ᠰᠤᠷᠬᠤ ᠨᠠᠰᠤᠨ ᠠᠴᠠ ᠡᠮᠦᠨᠡᠬᠢ ᠬᠡᠦᠬᠡᠳ ᠤᠨ  ᠤᠶᠤᠨ ᠢ ᠬᠦᠭᠵᠢᠭᠦᠯᠬᠦ ᠲᠤᠬᠠᠢ
ᠨᠡᠶᠢᠲᠡᠯᠡᠭᠰᠡᠨ ᠴᠠᠭ᠄
2015/8/20
     ᠨᠢᠯᠬ᠎ᠠ ᠲᠤᠭᠤᠯ ᠪᠠᠷᠰ ᠠᠴᠠ ᠠᠶᠤᠬᠤ ᠦᠭᠡᠢ ᠭᠡᠳᠡᠭᠴᠢᠯᠡᠨ᠂ ᠰᠤᠷᠬᠤ ᠨᠠᠰᠤᠨ ᠠᠴᠠ ᠡᠮᠤᠨᠡᠬᠢ ᠬᠡᠦᠬᠡᠳ  ᠬᠠᠮᠤᠭ ᠰᠡᠴᠡᠨ ᠰᠡᠷᠭᠦᠯᠡᠩ ᠪᠠᠶᠢᠵᠤ᠂ ᠶᠠᠭᠤᠨ ᠠᠴᠠ ᠴᠤ ᠠᠶᠤᠬᠤ ᠦᠭᠡᠢ  ᠵᠤᠷᠢᠭᠳᠠᠢ ᠪᠠᠶᠢᠳᠠᠭ  ᠃ ᠡᠶᠢᠮᠤ ᠠᠴᠠ  ᠬᠡᠦᠬᠡᠳ ᠢ ᠪᠠᠭ᠎ᠠ ᠳᠤᠨᠢ ᠲᠤᠷᠠᠳᠠᠢ ᠶᠠᠭᠤᠮ᠎ᠠ ᠪᠠᠷ ᠨᠢ ᠢᠯᠡᠭᠦᠦ ᠤᠷᠤᠯᠳᠤᠭᠤᠯᠤᠨ᠂ ᠲᠠᠷᠢᠬᠢ ᠶᠢ ᠨᠢ  ᠤᠯᠠᠮ   ᠬᠦᠭᠵᠢᠭᠦᠯᠪᠡᠯ ᠵᠤᠬᠢᠨ᠎ᠠ᠃ ᠭᠡᠳᠡᠯ᠎ᠡ ᠵᠠᠷᠢᠮ ᠭᠡᠷ ᠤᠨ ᠠᠬᠠᠮᠠᠳ ᠶᠠᠭᠤ ᠨᠠᠭᠠᠳᠤᠭᠰᠠᠨ ᠴᠤ ᠠᠶᠤᠯ ᠲᠠᠢ ᠭᠡᠵᠤ  ᠬᠡᠦᠬᠡᠳ ᠤᠨ ᠢᠶᠠᠨ ᠨᠠᠭᠠᠳᠤᠮ ᠤᠨ ᠵᠦᠢᠯ ᠢ ᠬᠢᠵᠠᠭᠠᠷᠯᠠᠵᠤ ᠯᠡ ᠪᠠᠶᠢᠳᠠᠭ᠃ ᠡᠨᠡ ᠨᠢ ᠬᠡᠯᠡᠯᠭᠡᠨ ᠦᠭᠡᠢ ᠬᠡᠦᠬᠡᠳ   ᠢᠶᠠᠨ ᠬᠠᠶᠢᠷᠠᠯᠠᠬᠤ ᠰᠡᠳᠬᠢᠴᠡ ᠠᠴᠠ ᠪᠤᠯᠵᠠᠢ᠃ ᠬᠡᠨ ᠴᠤ ᠭᠡᠰᠡᠨ ᠬᠡᠦᠬᠡᠳ ᠢᠶᠠᠨ ᠡᠷᠡᠭᠦᠯ ᠴᠢᠬᠢᠷᠠᠭ᠂ ᠠᠮᠤᠷ  ᠲᠦᠪᠰᠢᠨ ᠪᠠᠶᠢᠬᠤ ᠶᠢ ᠬᠦᠰᠡᠳᠡᠭ᠃  ᠭᠡᠳᠡᠯ᠎ᠡ ᠭᠠᠭᠴᠬᠦ ᠠᠮᠤᠷ ᠲᠦᠪᠰᠢᠨ ᠤ ᠲᠦᠯᠦᠭᠡ ᠪᠤᠳᠤᠯᠬᠢᠯᠠᠭᠠᠳ  ᠬᠡᠦᠬᠡᠳ ᠤᠨ ᠢᠶᠠᠨ ᠤᠶᠤᠨ ᠢ ᠬᠦᠭᠵᠢᠭᠦᠯᠬᠦ ᠶᠢ ᠤᠮᠳᠤᠭᠠᠶᠢᠯᠠᠬᠤ ᠨᠢ ᠵᠤᠬᠢᠰ ᠦᠭᠡᠢ ᠭᠡᠵᠤ ᠪᠤᠳᠤᠵᠤ ᠪᠠᠶᠢᠨ᠎ᠠ᠃                ᠮᠢᠨᠦ ᠦᠬᠢᠨ ᠴᠤ ᠠᠷᠠᠢ ᠭᠤᠷᠪᠠᠨ ᠤᠢ ᠪᠤᠯᠤᠭ᠎ᠠ ᠦᠭᠡᠢ᠂ ᠰᠤᠷᠭᠠᠭᠤᠯᠢ ᠳᠤ ᠰᠠᠭᠤᠬᠤ ᠨᠠᠰᠤ  ᠪᠤᠯᠤᠭ᠎ᠠ ᠦᠭᠡᠢ  ᠪᠤᠯᠬᠤᠷ ᠭᠡᠷ   ᠲᠤ ᠪᠠᠨ ᠲᠤᠭᠯᠠᠵᠤ ᠯᠡ ᠪᠠᠶᠢᠳᠠᠭ᠃  ᠦᠬᠢᠨ ᠪᠤᠯᠪᠠᠴᠤ ᠲᠤᠩ ᠠᠯᠢᠶ᠎ᠠ᠂ ᠵᠠᠷᠢᠮ   ᠳᠠᠭᠠᠨ ᠠᠯᠢᠶᠠᠯᠠᠭᠠᠳ ᠠᠷᠭ᠎ᠠ ᠠᠭᠠᠰᠢ ᠶᠢ ᠪᠠᠷᠠᠭᠳᠠᠭᠤᠯᠳᠠᠭ᠃ ᠰᠠᠶ᠋ᠢᠬᠠᠨ ᠴᠡᠪᠡᠷᠯᠡᠭᠰᠡᠨ ᠭᠡᠷ ᠲᠤ ᠨᠠᠭᠠᠳᠤᠮ ᠢᠶᠠᠨ  ᠲᠦᠭᠦᠷᠭᠡᠭᠡᠳ ᠬᠠᠶᠠᠴᠢᠬᠠᠨ᠎ᠠ᠃ ᠲᠤᠯᠢᠨ ᠲᠡᠭᠡᠷ᠎ᠡ ᠶᠠᠭᠤᠮ᠎ᠠ ᠵᠢᠷᠤᠨ᠎ᠠ᠂ ᠪᠠᠰᠠ ᠵᠠᠷᠢᠮ ᠳᠠᠭᠠᠨ ᠬᠡᠷᠡᠮ ᠬᠠᠨ᠎ᠠ  ᠲᠠᠭᠡᠷ᠎ᠡ    ᠵᠢᠷᠤᠴᠢᠬᠠᠨ᠎ᠠ᠃ ᠪᠦᠳᠦᠨ ᠪᠠᠶᠢᠭᠰᠠᠨ ᠨᠠᠭᠠᠳᠤᠮ ᠢᠶᠠᠨ ᠵᠠᠪᠠᠯ ᠡᠪᠳᠡᠯᠵᠤ ᠬᠠᠶᠠᠭᠠᠳ ᠲᠤᠳᠤᠷ᠎ᠠ ᠨᠢ  ᠶᠠᠭᠤ ᠪᠠᠶᠢᠬᠤ ᠶᠢ ᠦᠵᠡᠨ᠎ᠡ᠃ ᠵᠠᠷᠢᠮ   ᠳᠠᠭᠠᠨ ᠲᠤᠮᠤ ᠬᠦᠮᠦᠰ ᠢ ᠲᠠᠭᠤᠷᠢᠶᠠᠵᠤ ᠱᠠᠯᠠ ᠪᠠᠨ ᠵᠦᠯᠭᠦᠵᠤ ᠪᠠᠶᠢᠨ᠎ᠠ  ᠭᠡᠳ ᠨᠢᠭᠡᠮᠦᠰᠦᠨ ᠤᠰᠤ ᠠᠰᠬᠠᠵᠤ ᠬᠠᠯᠳᠠᠷ ᠡᠷᠢᠶᠡᠨ  ᠪᠤᠯᠭᠠᠴᠢᠬᠠᠨ᠎ᠠ᠃ ᠢᠩᠬᠢᠵᠤ ᠯᠡ ᠠᠯᠢᠶᠠᠯᠠᠵᠤ ᠲᠤᠭᠯᠠᠵᠤ  ᠨᠠᠭᠠᠳᠬᠤ ᠦᠶᠡᠰ᠂ ᠵᠠᠷᠢᠮ ᠳᠠᠭᠠᠨ  ᠪᠢ ᠲᠤᠩ‌ᠠᠭᠤᠷᠯᠠᠵᠤ ᠤᠴᠠᠭᠠᠷᠯᠠᠳᠠᠭ᠃ ᠭᠡᠪᠡᠴᠤ ᠬᠡᠦᠬᠡᠳ ᠶᠤᠮ ᠴᠢᠨᠢ   ᠬᠡᠯᠡᠭᠡᠳ ᠪᠠᠷᠠᠪᠠᠯ ᠮᠠᠷᠳᠠᠴᠢᠬᠠᠨ᠎ᠠ᠃    ᠤᠷᠴᠢᠮ ᠠᠴᠠ  ᠦᠬᠢᠨ ᠮᠢᠨᠢ ᠬᠠᠷᠢᠨ‌ᠠᠯᠢᠶᠠᠯᠠᠬᠤ ᠨᠢ ᠵᠢᠭᠠᠬᠠᠨ ᠪᠠᠭᠠᠰᠴᠤ  ᠂ ᠡᠳᠦᠷᠵᠢᠨ ᠬᠠᠶᠢᠴᠢ ᠪᠠᠷᠢᠭᠠᠳ ᠬᠠᠶᠢᠴᠢᠯᠠᠳᠠᠭ ᠪᠤᠯᠤᠯ᠎ᠠ᠃ ᠦᠪᠡᠷ ᠤᠨ ᠲᠤᠷᠠᠳᠠᠢ ᠵᠢᠷᠤᠭ ᠤᠨ ᠲᠡᠪᠳᠡᠷ ᠢᠶᠠᠨ  ᠴᠠᠭ ᠲᠠᠢ ᠯᠡ ᠪᠤᠯ ᠬᠠᠶᠢᠴᠢᠯᠠᠨ᠎ᠠ᠃ ᠡᠬᠢᠨ ᠳᠡᠭᠡᠨ ᠲᠡᠶᠢᠮᠤ ᠰᠠᠶᠢᠬᠠᠨ ᠡᠪ ᠢ ᠨᠢ ᠤᠯᠬᠤ ᠦᠭᠡᠢ ᠪᠠᠶᠢᠭᠰᠠ᠂  ᠭᠡᠪᠡᠴᠤ ᠬᠡᠳᠦᠨ ᠡᠳᠦᠷ ᠬᠠᠶᠢᠴᠢᠯᠠᠭᠠᠳ ᠢᠷᠡᠭᠰᠡᠨ ᠴᠢᠨᠢ ᠭᠤᠷᠪᠠᠨ ᠨᠠᠰᠤ ᠲᠠᠢ ᠬᠡᠦᠬᠡᠳ ᠬᠠᠶᠢᠴᠢᠯᠠᠯ᠎ᠠ ᠭᠡᠵᠤ  ᠢᠳᠡᠭᠡᠮᠡᠷ ᠦᠭᠡᠢ ᠰᠠᠶᠢᠬᠠᠨ ᠬᠠᠶᠢᠴᠢᠯᠠᠬᠤ ᠪᠤᠯᠤᠯ᠎ᠠ᠃ ᠤᠤᠯ ᠨᠢ ᠪᠢ  ᠪᠠᠰᠠ ᠨᠢᠳᠤ ᠠᠮᠠ ᠪᠠᠨ ᠴᠢᠴᠢᠬᠦ  ᠡᠴᠠ‌ᠠᠶᠤᠵᠤ ᠬᠠᠶᠢᠴᠢ ᠪᠠᠷ ᠨᠠᠭᠠᠳᠬᠤ ᠶᠢ ᠨᠢ ᠡᠰᠡᠷᠭᠦᠴᠡᠳᠡᠭ ᠪᠠᠶᠢᠯ᠎ᠠ᠃ ᠭᠡᠪᠡᠴᠤ ᠲᠤᠩ ᠰᠠᠶᠢᠬᠠᠨ  ᠬᠠᠶᠢᠴᠢᠯᠠᠭᠰᠠᠨ ᠵᠢᠷᠤᠭ ᠢ ᠨᠢ ᠦᠵᠡᠭᠡᠳ ᠬᠠᠷᠢᠨ ᠬᠠᠶᠢᠴᠢ ᠪᠠᠷᠢᠬᠤ ᠶᠢ ᠨᠢ ᠡᠰᠡᠷᠭᠦᠴᠡᠬᠦ ᠪᠠᠨ ᠪᠠᠶᠢᠯ᠎ᠠ᠃ ᠴᠢᠯᠦᠭᠡ  ᠭᠠᠷᠪᠠᠯ ᠦᠩᠭᠡᠳᠤ ᠴᠠᠭᠠᠰᠤᠨ ᠲᠡᠭᠡᠷ᠎ᠡ ᠶᠠᠭᠤᠮ᠎ᠠ ᠵᠢᠷᠤᠭᠠᠳ ᠬᠠᠶᠢᠴᠢᠯᠠᠭᠤᠯᠳᠠᠭ ᠪᠤᠯᠤᠯ᠎ᠠ᠃ ᠤᠳᠤ ᠪᠤᠳᠤᠬᠤ ᠳᠤ  ᠪᠢ ᠵᠦᠪᠬᠡᠨ ᠦᠬᠢᠨ ᠤ ᠪᠠᠨ ᠡᠷᠡᠭᠦᠯ ᠴᠢᠬᠢᠷᠠᠭ ᠢ ᠯᠡ ᠪᠤᠳᠤᠯᠬᠢᠯᠠᠭᠠᠳ᠂ ᠤᠶᠤᠨ   ᠢ ᠨᠢ ᠬᠦᠭᠵᠢᠭᠦᠯᠬᠦ ᠶᠢ  ᠤᠮᠳᠤᠭᠠᠶᠢᠯᠠᠭᠰᠠᠨ ᠶᠤᠮ ᠪᠠᠶᠢᠨ᠎ᠠ᠃  ᠡᠶᠢᠮᠤ ᠨᠢᠭᠡᠨ ᠵᠢᠱᠢᠶ᠎ᠡ ᠪᠠᠶᠢᠳᠠᠭ᠂ ᠭᠠᠳᠠᠭᠠᠳᠤ ᠶᠢᠨ ᠨᠢᠭᠡᠨ ᠡᠷ᠎ᠡ ᠡᠮ᠎ᠡ  ᠬᠤᠶᠠᠭᠤᠯᠠ ᠰᠢᠨ᠎ᠡ ᠭᠡᠷ ᠲᠤ ᠤᠷᠤᠭᠠᠳ ᠭᠡᠷ ᠢᠶᠠᠨ ᠲᠤᠩ ᠰᠠᠶᠢᠬᠠᠨ ᠵᠠᠰᠠᠵᠤ ᠴᠢᠮᠡᠭᠯᠡᠭᠰᠡᠨ ᠭᠡᠨ᠎ᠡ᠃ ᠲᠡᠭᠡᠬᠦ ᠳᠤ  ᠪᠢᠴᠢᠬᠠᠨ ᠬᠡᠦᠬᠡᠳ ᠨᠢ ᠨᠠᠭᠠᠳᠴᠤ ᠪᠠᠶᠢᠭᠠᠳ ᠶᠡᠭᠡ ᠦᠨ᠎ᠡ ᠲᠠᠢ ᠰᠢᠨ᠎ᠡ ᠴᠤᠩᠬᠤᠨ ᠪᠦᠳᠡᠭᠡᠯᠭᠡ ᠶᠢ ᠨᠢ  ᠬᠠᠶᠢᠴᠢᠯᠠᠴᠢᠬᠠᠵᠠᠢ ᠭᠡᠨ᠎ᠡ᠂ ᠲᠡᠭᠡᠭᠰᠡᠨ ᠴᠢᠨᠢ ᠲᠡᠳᠡ ᠬᠤᠶᠠᠭᠤᠯᠠ ᠠᠭᠤᠷᠯᠠᠭᠰᠠᠨ ᠦᠭᠡᠢ ᠮᠦᠷᠳᠡᠭᠡᠨ ᠬᠠᠷᠢᠨ ᠮᠢᠨᠤ  ᠬᠡᠦᠬᠡᠳ ᠬᠠᠶᠢᠴᠢ ᠪᠠᠷᠢᠭᠠᠳ ᠴᠢᠳᠠᠴᠢᠬᠠᠯ᠎ᠠ ᠭᠡᠵᠤ ᠲᠤᠩ ᠪᠠᠶᠠᠷᠯᠠᠭᠰᠠᠨ ᠭᠡᠨ᠎ᠡ᠃ ᠬᠡᠷᠪᠡ ᠪᠢᠳᠡ ᠪᠤᠯᠤᠭᠰᠠᠨ ᠪᠤᠯ  ᠶᠠᠭᠠᠬᠢᠳᠠᠭ ᠪᠤᠯ ᠳ᠋ᠠ︖              ᠬᠡᠯᠡᠯᠭᠡᠨ ᠦᠭᠡᠢ ᠤᠳᠤ ᠶᠢᠨ ᠬᠡᠦᠬᠡᠳ ᠲᠤᠩ ᠰᠡᠴᠡᠨ ᠰᠡᠷᠭᠦᠯᠡᠩ᠂ ᠨᠢᠭᠡ ᠶᠢ ᠬᠡᠯᠡᠪᠡᠯ ᠬᠤᠶᠠᠷ ᠢ  ᠮᠡᠳᠡᠳᠡᠭ ᠃ ᠰᠢᠯᠦᠭ ᠢ ᠬᠡᠳᠦ ᠤᠳᠠᠭ᠎ᠠ ᠲᠠᠭᠠᠵᠤ ᠤᠩᠰᠢᠪᠠᠯ ᠴᠡᠭᠡᠵᠢᠯᠡᠴᠢᠬᠡᠨ᠎ᠡ᠂ ᠲᠠᠭᠤᠤ ᠶᠢ ᠬᠡᠳᠦ ᠰᠤᠨᠤᠰᠪᠠᠯ  ᠲᠠᠭᠠᠭᠠᠳ ᠲᠠᠭᠤᠯᠠᠴᠢᠬᠠᠨ᠎ᠠ᠃ ᠠᠷᠪᠢᠨ ᠵᠦᠢᠯ ᠤᠨ ᠠᠮᠢᠳᠠᠨ ᠤ ᠵᠢᠷᠤᠭ ᠢ ᠦᠵᠡᠮᠡᠭᠴᠡ ᠨᠡᠷ᠎ᠡ ᠶᠢ ᠨᠢ  ᠬᠡᠯᠡᠴᠢᠬᠡᠨ᠎ᠡ᠃ ᠲᠦᠩᠭᠡᠵᠢ ᠤᠢ ᠬᠦᠷᠦᠮᠡᠭᠴᠡ ᠠᠷᠪᠠ ᠬᠦᠷᠳᠡᠯ᠎ᠡ ᠲᠤᠭᠠᠯᠠᠭᠠᠳ ᠴᠢᠳᠠᠴᠢᠬᠠᠨ᠎ᠠ᠃ ᠭᠡᠪᠡᠴᠤ ᠮᠢᠨᠤ  ᠦᠵᠡᠬᠦ ᠪᠠᠷ ᠬᠡᠦᠬᠡᠳ  ᠵᠦᠪᠬᠡᠨ  ᠡᠳᠡᠭᠡᠷ ᠢ ᠮᠡᠳᠡᠭᠡᠳ ᠪᠤᠯᠬᠤ ᠦᠭᠡᠢ᠃ ᠲᠡᠳᠡᠨ ᠤ ᠤᠶᠤᠨ ᠲᠠᠷᠢᠬᠢ   ᠶᠢ ᠬᠦᠭᠵᠢᠭᠡᠶ᠎ᠡ ᠭᠡᠪᠡᠯ ᠭᠡᠷ ᠤᠨ ᠠᠬᠠᠮᠠᠳ ᠵᠤᠷᠢᠯᠭ᠎ᠠ ᠲᠠᠢ   ᠪᠠᠷ ᠡᠯ᠎ᠡ ᠵᠦᠢᠯ ᠤᠨ ᠲᠤᠷᠠᠳᠠᠢ ᠨᠠᠭᠠᠳᠤᠮ ᠲᠤᠭᠯᠠᠭᠠᠮ   ᠢᠶᠠᠷ ᠨᠢ ᠲᠠᠮᠵᠢᠨ ᠲᠠᠯᠳᠠ ᠠᠴᠠ ᠵᠢᠭᠠᠨ ᠵᠢᠯᠤᠭᠤᠳᠬᠤ ᠴᠢᠬᠤᠯᠠ ᠲᠠᠢ᠃ ᠮᠢᠨᠤ ᠦᠵᠡᠬᠦ ᠪᠠᠷ ᠭᠠᠷ ᠢ ᠨᠢ ᠢᠯᠡᠭᠦᠤ   ᠬᠦᠳᠡᠯᠭᠡᠪᠡᠯ ᠤᠶᠤᠨ ᠢ ᠨᠢ ᠭᠦᠭᠵᠢᠭᠦᠯᠬᠦ ᠳᠤ ᠠᠰᠢᠭᠳᠠᠢ ᠭᠡᠵᠤ ᠦᠵᠡᠵᠤ ᠪᠠᠶᠢᠨ᠎ᠠ᠃ ᠵᠢᠱᠢᠶᠡᠯᠡᠪᠡᠯ᠂ ᠵᠢᠷᠤᠭ  ᠵᠢᠷᠤᠬᠤ᠂ ᠬᠠᠶᠢᠴᠢᠯᠠᠮᠠᠯ ᠬᠠᠶᠢᠴᠢᠯᠠᠬᠤ ᠵᠡᠷᠭᠡ᠃ ᠬᠡᠦᠬᠡᠳ ᠵᠢᠷᠤᠬᠤ ᠪᠠ ᠬᠠᠶᠢᠴᠢᠯᠠᠬᠤ ᠲᠤᠮᠳᠠ ᠨᠢᠮᠪᠠᠢ ᠰᠡᠳᠬᠢᠵᠤ  ᠪᠤᠳᠤᠯᠬᠢᠯᠠᠳᠠᠭ ᠤᠴᠢᠷ ᠠᠴᠠ  ᠰᠡᠳᠬᠢᠬᠦ ᠴᠢᠳᠠᠪᠦᠷᠢ ᠶᠢ ᠨᠢ ᠬᠦᠭᠵᠢᠭᠦᠯᠬᠦ ᠳᠤ ᠠᠰᠢᠭᠳᠠᠢ ᠪᠠᠶᠢᠳᠠᠭ᠃ ᠪᠠᠰᠠ  ᠦᠯᠢᠭᠡᠷ ᠶᠠᠷᠢᠵᠤ ᠦᠭᠴᠤ ᠪᠤᠯᠤᠨ᠎ᠠ᠃ ᠡᠳᠦᠷ ᠪᠦᠷᠢ ᠰᠡᠯᠡᠭᠦᠤ ᠴᠠᠭ   ᠢᠶᠠᠷ   ᠢᠶᠠᠨ ᠨᠢᠭᠡ ᠦᠯᠢᠭᠡᠷ ᠶᠠᠷᠢᠵᠤ  ᠦᠭᠪᠡᠯ᠂ ᠬᠡᠦᠬᠡᠳ ᠤᠨ ᠲᠠᠷᠢᠬᠢᠨ ᠳᠤ ᠰᠠᠭᠤᠭᠳᠠᠯ ᠲᠠᠢ ᠪᠤᠯᠵᠤ᠂ ᠤᠳᠠᠭᠠᠨ ᠳᠠᠭᠠᠨ ᠦᠪᠡᠷ ᠢᠶᠠᠨ ᠶᠠᠷᠢᠭᠠᠳ  ᠰᠤᠷᠴᠢᠬᠠᠨ᠎ᠠ᠃ ᠦᠩᠭᠡᠳᠤ ᠰᠢᠪᠠᠷ ᠢᠶᠠᠷ ᠦᠪᠡᠷ ᠤᠨ ᠲᠤᠷᠠᠳᠠᠢ ᠶᠠᠭᠤᠮ᠎ᠠ ᠶᠢ ᠨᠢ ᠬᠢᠯᠭᠡᠵᠤ    ᠪᠤᠯᠤᠨ᠎ᠠ᠃  ᠬᠡᠦᠬᠡᠳ ᠤᠨ ᠭᠠᠷ ᠢ ᠢᠯᠡᠭᠦᠦ ᠬᠦᠳᠡᠯᠭᠡᠬᠦ ᠨᠢ ᠶᠡᠭᠡ  ᠲᠠᠷᠢᠬᠢᠨ   ᠳᠤᠨᠢ ᠰᠢᠭᠤᠳ ᠰᠡᠳᠡᠯᠳᠡ ᠦᠭᠴᠤ᠂ ᠤᠯᠠᠮ  ᠰᠡᠴᠡᠨ ᠰᠡᠷᠭᠦᠯᠡᠩ ᠪᠤᠯᠭᠠᠳᠠᠭ᠃              ᠵᠠᠷᠢᠮ ᠨᠢᠭᠡ ᠪᠦᠯᠦᠭ ᠭᠡᠷ ᠤᠨ ᠠᠬᠠᠮᠠᠳ ᠦᠪᠡᠷ ᠤᠨ ᠪᠡᠶ᠎ᠡ ᠶᠢᠨ ᠢᠶᠠᠨ ᠠᠮᠤᠷ ᠢ ᠪᠤᠳᠤᠵᠤ ᠲᠧᠯᠸᠢᠰ  ᠦᠵᠡᠭᠦᠯᠵᠤ᠂  ᠺᠤᠮᠫᠢᠦ᠋ᠲ᠋ᠧᠷ ᠲᠤᠭᠯᠠᠭᠤᠯᠤᠨ᠂ ᠭᠠᠷ ᠤᠳᠠᠰᠤ ᠢᠶᠠᠨ ᠦᠭᠴᠤ ᠨᠠᠭᠠᠳᠤᠭᠤᠯᠳᠠᠭ᠃ ᠲᠡᠭᠡᠭᠡᠳ  ᠪᠠᠰᠠ ᠮᠠᠨᠠᠢ ᠬᠡᠦᠬᠡᠳ ᠶᠡᠭᠡ ᠰᠡᠷᠭᠦᠯᠡᠩ ᠰᠢᠤ᠂ ᠶᠠᠮᠠᠷ ᠶᠠᠮᠠᠷ  ᠲᠤᠭᠯᠠᠭᠠᠮ   ᠢ ᠨᠠᠭᠠᠳᠤᠭᠠᠳ ᠰᠤᠷᠴᠢᠬᠠᠯ᠎ᠠ ᠭᠡᠵᠤ  ᠪᠤᠰᠤᠳ ᠲᠤ ᠭᠠᠶᠢᠬᠠᠭᠤᠯᠳᠠᠭ᠃ ᠮᠢᠨᠤ ᠦᠵᠡᠬᠦ ᠪᠠᠷ ᠡᠨᠡ ᠨᠢ ᠬᠡᠦᠬᠡᠳ ᠤᠨ ᠤᠶᠤᠨ ᠢ ᠬᠦᠭᠵᠢᠭᠦᠯᠬᠦ ᠳᠤ ᠵᠢᠭᠠᠬᠠᠨ  ᠴᠤ ᠠᠰᠢᠭ ᠦᠭᠡᠢ᠃ ᠲᠠᠬᠢᠭᠠᠳ  ᠬᠡᠯᠡᠪᠡᠯ ᠡᠳᠡᠭᠡᠷ ᠶᠠᠭᠤᠮ᠎ᠠ ᠨᠢ ᠪᠦᠷ ᠰᠠᠴᠤᠷᠠᠭ ᠡᠭᠦᠰᠬᠡᠵᠤ ᠬᠡᠦᠬᠡᠳ ᠤᠨ ᠪᠡᠶ᠎ᠡ   ᠳᠤ ᠬᠤᠤᠷ ᠲᠠᠢ ᠭᠡᠳᠡᠭ ᠢ ᠪᠦᠷ ᠲᠤᠳᠤᠷᠬᠠᠢ ᠮᠡᠳᠡᠨ᠎ᠡ᠃  ᠪᠠᠭ᠎ᠠ ᠠᠴᠠ ᠪᠠᠨ ᠲᠧᠯᠸᠢᠰ  ᠠᠷᠪᠢᠨ‌ᠦᠵᠡᠬᠦ ᠨᠢ  ᠬᠡᠦᠬᠡᠳ ᠤᠨ ᠨᠢᠳᠦᠨ ᠬᠠᠷᠠᠭ᠎ᠠ ᠶᠢ ᠤᠨᠴᠠᠭᠠᠢ  ᠮᠠᠭᠤ ᠪᠤᠯᠭᠠᠳᠠᠭ᠃ ᠵᠠᠷᠢᠮ ᠬᠦᠮᠦᠰ ᠨᠢ ᠬᠡᠦᠬᠡᠳ ᠢᠶᠠᠨ ᠰᠠᠨᠠᠵᠤ  ᠪᠠᠶᠢᠨ᠎ᠠ ᠭᠡᠳ ᠶᠠᠭᠤ ᠨᠠᠭᠠᠳᠤᠨ᠎ᠠ ᠭᠡᠪᠡᠯ ᠲᠡᠭᠦᠨ ᠢ ᠨᠢ ᠨᠠᠭᠠᠳᠤᠭᠤᠯᠳᠠᠭ᠃ ᠬᠡᠦᠬᠡᠳ ᠢᠶᠠᠨ ᠬᠡᠳᠦᠷᠬᠡᠢ ᠡᠷᠬᠡ ᠲᠤᠷ᠎ᠠ   ᠪᠠᠷ ᠨᠢ ᠠᠭᠠᠰᠢᠯᠠᠭᠤᠯᠬᠤ ᠨᠢ ᠲᠡᠳᠡᠨ ᠢ ᠰᠠᠨᠠᠵᠤ ᠪᠠᠶᠢᠬᠤ  ᠪᠢᠰᠢ ᠭᠡᠳᠡᠭ   ᠢ ᠠᠩᠬᠠᠷᠬᠤ ᠶᠤᠰᠤᠳᠠᠢ᠃  ᠠᠵᠢᠯ ᠬᠡᠳᠦᠢ ᠶᠠᠭᠠᠷᠠᠤ ᠪᠠᠶᠢᠭᠰᠠᠨ ᠴᠤ᠂ ᠠᠮᠢᠳᠤᠷᠠᠯ ᠬᠡᠴᠢᠨᠡᠭᠡᠨ ᠲᠠᠷᠤᠭᠠᠰᠤ ᠲᠠᠢ ᠪᠠᠶᠢᠭᠰᠠᠨ ᠴᠤ᠂ ᠦᠪᠡᠷ ᠤᠨ  ᠴᠠᠭ  ᠠᠴᠠ ᠪᠠᠨ ᠡᠳᠦᠷ ᠪᠦᠷᠢ ᠵᠢᠭᠠᠬᠠᠨ  ᠭᠠᠷᠤᠵᠠᠳᠠᠭᠤᠯᠵᠤ ᠬᠡᠦᠬᠡᠳ ᠲᠠᠢ ᠪᠠᠨ ᠲᠤᠭᠯᠠᠵᠤ᠂ ᠲᠡᠳᠡᠨ ᠳᠤ  ᠲᠤᠷᠠᠳᠠᠢ ᠵᠦᠢᠯ ᠢ ᠨᠢ ᠵᠢᠭᠠᠵᠤ ᠦᠭᠬᠦ ᠨᠢ ᠬᠠᠮᠤᠭ ᠴᠢᠬᠤᠯᠠ ᠭᠡᠵᠤ ᠪᠤᠳᠤᠵᠤ ᠪᠠᠶᠢᠨ᠎ᠠ᠃ ᠬᠦᠮᠦᠨ ᠤ ᠲᠠᠷᠢᠬᠢ  ᠬᠡᠷᠭᠯᠡᠬᠦ ᠲᠤᠳᠤᠮ ᠬᠤᠷᠴᠠ ᠪᠤᠯᠳᠠᠭ᠃ ᠬᠡᠦᠬᠡᠳ ᠢᠶᠠᠨ ᠬᠠᠷᠠᠬᠠᠨ ᠪᠠᠭ᠎ᠠ ᠠᠴᠠ ᠨᠢ ᠲᠠᠷᠢᠬᠢ ᠪᠠᠨ ᠬᠦᠳᠡᠯᠭᠡᠬᠦ  ᠰᠠᠶᠢᠬᠠᠨ ᠲᠠᠳᠬᠠᠯ ᠲᠠᠢ ᠪᠤᠯᠭᠠᠶ᠎ᠠ  ᠃ ᠢᠩᠬᠢᠪᠡᠯ  ᠲᠡᠳᠡᠨ ᠤ ᠡᠷᠡᠭᠦᠯ ᠴᠢᠬᠢᠷᠠᠭ ᠢᠶᠠᠷ ᠦᠰᠦᠨ ᠪᠤᠶᠢᠵᠢᠬᠤ ᠳᠤ  ᠠᠰᠢᠭᠲᠠᠢ ᠶᠤᠮ᠃
 
ᠢᠷᠡᠯᠲᠡ᠄ ᠤᠯᠠᠭᠠᠨ ᠬᠠᠳᠠ ᠶᠢᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备12002332号