ᠭᠡᠯᠡ ᠪᠢᠴᠢᠭ ᠤᠨ ᠵᠢᠭᠠᠠ ᠰᠤᠷᠭᠠᠯᠳᠡ ᠶᠢ ᠡᠷᠭᠡᠪᠰᠢ ᠬᠢᠴᠢᠶᠠᠯ ᠲᠦᠷᠤᠯ ᠤᠨ ᠤᠨᠤᠯ ᠤᠨ ᠡᠬᠦᠳᠡᠡ ᠠᠴᠠ  ᠢᠷᠠᠵᠤ ᠦᠭᠡᠷᠡᠴᠢᠯᠠᠯᠳᠡ ᠬᠢᠬᠦ ᠬᠡᠷᠡᠭᠳᠡᠢ
ᠨᠡᠶᠢᠲᠡᠯᠡᠭᠰᠡᠨ ᠴᠠᠭ᠄
2015/8/20
     ᠭᠡᠯᠡ ᠪᠢᠴᠢᠭ  ᠪᠤᠯ ᠴᠢᠬᠤᠯᠠ ᠨᠢᠭᠡᠡ ᠰᠠᠭᠤᠷᠢ ᠬᠢᠴᠢᠶᠠᠯ ᠲᠦᠷᠤᠯ ᠪᠤᠯᠤᠨ᠎ᠠ᠃ ᠬᠢᠴᠢᠶᠠᠯ ᠲᠦᠷᠤᠯ ᠤᠨ  ᠵᠢᠯᠤᠭᠤᠳᠬᠤ ᠦᠵᠠᠯ ᠰᠠᠨᠠᠭ᠎ᠠ᠂ ᠬᠢᠴᠢᠶᠠᠯ ᠲᠦᠷᠤᠯ ᠤᠨ ᠰᠢᠡᠵᠢ ᠴᠢᠨᠠᠷ᠂ ᠵᠢᠭᠠᠠ ᠰᠤᠷᠭᠠᠬᠤ ᠡᠬᠦᠷᠭᠡ᠂ ᠵᠢᠭᠠᠠ  ᠰᠤᠷᠭᠠᠬᠤ ᠰᠢᠰᠲ᠋ᠧᠮ ᠠᠴᠠ ᠵᠢᠭᠠᠠ ᠰᠤᠷᠭᠠᠬᠤ ᠵᠠᠷᠴᠢᠮ ᠬᠦᠷᠳᠡᠯ᠎ᠠ ᠪᠠᠨ ᠡᠷᠭᠡᠪᠰᠢ ᠤᠨᠤᠯ ᠤᠨ ᠲᠠᠯ᠎ᠠ ᠪᠠᠷ ᠨᠡᠯᠢᠶᠡᠳ  ᠪᠦᠷᠢᠠ ᠪᠦᠳᠤᠠ ᠰᠢᠰᠲ᠋ᠧᠮᠴᠢ ᠴᠢᠨᠠᠷ ᠲᠠᠢ ᠪᠠᠶᠢᠵᠤ᠂ ᠦᠪ ᠦᠨᠠᠠ ᠬᠦ ᠰᠢᠡᠵᠢᠯᠠᠬᠦ ᠤᠠᠬᠭᠠᠠᠴᠢ ᠪᠠᠷ ᠬᠦᠭᠵᠢᠬᠦᠯᠬᠦ  ᠦᠵᠠᠯ ᠰᠠᠨᠠᠭ᠎ᠠ ᠶᠢ ᠢᠯᠠᠷᠠᠬᠦᠯᠦᠭᠰᠠᠠ ᠭᠡᠯᠡ ᠪᠢᠴᠢᠭ ᠤᠨ ᠬᠢᠴᠢᠶᠠᠯ ᠲᠦᠷᠤᠯ ᠤᠨ ᠤᠨᠤᠯ ᠪᠠᠶᠢᠬᠤ ᠬᠡᠷᠡᠭᠳᠡᠢ᠃          ᠤᠳᠤᠬᠠᠠ ᠳᠠᠭᠠᠨ ᠮᠠᠠ ᠤ ᠭᠡᠯᠡ ᠪᠢᠴᠢᠭ ᠤᠨ ᠵᠢᠭᠠᠠ ᠰᠤᠳᠤᠯᠭᠠᠨ ᠬᠢᠭᠡᠳ ᠦᠭᠡᠷᠡᠴᠢᠯᠠᠯᠳᠡ ᠶᠢᠨ ᠠᠵᠢᠯ ᠨᠢ  ᠶᠠᠭ ᠰᠠᠶ᠋ᠢᠬᠠᠠ ᠲᠤᠷᠰᠢᠯᠳᠡ ᠶᠢᠨ ᠱᠠᠳᠤ ᠦᠶ᠎ᠠ ᠳᠡᠭᠡᠨ ᠪᠠᠶᠢᠵᠤ᠂ ᠤᠷᠤᠰᠢᠵᠤ ᠪᠠᠶᠢᠬᠤ ᠠᠰᠠᠭᠤᠳᠡᠯ ᠢ ᠤᠯᠠᠮ ᠨᠢᠭᠡ  ᠠᠯᠬᠤᠮ ᠰᠤᠳᠤᠯᠬᠤ ᠴᠢᠬᠤᠯᠠᠳᠡᠢ ᠪᠠᠶᠢᠬᠤ ᠪᠡ ᠤᠯᠠᠠ ᠵᠢᠯ ᠤᠨ ᠲᠤᠷᠰᠢᠬᠢ ᠲᠤᠷᠰᠢᠯᠳᠡ ᠶᠢ ᠴᠠᠭ ᠲᠤᠬᠠᠢ ᠳᠤᠨᠢ  ᠳ᠋ᠦᠩᠨᠠᠵᠤ᠂ ᠪᠤᠳᠡᠳᠡᠢ ᠪᠠᠶᠢᠳᠡᠯ ᠳᠤ ᠲᠤᠬᠢᠷᠠᠬᠤ ᠦᠭᠡᠢ ᠪᠤᠶᠤ  ᠵᠢᠭᠠᠨ ᠰᠤᠷᠭᠠᠯᠲᠠ ᠳᠤ ᠦᠷ᠎ᠠ  ᠠᠰᠢᠭ   ᠭᠠᠷᠤᠭᠰᠠᠨ ᠦᠭᠡᠢ ᠠᠷᠭ᠎ᠠ ᠭᠡᠮᠵᠢᠶ᠎ᠠ ᠶᠢ ᠨᠢ  ᠦᠭᠡᠷᠡᠴᠢᠯᠡᠭᠦ ᠴᠢᠬᠤᠯᠠᠳᠡᠢ ᠪᠠᠶᠢᠨ᠎ᠠ᠃ ᠡᠳᠡᠭᠡᠷ ᠨᠢ ᠪᠦᠷ ᠡᠷᠭᠡᠪᠰᠢ  ᠭᠡᠯᠡ ᠪᠢᠴᠢᠭ ᠤᠨ ᠬᠢᠴᠢᠶᠠᠯ ᠲᠦᠷᠤᠯ ᠤᠨ ᠤᠨᠤᠯ ᠤᠨ ᠡᠬᠦᠳᠡᠡ ᠠᠴᠠ ᠡᠬᠦᠰᠴᠤ᠂ ᠡᠩ ᠲᠡᠷᠢᠬᠦᠠ ᠳᠤ ᠰᠢᠡᠵᠢᠯᠠᠬᠦ  ᠤᠬᠠᠭᠠᠠᠴᠢ ᠭᠡᠯᠡ ᠪᠢᠴᠢᠭ ᠤᠨ ᠬᠢᠴᠢᠶᠠᠯ ᠲᠦᠷᠤᠯ ᠤᠨ ᠤᠨᠤᠯ ᠤᠨ ᠰᠢᠰᠲ᠋ᠧᠮ ᠢ ᠪᠠᠶᠢᠭᠤᠯᠵᠤ᠂ ᠬᠢᠴᠢᠶᠠᠯ  ᠲᠦᠷᠤᠯ ᠤᠨ ᠤᠨᠤᠯ ᠤᠨ  ᠵᠤᠷᠢᠯᠲᠠ᠂ ᠦᠡᠳᠤᠰᠤᠠ ᠤᠶᠤᠠᠴᠢ ᠤᠬᠠᠭᠳᠠᠬᠤᠠ ᠬᠢᠭᠡᠳ ᠨᠠᠶᠢᠳᠠᠪᠤᠷᠢᠵᠢᠭᠤᠯᠬᠤ  ᠠᠷᠭ᠎ᠠ ᠭᠡᠮᠵᠢᠶ᠎ᠠ ᠶᠢ ᠲᠤᠳᠤᠷᠬᠠᠢᠢᠯᠠᠵᠤ᠂ ᠲᠠᠷᠠᠪᠠᠷ ᠭᠡᠯᠡ ᠪᠢᠴᠢᠭ ᠤᠨ ᠵᠢᠭᠠᠠ ᠰᠤᠷᠭᠠᠯᠳᠡ ᠶᠢᠨ ᠰᠢᠡᠵᠢᠯᠠᠬᠦ  ᠤᠠᠬᠭᠠᠠᠴᠢ ᠪᠠᠷ ᠬᠦᠭᠵᠢᠬᠦᠯᠬᠦ ᠶᠠᠪᠤᠳᠡᠯ ᠢ ᠲᠦᠯᠬᠢᠠ ᠠᠬᠢᠭᠤᠯᠬᠤ ᠬᠡᠷᠡᠭᠳᠡᠢ᠃          ᠭᠡᠯᠡ ᠪᠢᠴᠢᠭ ᠤᠨ ᠬᠢᠴᠢᠶᠠᠯ ᠲᠦᠷᠤᠯ ᠤᠨ ᠰᠢᠡᠵᠢᠯᠠᠬᠦ ᠤᠠᠬᠭᠠᠠᠴᠢ ᠤᠨᠤᠯ ᠤᠨ ᠰᠢᠰᠲ᠋ᠧᠮ ᠢ ᠪᠠᠶᠢᠭᠤᠯᠬᠤ ᠳᠤ ᠂  ᠲᠤᠤᠷᠠᠬᠢ ᠮᠡᠳᠤ ᠭᠡᠳᠤᠠ ᠲᠠᠯ᠎ᠠ ᠶᠢᠨ ᠦᠡᠳᠤᠰᠤᠠ ᠤᠶᠤᠠᠴᠢ ᠤᠬᠠᠭᠳᠠᠬᠤᠠ ᠢ  ᠲᠤᠳᠤᠷᠬᠠᠢ ᠪᠠᠶᠢᠯᠭᠠᠬᠤ ᠬᠡᠷᠡᠭᠳᠡᠢ  ᠄          ᠨᠢᠭᠡ ᠳᠤ᠂ ᠭᠡᠯᠡ ᠪᠢᠴᠢᠭ ᠤᠨ ᠬᠢᠴᠢᠶᠠᠯ ᠲᠦᠷᠤᠯ ᠤᠨ ᠦᠡᠳᠤᠰᠤᠠ ᠰᠢᠡᠵᠢ ᠴᠢᠨᠠᠷ ᠬᠢᠭᠡᠳ ᠭᠡᠯᠠ ᠪᠢᠴᠢᠭ ᠤᠨ  ᠬᠢᠴᠢᠶᠠᠯ ᠤᠨ ᠦᠡᠳᠤᠰᠤᠠ ᠡᠬᠦᠷᠭᠡ ᠶᠢ ᠲᠤᠳᠤᠷᠬᠠᠢ ᠪᠠᠶᠢᠯᠭᠠᠬᠤ ᠬᠡᠷᠡᠭᠳᠡᠢ  ︔ ᠭᠡᠯᠡ ᠪᠢᠴᠢᠭ ᠪᠤᠯ ᠨᠢᠭᠡᠡ  ᠶᠡᠷᠤᠩᠭᠡᠶᠢᠯᠡᠭᠰᠠᠠ ᠴᠢᠨᠠᠷᠳᠡᠢ ᠬᠢᠴᠢᠶᠠᠯ ᠲᠦᠷᠤᠯ ᠪᠤᠯᠬᠤᠷ ᠰᠢᠡᠵᠢ ᠴᠢᠨᠠᠷ ᠨᠢ ᠨᠡᠯᠢᠶᠡᠳ ᠪᠤᠳᠤᠯᠢᠶᠠᠠᠳᠡᠢ ᠪᠠᠶᠢᠳᠠᠭ᠃  ᠲᠤᠮᠳᠡᠳᠤ ᠪᠠᠭ᠎ᠠ ᠰᠤᠷᠭᠠᠭᠤᠯᠢ ᠳᠤ ᠭᠡᠯᠡ ᠪᠢᠴᠢᠭ ᠤᠨ ᠬᠢᠴᠢᠶᠠᠯ ᠲᠤᠬᠢᠷᠠᠭᠤᠯᠤᠭᠰᠠᠠ ᠭᠤᠤᠯ ᠵᠤᠷᠢᠯᠭ᠎ᠠ ᠨᠢ᠂  ᠲᠦᠷᠤᠯᠬᠢ ᠦᠭᠡ ᠭᠡᠯᠡ ᠦᠰᠦᠭ ᠪᠢᠴᠢᠭ ᠤᠨ ᠪᠠᠭᠠᠵᠢ ᠭᠡᠷᠡᠭᠯᠡᠬᠦᠷ ᠢᠶᠠᠨ ᠵᠦᠪ ᠤᠨᠤᠪᠴᠢᠳᠡᠢ ᠪᠠᠷ ᠤᠢᠢᠯᠠᠭᠠᠬᠤ ᠪᠡ  ᠭᠡᠷᠡᠭᠯᠡᠵᠤ ᠴᠢᠳᠠᠬᠤ ᠪᠤᠯᠭᠠᠬᠤ ᠶᠢᠨ ᠲᠦᠯᠤᠭᠡ ᠶᠤᠮ᠃ ᠡᠨᠡ ᠨᠢ ᠭᠡᠯᠡ ᠪᠢᠴᠢᠭ ᠤᠨ ᠬᠢᠴᠢᠶᠠᠯ ᠲᠦᠷᠤᠯ ᠨᠢ ᠪᠠᠭᠠᠵᠢ  ᠭᠡᠷᠡᠭᠯᠡᠬᠦᠷ ᠤᠨ ᠰᠢᠡᠵᠢ ᠴᠢᠨᠠᠷᠳᠡᠢ ᠭᠡᠳᠡᠭ ᠢ ᠢᠯᠠᠷᠠᠬᠦᠯᠦᠭᠰᠠᠠ ᠪᠠᠶᠢᠨ᠎ᠠ᠃ ᠦᠭᠡ ᠭᠡᠯᠡ ᠦᠰᠦᠭ ᠪᠢᠴᠢᠭ ᠨᠢ  ᠵᠤᠬᠢᠬᠤ ᠦᠵᠠᠯ ᠰᠠᠨᠠᠭᠠᠠ ᠤ ᠤᠳᠬ᠎ᠠ ᠠᠭᠤᠯᠭ᠎ᠠ᠂ ᠤᠷᠠᠯᠢᠭ ᠤᠨ ᠲᠦᠷᠢ ᠬᠢᠭᠡᠳ ᠰᠢᠡᠵᠢᠯᠠᠬᠦ ᠤᠠᠬᠭᠠᠠ  ᠰᠤᠶᠤᠯ ᠤᠨ ᠮᠡᠳᠡᠯᠭᠡ ᠶᠢ ᠢᠯᠡᠳᠭᠡᠳᠡᠭ᠃ ᠡᠨᠡ ᠨᠢ ᠪᠠᠰᠠ ᠭᠡᠯᠡ ᠪᠢᠴᠢᠭ ᠤᠨ ᠬᠢᠴᠢᠶᠠᠯ ᠲᠦᠷᠤᠯ ᠨᠢ ᠦᠵᠠᠯ  ᠰᠠᠨᠠᠭᠠᠴᠢ ᠴᠢᠨᠠᠷ᠂ ᠤᠷᠠᠠ ᠵᠤᠬᠢᠶᠠᠯᠴᠢ ᠴᠢᠨᠠᠷ ᠬᠢᠭᠡᠳ ᠮᠡᠳᠡᠯᠭᠡᠴᠢ ᠴᠢᠨᠠᠷ ᠲᠠᠢ ᠪᠠᠶᠢᠬᠤ ᠶᠢ ᠭᠡᠷᠡᠴᠢᠯᠡᠭᠰᠠᠠ ᠪᠠᠶᠢᠨ᠎ᠠ᠃  ᠭᠡᠯᠡ ᠪᠢᠴᠢᠭ ᠤᠨ ᠬᠢᠴᠢᠶᠠᠯ ᠲᠦᠷᠤᠯ ᠤᠨ ᠦᠵᠠᠯ ᠰᠠᠨᠠᠭᠠᠴᠢ ᠴᠢᠨᠠᠷ᠂ ᠤᠷᠠᠠ ᠵᠤᠬᠢᠶᠠᠯᠴᠢ ᠴᠢᠨᠠᠷ ᠬᠢᠭᠡᠳ  ᠮᠡᠳᠡᠯᠭᠡᠴᠢ ᠴᠢᠨᠠᠷ ᠨᠢ ᠪᠦᠷ ᠦᠭᠡ ᠭᠡᠯᠡ ᠦᠰᠦᠭ ᠪᠢᠴᠢᠭ ᠢ ᠪᠠᠭᠠᠵᠢ ᠬᠡᠷᠡᠭᠯᠡᠬᠦᠷᠳᠤ ᠴᠢᠨᠠᠷᠳᠡᠢ ᠪᠤᠯᠭᠠᠭᠰᠠᠠ  ᠰᠠᠭᠤᠷᠢᠠ ᠲᠡᠭᠡᠷ᠎ᠠ ᠢᠯᠡᠳᠭᠡᠭᠰᠠᠠ ᠪᠠᠶᠢᠳᠠᠭ᠃ ᠡᠶᠢᠮᠤ ᠠᠴᠠ ᠭᠡᠯᠡ ᠪᠢᠴᠢᠭ ᠤᠨ ᠬᠢᠴᠢᠶᠠᠯ ᠲᠦᠷᠤᠯ ᠤᠨ ᠦᠡᠳᠤᠰᠤᠠ  ᠰᠢᠡᠵᠢ ᠴᠢᠨᠠᠷ ᠨᠢ ᠪᠤᠯ ᠲᠠᠷᠤᠢ ᠪᠠᠭᠠᠵᠢ ᠬᠡᠷᠡᠭᠰᠠᠯ ᠤᠨ ᠴᠢᠨᠠᠷ ᠪᠤᠯᠬᠤ ᠶᠢᠨ ᠬᠠᠮᠳᠤᠳᠡ ᠪᠠᠰᠠ ᠦᠵᠠᠯ ᠰᠠᠨᠠᠭᠠᠴᠢ  ᠴᠢᠨᠠᠷ᠂ ᠤᠷᠠᠠ ᠵᠤᠬᠢᠶᠠᠯᠴᠢ ᠴᠢᠨᠠᠷ ᠬᠢᠭᠡᠳ ᠮᠡᠳᠡᠯᠭᠡᠴᠢ ᠴᠢᠨᠠᠷ  ᠵᠡᠷᠭᠡ ᠪᠤᠰᠤᠳ ᠴᠢᠨᠠᠷ ᠲᠠᠢ ᠪᠠᠶᠢᠳᠠᠭ ᠶᠤᠮ᠃          ᠭᠡᠯᠡ ᠪᠢᠴᠢᠭ ᠤᠨ ᠬᠢᠴᠢᠶᠠᠯ ᠲᠦᠷᠤᠯ ᠤᠨ ᠰᠢᠡᠵᠢ ᠴᠢᠨᠠᠷ ᠨᠢ ᠭᠡᠯᠡ ᠪᠢᠴᠢᠭ ᠤᠨ ᠵᠢᠭᠠᠠ ᠰᠤᠷᠭᠠᠯᠳᠡ ᠶᠢᠨ  ᠡᠬᠦᠷᠭᠡ ᠶᠢ ᠲᠤᠭᠳᠠᠭᠠᠭᠰᠠᠠ ᠪᠠᠶᠢᠳᠠᠭ᠃  ᠬᠡᠯᠡ ᠪᠢᠴᠢᠭ ᠤᠨ ᠬᠢᠴᠢᠶᠠᠯ ᠲᠦᠷᠤᠯ ᠤᠨ ᠦᠡᠳᠤᠰᠤᠠ ᠴᠢᠨᠠᠷ ᠤᠨ  ᠪᠠᠭᠠᠵᠢ ᠭᠡᠷᠡᠭᠯᠡᠬᠦᠷᠳᠤ ᠴᠢᠨᠠᠷ ᠨᠢ ᠭᠡᠯᠡ ᠪᠢᠴᠢᠭ ᠤᠨ ᠵᠢᠭᠠᠠ ᠰᠤᠷᠭᠠᠯᠳᠡ ᠶᠢᠨ ᠦᠡᠳᠤᠰᠤᠠ ᠡᠬᠦᠷᠭᠡ ᠨᠢ ᠤᠩᠰᠢᠬᠤ  ᠪᠢᠴᠢᠬᠦ ᠰᠤᠨᠤᠰᠬᠤ ᠶᠠᠷᠢᠬᠤ ᠦᠭᠡ ᠭᠡᠯᠡᠡ ᠤ ᠵᠢᠭᠠᠠ ᠰᠤᠷᠭᠠᠯᠳᠡ ᠶᠠᠪᠤᠭᠳᠠᠭᠤᠯᠬᠤ ᠶᠠᠪᠤᠳᠡᠯ ᠢ ᠲᠤᠭᠳᠠᠭᠠᠭᠰᠠᠠ  ᠪᠠᠶᠢᠳᠠᠭ᠃ ᠭᠡᠯᠡ ᠪᠢᠴᠢᠭ ᠤᠨ ᠬᠢᠴᠢᠶᠠᠯ ᠤᠨ ᠪᠤᠰᠤᠳ ᠰᠢᠡᠵᠢ ᠴᠢᠨᠠᠷ ᠨᠢ ᠮᠦᠠ ᠠᠳᠡᠯᠢᠬᠠᠠ ᠢᠶᠠᠷ ᠭᠡᠯᠡ  ᠪᠢᠴᠢᠭ ᠤᠨ ᠵᠢᠭᠠᠠ ᠰᠤᠷᠭᠠᠯᠳᠡ ᠨᠢ ᠪᠠᠰᠠ ᠦᠵᠠᠯ ᠰᠠᠨᠠᠭᠠᠠ ᠤ ᠬᠦᠮᠤᠵᠢᠯ᠂ ᠤᠷᠠᠠ ᠵᠤᠬᠢᠶᠠᠯ ᠤᠨ ᠵᠢᠭᠠᠠ  ᠰᠤᠷᠭᠠᠯᠳᠡ ᠬᠢᠭᠡᠳ ᠮᠡᠳᠡᠯᠭᠡ ᠶᠢᠨ ᠵᠢᠭᠠᠠ ᠰᠤᠷᠭᠠᠯᠳᠡ ᠵᠡᠷᠭᠡ ᠪᠤᠰᠤᠳ ᠡᠬᠦᠷᠭᠡ ᠶᠢ ᠲᠤᠭᠳᠠᠭᠠᠭᠰᠠᠠ ᠪᠠᠶᠢᠳᠠᠭ᠃        ᠡᠷᠭᠡᠪᠰᠢ ᠲᠤᠳᠤᠷᠬᠠᠢᠢᠯᠠᠭᠤᠰᠢᠳᠡᠢ ᠨᠢ ᠭᠡᠯᠡ ᠪᠢᠴᠢᠭ ᠤᠨ ᠬᠢᠴᠢᠶᠠᠯ ᠲᠦᠷᠤᠯ ᠤᠨ ᠦᠡᠳᠤᠰᠤᠠ ᠰᠢᠡᠵᠢ ᠴᠢᠨᠠᠷ  ᠬᠢᠭᠡᠳ ᠪᠤᠰᠤᠳ ᠰᠢᠡᠵᠢ ᠴᠢᠨᠠᠷ ᠤᠨ ᠬᠤᠭᠤᠷᠤᠠᠳᠤᠬᠢ ᠬᠠᠷᠢᠴᠠᠭ᠎ᠠ ᠬᠤᠯᠪᠤᠭ᠎ᠠ ᠵᠢᠴᠢ ᠭᠡᠯᠡ ᠪᠢᠴᠢᠭ ᠤᠨ ᠵᠢᠭᠠᠠ  ᠰᠤᠷᠭᠠᠯᠳᠡ ᠶᠢᠨ ᠦᠡᠳᠤᠰᠤᠠ ᠡᠬᠦᠷᠭᠡ ᠬᠢᠭᠡᠳ ᠪᠤᠰᠤᠳ ᠡᠬᠦᠷᠭᠡ ᠶᠢᠨ ᠬᠤᠭᠤᠷᠤᠠᠳᠤᠬᠢ ᠬᠠᠷᠢᠴᠠᠭ᠎ᠠ ᠨᠢ  ᠵᠡᠷᠭᠡᠴᠡᠭᠰᠠᠠ ᠪᠢᠰᠢ ᠬᠠᠷᠢᠠ ᠭᠤᠤᠯ ᠪᠡ ᠲᠠᠭᠠᠯᠳᠤᠬᠤ ᠶᠢᠨ ᠬᠠᠷᠢᠴᠠᠭ᠎ᠠ ᠪᠠᠶᠢᠵᠤ᠂ ᠦᠡᠳᠤᠰᠤᠠ ᠴᠢᠨᠠᠷ ᠬᠢᠭᠡᠳ  ᠦᠡᠳᠤᠰᠤᠠ ᠡᠬᠦᠷᠭᠡ ᠪᠠᠷ ᠭᠤᠤᠯ ᠪᠤᠯᠭᠠᠵᠤ᠂ ᠭᠤᠤᠯᠯᠠᠭᠴᠢ ᠪᠠᠶᠢᠷᠢᠠ ᠳᠤ ᠪᠠᠶᠢᠵᠤ᠂ ᠬᠠᠷᠢᠠ ᠪᠤᠰᠤᠳ ᠰᠢᠡᠵᠢ  ᠴᠢᠨᠠᠷ ᠬᠢᠭᠡᠳ ᠪᠤᠰᠤᠳ ᠡᠬᠦᠷᠭᠡ ᠨᠢ ᠬᠠᠷᠢᠶᠠᠯᠠᠭᠳᠠᠬᠤ ᠪᠠᠶᠢᠷᠢᠠ ᠳᠤ ᠪᠠᠶᠢᠳᠠᠭ᠃ ᠪᠦᠬᠦᠯᠢ ᠢᠵᠢ ᠭᠡᠯᠡ ᠪᠢᠴᠢᠭ ᠤᠨ  ᠵᠢᠭᠠᠬᠤ ᠮᠠᠲ᠋ᠧᠷᠢᠶᠠᠯ ᠤᠨ ᠵᠤᠬᠢᠶᠠᠯ ᠪᠤᠯᠭᠠᠠ ᠨᠢ ᠴᠦᠮ ᠦᠭᠡ ᠭᠡᠯᠡ ᠦᠰᠦᠭ ᠪᠢᠴᠢᠭ ᠢᠶᠠᠷ ᠢᠯᠡᠳᠭᠡᠭᠰᠠᠠ ᠪᠠᠶᠢᠳᠠᠭ ᠃  ᠡᠶᠢᠮᠤ ᠠᠴᠠ ᠪᠠᠨ ᠰᠢᠰᠲ᠋ᠧᠮᠵᠢᠭᠰᠡᠡ ᠦᠭᠡ ᠭᠡᠯᠠᠠ ᠤ ᠵᠢᠭᠠᠠ ᠰᠤᠷᠭᠠᠯᠳᠡ ᠪᠤᠯᠤᠠ ᠪᠦᠷᠢᠯᠳᠤᠵᠤ ᠪᠤᠯᠬᠤ ᠶᠤᠮ᠃  ᠭᠡᠳᠡᠯ᠎ᠠ ᠬᠢᠴᠢᠶᠠᠯ ᠪᠤᠯᠭᠠᠠ ᠤ ᠢᠯᠡᠳᠭᠡᠡ ᠭᠠᠷᠭᠠᠭᠰᠠᠠ ᠦᠵᠠᠯ ᠰᠠᠨᠠᠭᠠᠠ ᠤ ᠠᠭᠤᠯᠭ᠎ᠠ᠂ ᠤᠷᠠᠯᠢᠭ ᠤᠨ ᠲᠦᠷᠢ ᠪᠤᠶᠤ  ᠰᠢᠡᠵᠢᠯᠠᠬᠦ ᠤᠠᠬᠭᠠᠠ ᠰᠤᠶᠤᠯ ᠤᠨ ᠮᠡᠳᠡᠯᠭᠡ ᠨᠢ ᠬᠠᠷᠢᠠ ᠬᠠᠷᠢᠯᠴᠡᠡ ᠪᠦᠷ ᠠᠳᠡᠯᠢ ᠦᠭᠡᠢ ᠪᠠᠶᠢᠵᠤ᠂ ᠬᠤᠶᠢᠨ᠎ᠠ  ᠡᠮᠤᠨ᠎ᠠ ᠪᠠᠨ ᠬᠠᠷᠢᠯᠴᠡᠡ ᠬᠤᠯᠪᠤᠯᠳᠤᠬᠤ ᠦᠭᠡᠢ ᠪᠠᠶᠢᠳᠠᠭ ᠠᠴᠠ  ᠵᠦᠪᠬᠡᠨ ᠬᠢᠴᠢᠶᠠᠯ ᠤᠨ ᠠᠭᠤᠯᠭ᠎ᠠ ᠶᠢᠨ  ᠬᠤᠪᠢᠷᠠᠯᠳᠡ ᠶᠢ ᠲᠠᠭᠠᠭᠤᠯᠤᠠ ᠲᠤᠰ ᠲᠤᠰ ᠤᠨ ᠲᠤᠬᠢᠷᠠᠮᠵᠢᠳᠡᠢ ᠵᠢᠭᠠᠠ ᠰᠤᠷᠭᠠᠯᠳᠡ ᠶᠢ ᠶᠠᠪᠤᠭᠳᠠᠭᠤᠯᠬᠤ ᠪᠡ  ᠲᠡᠷᠡ ᠨᠢ ᠵᠤᠬᠢᠬᠤ ᠰᠢᠰᠲ᠋ᠧᠮᠴᠢ ᠴᠢᠨᠠᠷ ᠪᠠᠶᠢᠬᠤ ᠪᠤᠯᠤᠯᠴᠠᠭ᠎ᠠ ᠦᠭᠡᠢ ᠪᠠᠶᠢᠳᠠᠭ᠃        ᠬᠤᠶᠠᠷ ᠲᠤ᠂ ᠭᠤᠷᠪᠠ ᠶᠢ ︽ᠲᠠᠶᠢᠴᠢᠯᠠᠠ  ᠬᠦᠮᠦᠵᠢᠭᠦᠯᠦᠨ᠎ᠡ︾᠄ ᠦᠭᠡ ᠭᠡᠯᠠᠠ ᠤ ᠵᠢᠭᠠᠠ ᠰᠤᠷᠭᠠᠯᠳᠡ ᠨᠢ  ᠦᠵᠠᠯ ᠰᠠᠨᠠᠭᠠᠠ ᠤ ᠬᠦᠮᠤᠵᠢᠯ᠂ ᠤᠷᠠᠠ ᠵᠤᠬᠢᠶᠠᠯ ᠤᠨ ᠵᠢᠭᠠᠠ ᠰᠤᠷᠭᠠᠯᠳᠡ ᠬᠢᠭᠡᠳ ᠮᠡᠳᠡᠯᠭᠡ ᠶᠢᠨ ᠵᠢᠭᠠᠠ  ᠰᠤᠷᠭᠠᠯᠳᠡ ᠶᠢ ᠲᠠᠶᠢᠴᠢᠯᠠᠠ ᠬᠦᠮᠦᠵᠢᠭᠦᠯᠦᠨ᠎ᠡ︔    ᠡᠩ ᠲᠡᠷᠢᠬᠦᠠ ᠳᠤ᠂ ᠦᠵᠠᠯ ᠰᠠᠨᠠᠭᠠᠠ ᠤ ᠬᠦᠮᠤᠵᠢᠯ ᠢ   ᠲᠠᠶᠢᠴᠢᠯᠠᠨ᠎ᠠ᠂ ᠡᠨᠡ ᠪᠤᠯ ᠭᠡᠯᠡ ᠪᠢᠴᠢᠭ ᠤᠨ ᠵᠢᠭᠠᠠ ᠰᠤᠷᠭᠠᠯᠳᠡ ᠶᠢᠨ ᠴᠢᠬᠤᠯᠠ ᠡᠬᠦᠷᠭᠡ ᠪᠤᠯᠤᠨ᠎ᠠ᠃ ᠭᠡᠯᠡ  ᠪᠢᠴᠢᠭ ᠤᠨ ᠵᠢᠭᠠᠬᠤ ᠮᠠᠲ᠋ᠧᠷᠢᠶᠠᠯ ᠨᠢ ᠬᠦᠠ ᠨᠠᠷᠢᠠ ᠦᠵᠠᠯ  ᠰᠠᠨᠠᠭᠠᠲᠤ ᠴᠢᠨᠠᠷ ᠲᠠᠢ ᠪᠠᠶᠢᠵᠤ᠂ ᠰᠤᠷᠤᠭᠴᠢᠳ ᠤᠨ  ᠦᠵᠠᠯ ᠰᠠᠨᠠᠭ᠎ᠠ ᠬᠠᠶᠢᠷ᠎ᠠ ᠰᠡᠳᠬᠢᠯᠭᠡ ᠶᠢ ᠬᠦᠭᠵᠢᠭᠡᠵᠤ᠂ ᠦᠵᠠᠯ ᠰᠠᠨᠠᠭᠠᠠ ᠤ ᠠᠭᠤᠯᠭ᠎ᠠ ᠶᠢᠨ ᠨᠦᠯᠤᠭᠡᠯᠠᠯ ᠢ  ᠬᠦᠷᠳᠡᠵᠤ᠂ ᠲᠡᠬᠦᠠ ᠤ ᠤᠯᠠᠮ ᠠᠴᠠ ᠦᠪᠠᠷ ᠤᠨ ᠦᠵᠠᠯ ᠰᠠᠨᠠᠭ᠎ᠠ ᠲᠠᠨᠢᠯᠳᠡ ᠪᠠᠨ ᠲᠡᠭᠡᠭᠰᠢᠯᠠᠬᠦᠯᠳᠡᠭ᠃ ᠦᠭᠡ  ᠭᠡᠯᠡ ᠦᠰᠦᠭ ᠪᠢᠴᠢᠭ ᠤᠨ ᠲᠠᠯ᠎ᠠ ᠪᠠᠷ ᠬᠢ ᠤᠢᠢᠯᠠᠭᠠᠯᠳᠡ ᠨᠢ ᠭᠡᠳᠤᠢ ᠬᠦᠠ ᠪᠤᠯ ᠲᠡᠳᠤᠢ ᠶᠡᠭᠡ ᠨᠦᠯᠤᠭᠡᠯᠠᠯ ᠤᠨ  ᠤᠢᠢᠯᠡᠳᠤᠯ ᠲᠠᠢ ᠪᠠᠶᠢᠳᠠᠭ᠃ ᠨᠦᠬᠦᠭᠡ ᠲᠠᠯ᠎ᠠ ᠪᠠᠷ᠂ ᠬᠢᠴᠢᠶᠠᠯ ᠤᠨ ᠲᠠᠪᠳᠡᠷ ᠲᠠᠬᠢ ᠵᠤᠬᠢᠶᠠᠯ ᠠᠴᠠ ᠦᠭᠡ ᠭᠡᠯᠡ  ᠦᠰᠦᠭ ᠪᠢᠴᠢᠭ ᠤᠨ ᠦᠵᠠᠯ ᠰᠠᠨᠠᠭ᠎ᠠ ᠶᠢ ᠤᠢᠢᠯᠠᠭᠠᠬᠤ ᠪᠡ ᠰᠤᠷᠤᠯᠴᠠᠬᠤ ᠨᠢ ᠪᠠᠰᠠ ᠶᠠᠷᠤᠳᠡ ᠶᠢᠨ ᠦᠶ᠎ᠠ ᠶᠢᠨ  ᠦᠭᠡ ᠭᠡᠯᠡ ᠦᠰᠦᠭ ᠪᠢᠴᠢᠭ ᠢᠶᠠᠷ ᠢᠯᠡᠳᠭᠡᠬᠦ ᠶᠢᠨ ᠲᠤᠮᠳᠡ ᠵᠤᠬᠢᠬᠤ ᠦᠵᠠᠯ ᠰᠠᠨᠠᠭ᠎ᠠ ᠶᠢᠨ ᠤᠳᠬ᠎ᠠ ᠠᠭᠤᠯᠭ᠎ᠠ ᠶᠢ  ᠬᠦᠡᠳᠤᠳᠭᠡᠬᠦ ᠪᠡ ᠡᠷᠬᠢᠮᠯᠡᠬᠦ ᠪᠤᠯᠭᠠᠨ᠎ᠠ᠃ ᠡᠨᠡ ᠪᠤᠯ ᠲᠠᠷᠤᠢ ᠦᠭᠡ ᠭᠡᠯᠠᠠ ᠤ ᠵᠢᠭᠠᠠ ᠰᠤᠷᠭᠠᠯᠳᠡ ᠪᠠᠷ ᠦᠵᠠᠯ  ᠰᠠᠨᠠᠭᠠᠠ ᠤ ᠬᠦᠮᠤᠵᠢᠯ ᠢ  ᠲᠠᠶᠢᠴᠢᠯᠠᠬᠤ ᠴᠢᠬᠤᠯᠠ ᠡᠬᠦᠷᠭᠡ ᠪᠤᠯᠤᠨ᠎ᠠ᠃          ᠲᠠᠷᠠᠭ᠎ᠠ ᠨᠢ᠂ ᠤᠷᠠᠠ ᠵᠤᠬᠢᠶᠠᠯ ᠤᠨ ᠵᠢᠭᠠᠠ ᠰᠤᠷᠭᠠᠯᠳᠡ ᠶᠢ  ᠲᠠᠶᠢᠴᠢᠯᠠᠨ᠎ᠠ᠂ ᠡᠨᠡ ᠪᠤᠯ ᠵᠦᠪᠭᠡᠡ ᠭᠡᠯᠡ  ᠪᠢᠴᠢᠭ ᠤᠨ ᠵᠢᠭᠠᠠ ᠰᠤᠷᠭᠠᠯᠳᠡ ᠳᠤ ᠯᠠ ᠪᠠᠶᠢᠳᠠᠭ ᠡᠬᠦᠷᠭᠡ ᠪᠤᠯᠤᠨ᠎ᠠ᠃ ᠭᠡᠯᠡ ᠪᠢᠴᠢᠭ ᠤᠨ ᠵᠢᠭᠠᠬᠤ  ᠮᠠᠲ᠋ᠧᠷᠢᠶᠠᠯ ᠳᠤ ᠭᠠᠳᠠᠭᠠᠳᠤ ᠲᠤᠳᠤᠭᠠᠳᠤ ᠶᠢᠨ ᠡᠷᠳᠡᠡ ᠡᠳᠤᠭᠡ ᠶᠢᠨ ᠶᠡᠭᠡ ᠭᠡᠮᠵᠢᠶᠠᠠ ᠤ ᠤᠷᠠᠠ ᠵᠤᠬᠢᠶᠠᠯ ᠤᠨ  ᠰᠢᠯᠢᠳᠡᠭ ᠪᠦᠳᠤᠭᠡᠯ ᠤᠳ ᠢ ᠰᠤᠩᠭᠤᠠ ᠤᠷᠤᠭᠤᠯᠤᠭᠰᠠᠠ ᠠᠴᠠ ᠠᠮᠢᠳᠤ ᠴᠤᠪᠤᠭᠤ ᠤᠷᠠᠠ ᠵᠤᠬᠢᠶᠠᠯ ᠤᠨ ᠴᠢᠨᠠᠷᠳᠠᠢ  ᠪᠠᠶᠢᠳᠠᠭ᠃ ᠵᠤᠬᠢᠶᠠᠯ ᠤᠨ ᠲᠤᠳᠤᠷᠠᠬᠢ ᠰᠢᠯᠢᠳᠡᠭ ᠰᠠᠶᠢᠬᠠᠠ ᠤᠳᠬ᠎ᠠ ᠵᠤᠬᠢᠶᠠᠯ ᠤᠨ ᠦᠭᠡ ᠭᠡᠯᠡ ᠬᠢᠭᠡᠳ  ᠤᠷᠠᠯᠢᠭ ᠤᠨ ᠲᠦᠷᠢ ᠨᠢ ᠤᠷᠠᠠ ᠵᠤᠬᠢᠶᠠᠯᠴᠢ ᠴᠢᠨᠠᠷ ᠢᠶᠠᠷ ᠪᠠᠶᠠᠯᠢᠭ ᠦᠭᠡ ᠭᠡᠯᠡ ᠦᠰᠦᠭ ᠪᠢᠴᠢᠭ ᠢ ᠨᠡᠩ  ᠰᠠᠶᠢᠠ ᠢᠶᠠᠷ ᠪᠠᠭ᠋ᠠᠷᠬᠠᠬᠤ ᠪᠡ ᠰᠤᠷᠤᠯᠴᠠᠬᠤ ᠶᠠᠪᠤᠳᠡᠯ ᠳᠤ ᠲᠤᠰᠠ ᠲᠡᠮᠵᠢᠯᠭᠡ ᠪᠤᠯᠵᠤ᠂ ᠲᠡᠬᠦᠠ ᠤ ᠤᠯᠠᠮ ᠠᠴᠠ  ᠭᠤᠸ᠎ᠠ ᠰᠠᠶᠢᠬᠠᠠ ᠤ ᠬᠦᠮᠤᠵᠢᠯ ᠢ ᠬᠦᠷᠳᠡᠬᠦ ᠪᠤᠯᠭᠠᠨ᠎ᠠ᠃ ᠪᠠᠰᠠ ᠡᠩ ᠤᠨ ᠦᠶ᠎ᠠ ᠶᠢᠨ ᠦᠭᠡ ᠭᠡᠯᠠ ᠦᠰᠦᠭ  ᠪᠢᠴᠢᠭ ᠢᠶᠠᠷ ᠢᠯᠡᠳᠭᠡᠬᠦ ᠶᠢᠨ ᠲᠤᠮᠳᠡ ᠪᠠᠨ ᠦᠭᠡ ᠭᠡᠷᠡᠭᠯᠠᠵᠤ ᠦᠬᠦᠯᠠᠪᠤᠷᠢ ᠵᠤᠬᠢᠶᠠᠬᠤ ᠳᠤ ᠠᠮᠢᠳᠤ ᠴᠤᠪᠤᠭᠤ  ᠪᠠᠶᠢᠬᠤ ᠳᠤ ᠲᠤᠰᠠ ᠲᠡᠮᠵᠢᠯᠭᠡ ᠪᠤᠯᠳᠠᠭ᠃ ᠡᠨᠠᠬᠦ ᠵᠦᠪᠭᠡᠡ ᠨᠢᠭᠡ ᠯᠠ ᠪᠠᠶᠢᠳᠠᠭ ᠵᠢᠭᠠᠠ ᠰᠤᠷᠭᠠᠬᠤ ᠡᠬᠦᠷᠭᠡ ᠨᠢ  ᠪᠤᠰᠤᠳ ᠬᠢᠴᠢᠶᠠᠯ ᠲᠦᠷᠤᠯ ᠳᠤ ᠶᠠᠷᠤ ᠨᠢ ᠪᠠᠶᠢᠬᠤ ᠪᠤᠯᠤᠯᠴᠠᠭ᠎ᠠ ᠦᠭᠡᠢ ᠪᠠᠶᠢᠳᠠᠭ᠃        ᠲᠠᠬᠢᠪᠠᠯ᠂ ᠮᠡᠳᠡᠯᠭᠡ ᠶᠢᠨ ᠵᠢᠭᠠᠠ ᠰᠤᠷᠭᠠᠯᠳᠡ ᠶᠢ  ᠲᠠᠶᠢᠴᠢᠯᠠᠨ᠎ᠠ᠂ ᠡᠨᠡ ᠪᠤᠯ ᠭᠡᠯᠡ ᠪᠢᠴᠢᠭ ᠤᠨ ᠵᠢᠭᠠᠠ  ᠰᠤᠷᠭᠠᠯᠳᠡ ᠶᠢᠨ ᠴᠢᠬᠤᠯᠠ ᠡᠬᠦᠷᠭᠡ ᠪᠤᠯᠤᠨ᠎ᠠ᠃ ᠵᠢᠭᠠᠬᠤ ᠮᠠᠲ᠋ᠧᠷᠢᠶᠠᠯ ᠤᠨ ᠲᠤᠳᠤᠷᠠᠬᠢ ᠦᠭᠡ ᠭᠡᠯᠡ ᠦᠰᠦᠭ  ᠪᠢᠴᠢᠭ ᠤᠨ ᠲᠤᠳᠤᠷ᠎ᠠ ᠡᠯ᠎ᠠ ᠵᠦᠢᠯ ᠤᠨ ᠮᠡᠳᠡᠯᠭᠡ ᠶᠢᠨ ᠠᠭᠤᠯᠭ᠎ᠠ ᠪᠠᠭᠳᠠᠭᠳᠠᠵᠤ ᠪᠠᠶᠢᠳᠠᠭ᠂ ᠵᠢᠱᠢᠶᠠᠯᠠᠪᠠᠯ᠄ ᠦᠭᠡ  ᠭᠡᠯᠠᠠ ᠤ ᠮᠡᠳᠡᠯᠭᠡ᠂  ᠰᠢᠨᠵᠢᠯᠡᠬᠦ  ᠤᠬᠠᠭᠠᠨ ᠤ ᠮᠡᠳᠡᠯᠭᠡ᠂ ᠤᠯᠤᠰ ᠲᠦᠷᠤ ᠶᠢᠨ ᠮᠡᠳᠡᠯᠭᠡ᠂ ᠲᠡᠤᠭᠡ ᠰᠤᠶᠤᠯ ᠤᠨ  ᠮᠡᠳᠡᠯᠭᠡ᠂ ᠤᠳᠤ ᠦᠶ᠎ᠠ ᠶᠢᠨ ᠨᠡᠶᠢᠭᠡᠮ ᠤᠨ ᠠᠮᠢᠳᠤᠷᠠᠯ ᠤᠨ ᠮᠡᠳᠡᠯᠭᠡ ᠵᠡᠷᠭᠡ ᠨᠢ ᠦᠷᠭᠡᠡ ᠲᠡᠯᠭᠡᠷ ᠮᠡᠳᠡᠯᠭᠡ ᠶᠢᠨ  ᠴᠢᠨᠠᠷᠳᠡᠢ ᠪᠠᠶᠢᠳᠠᠭ᠃ ᠲᠡᠮᠳᠡᠭᠯᠠᠠ ᠲᠤᠭᠠᠴᠢᠭᠰᠠᠠ ᠵᠤᠬᠢᠶᠠᠯ᠂ ᠲᠠᠶᠢᠯᠪᠤᠷᠢᠯᠠᠠ ᠲᠤᠭᠠᠴᠢᠭᠰᠠᠠ ᠵᠤᠬᠢᠶᠠᠯ᠂  ᠤᠶᠠᠩᠭ᠎ᠠ ᠶᠢᠨ ᠵᠤᠬᠢᠶᠠᠯ ᠪᠤᠶᠤ ᠰᠢᠬᠦᠮᠵᠢᠯᠠᠠ ᠦᠬᠦᠯᠡᠭᠰᠠᠠ ᠵᠤᠬᠢᠶᠠᠯ ᠨᠢ ᠪᠦᠷ ᠴᠢᠬᠤᠯᠠ ᠪᠦᠬᠦᠢ ᠮᠡᠳᠡᠯᠭᠡ ᠶᠢᠨ  ᠠᠭᠤᠯᠭ᠎ᠠ ᠲᠤᠳᠠᠭᠳᠠᠵᠤ ᠪᠤᠯᠬᠤ ᠦᠭᠡᠢ ᠪᠠᠶᠢᠳᠠᠭ᠃ ᠮᠡᠳᠡᠯᠭᠡ ᠶᠢᠨ ᠠᠭᠤᠯᠭ᠎ᠠ ᠶᠢᠨ ᠲᠠᠯ᠎ᠠ ᠪᠠᠷ ᠦᠭᠡ ᠭᠡᠯᠡ  ᠦᠰᠦᠭ ᠪᠢᠴᠢᠭ ᠢ ᠰᠤᠷᠤᠯᠴᠠᠬᠤ ᠳᠤ ᠨᠡᠩ ᠪᠤᠳᠡᠳᠡᠢ ᠪᠠᠷ ᠦᠭᠡ ᠭᠡᠯᠡ ᠦᠰᠦᠭ ᠪᠢᠴᠢᠭ ᠤᠨ ᠢᠯᠡᠳᠭᠡᠬᠦ  ᠤᠢᠢᠯᠡᠳᠤᠯ ᠢ ᠤᠢᠢᠯᠠᠭᠠᠭᠰᠠᠠ ᠪᠠᠶᠢᠬᠤ ᠬᠡᠷᠡᠭᠳᠡᠢ ᠪᠡ ᠡᠨᠡ ᠨᠢ ᠪᠠᠰᠠ ᠡᠩ ᠤᠨ ᠦᠶ᠎ᠠ ᠶᠢᠨ ᠦᠭᠡ ᠭᠡᠯᠡ ᠪᠠᠷ  ᠢᠯᠡᠳᠭᠡᠬᠦ ᠶᠢᠨ ᠲᠤᠮᠳᠡ ᠪᠠᠨ ᠡᠯ᠎ᠠ ᠵᠦᠢᠯ ᠤᠨ ᠴᠢᠬᠤᠯᠠ ᠪᠦᠬᠦᠢ ᠮᠡᠳᠡᠯᠭᠡ ᠶᠢ ᠬᠦᠡᠳᠤᠳᠭᠡᠬᠦ ᠪᠡ ᠡᠷᠬᠢᠮᠯᠠᠬᠦ  ᠬᠡᠷᠡᠭᠳᠡᠢ ᠪᠠᠶᠢᠳᠠᠭ᠃          ᠦᠵᠡᠯ  ᠰᠠᠨᠠᠭᠠᠠ ᠤ ᠬᠦᠮᠤᠵᠢᠯ᠂ ᠤᠷᠠᠠ ᠵᠤᠬᠢᠶᠠᠯ ᠤᠨ ᠵᠢᠭᠠᠠ ᠰᠤᠷᠭᠠᠯᠳᠡ ᠬᠢᠭᠡᠳ ᠮᠡᠳᠡᠯᠭᠡ ᠶᠢᠨ ᠵᠢᠭᠠᠠ  ᠰᠤᠷᠭᠠᠯᠳᠡ ᠨᠢ ᠪᠦᠷ ᠦᠭᠡ ᠭᠡᠯᠠᠠ ᠤ ᠵᠢᠭᠠᠠ ᠰᠤᠷᠭᠠᠯᠳᠡ ᠪᠠᠷ ᠰᠠᠭᠤᠷᠢ ᠪᠤᠯᠭᠠᠭᠰᠠᠠ ᠪᠡ ᠭᠤᠤᠯ ᠪᠤᠯᠭᠠᠠ᠂ ᠦᠭᠡ  ᠭᠡᠯᠠᠠ ᠤ ᠵᠢᠭᠠᠠ ᠰᠤᠷᠭᠠᠯᠳᠡ ᠶᠢ ᠲᠠᠭᠠᠯᠳᠤᠠ ᠶᠠᠪᠤᠭᠳᠠᠬᠤ ᠪᠦᠭᠡᠳ ᠪᠠᠰᠠ ᠦᠭᠡ ᠭᠡᠯᠡᠡ ᠤ ᠵᠢᠭᠠᠠ ᠰᠤᠷᠭᠠᠯᠳᠡ ᠶᠢᠨ  ᠪᠠᠶᠠᠯᠠᠬᠦᠯᠤᠯᠳᠡ ᠪᠠᠷ ᠪᠡᠶᠡᠯᠡᠭᠳᠡᠳᠡᠭ᠃ ᠡᠬᠦᠠ ᠢ ᠬᠤᠷᠢᠶᠠᠩᠭᠤᠢᠢᠯᠠᠭᠠᠳ ᠭᠡᠯᠡᠪᠡᠯ ᠦᠭᠡ ᠭᠡᠯᠡᠡ ᠤ ᠵᠢᠭᠠᠠ  ᠰᠤᠷᠭᠠᠯᠳᠡ ᠨᠢ ᠪᠤᠰᠤᠳ ᠵᠢᠭᠠᠨ ᠰᠤᠷᠭᠠᠯᠳᠠ ᠶᠢ  ᠲᠠᠶᠢᠴᠢᠯᠠᠵᠤ᠂ ᠬᠠᠮᠳᠤ ᠪᠠᠷ ᠢᠶᠠᠨ ᠤᠴᠢᠵᠤ ᠪᠠᠶᠢᠭᠠᠳ ᠭᠡᠯᠡ  ᠪᠢᠴᠢᠭ ᠤᠨ ᠵᠢᠭᠠᠠ ᠰᠤᠷᠭᠠᠯᠳᠡ ᠶᠢᠨ ᠦᠡᠳᠤᠰᠤᠠ ᠡᠬᠦᠷᠭᠡ ᠬᠢᠭᠡᠳ ᠪᠤᠰᠤᠳ ᠡᠬᠦᠷᠭᠡ ᠶᠢ ᠪᠡᠶᠡᠯᠡᠭᠦᠯᠳᠡᠭ ᠪᠠᠶᠢᠨ᠎ᠠ᠃        ᠭᠤᠷᠪᠠ ᠳᠤ᠂ ᠶᠡᠭᠡ ᠪᠠᠭ᠎ᠠ ︽ᠭᠢᠴᠢᠶᠡᠯ ᠤᠨ ᠳᠠᠩᠭᠢᠮ︾᠄ ᠪᠦᠭᠦ᠋ᠢᠯᠠ ᠭᠡᠯᠡ ᠪᠢᠴᠢᠭ ᠤᠨ ᠵᠢᠭᠠᠨ  ᠰᠤᠷᠭᠠᠯᠳᠠ ᠨᠢ ᠭᠢᠴᠢᠶᠡᠯ ᠤᠨ ᠳᠤᠳᠤᠷ᠎ᠠ ᠠᠴᠠ ᠭᠢᠴᠢᠶᠡᠯ ᠤᠨ ᠭᠠᠳᠠᠨ᠎ᠠ ᠪᠠ ᠰᠤᠷᠭᠠᠭᠤᠯᠢ ᠶᠢᠨ ᠭᠠᠳᠠᠨ᠎ᠠ  ᠤᠷᠳᠤᠳᠬᠠᠭᠳᠠᠨ ᠭᠠᠷᠬᠤ︔  ᠭᠢᠴᠢᠶᠡᠯ ᠤᠨ ᠳᠤᠳᠤᠨ᠎ᠠ ᠪᠠᠨ ᠪᠤᠯ ᠵᠢᠵᠢᠭ ᠭᠢᠴᠢᠶᠡᠯ ᠤᠨ ᠳᠠᠩᠭᠢᠮ᠂ ᠭᠤᠤᠯᠳᠠᠭᠤ  ᠦᠭᠡ ᠭᠡᠯᠡᠨ ᠤ ᠵᠢᠭᠠᠨ ᠰᠤᠷᠭᠠᠯᠳᠠ ᠶᠢ ᠶᠠᠪᠤᠭᠳᠠᠭᠤᠯᠬᠤ ᠶᠢᠨ ᠬᠠᠮᠳᠤᠳᠠ ᠪᠤᠰᠤᠳ ᠵᠢᠭᠠᠨ ᠰᠤᠷᠭᠠᠯᠳᠠ ᠶᠢ  ᠳᠠᠶᠢᠴᠢᠯᠠᠨ ᠭᠦᠳᠡᠯᠭᠡᠨ᠎ᠡ᠃ ᠭᠡᠳᠡᠯ᠎ᠡ ᠤᠩᠰᠢᠬᠤ ᠪᠢᠴᠢᠭᠦ ᠰᠤᠨᠤᠰᠬᠤ ᠭᠡᠯᠡᠭᠦ ᠵᠢᠭᠠᠨ ᠰᠤᠷᠭᠠᠯᠳᠠ ᠶᠢᠨ ᠠᠭᠤᠯᠭ᠎ᠠ  ᠢᠯᠠᠩᠭᠤᠶ᠎ᠠ ᠭᠡᠯᠡ ᠪᠢᠴᠢᠭ ᠤᠨ ᠭᠢᠴᠢᠶᠡᠯ ᠤᠨ ᠬᠤᠶᠢᠨᠠᠭᠢ ᠪᠤᠯᠪᠠᠰᠤᠷᠠᠯ ᠢ ᠪᠦᠷ ᠭᠢᠴᠢᠶᠡᠯ ᠤᠨ ᠭᠠᠳᠠᠨᠠᠭᠢ  ᠰᠤᠷᠭᠠᠭᠤᠯᠢ ᠶᠢᠨ ᠠᠮᠢᠳᠤᠷᠠᠯ ᠭᠢᠭᠡᠳ ᠰᠤᠷᠭᠠᠭᠤᠯᠢ ᠶᠢᠨ ᠭᠠᠳᠠᠨᠠᠭᠢ ᠨᠠᠶᠢᠭᠡᠮ ᠤᠨ ᠠᠮᠢᠳᠤᠷᠠᠯ ᠲᠠᠢ ᠵᠤᠭᠢᠰᠳᠠᠢ ᠪᠠᠷ  ᠤᠶᠠᠯᠳᠤᠭᠤᠯᠬᠤ ᠭᠡᠷᠡᠭᠳᠠᠢ᠃ ᠭᠢᠴᠢᠶᠡᠯ ᠤᠨ ᠭᠠᠳᠠᠨᠠᠭᠢ ᠦᠭᠡ ᠭᠡᠯᠡᠨ ᠤ ᠵᠢᠭᠠᠨ ᠰᠤᠷᠭᠠᠯᠳᠠ ᠶᠢᠨ ᠠᠵᠢᠯᠯᠠᠭᠠᠨ  ᠭᠢᠭᠡᠳ ᠪᠤᠰᠤᠳ ᠵᠢᠭᠠᠨ ᠰᠤᠷᠭᠠᠯᠳᠠ ᠨᠢ ᠪᠤᠯ ᠳᠤᠮᠳᠠ ᠭᠢᠴᠢᠶᠡᠯ ᠤᠨ ᠳᠠᠩᠭᠢᠮ ᠪᠤᠯᠤᠨ᠎ᠠ᠃ ᠵᠢᠱᠢᠶᠠᠯᠠᠪᠠᠯ᠄  ᠭᠢᠴᠢᠶᠡᠯ ᠤᠨ ᠭᠠᠳᠠᠨᠠᠭᠢ ᠤᠩᠰᠢᠯᠭ᠎ᠠ᠂ ᠭᠢᠴᠢᠶᠡᠯ ᠤᠨ ᠭᠠᠳᠠᠨᠠᠭᠢ ᠵᠤᠭᠢᠶᠠᠨ ᠪᠢᠴᠢᠯᠭᠡ᠂ ᠰᠠᠭᠤᠳᠠᠯ ᠤᠨ ᠬᠤᠷᠠᠯ᠂  ᠮᠠᠷᠭᠤᠯᠳᠤᠭᠠᠨ ᠤ ᠬᠤᠷᠠᠯ᠂ ᠳᠤᠷ᠎ᠠ ᠰᠤᠨᠢᠷᠬᠠᠯᠳᠤ ᠳᠤᠭᠤᠢᠢᠯᠠᠩ᠂ ᠤᠳᠬ᠎ᠠ ᠵᠤᠭᠢᠶᠠᠯ ᠤᠨ ᠪᠦᠯᠭᠦᠮ᠂ ᠤᠷᠠᠨ  ᠳᠤᠳᠤ ᠤᠩᠰᠢᠯᠭ᠎ᠠ ᠶᠢᠨ ᠤᠷᠤᠯᠳᠤᠭᠠᠨ᠂ ᠶᠠᠷᠢᠶ᠎ᠠ ᠢᠯᠡᠳᠭᠡᠯ ᠤᠨ ᠤᠷᠤᠯᠳᠤᠭᠠᠨ᠂ ᠤᠷᠠᠨ ᠪᠢᠴᠢᠯᠭᠡ ᠶᠢᠨ  ᠤᠷᠤᠯᠳᠤᠭᠠᠨ᠂ ᠵᠤᠭᠢᠶᠠᠨ ᠪᠢᠴᠢᠯᠭᠡ ᠶᠢᠨ ᠤᠷᠤᠯᠳᠤᠭᠠᠨ᠂ ᠨᠤᠮ ᠤᠩᠰᠢᠬᠰᠠᠨ ᠮᠡᠳᠡᠭᠦᠯᠦᠯᠳᠡ ᠶᠢᠨ ᠬᠤᠷᠠᠯ᠂ ᠬᠠᠷ᠎ᠠ  ᠰᠠᠮᠪᠠᠷ᠎ᠠ ᠶᠢᠨ ᠰᠤᠨᠢᠨ ᠨᠠᠶᠢᠷᠠᠭᠤᠯᠤᠨ ᠪᠢᠴᠢᠭᠦ ᠵᠡᠷᠭᠡ᠃ ᠰᠤᠷᠭᠠᠭᠤᠯᠢ ᠶᠢᠨ ᠭᠠᠳᠠᠨ᠎ᠠ ᠦᠷᠨᠢᠭᠦᠯᠦᠨ  ᠶᠠᠪᠤᠭᠳᠠᠭᠤᠯᠤᠭᠰᠠᠨ ᠦᠭᠡ ᠭᠡᠯᠡᠨ ᠤ ᠵᠢᠭᠠᠨ ᠰᠤᠷᠭᠠᠯᠳᠠ ᠶᠢᠨ ᠠᠵᠢᠯᠯᠠᠭᠠᠨ ᠭᠢᠭᠡᠳ ᠪᠤᠰᠤᠳ ᠵᠢᠭᠠᠨ ᠰᠤᠷᠭᠠᠯᠳᠠ᠂  ᠨᠠᠯᠢᠶᠠᠳ ᠶᠡᠭᠡ ᠭᠡᠪᠴᠢᠶᠡᠨ ᠤ ᠦᠭᠡ ᠭᠡᠯᠡᠨ ᠤ ᠤᠢᠢᠯᠡᠳᠤᠯᠭᠡ ᠭᠢᠭᠦ ᠨᠢ ᠶᠡᠭᠡ ᠭᠢᠴᠢᠶᠡᠯ ᠤᠨ ᠳᠠᠩᠭᠢᠮ ᠪᠤᠯᠤᠨ᠎ᠠ᠃  ᠵᠢᠱᠢᠶᠠᠯᠠᠪᠠᠯ᠄ ᠮᠦᠵᠡᠢ ᠳᠤᠭᠤᠷᠢᠨ ᠦᠵᠡᠭᠰᠡᠨ ᠳᠡᠮᠳᠡᠭᠯᠡᠯ᠂ ᠳᠡᠷᠢᠭᠦᠨ ᠤ ᠭᠦᠮᠤᠰ ᠢ ᠰᠤᠷᠪᠤᠯᠵᠢᠯᠠᠬᠰᠠᠨ ᠦᠨᠡᠨ  ᠳᠡᠮᠳᠡᠭᠯᠡᠯ᠂ ᠰᠤᠨᠢᠨ ᠮᠡᠳᠡᠭᠡᠨ ᠤ ᠪᠠᠶᠢᠴᠠᠭᠠᠯᠳᠠ᠂ ᠠᠯᠪᠠᠨ ᠶᠠᠪᠤᠳᠠᠯ ᠤᠨ ᠰᠠᠨᠠᠭᠤᠯᠭ᠎ᠠ᠂ ᠨᠤᠳᠤᠭ ᠤᠨ ᠭᠠᠷᠤᠯᠳᠠ ᠳᠤ  ᠵᠠᠷ ᠮᠡᠳᠡᠭᠡ ᠵᠢᠷᠤᠵᠤ ᠳᠦᠰᠦᠪᠯᠡᠭᠦ᠂ ᠰᠢᠨ᠎ᠠ ᠵᠢᠯ ᠤᠨ ᠬᠤᠤᠰ ᠤᠶᠠᠩᠭ᠎ᠠ ᠪᠢᠴᠢᠭᠦ᠂ ᠬᠤᠳᠠᠯᠳᠤᠭᠠᠨ ᠤ ᠳᠡᠮᠳᠡᠭ  ᠪᠢᠴᠢᠭᠦ᠂ ᠭᠦᠰᠢᠶ᠎ᠠ ᠶᠢᠨ ᠦᠰᠦᠭ ᠪᠢᠴᠢᠭᠦ᠂ ᠰᠤᠷᠪᠤᠯᠵᠢᠯᠠᠬᠴᠢ ᠪᠤᠯᠬᠤ᠂ ᠴᠢᠮᠡᠭᠡᠯᠡᠭᠴᠢ ᠪᠤᠯᠬᠤ ᠵᠡᠷᠭᠡ᠃  ᠭᠢᠴᠢᠶᠡᠯ ᠤᠨ ᠭᠠᠳᠠᠨ᠎ᠠ ᠦᠭᠡ ᠭᠡᠯᠡ ᠰᠤᠷᠬᠤ ᠪᠠ ᠰᠤᠷᠭᠠᠭᠤᠯᠢ ᠶᠢᠨ ᠭᠠᠳᠠᠨᠠᠭᠢ ᠦᠭᠡ ᠭᠡᠯᠡᠨ ᠤ ᠤᠢᠢᠯᠡᠳᠤᠯᠭᠡ  ᠭᠢᠭᠦ ᠨᠢ ᠪᠦᠷ ᠭᠢᠴᠢᠶᠡᠯ ᠤᠨ ᠳᠠᠩᠭᠢᠮ ᠳᠤᠳᠤᠷᠠᠭᠢ ᠦᠭᠡ ᠭᠡᠯᠡᠨ ᠤ ᠵᠢᠭᠠᠨ ᠰᠤᠷᠭᠠᠯᠳᠠ ᠭᠢᠭᠡᠳ ᠪᠤᠰᠤᠳ ᠵᠢᠭᠠᠨ  ᠰᠤᠷᠭᠠᠯᠳᠠ ᠶᠢᠨ ᠤᠷᠳᠤᠳᠬᠠᠯ ᠪᠤᠯᠬᠤ ᠪᠦᠭᠡᠳ ᠳᠠᠷᠠ ᠨᠢ ᠪᠦᠷ ᠪᠠᠭᠰᠢ ᠶᠢᠨ ᠵᠢᠯᠤᠭᠤᠳᠤᠯᠭ᠎ᠠ ᠳᠤᠤᠷ᠎ᠠ ᠶᠠᠪᠤᠭᠳᠠᠵᠤ  ᠂ ᠪᠠᠭᠰᠢ ᠰᠤᠷᠤᠬᠴᠢᠳ ᠬᠠᠷᠢᠯᠴᠠᠨ ᠬᠠᠮᠵᠢᠯᠴᠠᠬᠤ ᠪᠠ ᠤᠠᠴᠠᠭᠠᠢᠢᠯᠠᠨ ᠰᠤᠷᠤᠬᠴᠢᠳ ᠤᠨ ᠭᠦᠳᠡᠯᠦᠩᠭᠦᠢ ᠴᠢᠨᠠᠷ  ᠭᠢᠭᠡᠳ ᠪᠦᠳᠤᠭᠡᠯᠴᠢ ᠴᠢᠨᠠᠷ ᠢ ᠪᠦᠷᠢᠨ ᠭᠦᠢᠴᠡᠳ ᠪᠠᠳᠠᠷᠠᠭᠤᠯᠬᠤ ᠭᠡᠷᠡᠭᠳᠠᠢ ᠶᠤᠮ᠃ ᠡᠨᠡ ᠨᠢ ᠰᠤᠷᠤᠬᠴᠢᠳ ᠤᠨ  ᠦᠭᠡ ᠭᠡᠯᠡ ᠦᠰᠦᠭ ᠪᠢᠴᠢᠭ ᠰᠤᠷᠤᠯᠴᠠᠬᠤ ᠤᠷᠮ᠎ᠠ ᠪᠠᠬ᠎ᠠ ᠭᠢᠭᠡᠳ ᠦᠭᠡ ᠭᠡᠯᠡ ᠦᠰᠦᠭ ᠪᠢᠴᠢᠭ ᠤᠨ ᠢᠯᠡᠳᠭᠡᠭᠦ  ᠴᠢᠳᠠᠪᠤᠷᠢ ᠶᠢ ᠳᠡᠭᠡᠭᠰᠢᠯᠡᠭᠦᠯᠭᠦ ᠳᠤ ᠦᠪ ᠦᠨᠡᠨ ᠭᠦ ᠬᠠᠪᠰᠤᠷᠤᠯᠭ᠎ᠠ ᠳᠡᠮᠵᠢᠯᠭᠡ ᠪᠤᠯᠬᠤ ᠨᠢ ᠳᠠᠮᠵᠢᠭ ᠦᠭᠡᠢ᠃        ᠳᠦᠷᠪᠡ ᠳᠤ᠂ ᠨᠢᠭᠡᠨ ᠵᠤᠷᠪᠤᠰ ᠭᠤᠤᠯ ᠮᠦᠷ ᠰᠤᠷᠠᠭ᠄ ᠰᠢᠡᠵᠢᠯᠡᠭᠦ ᠤᠬᠠᠭᠠᠠᠴᠢ ᠦᠭᠡ ᠭᠡᠯᠡᠨ ᠤ ᠵᠢᠭᠠᠨ  ᠰᠤᠷᠭᠠᠯᠳᠠ ᠶᠢᠨ ᠰᠢᠰᠲ᠋ᠧᠮ   ᠤᠯᠤᠰ ᠭᠡᠷ ᠭᠢᠭᠡᠳ ᠨᠠᠶᠢᠭᠡᠮ ᠤᠨ ᠳᠠᠯ᠎ᠠ ᠠᠴᠠ ᠭᠡᠯᠡ ᠪᠢᠴᠢᠭ ᠤᠨ ᠵᠢᠭᠠᠨ ᠰᠤᠷᠭᠠᠯᠳᠠ ᠳᠠᠬᠢ ᠪᠤᠳᠠᠳᠠᠢ  ᠱᠠᠭᠠᠷᠳᠠᠯᠭ᠎ᠠ᠂ ᠳᠤᠮᠳᠠᠳᠤ ᠰᠤᠷᠭᠠᠭᠤᠯᠢ ᠶᠢᠨ ᠰᠤᠷᠤᠬᠴᠢᠳ ᠤᠨ ᠦᠭᠡ ᠭᠡᠯᠡ ᠦᠰᠦᠭ ᠪᠢᠴᠢᠭ ᠰᠤᠷᠬᠤ ᠶᠢᠨ ᠵᠢᠮ᠎ᠠ  ᠬᠠᠤᠯᠢ ᠵᠢᠴᠢ ᠠᠳᠠᠯᠢ ᠪᠤᠰᠤ ᠨᠠᠰᠤᠨ ᠤ ᠱᠠᠳᠤ ᠦᠶ᠎ᠡ ᠳᠠᠬᠢ ᠰᠡᠳᠭᠢᠴᠡ ᠶᠢᠨ ᠤᠠᠴᠠᠯᠢᠭ ᠢ ᠵᠢᠷᠤᠮᠯᠠᠨ᠂ ᠵᠤᠭᠢᠬᠤ  ᠰᠢᠡᠵᠢᠯᠡᠭᠦ ᠤᠬᠠᠭᠠᠠᠴᠢ ᠴᠢᠨᠠᠷ ᠪᠦᠭᠦᠢ ᠦᠭᠡ ᠭᠡᠯᠡᠨ ᠤ ᠵᠢᠭᠠᠨ ᠰᠤᠷᠭᠠᠯᠳᠠ ᠶᠢᠨ ᠰᠢᠰᠲᠧᠮ ᠢ ᠪᠠᠶᠢᠭᠤᠯᠬᠤ ᠭᠡᠷᠡᠭᠳᠠᠢ  ᠃ ᠡᠨᠡᠭᠦ ᠰᠢᠰᠲ᠋ᠧᠮ ᠨᠢ ᠪᠦᠭᠦ᠋ᠢᠯᠠ ᠭᠡᠯᠡ ᠪᠢᠴᠢᠭ ᠤᠨ ᠵᠢᠭᠠᠨ ᠰᠤᠷᠭᠠᠯᠳᠠ ᠶᠢᠨ ᠭᠤᠤᠯ ᠰᠦᠪᠡᠭᠴᠢ ᠪᠤᠯᠤᠭᠰᠠᠨ  ᠪᠠᠶᠢᠬᠤ ᠭᠡᠷᠡᠭᠳᠠᠢ᠃ ᠡᠭᠦᠨ ᠳᠤ ᠠᠩᠬ᠎ᠠ ᠳᠤᠮᠳᠠᠳᠤ ᠠᠴᠠ ᠦᠡᠳᠤᠷ ᠵᠡᠷᠭᠡ ᠶᠢᠨ ᠭᠤᠷᠪᠠᠳᠤᠭᠠᠷ ᠤᠨ ᠪᠤᠯᠳᠠᠯᠠᠭᠢ  ᠰᠢᠰᠲ᠋ᠧᠮᠴᠢ ᠤᠩᠰᠢᠬᠤ ᠪᠢᠴᠢᠭᠦ ᠰᠤᠨᠤᠰᠬᠤ ᠶᠠᠷᠢᠬᠤ ᠦᠭᠡ ᠭᠡᠯᠡᠨ ᠤ ᠵᠢᠭᠠᠨ ᠰᠤᠷᠭᠠᠯᠳᠠ᠂ ᠦᠭᠡ ᠭᠡᠯᠡᠨ ᠤ ᠵᠢᠭᠠᠨ  ᠰᠤᠷᠭᠠᠯᠳᠠ ᠶᠢᠨ ᠡᠯ᠎ᠠ ᠵᠦᠢᠯ ᠤᠨ ᠦᠭᠡ ᠭᠡᠯᠡᠨ ᠤ ᠮᠡᠳᠡᠯᠭᠡ ᠶᠢ ᠪᠠᠭᠳᠠᠭᠠᠭᠰᠠᠨ᠂ ᠪᠠᠰᠠ ᠭᠢᠴᠢᠶᠡᠯ ᠤᠨ ᠭᠠᠳᠠᠨ᠎ᠠ  ᠦᠭᠡ ᠭᠡᠯᠡ ᠰᠤᠷᠬᠤ ᠪᠠ ᠰᠤᠷᠭᠠᠭᠤᠯᠢ ᠶᠢᠨ ᠭᠠᠳᠠᠨᠠᠭᠢ ᠦᠭᠡ ᠭᠡᠯᠡᠨ ᠤ ᠰᠤᠷᠤᠯᠴᠠᠯᠭ᠎ᠠ ᠭᠢᠭᠡᠳ ᠰᠤᠷᠭᠠᠭᠤᠯᠢ ᠶᠢᠨ  ᠭᠠᠳᠠᠨᠠᠭᠢ ᠦᠭᠡ ᠭᠡᠯᠡᠨ ᠤ ᠤᠢᠢᠯᠡᠳᠤᠯᠭᠡ ᠶᠢ ᠪᠠᠭᠳᠠᠭᠠᠭᠰᠠᠨ᠂ ᠦᠭᠡ ᠭᠡᠯᠡᠨ ᠤ ᠵᠢᠭᠠᠨ ᠰᠤᠷᠭᠠᠯᠳᠠ ᠪᠠᠷ ᠰᠠᠭᠤᠷᠢ  ᠪᠠ ᠭᠤᠤᠯ ᠪᠤᠯᠭᠠᠭᠰᠠᠨ᠂ ᠶᠡᠭᠡ ᠪᠠᠭ᠎ᠠ ᠭᠤᠷᠪᠠᠨ ︽ᠭᠢᠴᠢᠶᠡᠯ ᠤᠨ ᠳᠠᠩᠭᠢᠮ︾ ᠤᠨ ᠠᠯᠢᠪᠠ ᠦᠭᠡ ᠭᠡᠯᠡᠨ ᠤ ᠵᠢᠭᠠᠨ  ᠰᠤᠷᠭᠠᠯᠳᠠ ᠶᠢ ᠨᠢᠭᠡ ᠴᠤᠭᠴᠠ ᠪᠤᠯᠭᠠᠨ ᠨᠠᠶᠢᠯᠡᠭᠦᠯᠦᠭᠰᠡᠨ ᠤ ᠬᠠᠮᠳᠤᠳᠠ ᠪᠤᠰᠤᠳ ᠵᠢᠭᠠᠨ ᠰᠤᠷᠭᠠᠯᠳᠠ ᠶᠢ  ᠳᠠᠶᠢᠴᠢᠯᠠᠨ ᠭᠦᠳᠡᠯᠭᠡᠭᠰᠡᠨ᠂ ᠦᠪ ᠦᠨᠡᠨ ᠭᠦ ᠭᠡᠯᠡ ᠪᠢᠴᠢᠭ ᠤᠨ ᠭᠢᠴᠢᠶᠡᠯ ᠳᠦᠷᠦᠯ ᠤᠨ ᠦᠡᠳᠤᠰᠤᠨ ᠰᠢᠨᠵᠢ  ᠴᠢᠨᠠᠷ ᠭᠢᠭᠡᠳ ᠪᠤᠰᠤᠳ ᠰᠢᠡᠵᠢ ᠴᠢᠨᠠᠷ ᠢ ᠢᠯᠡᠷᠡᠭᠦᠯᠦᠭᠰᠡᠨ ᠪᠠ ᠭᠡᠯᠡ ᠪᠢᠴᠢᠭ ᠤᠨ ᠵᠢᠭᠠᠨ ᠰᠤᠷᠭᠠᠯᠳᠠ ᠶᠢᠨ  ᠦᠡᠳᠤᠰᠤᠨ ᠡᠭᠦᠷᠭᠡ ᠪᠠ ᠪᠤᠰᠤᠳ ᠡᠭᠦᠷᠭᠡ ᠶᠢ ᠪᠦᠭᠦᠳᠠᠯ᠎ᠠ ᠪᠠᠷ ᠪᠡᠶᠡᠯᠡᠭᠦᠯᠭᠦ ᠶᠢ ᠳᠦᠯᠭᠢᠨ ᠠᠭᠢᠭᠤᠯᠤᠭᠰᠠᠨ ᠭᠡᠵᠤ  ᠭᠡᠯᠡᠵᠦ ᠪᠤᠯᠤᠨ᠎ᠠ᠃ ᠳᠠᠭᠠᠯᠳᠤᠭᠤᠯᠤᠨ ᠭᠡᠯᠡᠭᠦ ᠴᠢᠬᠤᠯᠠᠳᠠᠢ ᠨᠢ᠂ ᠠᠳᠡ ᠭᠡᠯᠡᠵᠦ ᠪᠠᠶᠢᠭ᠎ᠠ ︽ᠭᠤᠤᠯ ᠰᠦᠪᠡᠭᠴᠢ︾  ᠭᠡᠳᠡᠭ ᠨᠢ᠂ ᠭᠡᠷᠪᠡ ᠪᠤᠰᠤᠳ ᠵᠢᠭᠠᠨ ᠰᠤᠷᠭᠠᠯᠳᠠ ᠶᠢᠨ ᠵᠠᠷᠢᠮ ᠠᠭᠤᠯᠭ᠎ᠠ ᠨᠢ ᠭᠤᠤᠯ ᠰᠦᠪᠡᠭᠴᠢ ᠱᠤᠭᠤᠮ ᠲᠠᠢ  ᠬᠠᠮᠵᠢᠯᠴᠠᠬᠤ ᠮᠦᠷᠳᠡᠭᠡᠨ ᠪᠠᠰᠠ ᠭᠡᠰᠡᠭ ᠳᠠᠯ᠎ᠠ ᠶᠢᠨ  ᠰᠢᠰᠲ᠋ᠧᠮᠴᠢ ᠴᠢᠨᠠᠷ ᠲᠠᠢ ᠪᠠᠶᠢᠪᠠᠯ ᠳᠡᠭᠦᠨ ᠢ ᠪᠠᠰᠠ ᠭᠤᠤᠯ  ᠰᠦᠪᠡᠭᠴᠢ ᠱᠤᠭᠤᠮ ᠨᠢ ᠳᠠᠭᠠᠯᠳᠤᠬᠤ ᠪᠤᠰᠤᠳ ᠵᠢᠭᠠᠨ ᠰᠤᠷᠭᠠᠯᠳᠠ ᠶᠢᠨ ᠰᠦᠪᠡᠭᠴᠢ ᠶᠢ ᠳᠠᠶᠢᠴᠢᠯᠠᠨ  ᠭᠦᠳᠡᠯᠭᠡᠭᠰᠡᠨ ᠢᠶᠠᠷ ᠦᠵᠡᠭᠦ ᠭᠡᠷᠡᠭᠳᠠᠢ᠃        ᠦᠭᠡ ᠭᠡᠯᠡᠨ ᠤ ᠵᠢᠭᠠᠨ ᠰᠤᠷᠭᠠᠯᠳᠠ ᠶᠢᠨ ᠰᠢᠰᠲ᠋ᠧᠮ ᠢ ᠪᠠᠶᠢᠭᠤᠯᠬᠤ ᠶᠠᠪᠤᠳᠠᠯ ᠪᠤᠯ ᠨᠢᠭᠡᠨ ᠭᠦᠴᠢᠷ ᠳᠦᠪᠡᠭᠳᠡᠢ  ᠨᠠᠷᠢᠨ ᠪᠤᠳᠤᠯᠢᠶᠠᠠᠳᠠᠢ ᠰᠤᠳᠤᠯᠭᠠᠨ ᠤ ᠰᠡᠳᠤᠪ ᠪᠤᠯᠤᠨ᠎ᠠ᠃ ᠵᠢᠭᠠᠬᠤ ᠶᠢ ᠰᠤᠳᠤᠯᠬᠤ ᠳᠤᠭᠤᠢᠢᠯᠠᠩ᠂ ᠰᠤᠷᠭᠠᠭᠤᠯᠢ᠂  ᠬᠤᠰᠢᠭᠤ᠂ ᠠᠶᠢᠮᠠᠭ ᠬᠤᠳᠠ ᠪᠠᠷ ᠢᠶᠠᠨ ᠨᠢᠭᠡᠨ ᠭᠦᠷᠢᠶ᠎ᠡ ᠭᠡᠪᠴᠢᠶ᠎ᠡ ᠳᠤᠭᠳᠠᠭᠠᠭᠠᠳ ᠳᠤᠷᠰᠢᠨ ᠭᠢᠭᠦ ᠶᠢᠨ ᠳᠠᠭᠠᠤ  ᠰᠤᠳᠤᠯᠵᠤ᠂ ᠰᠤᠳᠤᠯᠬᠤ ᠶᠢᠨ ᠳᠠᠭᠠᠤ ᠳ᠋ᠦᠡᠭᠨᠡᠵᠤ᠂ ᠰᠤᠷᠤᠯᠭ᠎ᠠ ᠶᠢᠨ ᠬᠤᠭᠤᠴᠠᠭ᠎ᠠ᠂ ᠰᠤᠷᠤᠯᠭ᠎ᠠ ᠶᠢᠨ ᠵᠢᠯ᠂  ᠭᠡᠳᠤᠨ ᠵᠢᠯ ᠪᠤᠶᠤ ᠭᠤᠷᠪᠠ ᠳᠠᠪᠤᠨ ᠵᠢᠯ ᠤᠨ ᠳᠤᠳᠤᠷ᠎ᠠ ᠢᠳᠡᠭ ᠢᠳᠡᠭ ᠢᠶᠠᠷ ᠪᠠᠶᠢᠭᠤᠯᠪᠠᠯ ᠯᠠᠪᠳᠠᠢ ᠪᠦᠷᠢᠨ ᠳᠦᠭᠦᠷ  ᠪᠤᠯᠵᠤ ᠳᠠᠶᠢᠯᠤᠨ᠎ᠠ᠃  ᠬᠠᠮᠤᠭ ᠰᠡᠭᠦᠯ ᠳᠤᠨᠢ᠂ ᠭᠡᠯᠡ ᠪᠢᠴᠢᠭ ᠤᠨ ᠭᠢᠴᠢᠶᠡᠯ ᠳᠦᠷᠦᠯ ᠤᠨ ᠤᠨᠤᠯ ᠤᠨ ᠰᠢᠰᠲ᠋ᠧᠮ ᠢ ᠰᠤᠳᠤᠯᠬᠤ ᠪᠠ  ᠪᠠᠶᠢᠭᠤᠯᠬᠤ ᠶᠢᠨ ᠳᠠᠯ᠎ᠠ ᠪᠠᠷ ᠳᠤᠤᠷᠠᠭᠢ ᠮᠠᠳᠤ ᠭᠡᠳᠤᠨ ᠳᠠᠯ᠎ᠠ ᠶᠢ ᠠᠩᠬᠠᠷᠤᠯ ᠳᠠᠭᠠᠨ ᠠᠪᠤᠪᠠᠯ ᠵᠤᠭᠢᠨ᠎ᠠ᠄        ᠨᠢᠭᠡ ᠳᠤ᠂ ᠭᠡᠯᠡ ᠪᠢᠴᠢᠭ ᠤᠨ ᠵᠢᠭᠠᠨ ᠰᠤᠷᠭᠠᠯᠳᠠ ᠶᠢᠨ ᠰᠤᠳᠤᠯᠭᠠᠨ ᠭᠢᠭᠡᠳ ᠦᠭᠡᠷᠡᠴᠢᠯᠠᠯᠳᠠ ᠶᠢᠨ ᠠᠵᠢᠯ ᠤᠨ  ᠪᠠᠷᠢᠨ ᠭᠦᠢᠴᠡᠳᠭᠡᠭᠦ ᠪᠠᠴᠢᠮ ᠡᠭᠦᠷᠭᠡ ᠨᠢ ᠭᠡᠪᠡᠯ᠂ ᠤᠯᠤᠰ ᠪᠠᠶᠢᠭᠤᠯᠤᠭᠳᠠᠭᠰᠠᠨ ᠠᠴᠠ ᠨᠠᠰᠢᠭᠢ ᠭᠡᠯᠡ ᠪᠢᠴᠢᠭ ᠤᠨ  ᠵᠢᠭᠠᠨ ᠰᠤᠷᠭᠠᠯᠳᠠ ᠶᠢᠨ ᠦᠭᠡᠷᠡᠴᠢᠯᠠᠯᠳᠠ ᠶᠢᠨ ᠳᠡᠤᠭᠡ ︵ᠪᠦᠳᠤᠮᠵᠢᠳᠠᠢ ᠳᠤᠷᠰᠢᠯᠭ᠎ᠠ︶ ᠭᠢᠭᠡᠳ ᠤᠳᠤᠬᠠᠨ ᠤ ᠭᠡᠯᠡ  ᠪᠢᠴᠢᠭ ᠤᠨ ᠵᠢᠭᠠᠨ ᠰᠤᠷᠭᠠᠯᠳᠠ ᠶᠢᠨ ᠪᠤᠳᠠᠳᠠᠢ ᠲᠠᠢ ᠤᠶᠠᠯᠳᠤᠭᠤᠯᠵᠤ᠂ ᠭᠦᠨ ᠭᠦᠡᠵᠡᠭᠡᠢ ᠨᠠᠷᠢᠨ ᠨᠢᠮᠪᠠᠢ ᠰᠤᠳᠤᠯᠵᠤ  ᠂ ᠵᠤᠭᠢᠬᠤ ᠰᠢᠡᠵᠢᠯᠡᠭᠦ ᠤᠠᠬᠭᠠᠠᠴᠢ ᠴᠢᠨᠠᠷ ᠪᠦᠭᠦᠢ ᠭᠡᠯᠡ ᠪᠢᠴᠢᠭ ᠤᠨ ᠭᠢᠴᠢᠶᠡᠯ ᠳᠦᠷᠦᠯ ᠤᠨ ᠤᠨᠤᠯ ᠤᠨ  ᠰᠢᠰᠲᠧᠮ ᠢ ᠪᠠᠶᠢᠭᠤᠯᠬᠤ ᠭᠡᠷᠡᠭᠳᠠᠢ᠃          ᠬᠤᠶᠠᠷ ᠲᠤ᠂ ᠦᠭᠡ ᠭᠡᠯᠡᠨ ᠤ ᠵᠢᠭᠠᠨ ᠰᠤᠷᠭᠠᠯᠳᠠ ᠪᠠᠷ ᠰᠠᠭᠤᠷᠢ ᠪᠠ ᠭᠤᠤᠯ ᠪᠤᠯᠭᠠᠭᠰᠠᠨ ᠰᠢᠡᠵᠢᠯᠡᠭᠦ  ᠤᠠᠬᠭᠠᠠᠴᠢ ᠰᠢᠨ᠎ᠠ ᠶᠢ ᠡᠭᠦᠳᠭᠦ ᠠᠷᠭ᠎ᠠ ᠵᠠᠮ ᠢ ᠨᠡᠭᠡᠭᠡᠭᠦ ᠭᠡᠷᠡᠭᠳᠠᠢ᠃          ᠭᠤᠷᠪᠠ ᠳᠤ᠂ ᠭᠢᠴᠢᠶᠡᠯ ᠤᠨ ᠭᠠᠳᠠᠨ᠎ᠠ ᠳᠤᠳᠤᠨᠠᠭᠢ ᠦᠭᠡ ᠭᠡᠯᠡᠨ ᠤ ᠤᠩᠰᠢᠬᠤ᠂ ᠪᠢᠴᠢᠭᠦ᠂ ᠰᠤᠨᠤᠰᠬᠤ᠂  ᠶᠠᠷᠢᠬᠤ ᠪᠤᠯᠪᠠᠰᠤᠷᠠᠯ ᠢ ᠴᠢᠩᠭᠠᠳᠬᠠᠨ᠎ᠠ᠃ ᠨᠠᠩ ᠢᠯᠠᠩᠭᠤᠶ᠎ᠠ ᠰᠤᠷᠭᠠᠭᠤᠯᠢ ᠶᠢᠨ ᠭᠠᠳᠠᠨᠠᠭᠢ ᠨᠠᠶᠢᠭᠡᠮ ᠳᠤ  ᠬᠠᠨᠳᠤᠭᠤᠯᠤᠭᠰᠠᠨ ᠠᠮᠢᠳᠤᠷᠠᠯ ᠤᠨ ᠪᠤᠳᠠᠳᠤ ᠭᠡᠷᠡᠭᠴᠡᠭᠡ ᠶᠢᠨ ᠳᠠᠯ᠎ᠠ ᠳᠠᠬᠢ ᠦᠭᠡ ᠭᠡᠯᠡᠨ ᠤ ᠤᠢᠢᠯᠡᠳᠤᠯᠭᠡ ᠶᠢ  ᠡᠷᠴᠢᠮᠵᠢᠭᠦᠯᠦᠨ᠎ᠡ᠃        ᠳᠦᠷᠪᠡ ᠳᠤ᠂ ᠭᠡᠯᠡ ᠪᠢᠴᠢᠭ ᠤᠨ ᠵᠢᠭᠠᠨ ᠰᠤᠷᠭᠠᠯᠳᠠ ᠶᠢᠨ ᠠᠷᠭ᠎ᠠ ᠪᠠᠷᠢᠯ ᠢ ᠬᠠᠯᠠᠨ ᠰᠠᠶᠢᠵᠢᠷᠠᠭᠤᠯᠵᠤ᠂  ᠰᠢᠨ᠎ᠠ ᠶᠢ ᠡᠭᠦᠳᠭᠦ ᠴᠢᠬᠤᠯᠠᠳᠠᠢ᠃
 
ᠢᠷᠡᠯᠲᠡ᠄ ᠤᠯᠠᠭᠠᠨ ᠬᠠᠳᠠ ᠶᠢᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备12002332号