡ ᠲᠠᠢ ᠪᠠᠶᠢᠬᠤ ᠶᠢ ᠮᠡᠳᠡᠬᠦᠯᠬᠦ ᠭᠡᠷᠡᠭᠳᠡᠢ᠃ ᠢᠩᠭᠢᠪᠡᠯ  ᠰᠠᠶ᠋ᠢ ᠭᠡᠥᠭᠡᠳ ᠤᠨ ᠬᠠᠷᠠᠬᠠᠨ ᠪᠠᠭ᠎ᠠ ᠠᠴᠠ ᠪᠠᠨ ᠤᠯᠠᠨ ᠨᠡᠶᠢᠳᠡ ᠳᠤ ᠬᠤᠪᠢ ᠨᠡᠮᠡᠷᠢ ᠦᠵᠡᠭᠦᠯᠬᠦ᠂ ᠪᠤᠰᠤᠳ ᠤᠨ  ᠬᠦᠴᠢᠷ ᠢ ᠬᠠᠪᠰᠤᠷᠬᠤ ᠲᠠᠳᠬᠠᠯ ᠢ ᠪᠤᠢ ᠪᠤᠯᠭᠠᠨ᠂ ᠪᠤᠰᠤᠳ ᠲᠤ ᠪᠠᠶᠠᠷᠯᠠᠨ ᠲᠠᠯᠠᠷᠬᠠᠬᠤ ᠵᠠᠩ ᠲᠠᠳᠬᠠᠯ ᠲᠠᠢ ᠪᠤᠯᠬᠤ  ᠶᠤᠮ᠃              ᠨᠠᠢᠮᠠ᠂ ᠦᠴᠦᠭᠡᠨ ᠶᠠᠪᠤᠳᠠᠯ ᠠᠴᠠ ᠭᠠᠷᠳᠠᠬᠤ ᠭᠡᠷᠡᠭᠳᠡᠢ᠃              ᠤᠯᠠᠨ ᠤ ᠮᠡᠳᠡᠭᠡᠵᠢ ᠪᠠᠷ ︽ᠮᠤᠳᠤ ᠶᠢ ᠠᠷᠪᠠᠨ ᠵᠢᠯ ᠳᠤ᠂ ᠬᠦᠮᠦᠨ ᠢ ᠵᠠᠭᠤᠨ ᠵᠢᠯ ᠳᠤ︾ ᠭᠡᠳᠡᠭᠴᠢᠯᠡᠨ᠂  ᠭᠡᠥᠭᠡᠳ ᠤᠨ ᠰᠠᠶᠢᠨ ᠰᠠᠶᠢᠬᠠᠨ ᠵᠠᠩ ᠠᠷᠠᠨᠰᠢᠨ ᠢ ᠤᠷᠳᠤ ᠤᠳᠠᠭᠠᠨ ᠬᠤᠭᠤᠴᠠᠭᠠᠨ ᠤ ᠲᠤᠮᠳᠠ ᠰᠠᠶ᠋ᠢ ᠪᠤᠢ ᠪᠤᠯᠭᠠᠬᠤ  ᠶᠤᠮ᠃ ᠭᠡᠥᠭᠡᠳ ᠦᠴᠦᠭᠡᠨ ᠶᠠᠪᠤᠳᠠᠯ ᠠᠴᠠ ᠭᠠᠷᠳᠠᠨ ᠠᠬᠠᠮᠠᠳ ᠢᠶᠠᠨ ᠬᠦᠨᠳᠦᠳᠭᠡᠭᠦ᠂ ᠪᠠᠭᠰᠢ ᠪᠠᠨ ᠬᠦᠨᠳᠦᠳᠭᠡᠭᠦ  ᠵᠢᠴᠢ ᠪᠤᠰᠤᠳ ᠲᠤ ᠶᠤᠰᠤᠷᠬᠠᠭ ᠪᠠᠶᠢᠬᠤ ᠳᠤ ᠶᠠᠭᠤᠨ ᠤ ᠡᠮᠦᠨ᠎ᠡ ︽ᠵᠠ ᠪᠠᠶᠠᠷᠯᠠᠯ᠎ᠠ︕︾ ︽ᠪᠠᠭᠰᠢ ᠪᠠᠶᠠᠷᠲᠠᠢ︕  ︾ ︽ᠦᠳᠡᠰᠢ ᠠᠮᠤᠭᠤᠯᠠᠩ︕︾ ᠭᠡᠭᠦ ᠮᠡᠳᠦ ᠶᠢᠨ ᠦᠭᠡᠰ ᠠᠴᠠ ᠭᠠᠷᠳᠠᠨ ᠬᠡᠯᠡᠬᠦᠯᠬᠦ ᠬᠡᠷᠡᠭᠳᠡᠢ᠃                ᠶᠢᠰᠦ᠂ ᠬᠠᠷᠢᠴᠠᠭᠤᠯᠤᠯ ᠤᠨ ᠲᠤᠮᠳᠠ ᠪᠠᠶᠠᠷᠯᠠᠵᠤ ᠲᠠᠯᠠᠷᠬᠠᠬᠤ ᠶᠢ ᠰᠤᠷᠭᠠᠬᠤ ᠬᠡᠷᠡᠭᠳᠡᠢ᠃            ᠡᠴᠢᠬᠡ ᠡᠬᠡ ᠠᠴᠠ ᠰᠤᠯᠠ ᠰᠡᠯᠡᠭᠦᠥ ᠴᠠᠭ ᠲᠤᠬᠢᠶᠠᠯ ᠢ ᠠᠰᠢᠭᠯᠠᠨ ᠭᠡᠥᠭᠡᠳ ᠢᠶᠠᠨ ᠵᠤᠷᠢᠭᠤᠳᠠ ᠦᠨᠦᠴᠢᠨ  ᠭᠡᠥᠭᠡᠳ ᠤᠨ ᠬᠦᠷᠢᠶᠡᠯᠡᠩ᠂ ᠵᠡᠮᠳᠡᠭᠴᠤᠳ ᠤᠨ ᠬᠦᠷᠢᠶᠡᠯᠡᠩ᠂ ᠨᠠᠰᠤᠳᠠᠶᠢᠴᠤᠳ ᠤᠨ ᠬᠦᠷᠢᠶᠡᠯᠡᠩ ᠢᠶᠠᠷ ᠲᠠᠭᠠᠭᠤᠯᠵᠤ  ᠂ ᠬᠦᠮᠦᠨ ᠤ ᠤᠷᠴᠢᠯᠠᠩ ᠤᠨ ᠶᠠᠳᠠᠭᠤ ᠬᠦᠴᠢᠷᠳᠡᠯᠳᠡᠢ᠂ ᠭᠠᠴᠢᠭ ᠲᠦᠪᠡᠭ ᠲᠠᠢ᠂ ᠭᠠᠰᠠᠯᠠᠩ ᠵᠤᠪᠠᠯᠠᠩ ᠲᠠᠢ  ᠪᠠᠶᠢᠳᠠᠯ ᠢ ᠰᠠᠶᠢᠨ ᠰᠠᠶᠢᠬᠠᠨ ᠵᠤᠯ ᠵᠢᠷᠭᠠᠯᠲᠠᠢ ᠠᠵᠤ ᠠᠮᠢᠳᠤᠷᠠᠯ ᠲᠠᠢ ᠬᠠᠷᠢᠴᠠᠭᠤᠯᠤᠨ ᠠᠳᠠᠯᠢᠳᠬᠠᠵᠤ᠂  ᠭᠡᠥᠭᠡᠳ ᠲᠤ ᠪᠤᠳᠠᠳᠡᠢ ᠠᠳᠠᠯᠢᠳᠬᠠᠯ ᠤᠨ ᠲᠤᠮᠳᠠ ᠠᠴᠠ ᠪᠤᠰᠤᠳ ᠲᠤ ᠪᠠᠶᠠᠷ ᠲᠠᠯᠠᠷᠬᠠᠯ ᠲᠡᠪᠰᠢᠬᠦᠯᠬᠦ ᠰᠠᠶᠢᠨ  ᠰᠠᠶᠢᠬᠠᠨ ᠮᠤᠷᠠᠯ ᠰᠤᠷᠳᠠᠯ ᠢ ᠤᠯᠭᠤᠨ᠎ᠠ᠃              ᠠᠷᠪᠠ᠂ ᠴᠠᠭ ᠲᠤᠬᠠᠢ ᠳᠤᠨᠢ ᠰᠠᠨᠠᠭ᠎ᠠ ᠰᠡᠳᠬᠢᠯ ᠢᠶᠠᠨ ᠰᠤᠯᠢᠯᠴᠠᠬᠤ ᠬᠡᠷᠡᠭᠳᠡᠢ᠃                ᠡᠴᠢᠬᠡ ᠡᠬᠡ ᠵᠠᠪᠠᠯ ᠴᠠᠭ ᠢᠮᠠᠭᠳᠠ ᠭᠡᠥᠭᠡᠳ ᠲᠠᠢ ᠪᠠᠨ ᠰᠠᠨᠠᠭ᠎ᠠ ᠰᠡᠳᠭᠢᠯᠭᠡ ᠪᠠᠨ ᠰᠤᠯᠢᠯᠴᠠᠵᠤ᠂  ᠭᠡᠥᠭᠡᠳ ᠤᠨ ᠢᠶᠠᠨ ᠤᠶᠤᠨ ᠪᠢᠯᠢᠭ ᠢ ᠨᠢ ᠨᠡᠭᠡᠭᠡᠭᠳᠡᠭᠦᠯᠵᠥ ᠪᠠᠶᠢᠬᠤ ᠬᠡᠷᠡᠭᠳᠡᠢ᠃ ᠵᠠᠪᠠᠯ ᠭᠡᠷ ᠪᠦᠯᠢ ᠶᠢᠨ ᠡᠷᠡᠭᠦᠯ  ᠰᠠᠷᠠᠭᠤᠯ ᠠᠭᠤᠷ ᠠᠮᠢᠰᠬᠤᠯ᠂ ᠬᠠᠯᠠᠭᠤᠨ ᠲᠤᠯᠠᠭᠠᠨ ᠬᠠᠶᠢᠷ᠎ᠠ ᠰᠡᠳᠭᠢᠯ᠂ ᠡᠶ᠎ᠡ ᠵᠤᠬᠢᠴᠠᠩᠭᠤᠢ ᠠᠪᠤᠷᠢ ᠪᠠᠶᠢᠳᠠᠯ ᠢ  ᠪᠤᠢ ᠪᠤᠯᠭᠠᠨ᠂ ᠡᠴᠢᠬᠡ ᠡᠬᠡ ᠲᠦᠷᠦᠬᠦᠯᠡᠨ ᠦᠷ᠎ᠡ ᠬᠡᠦᠭᠡᠳ ᠲᠡᠭᠡᠨ ᠲᠠᠭᠤᠷᠢᠶᠠᠯ ᠪᠤᠯᠵᠤ ᠪᠠᠶᠠᠷᠯᠠᠨ ᠲᠠᠯᠠᠷᠬᠠᠬᠤ  ᠰᠡᠳᠬᠢᠯᠭᠡ ᠶᠢ ᠤᠯᠭᠤᠬᠤ ᠬᠡᠷᠡᠭᠳᠡᠢ᠂ ᠡᠭᠦᠨ ᠳᠤ ᠶᠠᠭᠤᠨ ᠤ ᠡᠮᠦᠨ᠎ᠡ ᠦᠷ᠎ᠡ ᠬᠡᠥᠭᠡᠳ ᠪᠤᠯᠤᠭᠰᠠᠳ ᠡᠴᠢᠬᠡ  ᠡᠬᠡ ᠶᠢᠨ ᠢᠶᠠᠨ ᠰᠡᠳᠭᠢᠯᠭᠡ ᠶᠢ ᠪᠦᠷᠢᠨ ᠵᠦᠪ ᠤᠶᠢᠯᠠᠭᠠᠬᠤ ᠨᠢ ᠪᠠᠰᠠ ᠴᠦ ᠪᠤᠰᠤᠳ ᠲᠤ ᠪᠠᠶᠠᠷ ᠲᠠᠯᠠᠷᠬᠠᠯ ᠢᠶᠠᠨ  ᠲᠡᠪᠰᠢᠭᠦᠯᠬᠦ ᠶᠢᠨ ᠤᠮᠳᠤᠭᠠᠶᠢᠯᠠᠵᠤ ᠪᠤᠯᠤᠰᠢ ᠦᠭᠡᠢ ᠤᠷᠢᠳᠠᠴᠢ ᠨᠦᠬᠦᠴᠡᠯ ᠪᠤᠯᠬᠤ ᠶᠤᠮ᠃   
 
ᠢᠷᠡᠯᠲᠡ᠄ ︽ᠠᠷᠡᠤᠨ ᠤᠨ ᠰᠦᠯᠵᠢᠶ᠎ᠡ︾  ᠠᠴᠠ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备12002332号