ᠤᠶᠠᠭᠠᠴᠢᠨ ᠭᠡᠤᠭᠡᠳ
ᠨᠡᠶᠢᠲᠡᠯᠡᠭᠰᠡᠨ ᠴᠠᠭ᠄
2022/11/30
     ᠣᠭᠲᠠᠷᠭᠤᠢ ᠳᠤ ᠨᠤᠬᠠᠢ ᠲᠤᠯᠢᠶᠠᠬᠤ ᠡᠭᠦᠯᠡ ᠦᠭᠡᠢ ᠴᠡᠯᠮᠡᠭ ᠰᠠᠶᠢᠬᠠᠨ ᠬᠠᠪᠤᠷ ᠤᠨ ᠥᠷᠯᠥᠭᠡ ᠪᠠᠶᠢᠯ᠎ᠠ᠃      ᠲᠠᠯ᠎ᠠ ᠶᠢᠨ ᠳᠣᠮᠳᠠᠭᠤᠷ ᠫᠠᠷᠴᠢᠭᠢᠨᠠᠭᠰᠠᠨ ᠲᠠᠭᠤ ᠲᠠᠢ ᠬᠠᠷ᠎ᠠ ᠮᠤᠲ᠋ᠤᠷ  ᠤᠨᠤᠭᠰᠠᠨ ᠨᠢᠭᠡᠨ ᠬᠥᠮᠥᠨ ᠰᠤᠮᠤᠨ  ᠤ ᠰᠤᠷᠭᠠᠭᠤᠯᠢ ᠶᠢ ᠴᠢᠭᠯᠡᠨ᠎ᠡ᠃     ᠥᠪᠴᠢ ᠪᠡᠶ᠎ᠡ ᠪᠤᠷᠤ ᠥᠩᠭᠡ ᠶᠢᠨ ᠡᠸᠦ᠋ᠷᠦᠫᠡ ᠬᠤᠪᠴᠠᠰᠤ ᠡᠮᠤᠰᠴᠤ᠂ ᠭᠥᠵᠤᠭᠦᠨ ᠳᠤ ᠪᠠᠨ ᠬᠠᠷ᠎ᠠ ᠥᠩᠭᠡ  ᠶᠢᠨ ᠡᠷᠪᠡᠭᠡᠢ ᠵᠠᠩᠭᠢᠳᠴᠤ ᠥᠰᠤ ᠪᠠᠨ ᠲᠡᠭ ᠭᠤᠤᠯ ᠢᠶᠠᠷ ᠨᠢ ᠵᠠᠭᠠᠳᠠᠰᠤᠯᠠᠭᠰᠠᠨ ᠡᠨᠡ ᠵᠠᠯᠠᠭᠤᠬᠠᠨ ᠪᠠᠭᠰᠢ ᠪᠠᠨ ᠭᠡᠤᠭᠡᠳ ᠪᠤᠯᠭᠠᠨ ᠪᠢᠰᠢᠷᠡᠨ ᠪᠠᠭ᠋ᠠᠷᠬᠠᠲᠠᠭ ᠪᠠᠶᠢᠨ᠎ᠠ᠃      ᠲᠡᠷᠡ ᠮᠤᠲ᠋ᠤᠷ ᠢᠶᠠᠨ ᠰᠤᠷᠭᠠᠭᠤᠯᠢ ᠶᠢᠨ ᠲᠡᠷᠭᠡᠨ ᠵᠤᠭᠰᠤᠭᠠᠯ ᠭᠡᠵᠤ ᠪᠠᠷᠢᠭᠰᠠᠨ ᠵᠢᠵᠢᠭᠭᠡᠨ ᠰᠡᠷᠡᠪᠴᠢᠨ ᠲᠤᠤᠷ᠎ᠠ ᠵᠤᠭᠰᠤᠭᠠᠵᠤ ᠠᠯᠪᠠᠨ ᠭᠡᠷ ᠲᠤ ᠪᠠᠨ ᠤᠷᠤᠯ᠎ᠠ᠃ ᠡᠨᠡ ᠬᠥᠮᠥᠨ ᠢ ᠴᠡᠯᠡᠭᠡᠷ ᠭᠡᠳᠡᠭ᠃ ᠬᠦᠳᠡᠭᠡ ᠲᠣᠰᠬᠤᠨ ᠮᠠᠯᠵᠢᠬᠤ ᠣᠷᠣᠨ ᠳᠤ ᠬᠤᠪᠣᠷᠬᠠᠨ  ᠦᠯᠡᠳᠡᠭᠰᠡᠨ ᠠᠳᠤᠭᠤᠴᠢᠨ ᠰᠤᠷᠭᠠᠭᠤᠯᠢ ᠶᠢᠨ ᠬᠡᠳᠦᠨ ᠲᠣᠭᠤᠰᠬᠠᠨ ᠪᠠᠶᠢᠰᠢᠩ ᠭᠡᠭᠴᠢ ᠶᠣᠰᠣᠲᠠᠢ ᠯᠡ ᠲᠠᠯ᠎ᠠ ᠶᠢᠨ ᠰᠣᠪᠣᠳ ᠭᠡᠮᠡᠷ ᠤᠨᠢᠶᠠᠷᠲᠤᠨ ᠴᠡᠩᠬᠡᠷᠯᠡᠬᠦ ᠶᠡᠭᠡ ᠲᠠᠯ᠎ᠠ ᠶᠢᠨ ᠳᠣᠮᠳᠠ ᠣᠮᠣᠭᠯᠠᠩ ᠬᠠᠷᠠᠭᠳᠠᠨ᠎ᠠ᠃ ᠴᠡᠯᠡᠭᠡᠷ ᠪᠠᠭᠰᠢ ᠠᠯᠪᠠᠨ ᠭᠡᠷ ᠲᠤ ᠪᠡᠨ‌ᠤᠷᠤᠬᠤ ᠳᠤ ᠪᠠᠭᠰᠢ ᠨᠠᠷ ᠡᠨᠡ ᠤᠲᠠᠭᠠᠨ ᠤ ᠡᠷ᠎ᠡ ᠶᠢᠨ ᠭᠤᠷᠪᠠᠨ ᠨᠠᠭᠠᠲᠤᠮ ᠤᠨ ᠲᠤᠬᠠᠢ ᠶᠠᠷᠢᠯᠵᠠᠵᠠᠭᠠᠨ᠎ᠠ  ᠃      ︽ᠡᠨᠡ ᠤᠲᠠᠭᠠᠨ ᠤ ᠡᠷ᠎ᠡ ᠶᠢᠨ ᠭᠤᠷᠪᠠᠨ ᠨᠠᠭᠠᠲᠤᠮ ᠪᠠᠰᠠ ᠯᠠ ᠬᠢᠴᠢᠶᠡᠯᠯᠡᠬᠦ ᠡᠲᠤᠷ ᠲᠠᠭᠠᠷᠠᠴᠢᠭᠠᠯ᠎ᠠ︕︾      ︽ ᠲᠠᠶᠢᠮᠤ ᠡ᠂ ᠨᠢᠲᠤᠨᠤᠨ ᠵᠢᠯ ᠮᠥᠨ ᠴᠤ ᠢᠩᠬᠢᠵᠤ ᠲᠠᠭᠠᠷᠠᠭᠰᠠᠨ︕︾      ︽ᠶᠠᠭᠤᠨ ᠳᠤ ᠤᠲᠠᠭ᠎ᠠ ᠪᠤᠯᠭᠠᠨ ᠤ ᠨᠠᠶᠢᠷ ᠨᠠᠭᠠᠲᠤᠮ ᠬᠢᠴᠢᠶᠡᠯᠯᠡᠬᠦ ᠡᠲᠤᠷ ᠲᠠᠭᠠᠷᠠᠲᠠᠭ ᠶᠤᠮ︖︾ ᠁ ᠭᠡᠵᠤ ᠭᠡᠲᠤᠨ ᠪᠠᠭᠰᠢ ᠶᠠᠷᠢᠯᠴᠠᠬᠤ ᠶᠢ ᠰᠠᠮ ᠰᠤᠨᠤᠰᠤᠭᠰᠠᠨ ᠴᠡᠯᠡᠭᠡᠷ ᠪᠠᠭᠰᠢ ᠳᠤ ᠨᠢᠲᠤᠨᠤᠨ ᠵᠢᠯ ᠤᠨ ᠤᠪᠣᠭᠠᠨ ᠨᠠᠶᠢᠷ ᠥᠪᠡᠷ ᠤᠨ ᠡᠷᠭᠡ ᠥᠭᠡᠢ  ᠳᠤᠷᠠᠰᠤᠭᠳᠠᠯ᠎ᠠ ᠁      ︽ᠰᠠᠷᠠ ᠲᠤᠯᠠᠶᠢᠵᠤ ᠭᠤᠯᠢᠶ᠎ᠠ ᠵᠢᠷᠭᠢᠭᠡᠳ‌ᠨᠤᠶᠢᠷ ᠢ ᠨᠢ ᠨᠤᠬᠠᠢ ᠲᠤᠯᠢᠶᠠᠭᠰᠠᠨ ᠴᠡᠯᠡᠭᠡᠷ ᠪᠠᠭᠰᠢ ᠣᠷᠪᠠᠨ ᠭᠥᠷᠪᠡᠵᠤ ᠰᠡᠳᠬᠢᠯ ᠤᠶᠢᠮᠤᠷᠠᠭᠠᠳ ᠬᠡᠪᠲᠡᠨ᠎ᠡ᠃  ᠳᠦᠩᠭᠡᠵᠦ ᠨᠢᠳᠦ ᠠᠨᠢᠬᠤ ᠶᠢ ᠵᠠᠪᠳᠤᠲᠠᠯ᠎ᠠ ᠡᠭᠦᠳᠡ ᠲᠣᠭᠰᠢᠬᠤ ᠴᠢᠮᠡᠭᠡ ᠳᠤᠭᠤᠯᠳᠠᠯ᠎ᠠ᠃ ︽ᠪᠠᠭᠰᠢ ᠡ᠂ ᠰᠡᠷᠡᠭᠡᠴᠢ︕︾ ᠭᠡᠰᠡᠨ ᠳᠠᠭᠤ ᠲᠣᠳᠣᠬᠠᠨ ᠰᠣᠨᠣᠰᠳᠠᠯ᠎ᠠ᠃ ᠴᠡᠯᠡᠭᠡᠷ ᠪᠠᠭᠰᠢ ᠶᠢᠨ ᠡᠷᠬᠢᠯᠡᠭᠰᠡᠨ ᠠᠩᠬᠢ ᠶᠢᠨ  ᠬᠢᠨᠢ ᠠᠩᠬᠢ ᠶᠢᠨ ᠳᠠᠷᠤᠭ᠎ᠠ ᠪᠠᠶᠢᠭᠠᠯᠢ ᠢᠷᠡᠭᠰᠡᠨ ᠪᠠᠶᠢᠵᠠᠢ᠃      ︽ᠪᠠᠭᠰᠢ ᠡ᠂ ᠲᠠ ᠪᠤᠯᠠᠭ ᠢ ᠳᠠᠭᠤᠳᠠᠭᠰᠠᠨ ᠦᠦ︖︾      ᠴᠡᠯᠡᠭᠡᠷ ᠪᠠᠭᠰᠢ᠄  ︽ᠪᠤᠯᠠᠭ ᠮᠢᠨᠤ ᠳᠡᠷᠭᠡᠳᠡ ᠢᠷᠡᠭᠡ ᠦᠭᠡᠢ᠂ ᠶᠠᠭᠠᠬᠢᠪᠠ︖  ᠪᠤᠯᠠᠭ ᠠᠷᠠᠢ ᠰᠤᠷᠭᠠᠭᠤᠯᠢ  ᠠᠴᠠ ᠣᠷᠭᠤᠭᠠᠳ ᠬᠠᠷᠢᠴᠢᠬᠠᠭᠰᠠᠨ ᠦᠭᠡᠢ ᠪᠢᠵᠠ︖  ︾ ᠭᠡᠵᠦ ᠪᠠᠴᠢᠮᠳᠠᠨ ᠶᠠᠷᠢᠯ᠎ᠠ᠃      ︽ᠪᠤᠯᠠᠭ ᠲᠤᠲᠠᠭᠠᠴᠢᠬᠠᠵᠠᠢ᠂ ᠪᠢᠳᠡ ᠠᠩᠭᠢ ᠶᠢᠨ ᠭᠡᠷ᠂ ᠪᠠᠶᠢᠷᠢ ᠶᠢᠨ ᠭᠡᠷ᠂ ᠲᠠᠮᠢᠷ ᠤᠨ ᠲᠠᠯᠠᠪᠤᠷ ᠢᠶᠠᠷ ᠬᠡᠳᠦ ᠳᠠᠬᠢᠨ ᠡᠷᠢᠵᠦ ᠦᠵᠡᠭᠰᠡᠨ᠂ ᠪᠦᠷ ᠡᠷᠢᠵᠦ ᠣᠯᠤᠭ᠎ᠠ ᠦᠭᠡᠢ︕ ᠣᠳᠣ ᠶᠠᠭᠠᠬᠢᠯᠲᠠᠢ ᠪᠢᠯᠡ︖︾ ᠭᠡᠪᠡ᠃      ᠴᠡᠯᠡᠭᠡᠷ ᠪᠠᠭᠰᠢ ᠶᠢᠨ ᠮᠠᠩᠨᠠᠢ ᠠᠴᠠ ᠬᠥᠯᠦᠰᠦ ᠴᠢᠬᠢᠭᠯᠡᠬᠦ‍ ᠰᠢᠭ ᠪᠣᠯᠪᠠ᠃ ᠴᠡᠯᠡᠭᠡᠷ ᠪᠣᠯᠠᠭ ᠢ ᠡᠷᠢᠬᠦ ᠪᠠᠷ ᠪᠤᠯᠤᠯ᠎ᠠ᠃ ᠰᠤᠷᠤᠭᠴᠢᠳ ᠠᠴᠠ ᠬᠠᠨᠢ ᠲᠠᠲᠠᠴᠢᠬᠠᠬᠤ ᠶᠤᠮ ᠦᠦ ᠭᠡᠵᠦ ᠪᠣᠳᠤᠭᠰᠠᠨ ᠪᠣᠯᠪᠠᠴᠤ ᠡᠴᠦᠰ ᠲᠤ ᠪᠠᠨ ᠭᠠᠭᠴᠠᠭᠠᠷ ᠢᠶᠠᠨ ᠡᠷᠢᠬᠦ ᠪᠠᠷ ᠰᠢᠢᠳᠦᠯ᠎ᠠ᠃      ᠴᠡᠯᠡᠭᠡᠷ ᠪᠠᠭᠰᠢ ᠫᠠᠷᠴᠢᠬᠢᠨᠠᠭᠰᠠᠨ ᠳᠠᠭᠤᠨ ᠲᠠᠢ ᠬᠠᠷ᠎ᠠ ᠮᠣᠲ᠋ᠤᠷ ᠢᠶᠠᠨ ᠤᠨᠤᠨ᠂ ᠭᠠᠷᠤᠭᠠᠳ ᠭᠦᠶᠦᠯᠭᠡᠯ᠎ᠡ᠃ ᠬᠡᠳᠦᠶᠢᠪᠡᠷ ᠬᠠᠷᠠᠩᠭᠤᠢ ᠰᠦᠨᠢ ᠮᠤᠲ᠋ᠤᠷ ᠭᠡᠷᠡᠯ ᠲᠠᠢ ᠭᠡᠳᠡᠭ ᠪᠣᠯᠪᠠᠴᠤ ᠠᠷᠤ ᠠᠴᠠ ᠶᠠᠭ ᠬᠦᠮᠦᠨ ᠳᠠᠭᠠᠵᠤ ᠪᠠᠶᠢᠭ᠎ᠠ ᠰᠢᠭ᠋ ᠭᠡᠵᠦ ᠴᠡᠯᠡᠭᠡᠷ ᠥᠪᠡᠷ ᠢᠶᠠᠨ ᠥᠪᠡᠷ ᠢ ᠪᠠᠨ ᠠᠶᠤᠯᠭᠠᠨ᠎ᠠ᠃ ᠮᠤᠲ᠋ᠤᠷ ᠭᠡᠷᠡᠯ ᠲᠠᠢ ᠳᠤ ᠪᠠᠨ ᠪᠣᠯᠵᠠᠢ᠂ ᠡᠰᠡ ᠲᠡᠭᠡᠪᠡᠯ ᠵᠠᠮ ᠲᠤᠷᠰᠢ ᠬᠠᠷᠭᠤᠯᠳᠤᠭᠰᠠᠨ ᠪᠤᠲᠠ ᠰᠦᠬᠡᠭ ᠠᠴᠠ ᠬᠦᠷᠲᠡᠯ᠎ᠡ ᠠᠶᠤᠨ ᠰᠣᠴᠢᠨ᠂ ᠠᠷᠬᠢᠷᠠᠵᠤ ᠪᠠᠷᠬᠢᠷᠠᠬᠤ ᠯᠠ ᠪᠠᠶᠢᠯᠭᠦᠢ︕      ᠶᠠᠪᠤᠨ ᠶᠠᠪᠤᠭᠰᠠᠭᠠᠷ ᠪᠠᠶᠢᠵᠤ ᠨᠢᠭᠡ ᠠᠶᠢᠯ ᠤᠨ ᠭᠠᠳᠠᠨ᠎ᠠ ᠬᠦᠷᠴᠦ ᠣᠴᠢᠯ᠎ᠠ᠃ ᠨᠤᠬᠠᠢ ᠬᠤᠴᠠᠬᠤ ᠴᠢᠮᠡᠭᠡ  ᠪᠠᠷ ᠨᠢᠭᠡᠨ ᠫᠠᠷᠬᠢᠶ᠎ᠠ ᠳᠠᠭᠤ ᠲᠠᠢ ᠬᠦᠳᠡᠷ ᠡᠷ᠎ᠡ ᠭᠠᠷᠴᠤ ᠢᠷᠡᠯ᠎ᠡ᠃ ︽ᠶᠠᠭᠤᠨ ᠬᠦᠮᠦᠨ ᠪᠣᠢ︖ ᠰᠦᠨᠢ ᠣᠷᠣᠢ  ᠪᠠᠷ ᠶᠠᠭᠤ ᠬᠢᠵᠦ ᠶᠠᠪᠤᠨ᠎ᠠ︖︾ ᠭᠡᠵᠦ ᠶᠠᠷᠢᠨ᠎ᠠ᠃      ︽ᠲᠠ ᠰᠠᠶᠢᠨ ᠦᠦ︖ ᠨᠠᠮ᠎ᠠ ᠶᠢ ᠴᠡᠯᠡᠭᠡᠷ ᠭᠡᠳᠡᠭ᠂  ᠠᠳᠤᠭᠤᠴᠢᠨ ᠰᠤᠷᠭᠠᠭᠤᠯᠢ ᠶᠢᠨ ᠪᠠᠭᠰᠢ ᠪᠠᠶᠢᠭ᠎ᠠ᠃ ᠲᠠ ᠳᠠᠮᠪᠠ ᠭᠤᠸᠠᠢ ᠶᠢᠨ ᠭᠡᠷ ᠢ ᠮᠡᠳᠡᠨ᠎ᠡ ᠦᠦ︖  ︾ ᠭᠡᠵᠦ ᠶᠣᠰᠤᠷᠬᠠᠭ ᠠᠰᠠᠭᠤᠯ᠎ᠠ᠃      ︽ᠰᠠᠶᠢᠨ ᠰᠠᠶᠢᠨ᠂ ᠲᠠ ᠰᠠᠶᠢᠨ ᠦᠦ︖ ᠪᠢ ᠳᠠᠮᠪᠠ  ᠪᠠᠶᠢᠨ᠎ᠠ᠂  ᠲᠠ ᠪᠤᠯᠠᠭ ᠢ ᠡᠷᠢᠬᠦ ᠪᠠᠷ ᠢᠷᠡᠪᠡ ᠦᠦ ︖︾      ︽ᠪᠣᠯᠠᠭ ᠭᠡᠷ ᠲᠤ ᠪᠠᠨ ᠪᠠᠶᠢᠨ᠎ᠠ ᠦᠦ︖︾      ︽ᠪᠤᠯᠠᠭ ᠶᠡᠷᠦ ᠨᠢ ᠪᠤᠴᠠᠵᠤ ᠢᠷᠡᠭᠡᠳ ᠠᠳᠤᠭᠤᠨ ᠳᠡᠭᠡᠷ᠎ᠡ ᠣᠴᠢᠭᠰᠠᠨ ᠪᠠᠶᠢᠬᠤ ᠡ︾ ᠭᠡᠵᠦ ᠳᠠᠮᠪᠠ ᠲᠠᠶᠢᠪᠤᠭᠤᠬᠠᠨ ᠬᠡᠯᠡᠨ᠎ᠡ᠃      ᠴᠡᠯᠡᠭᠡᠷ ᠡᠶᠢᠮᠦ ᠬᠤᠷᠳᠤᠨ ᠪᠤᠯᠠᠭ ᠤᠨ ᠭᠡᠷ ᠢ ᠡᠷᠢᠵᠦ ᠣᠯᠤᠨ᠎ᠠ ᠭᠡᠵᠦ ᠢᠲᠡᠭᠡᠵᠦ ᠶᠠᠳᠠᠭᠰᠠᠨ ᠪᠣᠯᠪᠠᠴᠤ ᠡᠷᠢᠵᠦ ᠣᠯᠬᠤ ᠪᠣᠯᠣᠭᠰᠠᠨ ᠳᠤ ᠪᠠᠨ ᠰᠡᠳᠬᠢᠯ ᠨᠢ ᠠᠭᠤᠵᠢᠷᠠᠵᠤ ᠠᠪᠤᠯ᠎ᠠ᠃      ︽ᠬᠦᠦ ᠨᠢ ᠰᠤᠷᠭᠠᠭᠤᠯᠢ ᠠᠴᠠ ᠣᠷᠭᠤᠨ ᠲᠤᠲᠠᠭᠠᠭᠠᠳ ᠪᠠᠶᠢᠬᠤ ᠳᠤ ᠡᠶᠢᠮᠦ ᠲᠠᠶᠢᠪᠤᠩ ᠪᠠᠶᠢᠬᠤ ᠭᠡᠭᠴᠢ ᠶᠠᠮᠠᠷ ᠰᠣᠨᠢᠨ ᠬᠥᠮᠥᠨ ᠪᠣᠢ︾  ᠬᠡᠮᠡᠨ ᠴᠡᠯᠡᠭᠡᠷ ᠭᠠᠶᠢᠬᠠᠵᠤ ᠠᠪᠤᠯ᠎ᠠ  ᠃      ᠲᠠᠮᠪᠠ ᠭᠤᠸᠢ ᠨᠢᠭᠡ ᠭᠡᠰᠡᠭ  ᠪᠣᠳᠣᠯᠭᠠᠰᠢᠷᠠᠭᠰᠠᠨ ᠢᠶᠠᠨ ︽ᠭᠠᠶᠢᠭᠤᠢ᠂  ᠰᠠᠨᠠᠭ᠎ᠠ ᠵᠣᠪᠠᠯᠲᠠ ᠦᠭᠡᠢ᠂ ᠪᠠᠭᠰᠢ ᠡ︕ ᠪᠢ ᠬᠥᠥ ᠪᠠᠨ ᠮᠡᠲᠡᠨ᠎ᠡ᠃ ᠬᠠᠷ᠎ᠠ ᠪᠠᠭ᠎ᠠ ᠠᠴᠠ ᠪᠠᠨ ᠮᠣᠷᠢᠨ ᠳᠤ ᠰᠠᠶᠢᠨ ᠳᠠᠰᠴᠤ ᠮᠣᠷᠢᠨ ᠤᠷᠤᠯᠳᠤᠭᠠᠨ ᠬᠢᠨ᠎ᠡ ᠭᠡᠭᠰᠡᠭᠡᠷ ᠰᠡᠳᠬᠢᠯ ᠨᠢ ᠬᠦᠪᠦᠯᠵᠡᠵᠦ ᠲᠣᠭᠲᠠᠵᠣ ᠶᠠᠳᠠᠬᠤ ᠪᠠᠨ ᠪᠣᠯᠢᠳᠠᠭ ᠶᠤᠮ᠃ ᠮᠣᠷᠢᠨ ᠳᠤ ᠠᠷᠭ᠎ᠠ ᠦᠭᠡᠢ ᠰᠢᠨᠤᠯ ᠲᠠᠢ ᠶᠣᠮ ᠳ᠋ᠠ ᠬᠦᠬᠡᠷᠦᠬᠦᠢ᠃ ᠥᠨᠥ ᠰᠥᠨᠢ ᠠᠲᠤᠭᠤ ᠮᠠᠨᠠᠬᠤ ᠪᠠᠷ ᠭᠠᠷᠬᠤ ᠳᠤ ᠵᠡᠯᠡᠨ ᠳᠡᠭᠡᠷ᠎ᠡ ᠤᠶᠠᠵᠤ ᠪᠠᠶᠢᠭᠰᠠᠨ ᠬᠥᠥ ᠶᠢᠨ ᠮᠢᠨᠢ ᠬᠠᠶᠢᠷᠠᠲᠠᠢ ᠮᠤᠷᠢ ᠨᠢ ᠲᠤᠷᠬᠢᠵᠤ ᠪᠠᠶᠢᠭᠰᠠᠨ᠂ ᠡᠵᠡᠨ ᠨᠢ ᠢᠷᠡᠬᠦ ᠪᠠᠷ ᠲᠡᠭᠡᠳᠡᠭ ᠰᠠᠨ᠃︾ ᠭᠡᠵᠦ ᠥᠭᠦᠯᠡᠨ᠎ᠡ᠃      ︽ᠪᠡᠯᠴᠢᠭᠡᠷ ᠠᠳᠡ ᠠᠴᠠ ᠬᠤᠯᠠ ᠥᠭᠡᠢ᠃ ᠨᠠᠲᠠ ᠶᠢ ᠲᠠᠭᠠᠭᠠᠳ ᠢᠷ᠎ᠡ︕  ︾ ᠭᠡᠵᠤ ᠲᠠᠶᠢᠪᠤᠭᠤᠨ ᠬᠡᠯᠡᠭᠰᠡᠨ ᠢᠶᠠᠨ ᠭᠡᠷ ᠲᠤ ᠪᠠᠨ ᠤᠷᠤᠵᠤ ᠨᠡᠭᠡᠢ ᠲᠡᠪᠡᠯ ᠢᠶᠠᠨ ᠵᠤᠵᠠᠭᠠᠯᠠᠪᠠ᠃ ᠤᠶᠠᠭᠠᠨ ᠱᠤᠩ ᠲᠡᠭᠡᠷ᠎ᠡ ᠤᠶᠠᠵᠤ ᠪᠠᠶᠢᠭᠰᠠᠨ ᠰᠠᠭᠠᠷᠠᠯ ᠮᠤᠷᠢ ᠶᠢ ᠤᠨᠤᠨ ᠮᠤᠲ᠋ᠤᠷ ᠢᠶᠠᠷ ᠢᠷᠡᠭᠰᠡᠨ ᠴᠡᠯᠡᠭᠡᠷ ᠪᠠᠭᠰᠢ ᠶᠢ ᠳᠠᠭᠠᠭᠤᠯᠤᠭᠠᠳ ᠠᠳᠤᠭᠤᠨ ᠤ ᠪᠡᠯᠴᠢᠭᠡᠷ ᠢ ᠴᠢᠭᠯᠡᠯ᠎ᠡ᠃      ᠨᠢᠭᠡ ᠬᠥᠲᠤᠯ ᠢ ᠲᠠᠪᠠᠵᠤ ᠭᠠᠷᠤᠭᠠᠳ ᠲᠡᠮᠡᠢ ᠶᠠᠪᠤᠭᠰᠠᠨ ᠥᠭᠡᠢ ᠲᠠᠮᠪᠠ ᠭᠤᠸᠢ ᠮᠤᠷᠢᠨ ᠠᠴᠠ ᠪᠠᠨ ᠪᠠᠭᠤᠵᠤ  ᠴᠡᠯᠡᠭᠡᠷ ᠤᠨ ᠮᠥᠷᠤ ᠶᠢ ᠲᠡᠪᠰᠢᠵᠤ᠄  ︽ᠲᠠᠨ ᠢ ᠰᠥᠨᠢ ᠭᠥᠶᠤᠯᠭᠡᠵᠤ ᠮᠠᠭᠤᠬᠠᠢ ᠪᠤᠯᠤᠯ᠎ᠠ ᠳ᠋ᠠ᠃︾ ᠭᠡᠵᠤ ᠤᠯᠠᠮ ᠴᠤ ᠲᠠᠶᠢᠪᠤᠭᠤᠨ ᠥᠭᠦᠯᠡᠬᠡᠳ ︽ᠠᠲᠡ ᠰᠠᠭᠤᠭᠠᠳ ᠠᠮᠠᠷᠠᠭᠠᠳ ᠠᠪᠤᠶ᠎ᠠ︕︾  ᠬᠡᠮᠡᠨ ᠭᠠᠵᠠᠷ  ᠵᠠᠪᠢᠯᠠᠨ ᠰᠠᠭᠤᠴᠢᠬᠠᠪᠠ᠃      ᠴᠡᠯᠡᠭᠡᠷ ᠪᠠᠭᠰᠢ ᠮᠡᠯᠡᠷᠡᠵᠤ ᠠᠪᠤᠭᠰᠠᠨ ᠢᠶᠠᠨ᠄ ︽ᠪᠤᠯᠠᠭ ᠢ ᠡᠷᠢᠬᠦ ᠥᠭᠡᠢ ᠦᠦ︖︾ ᠭᠡᠵᠤ ᠠᠰᠠᠭᠤᠪᠠ᠃ ︽ᠲᠡᠷᠡ ᠴᠠᠭᠠᠨ᠎ᠠ ᠮᠣᠷᠢ ᠲᠤᠪᠲᠤᠯᠭᠠᠵᠤ ᠪᠠᠶᠢᠨ᠎ᠠ  ᠂ ᠮᠥᠳᠲᠤ ᠢᠷᠡᠴᠢᠭᠡᠨ᠎ᠡ  ︾ ᠭᠡᠵᠤ ᠲᠠᠮᠪᠠ ᠭᠤᠸᠢ ᠠᠭᠠᠵᠢᠭᠤᠬᠠᠨ ᠥᠭᠦᠯᠡᠨ᠎ᠡ᠃      ᠲᠡᠷᠡ ᠲᠠᠮᠪᠠ ᠭᠤᠸᠢ ᠶᠢᠨ ᠵᠢᠭᠠᠭᠰᠠᠨ ᠵᠥᠭ ᠠᠵᠢᠭᠯᠠᠭᠰᠠᠨ ᠪᠤᠯᠪᠠᠴᠤ᠂ ᠬᠠᠷᠠᠩᠭᠤᠢ ᠠᠴᠠ ᠥᠭᠡᠷ᠎ᠡ ᠶᠠᠭᠤ ᠴᠤ ᠤᠯᠵᠤ ᠬᠠᠷᠠᠭᠰᠠᠨ ᠥᠭᠡᠢ ᠠᠭᠤᠯᠠ ᠨᠢᠷᠤᠭᠤᠳ ᠭᠥᠨ ᠬᠠᠷᠠᠩᠭᠤᠢ ᠠᠨᠢᠷ ᠴᠢᠮᠡᠭᠡ ᠥᠭᠡᠢ ᠰᠥᠭᠯᠡᠶᠢᠨ ᠨᠡᠲᠦᠶᠢᠯᠴᠡᠨ᠎ᠡ᠃ ᠬᠥᠮᠥᠨ ᠤ ᠨᠢᠲᠤ ᠵᠠᠭᠤᠨ ᠤ ᠲᠠᠪᠢ ᠶᠢ ᠤᠯᠵᠤ ᠬᠠᠷᠠᠲᠠᠭ ᠶᠤᠮ ᠭᠡᠨ᠎ᠡ ᠯᠡᠢ᠂  ᠳᠠᠮᠪᠠ ᠭᠤᠸᠠᠢ ᠨᠠᠳᠠ ᠠᠴᠠ ᠢᠯᠡᠬᠦᠦ ᠬᠠᠷᠠᠲᠠᠭ ᠪᠢᠵᠡ︕︾ ᠭᠡᠵᠤ ᠴᠡᠯᠡᠭᠡᠷ ᠪᠠᠭᠰᠢ ᠢᠲᠡᠭᠡᠵᠤ ᠶᠠᠲᠠᠨ ᠲᠡᠷᠭᠡᠲᠡ ᠨᠢ ᠣᠴᠢᠵᠤ ᠲᠤᠭᠤᠢ ᠰᠠᠭᠤᠲᠠᠯ᠎ᠠ ︽ᠬᠡᠷᠪᠡ ᠤᠷᠢᠲᠤ ᠶᠢᠨ ᠴᠠᠭ ᠪᠠᠶᠢᠭᠰᠠᠨ ᠪᠤᠯ ᠪᠤᠯᠠᠭ ᠮᠢᠨᠢ ᠰᠢᠯᠢᠲᠡᠭ ᠤᠨᠤᠭᠠᠴᠢ ᠪᠤᠯᠬᠤ ᠶᠤᠮ ᠳ᠋ᠠ︕︾ ᠭᠡᠵᠤ ᠰᠠᠨᠠᠭ᠎ᠠ ᠠᠯᠲᠠᠪᠠ᠃      ᠨᠡᠭᠡᠷᠡᠨ ᠴᠤ ᠲᠡᠶᠢᠮᠤ ᠡ᠂ ᠨᠡᠶᠢᠭᠡᠮ ᠤᠨ ᠬᠥᠭᠵᠢᠯᠲᠡ ᠶᠢ ᠲᠠᠭᠠᠵᠤ ᠮᠥᠷᠢᠨ ᠳᠤ ᠬᠠᠶᠢᠷᠠᠲᠠᠢ ᠬᠥᠮᠥᠨ ᠤᠯᠠᠮ  ᠠᠴᠠ ᠤᠯᠠᠮ ᠬᠤᠪᠤᠷᠲᠠᠵᠤ ᠪᠠᠶᠢᠭ᠎ᠠ ᠨᠢ ᠨᠡᠶᠢᠭᠡᠮ ᠤᠨ ᠬᠦᠭᠵᠢᠯ ᠭᠡᠬᠦ ᠶᠤᠮ ᠦᠦ︖ ᠲᠤᠷᠤᠶᠢᠲᠠᠯ ᠭᠡᠬᠦ ᠶᠤᠮ ᠦᠦ︖  ᠴᠡᠯᠡᠭᠡᠷ ᠪᠠᠭᠰᠢ ᠪᠤᠲᠤᠯᠭᠠᠰᠢᠷᠠᠵᠤ ᠠᠪᠤᠯ᠎ᠠ᠃ ᠲᠡᠮᠡᠢ ᠤᠲᠠᠯ ᠥᠭᠡᠢ ᠲᠠᠯ᠎ᠠ ᠶᠢᠨ ᠬᠦᠨ ᠠᠴᠠ ᠮᠣᠷᠢᠨ ᠲᠥᠪᠡᠷᠭᠡᠨ ᠳᠤᠭᠤᠯᠳᠠᠵᠤ ᠤᠯᠠᠮ ᠢᠶᠠᠷ ᠣᠶᠢᠷᠠᠳᠴᠤ ᠢᠷᠡᠪᠡ᠃ ᠰᠥᠨᠢ ᠶᠢᠨ ᠨᠠᠮ ᠭᠦᠨ ᠢ ᠡᠪᠳᠡᠭᠰᠡᠨ ᠪᠤᠯᠠᠭ ᠤᠨ ᠢᠨᠢᠶᠡᠲᠤ  ᠶᠢ ᠰᠣᠨᠣᠰᠣᠭᠠᠳ ᠴᠡᠯᠡᠭᠡᠷ ᠶᠣᠰᠣᠲᠠᠢ ᠮᠡᠯ ᠭᠠᠶᠢᠬᠠᠵᠤ ᠴᠡᠯ ᠬᠦᠬᠡᠷᠡᠯ᠎ᠡ᠃      ︽ᠡᠶᠢᠮᠤ ᠬᠡᠤᠬᠡᠳ ᠪᠠᠶᠢᠲᠠᠭ ᠡ᠂ ᠡᠶᠢᠮᠦ ᠬᠦᠨ ᠬᠠᠷᠠᠩᠭᠤᠢ ᠳᠤ ᠬᠡᠤᠬᠡᠳ ᠮᠤᠷᠢ ᠬᠤᠶᠠᠷ ᠨᠡᠲᠡᠷᠡᠯᠴᠡᠲᠡᠭ ᠪᠤᠯᠪᠠ ᠦᠦ︖ ᠬᠠᠷᠠᠩᠭᠤᠢ ᠳᠤ ᠵᠢᠬᠦᠷ ᠢᠶᠠᠨ ᠲᠡᠯᠭᠡᠲᠡᠭ ᠵᠢᠭᠦᠷᠲᠦ ᠬᠥᠯᠥᠭ ᠤᠨ ᠥᠯᠢᠭᠡᠷ ᠰᠢᠭ ᠤᠤ︖︾ ᠬᠡᠵᠤ ᠴᠡᠯᠡᠭᠡᠷ ᠤᠨ ᠰᠡᠳᠭᠢᠯ ᠤᠶᠠᠭᠠᠴᠢ ᠬᠡᠤᠬᠡᠳ ᠤᠨ ᠪᠠᠶᠠᠷᠲᠠᠢ ᠢᠨᠢᠶᠡᠲᠤ ᠪᠠ ᠬᠠᠶᠢᠷᠠᠲᠠᠢ ᠮᠤᠷᠢᠨ ᠤ ᠬᠢᠨ ᠢᠨᠴᠠᠭᠠᠯᠲᠠ ᠥᠥᠷᠰᠡᠯᠲᠡ ᠬᠤᠶᠠᠷ  ᠶᠠᠭᠤ ᠨᠢᠭᠡ ᠶᠢ ᠤᠬᠠᠵᠤ ᠰᠡᠳᠬᠢᠯ ᠳᠣᠭᠳᠣᠯᠣᠨ ᠰᠠᠭᠤᠨ᠎ᠠ᠃      ᠪᠤᠯᠠᠭ ᠤᠴᠢᠷ ᠶᠠᠭᠤ ᠪᠣᠯᠵᠣ ᠪᠠᠶᠢᠭ᠎ᠠ ᠶᠢ ᠰᠡᠷᠡᠵᠦ ᠮᠡᠳᠡᠭᠰᠡᠨ ᠪᠣᠯᠣᠯᠲᠠᠢ  ᠃ ᠭᠡᠨᠡᠳᠲᠡ ᠲᠠᠭᠤ ᠨᠢ ᠨᠠᠮᠲᠠᠭᠠᠳ ᠲᠡᠲᠡᠨ ᠤ ᠵᠥᠭ ᠴᠤᠭᠬᠢᠭᠤᠯᠤᠨ ᠢᠷᠡᠵᠤ ᠮᠤᠷᠢᠨ ᠠᠴᠠ ᠪᠠᠨ ᠰᠠᠪ ᠬᠢᠲᠡᠯ᠎ᠠ ᠪᠠᠭᠤᠭᠠᠳ ᠲᠤᠮᠪᠦᠶᠢᠨ ᠵᠤᠭᠰᠠᠤᠯ᠎ᠠ  ᠃ ᠲᠠᠮᠪᠠ ᠬᠦᠦ ᠪᠠᠨ ᠳᠠᠭᠤᠳᠠᠵᠤ᠄ ︽ᠪᠠᠭᠰᠢ ᠴᠢᠨᠢ ᠴᠢᠨᠤ ᠲᠥᠯᠥᠭᠡ ᠨᠢᠭᠡ ᠰᠥᠨᠢ ᠬᠥᠶᠥᠯ᠎ᠡ︕  ︾  ᠬᠡᠮᠡᠨ ᠲᠠᠰᠢᠭᠤᠷᠳᠠᠬᠤ ᠶᠢ ᠵᠠᠪᠳᠤᠲᠠᠯ᠎ᠠ ᠴᠡᠯᠡᠭᠡᠷ ᠶᠠᠭᠠᠷᠠᠨ ᠤᠴᠢᠵᠤ ᠰᠢᠪᠬᠠᠷᠳᠠᠬᠤ ᠠᠴᠠ ᠰᠡᠷᠭᠡᠶᠢᠯᠡᠨ ᠪᠤᠯᠠᠭ ᠤᠨ ᠳᠡᠷᠭᠡᠳᠡ ᠨᠢ ᠬᠠᠮᠠᠭᠠᠯᠠᠵᠤ ᠵᠣᠭᠰᠣᠯ᠎ᠠ᠂ ᠬᠠᠮᠠᠭᠠᠯᠠᠨ᠎ᠠ ᠭᠡᠵᠤ ᠳ᠋ᠠ︕ ᠲᠠᠮᠪᠠ ᠭᠤᠸᠢ ᠬᠦᠦ ᠶᠢᠨ ᠢᠶᠠᠨ ᠮᠤᠷᠢ ᠤᠨᠤᠬᠤ ᠶᠢ ᠨᠢ ᠰᠡᠳᠭᠢᠯ ᠳᠤ ᠪᠠᠨ ᠰᠡᠮᠬᠡᠨ ᠲᠡᠮᠵᠢᠲᠡᠭ ᠢ ᠨᠢ  ᠴᠡᠯᠡᠭᠡᠷ ᠠᠯᠢ ᠬᠡᠲᠤᠶᠢᠨ ᠭᠠᠲᠠᠷᠯᠠᠵᠠᠢ᠃      ᠥᠥᠷ ᠰᠥᠨᠢ ᠶᠢᠨ ᠵᠠᠭᠠᠭ ᠢᠶᠠᠷ ᠴᠡᠯᠡᠭᠡᠷ ᠪᠠᠭᠰᠢ ᠪᠤᠯᠠᠭ ᠢ ᠠᠷᠤ ᠳᠤ ᠪᠠᠨ ᠰᠤᠨᠳᠤᠯᠠᠭᠤᠯᠵᠤ᠂ ᠰᠤᠷᠭᠠᠭᠤᠯᠢ ᠵᠥᠭ ᠢᠶᠠᠨ ᠴᠢᠭᠯᠡᠬᠦ ᠳᠤ ᠠᠷᠤ ᠳᠤ ᠨᠢ ︽ᠪᠠᠭᠰᠢ ᠡ︾ ᠭᠡᠰᠡᠨ ᠬᠡᠤᠬᠡᠳ ᠤᠨ ᠨᠢᠯᠬᠠᠰᠠᠭ ᠲᠠᠭᠤᠨ ᠲᠤᠭᠤᠯᠲᠠᠯ᠎ᠠ᠃ ︽ᠶᠠᠭᠠᠬᠢᠪᠠ︖︾ ᠭᠡᠵᠤ ᠴᠡᠯᠡᠭᠡᠷ ᠪᠠᠭᠰᠢ ᠶᠢᠨ ᠬᠡᠯᠡᠬᠦ ᠶᠢᠨ ᠬᠠᠮᠲᠤ ᠮᠣᠲ᠋ᠤᠷ ᠢᠶᠠᠨ ᠵᠣᠭᠰᠣᠭᠠᠬᠤ ᠳᠤ ︽ᠨᠠᠮ᠎ᠠ  ᠶᠢ  ᠶᠠᠪᠤᠭᠤᠯᠴᠢᠬ᠎ᠠ ᠳ᠋ᠠ︕︾ ᠭᠡᠵᠤ ᠪᠤᠯᠠᠭ ᠭᠤᠶᠤᠴᠢᠯᠠᠪᠠ᠃      ᠨᠠᠷᠠ ᠮᠠᠨᠲᠤᠭ᠎ᠠ ᠥᠭᠡᠢ ᠪᠤᠯᠪᠠᠴᠤ ᠮᠠᠯᠴᠢᠳ ᠬᠡᠲᠤᠶᠢᠨ ᠤᠪᠤᠭᠠᠨ ᠤ ᠪᠠᠨ ᠲᠤᠭᠤᠷᠢᠨ ᠳᠤ ᠴᠤᠭᠯᠠᠪᠠ᠃ ᠵᠢᠯ ᠪᠦᠷᠢ ᠶᠢᠨ ᠲᠠᠪᠤᠨ ᠰᠠᠷ᠎ᠠ ᠶᠢᠨ ᠠᠷᠪᠠᠨ ᠭᠤᠷᠪᠠᠨ ᠪᠣᠯ ᠠᠳᠤᠭᠤᠴᠢᠨ ᠣᠪᠣᠭᠠᠨ ᠤ ᠳᠠᠬᠢᠯᠭ᠎ᠠ ᠶᠢᠨ ᠡᠳᠦᠷ ᠪᠢᠯᠡ᠃ ᠮᠠᠯᠴᠢᠳ‌ᠤᠪᠤᠭ᠎ᠠ ᠪᠠᠨ  ᠲᠣᠭᠤᠷᠢᠨ᠂ ᠲᠤᠪ ᠲᠤᠭᠤᠶᠢᠬᠠᠨ ᠡᠷᠬᠢᠭᠰᠡᠭᠡᠷ ᠮᠤᠷᠢᠳ ᠡᠷᠬᠢᠯ᠎ᠡ᠃      ᠬᠥᠮᠥᠰ ᠨᠢᠲᠤ ᠴᠢᠯᠠᠮ᠎ᠠ ᠠᠯᠤᠰ ᠢ ᠪᠠᠷᠠᠯᠠᠵᠤ ᠬᠦᠭᠡᠷᠦᠯᠳᠦᠵᠦᠭᠡᠨ᠎ᠡ᠃ ᠨᠠᠭᠠᠳᠤᠮᠴᠢᠳ ᠨᠢᠲᠤ ᠬᠤᠷᠴᠠᠯᠠᠨ ᠠᠯᠤᠰ ᠶᠢ ᠪᠠᠷᠠᠯᠠᠭᠰᠠᠭᠠᠷ ᠬᠦᠲᠦᠯ ᠤᠨ ᠴᠠᠭᠠᠨ᠎ᠠ ᠠᠴᠠ ᠲᠡᠭᠲᠡᠬᠦ ᠮᠤᠷᠢᠳ ᠤᠨ ᠲᠤᠭᠤᠰᠤ ᠶᠢ ᠤᠯᠵᠤ ᠬᠠᠷᠠᠯ᠎ᠠ᠃ ᠲᠡᠲᠡ ᠬᠡᠨ ᠬᠡᠨ ᠤ ᠮᠤᠷᠢ ᠭᠡᠵᠤ ᠲᠠᠭᠤᠲᠠᠵᠤ ᠡᠬᠢᠯᠡᠪᠡ᠃ ᠲᠥᠮᠡᠨ ᠬᠥᠮᠥᠨ ᠤ ᠬᠠᠷᠠᠴᠠ ᠶᠢ ᠦᠪᠡᠷᠲᠡᠭᠡᠨ ᠲᠠᠲᠠᠭᠰᠠᠨ ᠬᠡᠥᠬᠡᠳ ᠮᠣᠷᠢ ᠬᠤᠶᠠᠷ  ᠬᠡᠶᠢᠮᠦᠷᠢᠲᠡᠢ ᠬᠠᠷᠠᠭᠳᠠᠨ᠎ᠠ︕ ᠤᠶᠠᠭᠠᠴᠢᠨ ᠬᠡᠤᠬᠡᠳ ᠤᠳ ᠤᠨ ᠬᠢᠩᠭᠤᠤ ᠢᠰᠭᠡᠷᠤᠯᠲᠠ ᠬᠢᠭᠡᠳ ᠥᠵᠡᠭᠴᠢ ᠤᠯᠠᠨ ᠤ ᠤᠤᠬᠠᠢ ᠬᠠᠰᠭᠢᠷᠤᠯᠲᠠ ᠨᠠᠶᠢᠯᠠᠵᠤ ᠨᠢᠭᠡ ᠵᠤᠶᠢᠯ ᠤᠨ ᠪᠠᠶᠠᠰᠬᠤᠯᠠᠩᠲᠤ ᠠᠶᠠᠯᠭᠤ ᠪᠤᠯᠵᠤ ᠴᠡᠯᠡᠭᠡᠷ ᠪᠠᠭᠰᠢ ᠶᠢᠨ ᠰᠡᠳᠬᠢᠯ ᠳᠤ ᠴᠤᠤᠷᠢᠶᠠᠲᠤᠨ᠎ᠠ᠃      ᠦᠵᠡᠭᠴᠢᠳ ᠤᠨ ᠡᠮᠦᠨ᠎ᠡ ᠲᠥᠬᠦᠵᠦ ᠢᠷᠡᠭᠰᠡᠨ ᠪᠤᠯᠠᠭ ᠬᠦᠦ ᠶᠢᠨ ᠤᠨᠤᠭᠰᠠᠨ ᠮᠣᠷᠢ ᠨᠢ ᠭᠡᠨᠡᠳᠲᠡ ᠪᠦᠳᠦᠷᠢᠵᠦ ᠬᠠᠮᠲᠤ ᠣᠶᠢᠴᠢᠴᠢᠬᠠᠪᠠ᠃ ᠬᠤᠷᠠᠭᠰᠠᠨ ᠣᠯᠠᠨ ᠰᠠᠨᠳᠤᠷᠤᠨ ᠪᠤᠵᠢᠭᠢᠨᠠᠯᠳᠤᠬᠤ ᠳᠤ ᠴᠡᠯᠡᠭᠡᠷ ᠤᠨ ᠰᠡᠳᠬᠢᠯ ᠪᠠᠴᠢᠮᠳᠠᠨ ᠪᠤᠯᠠᠭ ᠬᠦᠦ ᠣᠬᠢᠯᠠᠩᠨᠠᠨ ᠵᠣᠭᠰᠣᠨ᠎ᠠ᠃ ᠡᠨᠡ ᠦᠶ᠎ᠡ ᠳᠤ ᠣᠶᠢᠴᠢᠭᠰᠠᠨ ᠬᠥᠯᠥᠭ  ᠪᠣᠰᠴᠣ  ᠣᠬᠢᠯᠠᠭᠰᠠᠨ ᠡᠵᠡᠨ ᠢᠶᠠᠨ ᠨᠥᠳᠥᠴᠢᠬᠦ ᠳᠤ ᠪᠤᠯᠠᠭ ᠬᠥᠤ ᠵᠤᠷᠢᠭ ᠤᠷᠤᠵᠤ᠂ ᠮᠣᠷᠢᠨ ᠤ ᠪᠠᠨ ᠴᠣᠯᠪᠣᠭᠤᠷ ᠠᠴᠠ ᠴᠢᠩᠭᠠᠬᠠᠨ ᠪᠠᠷᠢᠵᠤ ᠡᠪᠯᠡᠭᠦᠯᠦᠨ ᠮᠣᠷᠳᠠᠭᠠᠳ ᠥᠷᠭᠦᠯᠵᠢᠯᠡᠨ ᠲᠠᠪᠬᠢᠭᠤᠯᠪᠠ᠃ ᠡᠨᠡ ᠬᠦ ᠥᠵᠡᠭᠲᠡᠯ ᠬᠤᠷᠠᠭᠰᠠᠨ ᠣᠯᠠᠨ ᠪᠠ ᠤᠷᠤᠯᠲᠤᠭᠴᠢᠳ ᠵᠢᠴᠢ ᠴᠡᠯᠡᠭᠡᠷ ᠪᠠᠭᠰᠢ ᠶᠢᠨ ᠰᠡᠳᠭᠢᠯ ᠢ ᠬᠦᠨ ᠲᠤᠭᠲᠤᠯᠤᠭᠤᠯᠵᠡᠢ᠃ ᠮᠣᠷᠢᠳ ᠳᠠᠪᠬᠢᠭᠰᠠᠭᠠᠷ᠂ ᠨᠠᠭᠠᠳᠤᠮᠴᠢᠳ ᠤᠤᠬᠠᠶᠢᠯᠠᠭᠰᠠᠭᠠᠷ ᠪᠠᠶᠢᠵᠤ ᠨᠢᠭᠡ ᠮᠡᠳᠡᠬᠦ ᠳᠤ ᠪᠤᠯᠠᠭ ᠤᠨ ᠤᠨᠤᠭᠰᠠᠨ ᠮᠣᠷᠢ ᠠᠶᠢᠷᠠᠭ ᠤᠨ ᠲᠠᠪᠤ ᠲᠤᠲᠤᠷᠠᠪᠠ᠃      ᠴᠡᠯᠡᠭᠡᠷ ᠪᠠᠭᠰᠢ ᠪᠤᠯᠠᠭ ᠤᠨ ᠮᠤᠷᠢ ᠶᠢ ᠬᠥᠲᠥᠯᠤᠨ ᠬᠥᠶᠤᠭᠡᠳ ᠬᠥᠯᠥᠰᠦ ᠶᠢ ᠨᠢ ᠰᠡᠪᠬᠡᠨ ᠥᠭᠴᠤ ᠪᠠᠶᠢᠯ᠎ᠠ ᠃ ᠠᠶᠢᠷᠠᠭ ᠠᠮᠰᠠᠭ᠎ᠠ ᠥᠭᠡᠢ ᠤᠬᠢᠯᠠᠬᠤ ᠪᠤᠯᠪᠠ ᠤᠤ︖ ᠭᠡᠵᠤ ᠴᠡᠯᠡᠭᠡᠷ ᠤᠨ ᠵᠣᠪᠠᠭᠰᠠᠨ ᠨᠢ ᠢᠯᠡᠭᠦᠴᠡ ᠪᠠᠶᠢᠪᠠ᠃ ᠪᠡᠭᠡᠷᠡᠵᠤ ᠬᠤᠨᠤᠭᠰᠠᠨ ᠥᠷᠯᠦᠭᠡ ᠶᠢᠨ ᠨᠠᠷᠠᠨ ᠤ ᠤᠯᠠᠪᠤᠷ ᠲᠤᠶᠠᠭᠠᠨ ᠳᠤ ᠠᠪᠤ ᠶᠢᠨ ᠢᠶᠠᠨ ᠬᠥᠷᠮ᠎ᠡ ᠶᠢ ᠨᠥᠮᠥᠷᠤᠭᠡᠳ ᠮᠤᠷᠢ ᠰᠢᠨᠵᠢᠨ ᠵᠣᠭᠰᠣᠬᠤ ᠪᠤᠯᠠᠭ ᠢ ᠬᠠᠷᠠᠬᠤ ᠠᠴᠠ ᠴᠡᠯᠡᠭᠡᠷ ᠤᠨ ᠰᠡᠳᠬᠢᠯ ᠵᠤᠷᠢᠭᠵᠢᠨ ᠤᠮᠤᠭᠰᠢᠵᠤ ᠪᠠᠶᠢᠯ᠎ᠠ᠃      ᠡᠶᠢᠨ ᠬᠦ ᠡᠷᠬᠢᠴᠡᠭᠦᠯᠦᠭᠰᠡᠨ ᠴᠡᠯᠡᠭᠡᠷ ᠪᠠᠭᠰᠢ ᠶᠢᠨ ᠨᠢᠲᠤ ᠨᠢ ᠪᠦᠷᠲᠦᠯᠵᠡᠬᠦ‍ ᠰᠢᠭ ᠪᠤᠯᠤᠭᠰᠠᠨ ᠢᠶᠠᠨ ᠬᠠᠨᠴᠤᠢ  ᠪᠠᠷ ᠢᠶᠠᠨ ᠠᠷᠴᠢᠯᠬᠢᠯᠠᠨ ᠬᠦᠨ ᠭᠡᠭᠴᠢ ᠠᠮᠢᠰᠬᠤᠨ ᠵᠢᠩᠭᠢᠨᠡᠬᠦ ᠬᠤᠩᠬᠤᠨ ᠳᠠᠭᠤᠨ ᠲᠠᠢ ᠬᠠᠮᠲᠤ ᠵᠢᠭᠠᠨ ᠰᠤᠷᠭᠠᠯᠲᠠ  ᠶᠢᠨ ᠪᠠᠶᠢᠰᠢᠩ ᠤᠨ ᠬᠠᠮᠤᠭ ᠪᠠᠷᠠᠭᠤᠨ ᠵᠠᠬ᠎ᠠ ᠶᠢᠨ ᠭᠡᠷ ᠢ ᠴᠢᠭᠯᠡᠯ᠎ᠡ  ᠁    ᠣᠯᠠᠭᠠᠠᠬᠠᠳᠠ ᠬᠤᠳᠠ ᠶᠢᠨ ᠣᠡᠭᠨᠢᠭᠤᠳ ᠬᠤᠰᠢᠭᠤᠠ ᠤ ᠬᠠᠶᠢᠯᠠᠰᠣ ᠳᠠᠬᠢ ᠮᠣᠩᠭᠤᠯ    ᠦᠨᠳᠦᠰᠦᠲᠡᠨ ᠤ ᠰᠣᠷᠭᠠᠭᠤᠯᠢ ᠶᠢᠨ ᠠᠩᠬ᠎ᠠ ᠨᠢᠭᠡ ᠶᠢᠨ ᠭᠤᠷᠪᠠ   ᠣᠳᠣᠨᠲᠠᠨ᠎ᠠ    ᠵᠢᠯᠤᠭᠤᠳᠤᠭᠰᠠᠨ ᠪᠠᠭᠰᠢ᠄ ᠪᠠᠶᠠᠨᠮᠥ᠋ᠩᠬᠡ
 
ᠢᠷᠡᠯᠲᠡ᠄ ᠠᠣᠬᠠᠨ ᠬᠤᠰᠢᠭᠤᠨ ᠤ ᠠᠷᠠᠳ ᠤᠨ ᠵᠠᠰᠠᠭ ᠤᠨ ᠣᠷᠳᠤᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备12002332号