ᠠᠪᠤ ᠡᠵᠢ  ᠳᠡᠭᠡᠨ ᠢᠯᠡᠬᠦᠭᠡᠨ ᠤᠳᠠᠰᠤᠳᠠᠭᠠᠷᠠᠢ
ᠨᠡᠶᠢᠲᠡᠯᠡᠭᠰᠡᠨ ᠴᠠᠭ᠄
2015/8/24
     ︽ᠡᠬᠡ ᠶᠢᠨ ᠰᠠᠨᠠᠭ᠎ᠠ ᠦᠷ᠎ᠡ ᠳᠤ ︾ ᠬᠡᠰᠡᠨ ᠰᠡᠴᠡᠨ ᠦᠬᠡ ᠦᠢ  ᠲᠦᠮᠡᠨ  ᠡᠬᠡᠴᠦᠣᠯ ᠤᠨ ᠰᠡᠳᠬᠢᠯ ᠳᠤ  ᠵᠤᠯᠠ ᠪᠤᠯᠤᠨ ᠬᠡᠷᠡᠯᠳᠦᠭᠰᠡᠨᠭᠡᠷ ᠢᠷᠡᠯ᠎ᠡ᠃ ᠦᠨᠦᠳᠦᠷ᠂ ᠮᠤᠩᠭᠤᠯ ᠡᠵᠢ ᠶᠢᠨ ᠠᠷᠢᠭᠤᠨ ᠴᠠᠭᠠᠨ  ᠰᠦ ᠪᠠᠷ  ᠪᠤᠶᠢᠵᠢᠭᠰᠠᠨ ᠳᠡᠳᠡᠭᠡᠷ ᠤᠯᠠᠨ ᠬᠡᠦᠬᠡᠳ ᠤᠨ ᠰᠠᠨᠠᠭ᠎ᠠ ᠴᠤᠬᠤᠮ ᠬᠠᠮᠢᠭ᠎ᠠ ᠪᠠᠶᠢᠬᠤ ᠶᠢ ᠲᠦᠰᠦᠭᠡᠯᠡᠬᠦᠶ᠎ᠠ ᠪᠡᠷᠭᠡ  ᠪᠤᠯᠵᠠᠢ᠃ ᠤᠷᠴᠢᠮᠬᠠᠨ᠂ ︽ᠨᠢᠬᠡᠨ ᠨᠠᠰᠤᠳᠠᠢ ᠠᠪᠤ ᠭᠠᠷ ᠤᠳᠠᠰᠤ ᠵᠠᠰᠠᠳᠠᠭ ᠳᠡᠯᠭᠡᠭᠦᠷ ᠲᠤ ᠬᠦᠷᠦᠭᠡᠳ ᠭᠠᠷ  ᠤᠳᠠᠰᠤ ᠪᠠᠨ ᠵᠠᠰᠠᠭᠤᠯᠬᠤ ᠬᠡᠰᠡᠨ  ᠳᠤ ᠳᠡᠯᠭᠡᠭᠦᠷ  ᠤᠨ ᠡᠵᠡᠨ ᠨᠠᠰᠤᠳᠠᠨ  ᠳᠤ ᠳᠠᠨ  ᠤ ᠭᠠᠷ ᠤᠳᠠᠰᠤ ᠴᠢᠨᠢ  ᠡᠪᠳᠡᠷᠡᠭᠰᠡᠨ ᠦᠬᠡᠢ ᠬᠡᠬᠦ ᠪᠠᠷ ᠨᠠᠰᠤᠳᠠᠨ ᠭᠤᠸᠠᠢ ᠬᠠᠷᠢᠨ ᠢᠳᠡᠭᠡᠵᠤ ᠶᠠᠳᠠᠨ ᠮᠢᠨᠤ ᠭᠠᠷ ᠤᠳᠠᠰᠤ ᠯᠠᠪ  ᠡᠪᠳᠡᠷᠡᠴᠢᠭᠡᠭᠰᠡᠨ ᠪᠠᠶᠢᠬ᠎ᠠ᠂ ᠲᠡᠶᠢᠮᠤ ᠪᠢᠰᠢ ᠪᠤᠯ ᠬᠡᠦᠬᠡᠳ   ᠤᠳ  ᠶᠠᠭᠠᠬᠢᠭᠠᠳ ᠤᠳᠠᠰᠤ ᠢᠷᠡᠳᠡᠭ ᠦᠭᠡᠢ ᠪᠤᠢ  ᠬᠡᠵᠤ ᠨᠢᠯᠪᠤᠰᠤ ᠤᠨᠠᠭᠠᠯ᠎ᠠ ︾ ᠬᠡᠰᠡᠨ ᠴᠢᠮᠡᠭᠡ ᠸᠢᠴᠠᠲ ᠪᠠᠷ ᠰᠠᠴᠤᠭᠳᠠᠵᠤ ᠪᠠᠶᠢᠭᠰᠠᠨ ᠢ ᠳᠠ ᠪᠦᠬᠦᠨ ᠬᠠᠷᠠᠭᠰᠠᠨ  ᠪᠠᠶᠢᠬ᠎ᠠ ᠳ᠋ᠠ᠃ ᠠᠪᠤ ᠡᠵᠢ  ᠭᠡᠵᠦ  ᠦᠷ᠎ᠡ ᠬᠡᠦᠬᠡᠳ  ᠢᠶᠠᠨ ᠰᠠᠨᠠᠬᠤ ᠳᠠᠭᠠᠨ ᠢᠩᠭᠢᠵᠤ ᠯᠠ ᠡᠯᠢᠬᠡ ᠡᠮᠳᠡᠷᠡᠳᠡᠯ᠎ᠠ᠂  ᠮᠢᠬ᠎ᠠ ᠳᠠᠰᠤᠷᠠᠳᠠᠯ᠎ᠠ᠂ ᠰᠡᠳᠬᠢᠯ ᠤᠨᠠᠳᠠᠯ᠎ᠠ ᠰᠠᠨᠠᠨ᠎ᠠ ᠳ᠋ᠠ᠃ ᠬᠡᠳᠡᠯ᠎ᠡ᠂ ᠮᠠᠨᠠᠶᠢᠬᠢᠨ ᠠᠴᠢᠯᠠᠯ ᠶᠡᠬᠡᠳᠠᠢ ᠬᠤᠶᠠᠷ  ᠪᠤᠭᠤᠷᠤᠯ ᠤᠨ ᠢᠶᠠᠨ ᠠᠴᠢ ᠶᠢ ᠶᠠᠷᠦᠳᠡᠭᠡᠨ ᠨᠠᠶᠢᠷ  ᠤᠨ ᠰᠢᠷᠡᠭᠡ᠂ ᠨᠠᠭᠠᠳᠤᠮ ᠴᠡᠩᠭᠡᠬᠦᠨ ᠤ ᠭᠠᠵᠠᠷ ᠲᠤ ᠯᠠ ︽ ᠰᠦᠮᠪᠦᠷ ᠠᠭᠤᠯᠠᠨ ᠠᠴᠠ ᠦᠨᠳᠦᠷ᠂ ᠰᠦᠨ ᠳᠠᠯᠠᠢ ᠠᠴᠠ ᠬᠦᠨ ︾ ᠬᠡᠵᠤ ᠳᠠᠭᠤᠯᠠᠳᠠᠭ ᠶᠠᠷᠢᠳᠠᠭ ᠠᠴᠠ ᠪᠢᠰᠢ  ᠪᠤᠳᠠᠳᠢ ᠦᠢᠯᠡ ᠠᠵᠢᠯᠯᠠᠭᠠᠨ  ᠤ ᠳᠠᠯ᠎ᠠ ᠪᠠᠷ ᠪᠠᠭ᠋ᠠᠨ ᠬᠤᠮᠰᠠᠳᠠᠭᠠᠳ ᠪᠠᠶᠢᠬᠤ ᠰᠢᠬ᠃          ᠠᠭᠠᠷ ᠲᠤ ᠨᠠᠷᠠ ᠪᠠᠶᠢᠳᠠᠭ ᠢᠶᠠᠷ  ᠢᠶᠠᠨ ᠳᠡᠯᠡᠬᠡᠢ ᠶᠢᠷᠳᠢᠨᠴᠤ ᠬᠡᠷᠡᠯ ᠭᠡᠭᠡ ᠲᠠᠢ᠂ ᠠᠮᠢᠳᠤᠷᠠᠯ  ᠳᠤ ᠠᠪᠤ ᠡᠵᠢ  ᠮᠢᠨᠢ ᠪᠠᠶᠢᠳᠠᠭ ᠢᠶᠠᠷ  ᠢᠶᠠᠨ ᠡᠷᠦᠬᠡ ᠬᠡᠷ ᠮᠢᠨᠢ ᠦᠩᠰᠢᠭ ᠲᠤᠯᠠᠭᠠᠨ ᠰᠠᠨᠠᠭᠳᠠᠳᠠᠭ᠃ ︽ᠬᠡᠬᠡᠷ ᠡ ᠶᠢᠨ ᠭᠠᠯᠠᠭᠤ  ᠨᠢᠰᠦᠬᠡᠳ ᠬᠦᠷᠬᠦ ᠦᠬᠡᠢ ᠭᠠᠵᠠᠷ ᠠᠴᠠ ᠬᠦᠮᠦᠨ ᠤ ᠬᠦᠦ ᠡᠷᠳᠡᠨᠢ ᠡᠪᠦᠷᠳᠦᠯᠡᠭᠡᠳ ᠢᠷᠡᠨ᠎ᠡ ︾ ᠬᠡᠮᠡᠨ ᠠᠷᠤ ᠭᠡᠷ   ᠲᠡᠭᠡᠨ ᠰᠦ᠋ ᠰᠦ ᠪᠠᠨ ᠡᠷᠬᠦᠨ ᠲᠠᠨᠠᠷ ᠢᠶᠠᠨ ᠬᠦᠯᠢᠶᠡᠵᠤ ᠰᠠᠭᠤᠭᠰᠠᠨ ᠬᠤᠶᠠᠷ ᠪᠤᠭᠤᠷᠤᠯ   ᠳᠠᠭᠠᠨ  ᠦᠨᠦᠳᠦᠷ ᠲᠠ  ᠨᠠᠷ ᠤᠳᠠᠰᠤ ᠠᠪᠤᠭᠰᠠᠨ  ᠤᠤ︖ ᠳᠠᠪᠤᠨ ᠬᠤᠰᠢᠭᠤ ᠮᠠᠯ  ᠢᠶᠠᠨ ᠳᠠᠭᠠᠵᠤ᠂ ᠲᠦᠷᠪᠡᠨ ᠤᠯᠠᠷᠢᠯ ᠤᠨ ᠨᠠᠷᠠ  ᠰᠠᠯᠬᠢᠨ ᠳᠤ ᠬᠠᠷᠠᠯᠠᠵᠤ ᠪᠤᠷᠤᠯᠠᠭᠰᠠᠨ ᠪᠤᠭᠤᠷᠤᠯ ᠲᠤᠮᠤᠭᠠᠳᠠᠨ ᠴᠢᠨᠢ ᠳᠠᠨᠠᠷ  ᠤᠨ ᠤᠳᠠᠰᠤᠨ ᠴᠠᠭᠠᠬᠢ ᠳᠠᠭᠤ  ᠶᠢ  ᠰᠠᠨᠠᠵᠤ᠂ ᠬᠠᠶᠠ ᠴᠢᠯᠦᠭᠡ ᠳᠠᠯᠪᠢᠭᠠᠳ ᠬᠠᠷᠢᠬᠤ  ᠳᠠᠭᠠᠨ ᠨᠢᠬᠡ ᠬᠤᠶᠠᠷ ᠵᠢᠩ ᠠᠯᠢᠮ᠎ᠠ ᠵᠢᠮᠢᠰ ᠠᠪᠤᠭᠠᠳ  ᠤᠴᠢᠭᠰᠠᠨ  ᠴᠦ ᠪᠠᠶᠠᠷᠯᠠᠴᠢᠬᠠᠳᠠᠭ ᠬᠡᠨᠡᠨ ᠴᠠᠶᠢᠯᠭᠠᠨ ᠬᠦᠮᠦᠰ ᠶᠤᠮ᠃ ᠬᠠᠶᠠ ᠳᠠᠨ ᠳᠤ ᠤᠳᠠᠰᠤ ᠢᠷᠡᠭᠡᠳ ︽  ᠨᠣᠷᠰᠢᠬᠤ ︾ ᠳᠤ ᠶᠠᠭᠠᠷᠠᠤ ᠬᠡᠳ ᠪᠢᠳᠡᠭᠡᠢ ᠲᠤᠷ᠎ᠠ ᠦᠭᠡᠶᠢᠴᠡᠭᠡᠷᠠᠢ᠃ ᠦᠷ᠎ᠡ ᠬᠡᠦᠬᠡᠳ ᠪᠤᠯᠤᠭᠰᠠᠳ ᠠᠪᠤ ᠡᠵᠢ   ᠪᠠᠨ ᠬᠠᠶᠢᠷᠠᠯᠠᠬᠤ᠂ ᠤᠢᠢᠯᠠᠭᠠᠬᠤ᠂ ᠬᠠᠯᠠᠮᠵᠢᠯᠠᠬᠤ᠂ ᠠᠴᠢᠯᠠᠬᠤ ᠪᠤᠯ ᠬᠦᠮᠦᠨ ᠪᠦᠬᠦᠨ ᠤ ᠨᠠᠭᠠᠳᠤ ᠵᠠᠬ᠎ᠠ ᠶᠢᠨ  ᠬᠠᠶᠢᠷ᠎ᠠ ᠰᠡᠳᠬᠢᠯᠭᠡ ᠪᠠᠨ ᠬᠦᠢᠴᠡᠭᠡᠬᠦ ᠵᠦᠢᠯ ᠪᠤᠯᠤᠨ᠎ᠠ᠃          ᠬᠠᠨ ᠠᠭᠤᠯᠠ  ᠶᠢ ᠴᠠᠰᠤ ᠳᠠᠷᠤᠵᠤ᠂ ᠬᠠᠶᠢᠷᠠᠨ ᠪᠡᠶ᠎ᠡ  ᠶᠢ ᠨᠠᠰᠤ ᠳᠠᠷᠤᠨ᠎ᠠ ᠬᠡᠳᠡᠭ ᠢᠶᠠᠷ ᠠᠪᠤ ᠡᠵᠢ ᠴᠢᠨᠢ  ᠤᠳᠤ ᠦᠳᠡᠯᠡᠴᠢᠬᠡᠵᠡᠢ᠃ ᠡᠨᠡᠷᠢᠩᠬᠦᠢ ᠰᠠᠶᠢᠠᠬᠨ ᠴᠢᠷᠠᠢ ᠳᠤᠨᠢ ᠵᠤᠷᠪᠤᠰ ᠵᠤᠷᠪᠤᠰ ᠠᠳᠤᠷᠢᠶ᠎ᠠ ᠰᠠᠭᠤᠵᠤ᠂ ᠤᠨ  ᠵᠢᠯ ᠤᠨ ᠢᠮ ᠳᠡᠮᠳᠡᠭ ᠪᠤᠯᠵᠤ ᠮᠡᠳᠡᠷᠡᠭᠳᠡᠨ᠎ᠡ᠃ ᠠᠪᠤ ᠡᠵᠢ ᠶᠢᠨ  ᠢᠶᠠᠨ ᠪᠦᠯᠢᠶᠠᠨ ᠢᠯᠴᠢ ᠲᠤᠯᠠᠭᠠᠨ ᠬᠠᠶᠢᠷ᠎ᠠ  ᠳᠤ  ᠪᠦᠪᠠᠶᠢᠯᠡᠭᠳᠡᠨ  ᠦᠰᠦᠭᠰᠡᠨ ᠪᠢᠳᠠ ᠠᠪᠤ ᠡᠵᠢ ᠶᠢᠨ ᠠᠷᠢᠭᠤᠨ  ᠬᠠᠶᠢᠷ᠎ᠠ  ᠳᠤ ᠳᠠᠯᠠᠷᠬᠠᠵᠤ ᠶᠠᠪᠤᠬᠤ ᠶᠤᠰᠤᠳᠠᠢ᠃  ᠡᠨᠡᠬᠦ ᠡᠩ ᠪᠤᠷᠤᠭᠵᠢᠭᠤᠨ ᠶᠤᠰᠤ   ᠨᠢ ᠬᠦᠮᠦᠰ  ᠤᠨ ᠤᠢ ᠤᠬᠠᠭᠠᠨ ᠪᠠ ᠦᠵᠡᠯ ᠪᠤᠳᠤᠯ  ᠤᠨ ᠡᠷᠬᠢᠬᠦᠯᠭᠡᠨ  ᠨᠤᠭᠤᠴᠠᠭᠠᠨ ᠤ ᠲᠤᠮᠳᠠᠬᠢ ᠶᠤᠰᠤ ᠰᠤᠷᠳᠠᠬᠤᠨ ᠤ ᠵᠠᠷᠴᠢᠮ ᠪᠤᠯᠬᠤ ᠶᠤᠮ᠃     ᠬᠦᠮᠦᠨ  ᠤ ᠬᠤᠷᠸ᠎ᠡ ᠬᠡᠵᠤ ᠬᠦᠮᠦᠨ ᠬᠦᠮᠦᠨ  ᠢᠶᠠᠨ ᠬᠠᠶᠢᠷᠠᠯᠠᠵᠤ᠂ ᠬᠦᠮᠦᠨ ᠨᠢ ᠬᠦᠮᠦᠨ  ᠳᠡᠭᠡᠨ  ᠬᠠᠶᠢᠷᠠᠯᠠᠭᠳᠠᠳᠠᠭ ᠪᠤᠭᠤᠷᠤᠯ ᠽᠠᠮᠪᠦᠯᠢᠩ ᠪᠤᠶᠤ︕ ᠴᠠᠭ ᠲᠠᠢ ᠪᠤᠯᠤᠭᠠᠳ ᠵᠡᠪ ᠲᠠᠢ ᠯᠠ ᠪᠤᠯᠪᠠᠯ ᠠᠪᠤ ᠡᠵᠢ  ᠳᠡᠭᠡᠨ  ᠢᠯᠡᠬᠦᠭᠡᠨ ᠤᠳᠠᠰᠤᠳᠠᠭᠠᠷᠠᠢ︕
 
ᠢᠷᠡᠯᠲᠡ᠄ ᠤᠯᠠᠭᠠᠨᠬᠳᠠ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备12002332号