ᠴᠡᠴᠡᠷᠯᠢᠭ ᠤᠨ ᠬᠡᠤᠬᠡᠳ ᠤᠨ ᠦᠭᠡ ᠬᠡᠯᠡᠨ ᠤ ᠴᠢᠳᠠᠪᠦᠷᠢ ᠶᠢ ᠬᠡᠷᠬᠢᠨ ᠲᠡᠭᠡᠭᠰᠢᠯᠡᠬᠦᠯᠬᠦ ᠲᠤᠬᠠᠢ
ᠨᠡᠶᠢᠲᠡᠯᠡᠭᠰᠡᠨ ᠴᠠᠭ᠄
2015/8/11
     ᠦᠬᠡ ᠬᠡᠯᠨ ᠪᠤᠯ ᠬᠦᠮᠦᠨ ᠲᠦᠷᠦᠯᠬᠢᠲᠡᠨ ᠤ ᠮᠡᠳᠡᠯᠭᠡ ᠰᠤᠯᠢᠯᠴᠠᠬᠤ ᠭᠤᠤᠯ ᠪᠠᠭᠠᠵᠢ᠂ ᠬᠦᠮᠦᠨ ᠬᠦᠮᠦᠨ ᠤ  ᠬᠤᠭᠤᠷᠤᠨᠲᠤ ᠪᠠ ᠨᠡᠶᠢᠬᠡᠮ ᠲᠠᠢ ᠬᠠᠷᠢᠴᠠᠵᠤ ᠤᠶᠢᠯᠠᠭᠠᠯᠴᠠᠬᠤ ᠬᠠᠮᠤᠭ ᠤᠨ ᠦᠨᠲᠦᠰᠦᠨ ᠴᠢᠳᠠᠪᠦᠷᠢ᠃ ᠬᠦᠮᠦᠨ  ᠦᠬᠡ ᠬᠡᠯᠨ ᠪᠠᠷ ᠲᠠᠮᠵᠢᠵᠤ ᠨᠢᠭᠡ ᠨᠢᠭᠡ ᠪᠠᠨ ᠲᠠᠨᠢᠵᠤ ᠤᠶᠢᠯᠠᠭᠠᠵᠤ᠂ ᠰᠤᠨᠤᠰᠴᠤ ᠶᠠᠷᠢᠵᠤ ᠠᠮᠢᠲᠤᠷᠠᠳᠠᠭ᠃  ᠴᠡᠴᠡᠷᠯᠢᠭ ᠤᠨ ᠦᠶ᠎ᠡ ᠪᠤᠯ ᠬᠡᠤᠬᠡᠳ ᠤᠨ ᠰᠢᠨ᠎ᠡ ᠶᠢ ᠡᠬᠦᠳᠬᠦ ᠴᠢᠳᠠᠪᠦᠷᠢ ᠦᠰᠦᠨ ᠪᠤᠶᠢᠵᠢᠬᠤ ᠴᠭ ᠦᠶ᠎ᠡ᠂ ᠮᠦᠡ  ᠴᠦ ᠦᠭᠡ ᠬᠡᠯᠨ ᠰᠤᠷᠤᠯᠴᠠᠬᠤ ᠬᠠᠮᠤᠭ ᠤᠨ ᠲᠤᠬᠢᠷᠠᠮᠵᠢᠲᠠᠢ ᠴᠠᠭ ᠦᠶ᠎ᠡ ᠪᠤᠯᠤᠨ᠎ᠠ᠃ ᠴᠡᠴᠡᠷᠯᠢᠭ ᠤᠨ ᠬᠡᠤᠬᠡᠳ ᠤᠨ  ᠦᠬᠡ ᠬᠡᠯᠡᠨ ᠤ ᠴᠢᠳᠠᠪᠦᠷᠢ ᠶᠢ ᠲᠡᠭᠡᠭᠰᠢᠯᠡᠬᠦᠯᠬᠦ ᠲᠤᠬᠠᠢ ᠬᠡᠲᠤᠨ ᠵᠦᠢᠯ ᠰᠡᠳᠬᠢᠯ᠎ᠡ᠃          ᠨᠢᠬᠡ᠂ ᠬᠡᠤᠬᠡᠳ ᠢ ᠬᠡᠤᠬᠡᠳ ᠲᠠᠢ ᠬᠠᠷᠢᠴᠠᠬᠤ ᠲᠤᠮᠲᠠ ᠵᠤᠷᠢᠭᠲᠠᠢ ᠬᠡᠯᠡᠬᠦ ᠬᠡᠰᠡᠨ ᠦᠭᠡ ᠪᠠᠨ ᠬᠡᠯᠡᠵᠤ  ᠴᠢᠳᠠᠭᠤᠯᠬᠤ ᠬᠡᠤᠬᠡᠳ ᠤᠳ ᠡᠲᠦᠷ ᠲᠤᠲᠤᠮ ᠤᠨ ᠶᠠᠷᠢᠯᠴᠠᠭᠠᠨ ᠤ ᠲᠤᠮᠲᠠ ᠦᠬᠡ ᠬᠡᠯᠡᠨ ᠤ ᠴᠢᠳᠠᠪᠦᠷᠢ ᠨᠢ  ᠲᠡᠭᠡᠭᠰᠢᠯᠡᠵᠤ ᠴᠢᠳᠠᠳᠠᠭ᠂ ᠴᠡᠴᠡᠷᠯᠢᠭ ᠤᠨ ᠵᠢᠭᠠᠨ ᠰᠤᠷᠭᠠᠯᠲᠠ ᠵᠦᠪᠬᠡᠨ ᠦᠬᠦᠮᠡᠯ ᠢᠶᠠᠷ ᠦᠭᠡ ᠬᠡᠯᠨ ᠬᠡᠯᠡᠬᠦᠯᠵᠤ᠂  ᠪᠢᠴᠢᠬᠦᠯᠵᠤ ᠪᠠᠶᠢᠬᠤ ᠪᠤᠯ ᠬᠡᠤᠬᠡᠳ ᠤᠨ ᠦᠬᠡ ᠬᠡᠯᠨ ᠤ ᠤᠨᠴᠠᠯᠢᠭ ᠲᠠᠢ ᠨᠡᠶᠢᠴᠡᠬᠦ ᠦᠭᠡᠢ ᠮᠦᠷᠲᠡᠬᠡᠨ ᠦᠬᠡ  ᠬᠡᠯᠡᠨ ᠤ ᠦᠨᠲᠦᠰᠦᠨ ᠬᠡᠷᠡᠭᠯᠡᠭᠡ ᠬᠠᠷᠢᠯᠴᠠᠬᠤ ᠬᠡᠷᠡᠭᠯᠡᠭᠡ ᠲᠠᠢ ᠲᠡᠷᠰᠯᠡᠵᠤ ᠪᠠᠶᠢᠭ᠎ᠠ ᠶᠤᠮ᠃ ᠬᠡᠤᠬᠡᠳ ᠤᠳ ᠢ  ᠬᠢᠴᠢᠶᠡᠯ ᠲᠡᠭᠡᠷ᠎ᠡ᠂ ᠬᠢᠴᠢᠶᠡᠯ ᠲᠤᠤᠷ᠎ᠠ ᠵᠤᠷᠢᠭᠲᠠᠢ ᠶᠠᠷᠢᠭᠤᠯᠵᠤ ᠬᠡᠯᠡᠬᠦ ᠬᠡᠰᠡᠨ ᠦᠬᠡ ᠶᠢ ᠨᠢ ᠬᠡᠯᠡᠬᠦᠯᠵᠤ ᠪᠠᠶᠢᠬᠤ  ᠶᠤᠰᠤᠲᠠᠢ᠃ ᠢᠡᠭᠬᠢᠮᠡᠨᠵᠢᠨ ᠬᠡᠤᠬᠡᠳ ᠬᠠᠷᠢᠯᠴᠠᠬᠤ ᠰᠤᠨᠢᠷᠬᠠᠯ ᠲᠠᠢ ᠪᠤᠯᠵᠤ᠂ ᠦᠬᠡ ᠬᠡᠯᠨ ᠰᠤᠷᠬᠤ ᠤᠷᠮ᠎ᠠ ᠲᠠᠢ  ᠪᠤᠯᠳᠠᠭ ᠶᠤᠮ᠃              ᠬᠤᠶᠡᠷ᠂ ᠦᠬᠡ ᠬᠡᠯᠡᠨ ᠤ ᠤᠷᠴᠢᠨ ᠢ ᠪᠠᠶᠢᠭᠤᠯᠬᠤ᠃ ᠪᠠᠭᠰᠢ ᠪᠤᠯᠤᠨ ᠬᠡᠷ ᠤᠨ ᠠᠬᠠᠮᠠᠳ ᠪᠠᠶᠠᠷ  ᠪᠠᠶᠠᠰᠬᠤᠯᠠᠩ ᠲᠠᠢ ᠤᠷᠴᠢᠨ ᠢ ᠪᠠᠶᠢᠡᠭᠭᠤ ᠪᠠᠶᠢᠯᠭᠠᠵᠤ ᠪᠠᠶᠢᠬᠤ ᠨᠢ ᠴᠢᠬᠤᠯᠨ᠃ ᠬᠠᠷᠢᠨ ᠲᠤᠮᠤ ᠬᠦᠮᠦᠨ ᠤ  ᠶᠠᠷᠢᠭᠠᠨ ᠳᠤ ᠬᠡᠤᠬᠡᠳ ᠲᠤᠤᠭᠠᠷᠴᠤ ᠪᠤᠯᠬᠤ ᠦᠭᠡᠢ ᠬᠡᠵᠤ ᠵᠠᠩᠨᠠᠭᠠᠤᠨ ᠪᠠᠶᠢᠪᠠᠯ ᠬᠡᠤᠬᠡᠳ ᠠᠶᠤᠬᠤ ᠲᠤᠰᠤᠮ ᠢᠶᠠᠨ  ᠶᠠᠷᠢᠬᠤ ᠰᠤᠨᠢᠷᠬᠠᠯ ᠦᠭᠡᠢ ᠪᠤᠯᠳᠠᠭ᠃ ᠪᠠᠭᠰᠢ ᠴᠤ ᠪᠠᠰᠠ ᠬᠡᠤᠬᠡᠳ ᠤᠨ ᠬᠡᠯᠡᠭᠰᠡᠨ ᠦᠭᠡ ᠶᠢ ᠬᠦᠨᠲᠤᠳᠬᠡᠵᠤ᠂  ᠦᠬᠡ ᠬᠡᠯᠡᠨ ᠳᠤ ᠢᠳᠡᠪᠬᠢᠲᠠᠢ ᠬᠡᠯᠡᠵᠤ ᠰᠤᠷᠬᠤ ᠶᠢ ᠵᠤᠷᠢᠭᠵᠢᠭᠤᠯᠤᠨ᠎ᠠ᠃ ᠬᠡᠤᠬᠡᠳ ᠤᠳ ᠨᠠᠶᠢᠵᠨ ᠨᠠᠷ ᠲᠠᠢ ᠪᠠᠨ  ᠴᠢᠯᠦᠭᠡᠲᠠᠢ ᠶᠠᠷᠢᠬᠤ ᠤᠷᠴᠢᠨ ᠢ ᠪᠤᠢ ᠪᠤᠯᠭᠠᠵᠤ᠂ ᠵᠦᠪᠬᠡᠨ ᠰᠤᠨᠤᠰᠴᠤ ᠬᠦᠯᠢᠶᠡᠬᠦ ᠪᠢᠰᠢ ᠬᠠᠷᠢᠨ ᠵᠤᠷᠢᠭᠲᠠᠢ  ᠶᠠᠷᠢᠭᠤᠯᠵᠤ ᠰᠤᠷᠬᠤ ᠨᠦᠬᠦᠴᠠᠯ ᠢ ᠬᠠᠨᠭ᠍ᠭᠠᠵᠤ ᠦᠭᠬᠦ ᠶᠤᠰᠤᠲᠠᠢ᠃              ᠭᠤᠷᠪᠡ᠂ ᠠᠬᠠᠮᠠᠳ ᠬᠦᠮᠦᠰ ᠤᠨ ᠤᠷᠤᠯᠴᠠᠭ᠎ᠠ᠂ ᠲᠠᠩᠲᠠ ᠪᠠᠨ ᠬᠡᠯᠡᠭᠰᠡᠨ ᠢ ᠨᠢ ᠪᠠᠶᠢᠪᠠᠯ ᠬᠡᠤᠬᠡᠳ  ᠠᠮᠠᠷᠬᠠᠨ ᠪᠡᠶ᠎ᠡ ᠪᠠᠨ ᠢᠳᠡᠬᠡᠬᠦ ᠦᠭᠡᠢ ᠪᠤᠯᠳᠠᠭ᠃ ᠬᠡᠷ ᠤᠨ ᠠᠬᠠᠮᠠᠳ ᠴᠤ ᠬᠡᠰᠡᠨ ᠪᠠᠭᠰᠢ ᠴᠤ ᠬᠡᠰᠡᠨ ᠬᠡᠤᠬᠡᠳ ᠤᠨ  ᠶᠠᠷᠢᠭᠰᠠᠨ ᠢ ᠨᠢ ᠴᠢᠮᠡᠭᠡ ᠦᠭᠡᠢ ᠰᠤᠨᠤᠰᠴᠤ᠂ ᠮᠠᠭᠳᠠᠬᠤ ᠴᠠᠭ ᠲᠤᠨᠢ ᠮᠠᠭᠳᠠᠵᠤ᠂ ᠵᠠᠯᠠᠷᠠᠭᠤᠯᠬᠤ ᠦᠶ᠎ᠡ ᠳᠤᠨᠢ  ᠪᠤᠷᠤᠭᠤ ᠶᠢ ᠨᠢ ᠬᠡᠯᠡᠵᠤ ᠦᠭᠬᠦᠨ᠎ᠡ᠃ ᠬᠡᠤᠬᠡᠳ ᠤᠳ ᠡᠬᠦᠨ ᠠᠴᠠ ᠲᠤᠮᠤ ᠬᠦᠮᠦᠨ ᠤ ᠬᠠᠶᠢᠷ᠎ᠠ ᠶᠢ ᠮᠡᠳᠡᠷᠡᠵᠤ᠂   ᠪᠡᠶ᠎ᠡ ᠳᠡᠭᠡᠨ ᠢᠳᠡᠭᠡᠯ ᠲᠠᠢ ᠮᠦᠷᠳᠡᠭᠡᠨ ᠬᠤᠷᠲᠤᠨ ᠰᠤᠷᠴᠤ᠂ ᠪᠤᠷᠤᠭᠤ ᠪᠠᠨ ᠲᠦᠷᠬᠡᠨ ᠵᠠᠰᠠᠳᠠᠭ᠃ ᠵᠢᠱᠢᠶᠡᠯᠡᠪᠡᠯ᠄  ᠬᠡᠤᠬᠡᠳ ᠤᠨ ᠦᠯᠢᠭᠡᠷ ᠬᠡᠯᠡᠵᠤ᠂ ᠲᠠᠷᠠᠭ᠎ᠠ ᠨᠢ ᠬᠡᠤᠬᠡᠳ ᠤᠳ ᠢ ᠨᠢᠭᠡ ᠨᠢᠭᠡ ᠳᠤᠨᠢ ᠦᠪᠡᠷ ᠤᠨ ᠰᠠᠨᠠᠵᠤ ᠰᠡᠳᠬᠢᠵᠦ  ᠪᠠᠶᠢᠭ᠎ᠠ ᠶᠠᠭᠤᠮ᠎ᠠ ᠪᠠᠨ ᠶᠠᠷᠢᠭᠤᠯᠵᠤ ᠪᠠᠶᠢᠪᠠᠯ᠂ ᠦᠬᠡ ᠬᠡᠯᠡᠨ ᠤ ᠴᠢᠳᠠᠪᠦᠷᠢ ᠮᠠᠰᠢ ᠲᠦᠷᠭᠡᠨ ᠲᠡᠭᠡᠭᠰᠢᠯᠡᠳᠡᠭ᠃              ᠲᠦᠷᠪᠡ᠂ ᠡᠬᠢᠯᠡᠵᠤ ᠬᠡᠯᠡᠭᠰᠡᠨ ᠢ ᠨᠢ ᠵᠦᠪ ᠪᠤᠯᠭᠠᠬᠤ᠃ ᠬᠡᠤᠬᠡᠳ ᠤᠳ ᠨᠠᠶᠢᠳᠠᠮ ᠳᠡᠭᠡᠨ ᠵᠤᠷᠢᠭ ᠪᠠᠭᠠᠲᠠᠢ᠂  ᠢᠴᠢᠮᠡᠳᠡᠭᠡᠢ᠂ ᠤᠯᠠᠨ ᠤ ᠡᠮᠤᠨ᠎ᠡ ᠦᠭᠡ ᠶᠠᠷᠢᠭᠤᠯᠬᠤ ᠳᠤ ᠢᠴᠢᠵᠤ ᠵᠤᠪᠠᠭᠠᠳ ᠡᠬᠢᠯᠡᠵᠤ ᠬᠡᠯᠡᠵᠤ ᠴᠢᠳᠠᠬᠤ ᠦᠭᠡᠢ  ᠪᠠᠶᠢᠳᠠᠭ᠃ ᠡᠨᠡ ᠦᠶ᠎ᠡ ᠳᠤ ᠪᠠᠭᠰᠢ ᠵᠦᠬᠡᠯᠡᠨ ᠵᠢᠯᠤᠭᠤᠳᠴᠦ ᠠᠷᠭᠠᠳᠠᠵᠤ ᠬᠡᠯᠡᠬᠦᠯᠦᠨ᠎ᠡ᠃ ᠲᠡᠭᠡᠭᠡᠳ ᠡᠬᠢᠯᠡᠵᠤ  ᠬᠡᠯᠡᠭᠰᠡᠨ ᠢ ᠨᠢ ᠲᠠᠷᠨ ᠲᠤᠤᠷ᠎ᠠ ᠪᠠᠨ ᠨᠢᠴᠤᠭᠠᠬᠤ ᠪᠤᠯ ᠲᠠᠷᠠᠭ᠎ᠠ ᠨᠢ ᠬᠡᠤᠬᠡᠳ ᠪᠦᠷ ᠶᠠᠷᠢᠬᠤ ᠦᠭᠡᠢ ᠪᠤᠯᠳᠠᠭ᠃  ᠶᠠᠷᠢᠭᠤᠯᠬᠤ ᠬᠡᠵᠤ ᠪᠠᠶᠢᠭ᠎ᠠ ᠠᠭᠤᠯᠭ᠎ᠠ ᠨᠢ ᠴᠤ ᠬᠡᠤᠬᠡᠳ ᠤᠨ ᠰᠤᠨᠢᠷᠬᠠᠯᠲᠠᠢ ᠰᠡᠲᠤᠪ ᠪᠠᠶᠢᠬᠤ ᠬᠡᠷᠡᠭᠲᠠᠢ᠃ ᠡᠬᠢᠯᠡᠵᠤ  ᠬᠡᠯᠡᠭᠰᠡᠨ ᠦᠭᠡ ᠨᠢ ᠬᠡᠲᠤᠢ ᠪᠤᠷᠤᠭᠤ ᠪᠠᠶᠢᠭᠰᠠᠨ ᠴᠤ ᠲᠠᠷᠨ ᠲᠤᠤᠷ᠎ᠠ ᠨᠢ ᠵᠠᠯᠠᠷᠠᠭᠤᠯᠬᠤ ᠬᠡᠵᠤ ᠶᠠᠭᠠᠷᠡᠵᠦ ᠪᠤᠯᠬᠤ  ᠦᠬᠡᠢ᠃ ᠴᠡᠴᠡᠷᠯᠢᠭ ᠤᠨ ᠠᠮᠢᠲᠤᠷᠠᠯ ᠢ ᠰᠢᠨ᠎ᠡ ᠰᠡᠪᠡᠬᠦᠨ ᠪᠤᠯᠭᠠᠵᠤ᠂ ᠬᠡᠤᠬᠡᠳ ᠤᠳ ᠶᠠᠷᠢᠬᠤ ᠬᠠᠷᠢᠯᠴᠠᠬᠤ  ᠠᠭᠤᠯᠭ᠎ᠠ ᠲᠠᠢ ᠪᠤᠯᠭᠠᠨ᠎ᠠ᠃ ᠠᠮᠢᠲᠤᠷᠠᠯ ᠪᠤᠯ ᠦᠬᠡ ᠬᠡᠯᠡᠨ ᠤ ᠦᠨᠲᠦᠰᠦᠨ ᠤᠷᠴᠢᠨ ᠲᠤᠭᠤᠷᠢᠨ᠃ ᠰᠤᠨᠢᠷᠬᠠᠯ  ᠲᠦᠭᠦᠷᠡᠩ ᠠᠮᠢᠲᠤᠷᠠᠯ ᠤᠨ ᠤᠷᠴᠢᠨ ᠦᠬᠡᠰ ᠤᠨ ᠰᠠᠩ ᠢ ᠪᠠᠶᠠᠯᠢᠭᠵᠢᠭᠤᠯᠳᠠᠭ᠂ ᠬᠢᠴᠢᠶᠡᠯ ᠤᠨ ᠭᠡᠷ ᠵᠦᠪᠬᠡᠨ  ᠲᠡᠩᠲᠠ ᠪᠠᠨ ᠦᠵᠡᠳᠡᠭ ᠪᠠᠶᠢᠳᠠᠯ ᠢᠶᠠᠨ ᠬᠡᠯᠡᠬᠦ ᠤᠷᠴᠢᠨ ᠪᠤᠯᠬᠤᠷ᠂ ᠬᠡᠤᠬᠡᠳ ᠤᠳ ᠢ ᠬᠢᠴᠢᠶᠡᠯ ᠤᠨ ᠭᠡᠷ ᠠᠴᠠ ᠨᠢ  ᠭᠠᠷᠭᠠᠵᠤ ᠪᠠᠶᠢᠭᠠᠯᠢ ᠨᠡᠶᠢᠬᠡᠮ ᠤᠨ ᠤᠷᠴᠢᠨ ᠳᠤ ᠶᠠᠪᠤᠭᠤᠯᠵᠤ ᠪᠠᠶᠢᠬᠤ ᠶᠤᠰᠤᠲᠠᠢ᠂ ᠦᠭᠡᠰ ᠤᠨ ᠰᠠᠩ ᠨᠢ  ᠪᠡᠶᠡᠯᠢᠡᠡᠵᠢᠬᠤ ᠮᠦᠷᠲᠡᠭᠡᠨ ᠶᠠᠷᠢᠬᠤ ᠰᠡᠲᠦᠪ ᠲᠠᠢ ᠪᠠᠶᠢᠬᠤ ᠪᠤᠯᠤᠨ᠎ᠠ᠃                ᠬᠡᠷ ᠪᠦᠯᠢ ᠶᠢᠨ ᠦᠭᠡ ᠬᠡᠯᠡᠨ ᠤ ᠰᠠᠶᠢᠨ ᠤᠷᠴᠢᠨ ᠢ ᠪᠤᠢ ᠪᠤᠯᠭᠠᠨ᠎ᠠ᠂ ᠭᠡᠷ ᠪᠦᠯᠢ ᠪᠤᠯ ᠬᠡᠤᠬᠡᠳ ᠤᠨ  ᠲᠦᠷᠦᠵᠤ ᠦᠰᠴᠤ ᠪᠠᠶᠢᠭ᠎ᠠ ᠦᠯᠦᠭᠡᠢ᠃ ᠬᠡᠤᠬᠡᠳ ᠲᠤ ᠬᠠᠮᠤᠭ ᠤᠨ ᠲᠤᠯᠠᠭᠠᠨ᠂ ᠠᠮᠤᠷ ᠲᠦᠪᠰᠢᠨ᠂ ᠡᠩᠬᠡ  ᠲᠠᠶᠢᠪᠤᠡᠭ᠂ ᠪᠠᠶᠠᠷ ᠬᠦᠷ ᠲᠠᠢ ᠪᠤᠶᠢᠵᠢᠵᠤ ᠴᠢᠳᠠᠬᠤ ᠤᠷᠴᠢᠨ ᠪᠤᠯ ᠬᠡᠷ ᠪᠦᠯᠢ᠃ ᠬᠡᠷ ᠤᠨ ᠠᠬᠠᠮᠠᠳ ᠤ ᠦᠭᠡ  ᠬᠡᠯᠡᠨ ᠤ ᠲᠦᠪᠰᠢᠨ ᠪᠠ ᠴᠢᠳᠠᠪᠦᠷᠢ ᠨᠢ ᠬᠡᠤᠬᠡᠳ ᠤᠨ ᠦᠭᠡ ᠬᠡᠯᠡᠨ ᠤ ᠬᠦᠭᠵᠢᠯᠲᠠ ᠳᠤ ᠰᠢᠭᠤᠳ ᠨᠦᠯᠦᠭᠡ  ᠦᠵᠡᠬᠦᠯᠳᠡᠭ ᠶᠤᠮ᠃ ᠭᠡᠷ ᠤᠨ ᠠᠬᠠᠮᠠᠳ ᠡᠨᠡ ᠬᠡᠲᠤᠨ ᠵᠦᠢᠯ ᠢ ᠠᠩᠬᠠᠷᠪᠠᠯ ᠵᠤᠬᠢᠰᠲᠠᠢ ᠶᠤᠮ᠃ ᠭᠤᠷᠪᠠ ᠠᠴᠠ  ᠲᠦᠷᠪᠡᠨ ᠨᠠᠰᠤᠨ ᠤ ᠬᠡᠤᠬᠡᠳ ᠪᠤᠯ ᠦᠭᠡ ᠬᠡᠯᠨ ᠰᠤᠷᠬᠤ ᠴᠢᠳᠠᠪᠦᠷᠢ ᠬᠠᠮᠤᠭ ᠤᠨ ᠰᠠᠶᠢᠨ ᠬᠦᠭᠵᠢᠳᠡᠭ ᠴᠠᠭ ᠦᠶ᠎ᠡ  ᠮᠦᠨ᠃ ᠡᠨᠡ ᠦᠶᠡᠰ ᠲᠤ ᠭᠡᠷ ᠤᠨ ᠠᠬᠠᠮᠠᠳ ᠴᠡᠪᠡᠷ ᠶᠠᠷᠢᠶ᠎ᠠ ᠪᠠᠷ ᠬᠡᠤᠬᠡᠳ ᠲᠠᠢ ᠬᠠᠷᠢᠯᠴᠠᠵᠤ᠂ ᠲᠡᠲᠡᠨ ᠤ  ᠰᠤᠨᠢᠷᠬᠠᠯᠲᠠᠢ ᠶᠠᠷᠢᠶᠠᠨ ᠤ ᠰᠡᠲᠦᠪ ᠢ ᠡᠬᠢᠯᠡᠬᠦᠯᠵᠤ᠂ ᠵᠠᠷᠢᠮ ᠳᠠᠭᠠᠨ ᠬᠡᠤᠬᠡᠳ ᠤᠨ ᠶᠠᠷᠢᠬᠤ ᠶᠢ ᠰᠤᠨᠤᠰᠬᠤ ᠭᠡᠷᠡᠭᠲᠠᠢ᠃  ᠤᠯᠠᠨ ᠤᠷᠴᠢᠨ ᠲᠠᠢ ᠲᠠᠨᠢᠯᠴᠠᠵᠤ ᠬᠡᠤᠬᠡᠳ ᠤᠨ ᠶᠠᠷᠢᠬᠤ ᠰᠤᠨᠢᠷᠬᠠᠯ ᠢ ᠡᠬᠢᠯᠡᠬᠦᠯᠤᠨ᠎ᠠ᠂ ᠭᠠᠷᠠᠭ ᠤᠨ ᠵᠢᠷᠭᠤᠭᠠᠨ ᠤ  ᠡᠲᠦᠷ ᠪᠤᠶᠤ ᠶᠠᠷᠤ ᠶᠢᠨ ᠴᠠᠭ ᠲᠤ ᠬᠡᠷ ᠤᠨ ᠠᠬᠠᠮᠠᠳ ᠬᠡᠤᠬᠡᠳ ᠢ ᠲᠠᠭᠠᠭᠤᠯᠵᠤ ᠬᠤᠲᠠ ᠶᠢᠨ ᠴᠡᠴᠡᠷᠯᠢᠭ᠂  ᠨᠤᠮ ᠤᠨ ᠲᠡᠯᠭᠡᠭᠦᠷ᠂ ᠨᠠᠭᠠᠲᠤᠮ ᠲᠤᠭᠯᠠᠭᠠᠮ ᠤᠨ ᠲᠠᠯᠠᠪᠠᠢ ᠳᠤ ᠤᠴᠢᠨ᠂ ᠨᠠᠭᠠᠤᠡᠴᠤ ᠲᠤᠭᠯᠠᠬᠤ ᠶᠢᠨ ᠲᠤᠮᠲᠠ  ᠰᠢᠨ᠎ᠡ ᠰᠡᠪᠡᠭᠦᠨ ᠬᠡᠷᠡᠭ ᠪᠤᠳᠠᠰ ᠢ ᠲᠠᠨᠢᠭᠤᠯᠵᠤ᠂ ᠪᠠᠷᠠᠭ᠎ᠠ ᠬᠤᠳᠠᠯᠲᠤᠭᠴᠢ᠂ ᠪᠢᠴᠢᠬᠠᠨ ᠬᠡᠤᠬᠡᠳ ᠲᠠᠢ ᠵᠤᠷᠢᠭᠲᠠᠢ  ᠬᠠᠷᠢᠯᠴᠠᠭᠤᠯᠵᠤ ᠪᠠᠶᠢᠪᠡᠯ ᠵᠤᠬᠢᠰᠲᠠᠢ᠃ ᠵᠠᠷᠢᠮ ᠳᠠᠭᠠᠨ ᠡᠪᠡᠰᠤ ᠤᠷᠭᠤᠮᠠᠯ᠂ ᠪᠢᠴᠢᠬᠠᠨ ᠠᠮᠢᠳᠠᠳ ᠲᠠᠢ ᠴᠤ ᠬᠡᠰᠡᠨ  ᠦᠭᠡ ᠬᠡᠯᠡᠬᠦᠯᠵᠤ ᠪᠠᠶᠢᠪᠠᠯ ᠰᠠᠶᠢᠨ᠂ ᠢᠡᠭᠬᠢᠪᠡᠯ ᠬᠡᠤᠬᠡᠤᠨ ᠤᠨ ᠰᠡᠳᠬᠢᠯ ᠲᠤᠲᠤᠷ᠎ᠠ ᠶᠠᠭᠤ ᠪᠤᠲᠤᠵᠤ᠂ ᠶᠠᠭᠤ  ᠰᠡᠳᠬᠢᠵᠤ ᠪᠠᠶᠢᠭ᠎ᠠ ᠶᠢ ᠨᠢ ᠮᠡᠳᠡᠵᠤ ᠠᠪᠳᠠᠭ᠃ ᠤᠨᠳᠠᠯᠭ᠎ᠠ ᠶᠢᠨ ᠦᠯᠢᠭᠡᠷ ᠶᠠᠷᠢᠬᠤ᠂ ᠤᠨᠳᠠᠬᠤ ᠠᠴᠠ ᠡᠮᠤᠨ᠎ᠡ  ᠨᠢᠭᠡᠨ ᠰᠠᠶᠢᠬᠠᠨ ᠦᠯᠢᠭᠡᠷ ᠰᠤᠨᠤᠰᠬᠤ ᠪᠤᠯ ᠬᠡᠤᠬᠡᠳ ᠤᠨ ᠪᠦᠲᠤᠨ ᠡᠲᠦᠷ ᠤᠨ ᠲᠤᠲᠤᠷᠠᠬᠢ ᠬᠠᠮᠤᠭ ᠤᠨ  ᠲᠤᠲᠤᠨᠤᠰᠤᠭ ᠲᠤᠯᠠᠭᠠᠨ ᠴᠠᠭ ᠮᠦᠴᠠ ᠶᠢᠨ ᠨᠢᠭᠡ ᠪᠤᠯᠤᠨ᠎ᠠ᠃ ᠬᠡᠤᠬᠡᠳ ᠦᠯᠢᠭᠡᠷ ᠰᠤᠨᠤᠰᠬᠤ ᠳᠤ ᠦᠭᠡ ᠬᠡᠯᠡᠨ ᠤ  ᠤᠶᠢᠯᠠᠭᠠᠯᠲᠠ ᠨᠢ ᠰᠠᠶᠢᠵᠢᠷᠠᠬᠤ ᠮᠦᠷᠳᠡᠭᠡᠨ ᠤᠯᠠᠨ ᠰᠤᠷᠭᠠᠯ ᠰᠤᠶᠤᠯ ᠢ ᠲᠠᠨᠢᠵᠤ ᠠᠪᠳᠠᠭ᠃ ᠡᠨᠡ ᠦᠶᠡᠰ ᠲᠤ  ᠬᠡᠷ ᠤᠨ ᠠᠬᠠᠮᠠᠳ ᠶᠠᠷᠢᠵᠤ ᠲᠠᠭᠤᠰᠤᠭᠰᠠᠨ ᠦᠯᠢᠭᠡᠷ ᠠᠴᠠ ᠠᠰᠠᠭᠤᠬᠤ ᠠᠰᠠᠭᠤᠯᠳᠠ ᠪᠠᠨ ᠵᠤᠷᠢᠭᠲᠠᠢ ᠬᠠᠷᠢᠭᠤᠯᠵᠤ᠂  ᠦᠪᠡᠷ ᠤᠨ ᠪᠤᠲᠤᠯ ᠰᠠᠨᠠᠯ ᠢᠶᠠᠨ ᠬᠡᠯᠡᠬᠦᠯᠵᠤ ᠪᠠᠶᠢᠪᠠᠯ᠂ ᠬᠡᠤᠬᠡᠳ ᠤᠨ ᠦᠭᠡ ᠬᠡᠯᠡᠨ ᠤ ᠴᠢᠳᠠᠪᠦᠷᠢ ᠮᠠᠰᠢ ᠲᠦᠷᠭᠡᠨ  ᠲᠡᠭᠡᠭᠰᠢᠯᠡᠳᠡᠭ ᠪᠠᠶᠢᠨ᠎ᠠ᠃ ᠦᠷᠭᠡᠨ ᠤᠯᠠᠨ ᠵᠠᠭᠤᠴᠢ ᠶᠢ ᠬᠦᠢᠴᠡᠳ ᠠᠰᠢᠭᠯᠠᠵᠤ ᠬᠡᠤᠬᠡᠳ ᠤᠨ ᠦᠬᠡ ᠬᠡᠯᠡᠨ ᠤ  ᠤᠷᠴᠢᠨ ᠢ ᠶᠡᠬᠡᠳᠬᠡᠨ᠎ᠠ᠂ ᠬᠡᠤᠬᠡᠳ ᠤᠨ ᠬᠦᠯᠢᠶᠡᠨ ᠠᠪᠬᠤ ᠴᠢᠳᠠᠪᠦᠷᠢ ᠪᠠ ᠲᠠᠭᠤᠷᠢᠶᠠᠬᠤ ᠴᠢᠳᠠᠪᠦᠷᠢ ᠨᠢ ᠮᠠᠰᠢ  ᠰᠠᠶᠢᠨ ᠪᠠᠶᠢᠳᠠᠭ᠃ ᠵᠢᠱᠢᠶᠡᠯᠡᠪᠡᠯ᠄ ᠵᠢᠷᠤᠭᠲᠤ ᠲᠧᠯᠸᠢᠰ ᠲᠡᠭᠡᠷ᠎ᠡ ᠭᠠᠷᠳᠠᠭ ᠵᠠᠷ ᠮᠡᠳᠡᠭᠡ ᠶᠢ ᠨᠢᠭᠡ ᠯᠨ ᠤᠳᠠᠭ᠎ᠠ  ᠰᠤᠨᠤᠰᠤᠭᠠᠳ ᠲᠠᠭᠤᠷᠢᠶᠠᠭᠠᠳ ᠬᠡᠯᠡᠴᠡᠬᠡᠳᠡᠭ᠃ ᠡᠨᠡ ᠪᠤᠯ ᠬᠡᠤᠬᠡᠳ ᠤᠨ ᠦᠬᠡ ᠬᠡᠯᠡᠨ ᠤ ᠲᠦᠷᠭᠡᠨ ᠬᠦᠯᠢᠶᠡᠵᠤ  ᠠᠪᠬᠤ ᠴᠢᠳᠠᠪᠦᠷᠢ᠃ ᠬᠡᠷ ᠤᠨ ᠠᠬᠠᠮᠠᠳ ᠬᠡᠤᠬᠡᠳ ᠢ ᠰᠤᠨᠢᠷᠬᠠᠯᠲᠠᠢ ᠵᠢᠷᠤᠭᠲᠤ ᠲᠧᠯᠸᠢᠰ ᠤᠨ ᠵᠠᠷᠢᠮ ᠫᠷᠦᠭᠷᠡᠮ ᠢ  ᠦᠵᠡᠬᠦᠯᠵᠤ ᠪᠠᠶᠢᠬᠤ ᠨᠢ ᠦᠬᠡ ᠬᠡᠯᠡᠨ ᠤ ᠬᠢᠨᠢ ᠬᠦᠭᠵᠢᠯᠳᠡ ᠳᠤᠨᠢ ᠠᠰᠢᠭᠲᠠᠢ ᠶᠤᠮ᠃ ᠢᠯᠡᠩᠭᠤᠶ᠎ᠠ  ᠬᠡᠤᠬᠡᠯᠲᠠᠢ ᠶᠢᠨ ᠺᠢᠨᠤ᠋᠃ ᠭᠠᠭᠴᠠᠬᠠᠨ ᠵᠢᠷᠤᠭᠲᠤ ᠲᠧᠯᠸᠢᠰ ᠴᠤ ᠪᠢᠰᠢ᠂ ᠷᠠᠳᠢᠤ᠋᠂ ᠪᠢᠴᠢᠯᠭᠡ ᠵᠡᠷᠭᠡ ᠤᠯᠠᠨ  ᠵᠠᠭᠤᠴᠢ ᠶᠢ ᠠᠰᠢᠭᠯᠠᠵᠤ ᠡᠲᠤᠷ ᠤᠳᠠᠭᠠᠨ ᠳᠠᠭᠠᠨ ᠦᠬᠡ ᠬᠡᠯᠡᠨ ᠤ ᠬᠦᠯᠢᠶᠡᠨ ᠠᠪᠴᠤ ᠶᠠᠷᠢᠵᠤ ᠬᠡᠯᠡᠬᠦ  ᠴᠢᠳᠠᠪᠦᠷᠢ ᠶᠢ ᠨᠢ ᠲᠡᠭᠡᠭᠰᠢᠯᠡᠬᠦᠯᠦᠨ᠎ᠡ᠃ ᠴᠡᠴᠡᠷᠯᠢᠭ ᠤᠨ ᠬᠦᠷᠢᠶᠡᠨ ᠤ ᠦᠬᠡ ᠬᠡᠯᠨ ᠶᠢᠨ ᠵᠢᠭᠠᠨ ᠰᠤᠷᠭᠠᠯᠲᠠ᠃  ᠴᠡᠴᠡᠷᠯᠢᠭ ᠤᠨ ᠬᠦᠷᠢᠶᠡᠨ ᠤ ᠨᠢᠭᠡ ᠡᠲᠦᠷ ᠤᠨ ᠬᠦᠳᠡᠯᠭᠡᠭᠡᠨ ᠲᠤᠮᠲᠠ᠂ ᠪᠠᠭᠰᠢ ᠪᠤᠯᠤᠭᠰᠠᠨ ᠤ ᠬᠤᠪᠢ ᠳᠤ  ᠬᠡᠤᠬᠡᠳ ᠲᠤ ᠢᠯᠡᠳᠬᠡᠵᠤ ᠬᠡᠯᠡᠬᠦ ᠲᠤᠷᠠᠲᠠᠢ ᠴᠠᠭ ᠦᠶᠡᠰ ᠲᠤᠨᠢ ᠶᠠᠷᠢᠭᠤᠯᠵᠤ᠂ ᠬᠠᠷᠢᠭᠤ ᠶᠢ ᠨᠢ ᠬᠤᠷᠲᠤᠨ ᠬᠡᠯᠡᠵᠤ  ᠦᠭᠳᠡᠭ ᠤᠷᠴᠢᠨ ᠢ ᠪᠤᠢ ᠪᠤᠯᠭᠠᠬᠤ ᠨᠢ ᠴᠢᠬᠤᠯᠨ ᠶᠤᠮ᠃ ᠮᠦᠨ ᠴᠤ ᠬᠡᠤᠬᠡᠳ ᠤᠨ ᠢᠳᠡᠪᠬᠢᠲᠠᠢ ᠴᠢᠨᠠᠷ ᠢ  ᠠᠰᠢᠭᠯᠠᠵᠤ ᠴᠢᠳᠠᠬᠤ ᠡᠰᠡᠬᠦ ᠶᠢᠨ ᠲᠤᠬᠠᠢ ᠪᠤᠯᠤᠨ᠎ᠠ᠃ ᠪᠠᠭᠰᠢ ᠶᠢᠨ ᠬᠤᠪᠢ ᠳᠤ ᠦᠬᠡ ᠬᠡᠯᠡᠨ ᠤ ᠰᠠᠶᠢᠬᠠᠨ  ᠤᠷᠴᠢᠨ ᠢ ᠪᠤᠢ ᠪᠤᠯᠭᠠᠬᠤ ᠳᠤ ᠡᠶᠢᠮᠤ ᠬᠡᠲᠤᠨ ᠵᠦᠢᠯ ᠢ ᠠᠩᠬᠠᠷᠪᠠᠯ ᠵᠤᠬᠢᠨ᠎ᠠ᠃ ᠬᠡᠯᠡᠭᠰᠡᠨ ᠢ ᠨᠢ ᠰᠤᠨᠤᠰᠬᠤ ᠪᠠ  ᠤᠡᠭᠰᠢᠬᠤ ᠴᠢᠳᠠᠪᠦᠷᠢ ᠨᠢ ᠴᠡᠴᠡᠷᠯᠢᠭ ᠤᠨ ᠬᠡᠤᠬᠡᠳ ᠤᠨ ᠦᠬᠡ ᠬᠡᠯᠡᠨ ᠤ ᠬᠦᠭᠵᠢᠯᠲᠠ ᠶᠢᠨ ᠭᠤᠤᠯ ᠨᠦᠬᠦᠴᠡᠯ  ᠪᠦᠷᠢᠯᠲᠦᠬᠦᠨ ᠪᠤᠯᠬᠤ ᠶᠤᠮ᠃ ᠡᠨᠡ ᠲᠠᠯ᠎ᠠ ᠪᠠᠷ ᠲᠤᠤᠷᠡᠬᠢ ᠬᠡᠲᠤᠨ ᠬᠦᠳᠡᠯᠭᠡᠭᠡᠨ ᠢ ᠦᠷᠨᠢᠬᠦᠯᠵᠤ ᠪᠤᠯᠤᠨ᠎ᠠ᠃            ᠨᠢᠭᠡ ᠳᠤ᠂ ᠦᠷᠯᠦᠭᠡ ᠤᠷᠤᠢ ᠶᠢᠨ ᠬᠤᠭᠤᠯᠠᠨ ᠤ ᠡᠮᠤᠨ᠎ᠡ ᠦᠬᠡ ᠬᠡᠯᠡᠨ ᠤ ᠬᠢᠴᠢᠶᠡᠯ ᠢ ᠦᠷᠨᠢᠬᠦᠯᠬᠦ᠃  ᠵᠢᠱᠢᠶᠡᠯᠡᠪᠡᠯ ︽ᠬᠡᠨ ᠮᠢᠨᠤ ᠲᠠᠭᠤ ᠰᠢᠩᠭᠡᠭᠡᠬᠦᠷ ᠪᠤᠯᠬᠤ ᠪᠤᠢ︖︾ ᠬᠡᠵᠤ ᠡᠬᠢᠯᠡᠨ᠂ ᠪᠠᠭᠰᠢ ᠶᠢᠨ ᠢᠶᠠᠨ ᠲᠠᠭᠤ  ᠬᠤᠭᠤᠯᠠᠢ᠂ ᠴᠢᠩᠭ᠎ᠠ ᠰᠤᠯᠨ ᠠᠶᠠᠯᠭᠤ᠂ ᠦᠭᠡ ᠬᠡᠯᠨ ᠶᠢ ᠨᠢ ᠲᠠᠭᠤᠷᠢᠶᠠᠨ ᠬᠡᠯᠡᠬᠦᠯᠵᠤ᠂ ᠲᠤᠭᠯᠠᠭᠠᠮ ᠤᠨ ᠲᠤᠮᠲᠠ  ᠬᠡᠯᠡᠭᠰᠡᠨ ᠪᠤᠷᠤᠭᠤ ᠶᠢ ᠨᠢ ᠵᠦᠪ ᠵᠠᠯᠠᠷᠠᠭᠤᠯᠵᠤ ᠦᠭᠬᠦ ᠶᠤᠰᠤᠲᠠᠢ᠃ ᠤᠨᠤᠪᠴᠢᠲᠠᠢ ᠦᠭᠡ ᠬᠡᠯᠡᠨ ᠤ ᠬᠦᠳᠡᠯᠭᠡᠭᠡᠨ ᠢ  ᠬᠢᠴᠢᠶᠡᠯ ᠤᠨ ᠬᠡᠯᠪᠡᠷᠢ ᠪᠠᠷ ᠬᠡᠤᠬᠡᠳ ᠤᠳ ᠲᠤ ᠵᠢᠭᠠᠬᠤ᠂ ᠡᠷᠲᠡᠨ ᠠᠴᠠ ᠡᠬᠢᠯᠡᠨ ᠨᠢᠯᠬ᠎ᠠ ᠬᠡᠤᠬᠡᠳ ᠨᠤᠮ ᠤᠡᠭᠰᠢᠬᠤ  ᠪᠤᠯ ᠵᠦᠪᠬᠡᠨ ᠦᠰᠦᠭ ᠲᠠᠨᠢᠬᠤ ᠪᠠ ᠵᠢᠷᠤᠭ ᠰᠤᠨᠢᠷᠬᠠᠬᠤ ᠬᠡᠵᠤ ᠦᠵᠡᠳᠡᠭ᠃ ᠴᠡᠴᠡᠷᠯᠢᠭ ᠤᠨ ᠵᠢᠭᠠᠨ  ᠰᠤᠷᠭᠠᠯᠳᠡ ᠳᠤ ᠨᠤᠮ ᠤᠡᠭᠰᠢᠬᠤ ᠡᠬᠢᠨ ᠤ ᠦᠶ᠎ᠡ ᠶᠢᠨ ᠰᠤᠷᠭᠠᠯ ᠬᠢᠴᠢᠶᠡᠯ ᠢ ᠰᠠᠶᠢᠨ ᠠᠩᠬᠠᠷᠬᠤ ᠬᠡᠷᠡᠭᠲᠠᠢ᠂ ᠨᠤᠮ  ᠤᠡᠭᠰᠢᠯᠭ᠎ᠠ ᠶᠢᠨ ᠡᠬᠢᠨ ᠤ ᠦᠶ᠎ᠡ ᠳᠤ ᠬᠡᠤᠬᠡᠳ ᠤᠨ ᠨᠠᠰᠤᠨ ᠳᠤ ᠵᠤᠬᠢᠴᠠᠭᠰᠠᠨ ᠨᠤᠮ ᠰᠤᠩᠭᠤᠬᠤ ᠨᠢ ᠬᠠᠮᠤᠭ ᠤᠨ  ᠴᠢᠬᠤᠯᠨ ᠲᠠᠲᠠ ᠨᠠᠷ ᠲᠤ ᠨᠠᠰᠤᠨ ᠳᠤᠨᠢ ᠲᠠᠭᠠᠷᠠᠭᠰᠠᠨ ᠠᠮᠢᠲᠤᠯᠢᠭ ᠲᠦᠷᠰᠤᠲᠤ ᠨᠤᠮ ᠰᠤᠲᠤᠷ ᠢ ᠦᠵᠡᠬᠦᠯᠬᠦ ᠳᠡᠭᠡᠨ  ᠵᠤᠷᠢᠯᠭ᠎ᠠ ᠲᠠᠢ ᠠᠰᠠᠭᠤᠯᠲᠠ ᠲᠠᠢ ᠦᠵᠡᠬᠦᠯᠬᠦ ᠬᠡᠷᠡᠭᠲᠠᠢ᠃ ᠬᠠᠷᠢᠨ ᠨᠤᠮ ᠢ ᠲᠤᠷ᠎ᠠ ᠪᠠᠷ ᠢᠶᠠᠨ ᠤᠷᠪᠠᠭᠤᠯᠬᠤ ᠵᠠᠩ  ᠰᠤᠷᠭᠠᠵᠤ ᠪᠤᠯᠬᠤ ᠦᠭᠡᠢ᠃ ᠨᠢᠭᠡᠲᠦᠭᠡᠷ ᠠᠯᠬᠤᠮ ᠳᠤ ᠬᠡᠤᠬᠡᠳ ᠤᠳ ᠲᠤ ᠨᠤᠮ ᠰᠤᠲᠤᠷ ᠤᠨ ᠭᠠᠳᠠᠷ ᠪᠠ ᠵᠤᠵᠠᠭᠠᠨ  ᠨᠢᠮᠬᠡᠨ ᠲᠠᠢ ᠲᠠᠨᠢᠯᠴᠠᠭᠤᠯᠤᠨ᠎ᠠ᠃ ᠬᠡᠤᠬᠡᠳ ᠲᠤ ᠨᠤᠮ ᠢ ᠨᠢ ᠡᠬᠢᠨ ᠠᠴᠠ ᠡᠬᠢᠯᠡᠨ ᠨᠢᠭᠡ ᠨᠢᠭᠡ ᠨᠢᠭᠤᠷ ᠢᠶᠠᠷ  ᠤᠷᠪᠠᠭᠤᠯᠵᠤ ᠤᠡᠭᠰᠢᠭᠤᠯᠤᠨ᠎ᠠ᠃ ᠲᠠᠭᠤᠰᠤᠭᠰᠠᠨ ᠲᠠᠷᠠᠭ᠎ᠠ ᠨᠤᠮ ᠢᠶᠠᠨ ᠬᠠᠭᠠᠵᠤ᠂ ᠨᠤᠮ ᠤᠨ ᠭᠠᠳᠠᠷ ᠢ ᠲᠡᠭᠡᠭᠰᠢ ᠨᠢ  ᠬᠠᠷᠠᠭᠤᠯᠵᠤ ᠰᠤᠷᠭᠠᠨ᠎ᠠ᠃ ᠬᠤᠶᠠᠲᠤᠭᠠᠷ ᠠᠯᠬᠤᠮ ᠳᠤ ᠨᠢᠭᠡ ᠨᠤᠮ ᠠᠴᠠ ᠵᠤᠷᠢᠯᠭ᠎ᠠ ᠲᠠᠢ ᠨᠢᠭᠡ ᠨᠢᠭᠤᠷ ᠢ  ᠡᠷᠬᠢᠬᠦᠯᠵᠤ ᠦᠵᠡᠬᠦᠯᠵᠤ ᠰᠤᠷᠭᠠᠨ᠎ᠠ᠃ ᠪᠠᠭᠰᠢ ᠶᠢᠨ ᠦᠵᠡᠵᠤ ᠪᠠᠶᠢᠭ᠎ᠠ ᠨᠢᠭᠤᠷ ᠲᠤ ᠨᠤᠮ ᠢᠶᠠᠨ ᠡᠷᠬᠢᠬᠦᠯᠵᠤ  ᠤᠯᠤᠭᠠᠷᠠᠢ ᠬᠡᠵᠤ ᠬᠡᠤᠬᠡᠳ ᠲᠤ ᠰᠠᠨᠠᠭᠤᠯᠤᠨ᠂ ᠲᠠᠷᠠᠭ᠎ᠠ ᠨᠢ ᠦᠪᠡᠷᠲᠡᠭᠡᠨ ᠡᠷᠬᠢᠬᠦᠯᠵᠤ ᠦᠵᠡᠬᠦᠯᠵᠤ ᠴᠢᠳᠠᠬᠤ  ᠪᠤᠯᠭᠠᠨ᠎ᠠ᠃ ᠭᠤᠷᠪᠠᠲᠤᠭᠠᠷ ᠠᠯᠬᠤᠮ ᠳᠤ ᠨᠤᠮ ᠤᠨ ᠲᠤᠮᠳᠠᠬᠢ ᠵᠢᠷᠤᠭ ᠢ ᠦᠵᠡᠵᠤ ᠦᠪᠡᠷ ᠤᠨ ᠪᠤᠲᠤᠯ ᠢᠶᠠᠷ ᠢᠶᠠᠨ  ᠶᠠᠷᠢᠭᠤᠯᠵᠤ ᠰᠤᠷᠭᠠᠨ᠎ᠠ᠃ ᠬᠡᠤᠬᠡᠳ ᠦᠪᠡᠷ ᠤᠨ ᠤᠶᠢᠯᠠᠭᠠᠭᠰᠠᠨ ᠮᠡᠳᠡᠯᠭᠡ ᠪᠠᠷ ᠨᠢ ᠲᠠᠷᠨ ᠵᠢᠷᠤᠭ ᠢ ᠪᠠᠭᠰᠢ᠂  ᠬᠠᠮᠲᠤ ᠨᠦᠬᠦᠳ ᠲᠡᠭᠡᠨ ᠬᠡᠯᠡᠬᠦᠯᠵᠤ ᠪᠠᠶᠢᠪᠠᠯ ᠰᠠᠶᠢᠨ ᠶᠤᠮ᠃ ᠡᠲᠦᠷ ᠲᠤᠲᠤᠮ ᠤᠨ ᠠᠮᠢᠲᠤᠷᠠᠯ ᠤᠨ ᠡᠯ᠎ᠡ ᠴᠠᠭ ᠢ  ᠠᠰᠢᠭᠯᠠᠨ ᠰᠤᠷᠭᠠᠬᠤ ᠨᠢᠭᠡ ᠳᠤ ᠬᠦᠳᠡᠭᠡ ᠶᠢᠨ ᠲᠤᠭᠯᠠᠭᠠᠮ ᠲᠤᠮᠳᠠᠬᠢ ᠦᠭᠡ ᠬᠡᠯᠡᠨ ᠤ ᠵᠢᠭᠠᠨ ᠰᠤᠷᠭᠠᠯᠲᠠ᠃  ᠬᠦᠳᠡᠭᠡ ᠶᠢᠨ ᠲᠤᠭᠯᠠᠭᠠᠮ ᠤᠨ ᠲᠤᠮᠲᠠ ᠬᠡᠤᠬᠡᠳ ᠢ ᠦᠪᠡᠷ ᠤᠨ ᠦᠵᠡᠭᠰᠡᠨ ᠬᠠᠷᠠᠭᠰᠠᠨ ᠪᠤᠲᠤᠭᠰᠠᠨ ᠰᠠᠨᠠᠭᠰᠠᠨ  ᠲᠦᠷᠦᠭᠲᠡᠯ ᠢᠶᠠᠨ ᠬᠡᠯᠡᠬᠦᠯᠬᠦ᠃ ᠵᠢᠱᠢᠶᠡᠯᠡᠪᠡᠯ ︽ᠦᠨᠦᠲᠤᠷ ᠶᠠᠮᠠᠷ ᠲᠤᠭᠯᠠᠭᠠᠮ ᠬᠢᠭᠰᠡᠨ ᠪᠤᠢ︾ ᠬᠡᠵᠤ ᠠᠰᠠᠭᠤᠨ᠂  ᠲᠤᠭᠯᠠᠭᠠᠮ ᠤᠨ ᠨᠡᠷ᠎ᠡ ᠨᠠᠭᠠᠲᠤᠮ ᠤᠨ ᠲᠤᠮᠳᠠᠬᠢ ᠪᠠᠶᠠᠷ ᠬᠦᠷ ᠵᠡᠷᠭᠡ ᠶᠢ ᠵᠤᠷᠢᠭᠲᠠᠢ ᠶᠠᠷᠢᠭᠤᠯᠵᠤ ᠪᠠᠶᠢᠯᠭᠠᠨ᠎ᠠ᠃            ᠬᠤᠶᠠᠷ ᠲᠤ᠂ ᠬᠡᠤᠬᠡᠳ ᠤᠨ ᠬᠤᠭᠤᠷᠤᠨᠲᠤᠬᠢ ᠢᠯᠭᠠᠭ᠎ᠠ ᠵᠦᠷᠢᠶ᠎ᠡ ᠶᠢ ᠠᠵᠢᠭᠯᠠᠵᠤ᠂ ᠲᠤᠰ ᠲᠤᠰ ᠲᠤᠨᠢ  ᠵᠢᠭᠠᠨ ᠰᠤᠷᠭᠠᠬᠤ ᠪᠤᠯ ᠮᠦᠨ ᠴᠤ ᠴᠢᠬᠤᠯᠨ ᠵᠦᠢᠯ᠃ ᠬᠡᠤᠬᠡᠳ ᠪᠦᠬᠦᠲᠠ ᠠᠳᠠᠯᠢ ᠦᠭᠡᠢ᠃ ᠨᠢᠭᠡ ᠤᠳᠠᠭ᠎ᠠ  ᠰᠤᠷᠤᠩᠭᠤᠲᠠ ᠪᠦᠷ ᠴᠡᠭᠡᠵᠢᠯᠳᠡᠭ ᠬᠡᠤᠬᠡᠳ ᠪᠠᠶᠢᠨ᠎ᠠ᠃ ᠬᠡᠲᠤ ᠤᠳᠠᠭ᠎ᠠ ᠰᠤᠷᠤᠭᠠᠳ ᠮᠠᠷᠳᠠᠴᠢᠬᠠᠳᠠᠭ ᠬᠡᠤᠬᠡᠳ ᠴᠤ  ᠪᠠᠶᠢᠳᠭ᠃ ᠦᠬᠡ ᠬᠡᠯᠡᠨ ᠤ ᠴᠢᠳᠠᠪᠦᠷᠢ ᠴᠤ ᠬᠡᠰᠡᠨ ᠠᠳᠠᠯᠢᠬᠠᠨ ᠬᠤᠷᠲᠤᠨ ᠰᠤᠷᠳᠠᠭ ᠤᠳᠠᠭᠠᠨ ᠰᠤᠷᠳᠠᠭ ᠬᠡᠤᠬᠡᠳ  ᠮᠡᠳᠡᠭᠡᠵᠢ ᠪᠠᠶᠢᠳᠠᠭ᠃ ᠡᠨᠡ ᠦᠶᠡᠰ ᠲᠤ ᠪᠠᠭᠰᠢ ᠶᠢᠨ ᠵᠢᠭᠠᠨ ᠰᠤᠷᠭᠠᠯᠲᠠ ᠠᠳᠠᠯᠢᠬᠠᠨ ᠪᠠᠶᠢᠵᠤ ᠪᠤᠯᠬᠤ ᠦᠭᠡᠢ᠃  ᠲᠤᠰ ᠲᠤᠰ ᠲᠤᠨᠢ ᠲᠠᠭᠠᠷᠠᠭᠤᠯᠵᠤ ᠵᠢᠭᠠᠬᠤ ᠶᠤᠰᠤᠲᠠᠢ᠃ ᠵᠠᠷᠢᠮ ᠬᠡᠤᠬᠡᠳ ᠲᠤᠮᠤ ᠬᠦᠮᠦᠨ ᠤ ᠲᠠᠷᠢᠶᠠᠲᠠᠢ᠃ ᠦᠭᠡ  ᠬᠡᠯᠨ ᠴᠡᠪᠡᠷᠬᠡᠨ᠂ ᠢᠯᠡᠳᠬᠡᠬᠦ ᠳᠤ ᠲᠤᠲᠤ ᠲᠤᠲᠤᠷᠬᠠᠢ ᠦᠭᠡᠰ ᠤᠨ ᠰᠠᠩ ᠨᠢ ᠴᠤ ᠪᠠᠶᠠᠯᠢᠭ ᠪᠠᠶᠢᠬᠤ ᠳᠤ  ᠪᠠᠭᠰᠢ ᠶᠢᠨ ᠱᠠᠭᠠᠷᠳᠠᠵᠤ ᠪᠠᠶᠢᠭ᠎ᠠ ᠵᠦᠢᠯ ᠨᠢ ᠤᠯᠠᠮ ᠦᠨᠲᠦᠷ ᠲᠦᠪᠰᠢᠨ ᠪᠠᠶᠢᠪᠠᠯ ᠲᠠᠭᠠᠷᠠᠨ᠎ᠠ᠃ ᠵᠠᠷᠢᠮ ᠬᠡᠤᠬᠡᠳ  ᠦᠭᠡ ᠬᠡᠯᠨ ᠳᠡᠭᠡᠨ ᠠᠨᠠᠢ᠂ ᠦᠭᠡᠰ ᠤᠨ ᠰᠠᠩ ᠨᠢ ᠴᠦᠭᠡᠨ ᠪᠠᠶᠢᠪᠠᠯ ᠲᠠᠲᠠ ᠨᠠᠷ ᠲᠤ ᠠᠩᠬᠠᠨ ᠠᠴᠠ ᠡᠬᠢᠯᠡᠨ  ᠭᠠᠭᠴᠠ ᠦᠬᠡ ᠪᠦᠷᠢᠨ ᠦᠯᠦᠯᠡᠪᠦᠷᠢ᠂ ᠪᠦᠲᠦᠨ ᠵᠤᠬᠢᠶᠠᠯ ᠵᠠᠷᠭᠡ ᠠᠯᠬᠤᠮ ᠠᠯᠬᠤᠮ ᠢᠶᠠᠷ ᠰᠤᠷᠭᠠᠬᠤ ᠬᠡᠷᠡᠭᠲᠠᠢ᠃              ᠭᠤᠷᠪᠠ ᠳᠤ᠂ ᠰᠢᠨ᠎ᠡ ᠶᠢ ᠡᠬᠦᠦᠡᠴᠦ ᠰᠢᠨ᠎ᠡ ᠶᠢ ᠰᠡᠳᠬᠢᠨ᠂ ᠬᠢᠴᠢᠶᠡᠯ ᠤᠨ ᠲᠤᠮᠲᠠ ᠠᠮᠢᠲᠤᠷᠠᠯ᠂  ᠠᠮᠢᠲᠤᠷᠠᠯ ᠤᠨ ᠲᠤᠮᠲᠠ ᠬᠢᠴᠢᠶᠡᠯ ᠬᠡᠵᠤ ᠰᠤᠷᠭᠠᠬᠤ᠃ ᠦᠬᠡ ᠬᠡᠯᠨ ᠬᠡᠵᠢᠶ᠎ᠡ ᠴᠤ ᠬᠡᠰᠡᠨ ᠠᠵᠢᠯ ᠠᠮᠢᠲᠤᠷᠠᠯ ᠳᠤ  ᠦᠢᠯᠡᠴᠢᠯᠡᠳᠡᠭ᠃ ᠠᠮᠢᠲᠤᠷᠠᠯ ᠠᠴᠠ ᠠᠩᠬᠢᠵᠢᠷᠬᠠᠰᠠᠨ ᠦᠬᠡ ᠬᠡᠯᠨ ᠬᠡᠵᠤ ᠪᠠᠶᠢᠳᠠᠭ ᠦᠭᠡᠢ᠂ ᠠᠮᠢᠲᠤᠷᠠᠯ ᠲᠠᠢ  ᠤᠶᠠᠯᠲᠤᠭᠰᠠᠨ ᠦᠬᠡ ᠬᠡᠯᠡᠨ ᠤ ᠵᠢᠭᠠᠨ ᠰᠤᠷᠭᠠᠯᠲᠠ ᠪᠡᠯ ᠴᠡᠴᠡᠷᠯᠢᠭ ᠤᠨ ᠬᠡᠤᠬᠡᠳ ᠤᠨ ᠠᠮᠢᠲᠤᠷᠠᠯ ᠢᠶᠠᠷ ᠦᠬᠡ  ᠬᠡᠯᠡᠨ ᠤ ᠴᠢᠳᠠᠪᠦᠷᠢ ᠨᠢ ᠲᠡᠭᠡᠭᠰᠢᠯᠡᠬᠦ ᠶᠢᠨ ᠨᠦᠬᠦᠴᠡᠯ ᠪᠤᠯᠤᠨ᠎ᠠ᠃ ᠬᠡᠤᠬᠡᠳ ᠢ ᠠᠮᠢᠲᠤᠷᠠᠯ ᠤᠨ ᠲᠤᠮᠲᠠ ᠪᠠᠶᠢᠭ᠎ᠠ  ᠤᠷᠴᠢᠨ ᠢ ᠪᠤᠢ ᠪᠤᠯᠭᠠᠵᠤ᠂ ᠬᠦᠮᠦᠨ ᠲᠠᠢ ᠶᠠᠷᠢᠯᠴᠠᠨ ᠵᠤᠭᠤᠭᠳᠠᠵᠤ ᠪᠠᠶᠢᠪᠠᠯ ᠬᠡᠤᠬᠡᠳ ᠤ ᠨᠡᠶᠢᠬᠡᠮ ᠤᠨ  ᠬᠠᠷᠢᠴᠠᠯ ᠤᠨ ᠴᠢᠳᠠᠪᠦᠷᠢ ᠨᠢ ᠴᠤ ᠲᠠᠭᠠᠵᠤ ᠪᠤᠶᠢᠵᠢᠳᠠᠭ ᠶᠤᠮ᠃ ᠶᠡᠷᠦᠩᠬᠡᠢ ᠳᠡᠭᠡᠨ ᠬᠡᠤᠬᠡᠳ ᠤᠨ ᠦᠭᠡ ᠬᠡᠯᠡᠨ ᠤ  ᠴᠢᠳᠠᠪᠦᠷᠢ ᠶᠢ ᠨᠢ ᠲᠡᠭᠡᠭᠰᠢᠯᠡᠬᠦᠯᠬᠦ ᠳᠤ ᠡᠯ᠎ᠡ ᠪᠠᠭᠰᠢ ᠨᠢ ᠡᠷᠬᠡᠪᠰᠢ ᠵᠢᠭᠠᠨ ᠰᠤᠷᠭᠠᠯᠲᠠ ᠶᠢᠨ ᠠᠷᠭ᠎ᠠ ᠮᠠᠶ᠋ᠢᠭ ᠢᠶᠠᠨ  ᠦᠭᠡᠷᠡᠴᠢᠯᠡᠬᠦ ᠶᠤᠰᠤᠲᠠᠢ᠃ ᠭᠡᠷ ᠤᠨ ᠠᠬᠠᠮᠠᠳ ᠴᠤ ᠬᠡᠰᠡᠨ ᠵᠤᠬᠢᠰᠲᠠᠢ ᠲᠡᠮᠵᠢᠯᠭᠡ ᠦᠭᠬᠦ ᠶᠤᠰᠤᠲᠠᠢ᠃  ᠬᠡᠤᠬᠡᠳ ᠤᠨ ᠨᠠᠰᠤ ᠵᠢᠯ ᠲᠠᠢ ᠨᠢ ᠤᠶᠠᠯᠲᠤᠭᠤᠯᠤᠨ ᠰᠤᠷᠬᠤ ᠶᠢ ᠤᠷᠮᠠᠰᠢᠭᠤᠯᠵᠤ᠂ ᠰᠢᠨ᠎ᠡ ᠦᠶ᠎ᠡ ᠶᠢᠨ ᠨᠡᠶᠢᠬᠡᠮ ᠳᠤ  ᠬᠡᠷᠡᠭᠴᠡᠭᠡᠲᠠᠢ ᠬᠦᠮᠦᠨ ᠪᠤᠯᠬᠤ ᠶᠢᠨ ᠪᠠᠲᠤ ᠪᠠᠬᠢ ᠰᠠᠭᠤᠷᠢ ᠶᠢ ᠰᠠᠶᠢᠨ ᠲᠠᠯᠪᠢᠬᠤ ᠶᠤᠰᠤᠲᠠᠢ᠃  
 
ᠢᠷᠡᠯᠲᠡ᠄ ᠤᠯᠠᠭᠠᠨᠬᠠᠳᠠ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备12002332号