ᠪᠢ ᠪᠣᠯ ᠨᠢᠭᠡ ᠭᠠᠷ ᠤᠲᠠᠰᠤ᠃ ᠨᠢᠷᠤᠭᠤᠨ ᠭᠤᠣᠯ ᠳᠤ ᠮᠢᠨᠢ ᠬᠠᠵᠠᠭᠰᠠᠨ ᠠᠯᠮᠤᠷᠠᠳ ᠤᠨ ᠵᠢᠷᠤᠭ ᠲᠠᠢ᠂ | ᠨᠠᠳᠠ ᠳᠤ ᠪᠠᠰᠠ《 iphno》 ᠭᠡᠳᠡᠭ ᠨᠡᠷ᠎ᠡ ᠲᠠᠢ᠂ ᠰᠣᠨᠣᠰᠴᠤ ᠥᠩᠭᠡᠷᠡᠭᠰᠡᠨ ᠪᠢᠵᠡ︖ ᠲᠠᠨ ᠤ ᠬᠥᠮᠥᠨ | ᠲᠥᠷᠥᠯᠬᠢᠲᠡᠨ ᠤ ᠬᠡᠯᠡᠬᠦ ᠪᠠᠷ ᠪᠢ ᠴᠢᠨᠢ ᠨᠡᠯᠢᠶᠡᠳ ᠰᠠᠶᠢᠨ ᠭᠠᠷ ᠤᠲᠠᠰᠤ ᠭᠡᠨ᠎ᠡ᠃ | ᠨᠠᠮ᠎ᠠ ᠶᠢ ᠮᠡᠨᠳᠦᠯᠡᠭᠰᠡᠨ ᠠᠴᠠ ᠨᠠᠭᠠᠰᠢ ᠨᠢᠭᠡ ᠬᠠᠶᠢᠷᠴᠠᠭ ᠲᠤ ᠬᠢᠭᠡᠳ ᠬᠡᠪᠲᠡᠭᠦᠯᠵᠦ ᠯᠡ ᠪᠠᠶᠢᠨ᠎ᠠ᠃ | ᠬᠠᠵᠠᠭᠤ ᠳᠤ ᠪᠠᠰᠠᠨᠠᠮᠠ ᠲᠠᠢ ᠠᠳᠠᠯᠢ ᠤᠯᠠᠨ ᠭᠠᠷ ᠤᠲᠠᠰᠤ ᠬᠡᠪᠲᠡᠵᠦ ᠪᠠᠶᠢᠨ᠎ᠠ᠂ ᠪᠢᠳᠡᠨ ᠤ ᠬᠡᠪᠲᠡᠵᠦ ᠪᠠᠶᠢᠭ᠎ᠠ | ᠬᠠᠶᠢᠷᠴᠠᠭ ᠳᠡᠭᠡᠷ᠎ᠡ ᠨᠢᠭᠡ ᠲᠤᠭ᠎ᠠ ᠨᠠᠭᠠᠵᠤ ᠪᠠᠶᠢᠨ᠎ᠠ᠃ ᠦᠨ᠎ᠡ ᠬᠠᠩᠰᠢ ᠮᠠᠶ᠋ᠢᠭ ᠲᠠᠢ᠂ ᠭᠠᠷ ᠤᠲᠠᠰᠤ ᠠᠪᠬᠤ ᠪᠠᠷ | ᠢᠷᠡᠭᠰᠡᠨ ᠬᠦᠮᠦᠰ ᠦᠨ᠎ᠡ ᠬᠠᠩᠰᠢ ᠶᠢ ᠦᠵᠡᠬᠦ ᠪᠣᠯᠭᠠᠨ ᠲᠣᠯᠣᠭᠠᠢ ᠰᠠᠵᠢᠨ ᠬᠥᠮᠥᠰᠭᠡ ᠠᠲᠤᠷᠢᠨ ᠴᠢᠨᠠᠭᠰᠢ ᠪᠠᠨ | ᠥᠭᠡᠷ᠎ᠡ ᠬᠢᠮᠳᠠ ᠭᠠᠷ ᠤᠲᠠᠰᠤ ᠵᠦᠭ ᠴᠢᠭᠯᠡᠳᠡᠭ᠂ ᠡᠨᠡ ᠦᠶ᠎ᠡ ᠳᠤ ᠬᠠᠮᠤᠭ ᠠᠴᠠ ᠡᠭᠳᠡᠭᠦᠦ ᠬᠦᠷᠬᠦ ᠪᠢᠯᠡ᠂ | ᠲᠡᠲᠡᠭᠡᠷ ᠬᠠᠷ᠎ᠠ ᠲᠤᠯᠤᠭᠠᠶᠢᠲᠤ ᠬᠦᠮᠦᠰ ᠤᠨ ᠡᠭᠳᠡᠭᠦᠦ ᠲᠠᠢ ᠳᠦᠷᠢ ᠪᠠᠶᠢᠳᠠᠯ ᠢ ᠦᠵᠡᠬᠦ ᠪᠦᠷᠢ ᠥᠪᠡᠷ ᠤᠨ ᠪᠡᠶ᠎ᠡ | ᠪᠠᠨ ᠶᠠᠭᠤᠨ ᠳᠤ ᠦᠨᠡᠲᠡᠢ ᠪᠣᠯᠵᠤ ᠵᠠᠶᠠᠭᠠᠭᠰᠠᠨ ᠪᠣᠢ᠂ ᠭᠡᠵᠦ ᠪᠣᠳᠣᠨ ᠪᠣᠳᠣᠨ ᠶᠠᠷ᠎ᠠ ᠬᠦᠷᠳᠡᠭ᠃ | ᠨᠢᠭᠡᠨ ᠡᠳᠦᠷ ᠳᠡᠯᠭᠡᠭᠦᠷ ᠲᠤ ᠮᠢᠨᠢ ᠨᠢᠭᠡᠨ ᠠᠪᠤ ᠭᠦᠦ ᠬᠤᠶᠠᠷ ᠣᠷᠣᠵᠣ ᠢᠷᠡᠪᠡ᠂ ᠡᠨᠡ ᠠᠪᠤ ᠬᠦᠦ ᠬᠤᠶᠠᠷ | ᠤᠨ ᠡᠮᠦᠰᠴᠦ ᠵᠡᠭᠦᠬᠦ ᠶᠢ ᠨᠢ ᠦᠵᠡᠪᠡᠯ ᠶᠡᠭᠡ ᠣᠯᠠᠨ ᠮᠥᠩᠭᠦ ᠲᠠᠢ ᠪᠠᠶᠠᠨ ᠬᠦᠮᠦᠨ ᠭᠡᠳᠡᠭ ᠢ ᠭᠠᠳᠠᠷᠯᠠᠪᠠ᠂ ᠲᠡᠷᠡ | ᠬᠦᠦ ᠠᠷᠪᠠᠨ ᠳᠥᠷᠪᠡ ᠲᠠᠪᠤᠨ ᠨᠠᠰᠤᠨ ᠤ ᠣᠷᠴᠢᠮ᠂ ᠳᠡᠯᠭᠡᠭᠦᠷ ᠤᠨ ᠯᠠᠩᠭᠦᠢ ᠳᠤ ᠬᠡᠪᠲᠡᠵᠦ ᠪᠠᠶᠢᠭ᠎ᠠ ᠭᠠᠷ | ᠤᠲᠠᠰᠤ ᠶᠢ ᠵᠠᠬ᠎ᠠ ᠳᠠᠷᠠᠭᠠᠯᠠᠨ ᠠᠵᠢᠭᠯᠠᠵᠤ ᠡᠬᠢᠯᠡᠵᠡᠢ᠂ ᠡᠮᠦᠨ᠎ᠡ ᠬᠡᠳᠦᠨ ᠬᠦᠮᠦᠰ ᠤᠨ ᠲᠡᠷᠡ ᠪᠠᠶᠢᠳᠠᠯ ᠢ ᠪᠣᠳᠣᠵᠣ | ᠣᠯᠤᠭᠠᠳ ᠡᠨᠡ ᠬᠦᠦ ᠨᠠᠮ᠎ᠠ ᠶᠢ ᠬᠤᠳᠠᠯᠳᠤᠨ ᠠᠪᠬᠤ ᠶᠢ ᠶᠡᠬᠡᠳᠡ ᠬᠦᠰᠡᠪᠡ᠃ ᠶᠠᠭ ᠰᠠᠨᠠᠭ᠎ᠠ ᠪᠠᠷ ᠲᠡᠷᠡ ᠬᠦᠦ | ᠨᠠᠲᠠᠶᠢ ᠬᠠᠶᠢᠷᠴᠠᠭ ᠠᠴᠠ ᠠᠪᠴᠤ ᠭᠠᠷᠭᠠᠨ᠂ ᠨᠢᠭᠤᠷ ᠴᠢᠷᠠᠢ ᠳᠡᠭᠡᠷ᠎ᠡ ᠮᠢᠨᠢ ᠠᠳᠡ ᠲᠡᠨᠳᠡ ᠳᠣᠶ᠋ᠢᠵᠦ ᠦᠵᠡᠭᠰᠡᠨ | ᠢᠶᠠᠨ ᠡᠴᠦᠰ ᠲᠤ ᠪᠠᠨ ᠲᠣᠯᠤᠭᠠᠢ ᠲᠣᠬᠢᠨ ᠳᠡᠯᠭᠡᠭᠦᠷ ᠤᠨ ᠡᠵᠡᠨᠲᠡᠨ ᠳᠤ ᠲᠣᠭᠠᠴᠠᠭ᠎ᠠ ᠬᠢᠭᠡᠳ ᠨᠠᠲᠠ ᠶᠢ ᠠᠪᠤᠭᠠᠳ | ᠬᠠᠷᠢᠪᠠ᠃ | ᠪᠢᠴᠢᠬᠠᠨ ᠡᠵᠡᠨ ᠮᠢᠨᠢ ᠭᠡᠷ ᠲᠤ ᠪᠠᠨ ᠬᠠᠷᠢᠮᠠᠭᠴᠠ ᠥᠷᠦᠭᠡᠨ ᠳᠤ ᠪᠠᠨ ᠣᠷᠣᠵᠣ ᠡᠯᠳᠡᠪ ᠶᠠᠩᠵᠤ ᠶᠢᠨ | ᠬᠦᠳᠡᠯᠭᠡᠭᠡᠨ ᠭᠠᠷᠭᠠᠵᠤ ᠦᠪᠡᠷ ᠢ ᠪᠠᠨ ᠰᠡᠭᠦᠳᠡᠷᠯᠡᠪᠡ᠃ ᠬᠦ᠋᠂ ᠰᠠᠶᠢᠬᠠᠨ ᠬᠦᠦ ᠰᠢᠳᠡ᠂ ᠰᠡᠭᠦᠳᠡᠷᠯᠡᠵᠦ | ᠪᠠᠷᠠᠩᠭᠤᠳᠠ ᠡᠵᠡᠨ ᠮᠢᠨᠢ ᠮᠢᠨᠤ ᠬᠡᠪᠡᠯᠢ ᠳᠤ ᠮᠢᠨᠢ ᠣᠯᠠᠨ ᠵᠦᠢᠯ ᠤᠨ ᠲᠣᠭᠯᠠᠭᠠᠮ ᠪᠠᠭᠤᠯᠭᠠᠵᠤ ᠠᠪᠤᠪᠠ᠃ ᠵᠠ᠂ | ᠢᠩᠭᠢᠭᠡᠳ ᠪᠥᠭᠡᠮ ᠠᠵᠢᠯ ᠲᠠᠢ ᠪᠣᠯᠣᠭᠰᠠᠨ ᠪᠢ ᠲᠤᠩ ᠴᠤ ᠪᠠᠶᠠᠷᠯᠠᠵᠤ ᠠᠪᠤᠯ᠎ᠠ᠃ | ᠡᠵᠡᠨ ᠳᠤ ᠪᠠᠨ ᠦᠢᠯᠡᠴᠢᠯᠡᠬᠦ ᠶᠠᠷᠢᠶᠠᠨ ᠦᠭᠡᠢ ᠳᠤᠷᠠᠲᠠᠢ᠂ ᠤᠴᠢᠷ ᠨᠢ ᠡᠨᠡ ᠪᠣᠯ ᠮᠢᠨᠤ ᠡᠭᠦᠷᠭᠡ᠃ | ᠭᠡᠪᠡᠴᠦ ᠬᠡᠳᠦᠨ ᠡᠳᠦᠷ ᠤᠨ ᠳᠠᠷᠠᠭ᠎ᠠ ᠮᠢᠨᠤ ᠪᠣᠳᠣᠯ ᠥᠭᠡᠷᠡᠴᠢᠯᠡᠭᠳᠡᠪᠡ᠃ ᠪᠢᠴᠢᠬᠠᠨ ᠡᠵᠡᠨ ᠮᠢᠨᠢ ᠤᠤᠭᠤᠵᠤ | ᠢᠳᠡᠬᠦ ᠪᠠᠨ ᠴᠤ ᠮᠡᠳᠡᠬᠦ ᠦᠭᠡᠢ᠂ ᠨᠠᠲᠠ ᠶᠢ ᠬᠦᠨᠳᠡᠯᠡᠨ ᠪᠠᠷᠢᠵᠤ ᠨᠠᠭᠠᠳᠴᠤ ᠯᠠ ᠪᠠᠶᠢᠨ᠎ᠠ᠃ ᠤᠨᠲᠠᠵᠤ ᠬᠡᠪᠲᠡᠬᠦ᠂ | ᠵᠠᠮ ᠠᠶᠠᠯᠠᠬᠤ ᠳᠤ ᠪᠦᠷ ᠴᠤ ᠭᠠᠷ ᠲᠠᠯᠪᠢᠬᠤ ᠦᠭᠡᠢ᠂ ᠴᠢᠨᠠᠭᠰᠢᠯᠠᠪᠠᠯ ᠵᠣᠷᠯᠣᠩ ᠳᠤ ᠣᠷᠣᠬᠤ ᠳᠤ ᠪᠠᠨ ᠴᠤ ᠨᠠᠲᠠ | ᠶᠢ ᠠᠳᠬᠤᠨ ᠣᠷᠤᠳᠠᠭ ᠁ ᠪᠢᠴᠢᠬᠠᠨ ᠡᠵᠡᠨ ᠮᠢᠨᠢ ᠨᠢᠭᠡᠨᠲᠡ ᠨᠢᠭᠤᠷ ᠲᠤ ᠪᠠᠨ ᠭᠠᠯ ᠲᠠᠢ᠂ ᠨᠢᠳᠦᠨ ᠳᠤ | ᠪᠠᠨ ᠴᠤᠭ ᠲᠠᠢ ᠬᠦᠦ ᠪᠢᠰᠢ ᠪᠣᠯᠵᠠᠢ᠃ | ᠢᠭᠭᠢᠭᠡᠳ ᠣᠯᠠᠨ ᠡᠳᠦᠷ ᠤᠨ ᠳᠠᠷᠠᠭ᠎ᠠ ᠡᠵᠡᠨ ᠮᠢᠨᠢ ᠮᠢᠨᠤ ᠤᠴᠢᠷ ᠠᠴᠠ ᠪᠣᠯᠵᠣ ᠭᠡᠷ ᠤᠨ ᠬᠦᠮᠦᠰ ᠲᠠᠢ | ᠪᠠᠨ ᠲᠤᠶᠢᠯ ᠤᠨ ᠶᠡᠭᠡ ᠬᠡᠷᠡᠭᠦᠯ ᠬᠢᠪᠡ᠂ ᠪᠢ ᠳᠤᠮᠳᠠ ᠨᠢ ᠣᠷᠤᠵᠤ ᠬᠡᠳᠦᠨ ᠦᠭᠡ ᠬᠡᠯᠡᠶ᠎ᠡ ᠭᠡᠵᠦ ᠪᠣᠳᠣᠭᠰᠠᠨ ᠴᠤ | ᠬᠡᠯᠡᠵᠦ ᠴᠢᠳᠠᠬᠤ ᠦᠭᠡᠢ ᠠᠷᠭ᠎ᠠ ᠪᠠᠷᠠᠭᠳᠠᠯ᠎ᠠ᠃ ᠵᠥᠪᠬᠡᠨ ᠬᠠᠵᠠᠭᠤ ᠳᠤ ᠨᠢ ᠬᠡᠪᠲᠡᠵᠦ ᠲᠠᠲᠡᠨ ᠤ ᠬᠡᠷᠡᠭᠦᠯ ᠢ ᠡᠬᠢᠨ | ᠠᠴᠠ ᠨᠢ ᠲᠡᠭᠦᠰᠲᠡᠯ᠎ᠡ ᠦᠵᠡᠨ᠎ᠡ᠃ ᠪᠢᠴᠢᠬᠠᠨ ᠡᠵᠡᠨ ᠤ ᠠᠪᠤ ᠨᠢ ᠲᠤᠩ ᠠᠭᠤᠷᠯᠠᠭᠰᠠᠨ ᠲᠤᠯᠠ ᠬᠠᠴᠠᠷ ᠲᠦᠭᠦᠰᠢ | ᠨᠢ ᠤᠯᠠᠶᠢᠵᠤ ︽ᠭᠠᠭᠴᠠ ᠬᠦᠦ ᠪᠠᠨ ᠬᠠᠮᠢᠶᠠᠷᠴᠤ ᠳᠡᠶᠢᠯᠬᠦ ᠦᠭᠡᠢ ᠦᠦ︖︾ ᠭᠡᠳ ᠬᠡᠯᠡᠩᠭᠦᠳᠡ ᠬᠠᠵᠠᠭᠤ ᠳᠤ | ᠬᠡᠪᠲᠡᠵᠦ ᠪᠠᠶᠢᠭᠰᠠᠨ ᠨᠠᠮ᠎ᠠ ᠶᠢ ᠪᠠᠷᠠᠭᠤᠨ ᠭᠠᠷ ᠲᠤ ᠪᠠᠨ ᠠᠪᠴᠤ ᠳᠡᠭᠡᠭᠰᠢ ᠡᠷᠭᠦᠨ ᠰᠠᠪᠠᠭ᠋ᠤ ᠭᠡᠵᠦ ᠪᠠᠶᠢᠭ᠎ᠠ ᠶᠢ | ᠪᠢᠴᠢᠬᠠᠨ ᠡᠵᠡᠨ ᠮᠢᠨᠢ ᠣᠯᠵᠤ ᠦᠵᠡᠭᠡᠳ ᠰᠠᠨᠳᠤᠷᠬᠤ ᠳᠤ ᠪᠠᠨ ᠨᠠᠮ᠎ᠠ ᠶᠢ ᠠᠪᠤ ᠶᠢᠨ ᠢᠶᠠᠨ ᠭᠠᠷ ᠠᠴᠠ ᠪᠤᠯᠢᠶᠠᠵᠤ | ᠠᠪᠬᠤ ᠭᠡᠵᠦ ᠪᠠᠶᠢᠲᠠᠯ᠎ᠠ ᠪᠢ ᠨᠢᠭᠡᠨᠲᠡ ᠭᠠᠵᠠᠷ ᠲᠤ ᠣᠶᠢᠴᠢᠵᠤ ᠨᠢᠭᠤᠷ ᠴᠢᠷᠠᠢ ᠠᠪᠬᠤ ᠶᠢᠨ ᠠᠷᠭ᠎ᠠ ᠦᠭᠡᠢ | ᠬᠠᠭᠠᠷᠠᠭᠰᠠᠨ ᠪᠢᠯᠡ᠃ ᠪᠢ ᠴᠤ ᠬᠠᠭᠠᠷᠠᠴᠢᠬᠠᠯᠠ ᠭᠡᠵᠦ ᠵᠤᠪᠠᠭᠰᠠᠨ ᠦᠭᠡᠢ᠂ ᠬᠠᠷᠢᠨ ᠢᠩᠭᠢᠭᠰᠡᠨ ᠨᠢ ᠳᠡᠭᠡᠷ᠎ᠡ | ᠭᠡᠳᠡᠭ ᠪᠣᠳᠣᠯ ᠣᠷᠤᠪᠠ᠃ ᠤᠴᠢᠷ ᠨᠢ ᠪᠢ ᠬᠠᠭᠠᠷᠠᠪᠠᠯ ᠪᠢᠴᠢᠬᠠᠨ ᠡᠵᠡᠨ ᠳᠤ ᠴᠤ ᠲᠤᠰᠠ ᠲᠠᠢ ᠁ | ᠪᠢᠴᠢᠬᠠᠨ ᠡᠵᠡᠨ ᠬᠠᠭᠠᠷᠭᠰᠠᠨ ᠤᠲᠠᠰᠤ ᠨᠠᠮ᠎ᠠ ᠶᠢ ᠲᠡᠮᠲᠡᠷᠢᠨ ᠤᠬᠢᠯᠠᠵᠤ ᠪᠠᠶᠢᠬᠤ ᠶᠢ ᠦᠵᠡᠭᠡᠳ ᠰᠡᠳᠬᠢᠯ | ᠮᠢᠨᠢ ᠶᠠᠭᠠᠬᠢᠬᠤ ᠶᠢᠨ ᠠᠷᠭ᠎ᠠ ᠦᠭᠡᠢ ᠡᠮᠵᠡᠭᠯᠡᠯᠡ᠃ | ᠪᠢᠴᠢᠬᠠᠨ ᠡᠵᠡᠨ ᠮᠢᠨᠢ᠂ ᠬᠡᠷᠪᠡ ᠡᠷᠲᠡ ᠨᠠᠲᠠ ᠠᠴᠠ ᠬᠤᠯᠠ ᠵᠠᠶᠢᠯᠠᠵᠤ᠂ ᠨᠠᠮ᠎ᠠ ᠶᠢ ᠵᠢᠭᠰᠢᠵᠦ ᠶᠠᠪᠤᠭᠰᠠᠨ | ᠪᠣᠯ ᠡᠨᠡ ᠬᠡᠮᠵᠢᠶᠡᠨ ᠳᠤ ᠬᠦᠷᠦᠨ᠎ᠡ ᠭᠡᠵᠦ ᠦᠦ︖ | ᠬᠥᠮᠥᠰ ᠡ᠂ ᠨᠠᠮ᠎ᠠ ᠠᠴᠠ ᠬᠤᠯᠠ ᠵᠠᠶᠢᠯᠠᠭᠠᠷᠠᠢ︕ | ᠣᠯᠠᠭᠠᠠᠬᠠᠳᠠ ᠬᠤᠳᠠ ᠶᠢᠨ ᠣᠡᠭᠨᠢᠭᠤᠳ ᠬᠤᠰᠢᠭᠤᠠ ᠤ ᠬᠠᠶᠢᠯᠠᠰᠣ ᠳᠠᠬᠢ ᠮᠣᠩᠭᠤᠯ | ᠦᠨᠳᠦᠰᠦᠲᠡᠨ ᠤ ᠰᠣᠷᠭᠠᠭᠤᠯᠢ ᠶᠢᠨ ᠠᠩᠬ᠎ᠠ ᠨᠢᠭᠡ ᠶᠢᠨ ᠲᠠᠪᠤ ᠰᠠᠷᠭᠠᠢ | ᠵᠢᠯᠤᠭᠤᠳᠤᠭᠰᠠᠨ ᠪᠠᠭᠰᠢ᠄ ᠪᠠᠶᠠᠨᠮᠥ᠋ᠩᠬᠡ | |