ᠮᠢᠨᠦ  ︽ᠲᠦᠢᠳᠬᠡᠷ ᠲᠠᠢ ︾ ᠬᠠᠮᠲᠤ ᠰᠤᠷᠤᠯᠭᠠᠳᠠᠨ
ᠨᠡᠶᠢᠲᠡᠯᠡᠭᠰᠡᠨ ᠴᠠᠭ᠄
2023/11/10
              ᠮᠠᠨ ᠤ  ᠠᠩᠬᠢ ᠳᠤ ᠳᠡᠭᠵᠢᠨ ᠭᠡᠳᠡᠭ ᠨᠡᠷ᠎ᠡ ᠲᠠᠢ ᠠᠯᠢᠶ᠎ᠠ ᠰᠢᠷ᠎ᠠ ᠬᠦᠦ ᠪᠠᠶᠢᠳᠠᠭ ᠃ ᠲᠡᠭᠦᠨ ᠤ ᠲᠦᠢᠳᠬᠡᠷ ᠭᠡᠳᠡᠭ ᠨᠢ ᠬᠡᠷᠡᠭ ᠡ ᠃ ᠠᠩᠬᠢ ᠶᠢᠨ ᠭᠡᠷ ᠲᠤ ᠲᠡᠷᠡ ᠪᠠᠶᠢᠳᠠᠭ ᠯᠠ ᠶᠤᠮ ᠪᠣᠯ ᠦᠢᠮᠡᠭᠡᠨ ᠱᠤᠤᠭᠢᠶᠠᠨ ᠲᠠᠰᠤᠷᠠᠬᠤ ᠦᠭᠡᠢ ᠭᠡᠵᠦ ᠮᠡᠳᠡ ᠃ ᠡᠴᠡᠩᠬᠡᠢ ᠴᠢᠷᠠᠢ ᠨᠢ ᠡᠷᠡᠦ ᠪᠠᠷ ᠢᠶᠠᠨ ᠱᠣᠪᠲᠤᠶᠢᠭᠠᠳ ᠶᠠᠭ ᠯᠠ ᠲᠣᠭᠠᠨ ᠤ ᠤᠬᠠᠭᠠᠨ ᠤ ᠪᠠᠭᠰᠢ ᠶᠢᠨ ᠬᠡᠷᠡᠭᠯᠡᠳᠡᠭ ᠭᠤᠷᠪᠠᠯᠵᠢᠨ ᠬᠠᠪᠲᠠᠰᠤ ᠶᠢ ᠳᠣᠷᠤᠭᠰᠢ ᠬᠠᠨᠲᠤᠭᠤᠯᠤᠨ ᠲᠠᠯᠪᠢᠭᠰᠠᠨ ᠰᠢᠭ᠋ ᠬᠠᠷᠠᠭᠳᠠᠳᠠᠭ ᠃ ᠦᠰᠦ ᠨᠢ ᠪᠣᠷᠵᠠᠶᠢᠭᠠᠳ ᠂ ᠬᠠᠯᠲᠠᠷ ᠰᠢᠷ᠎ᠠ ᠨᠢᠭᠤᠷ ᠢᠶᠠᠨ ᠪᠠᠷᠤᠭ ᠯᠠ ᠤᠭᠢᠶᠠᠳᠠᠭ ᠦᠭᠡᠢ ᠪᠠᠶᠢᠬ᠎ᠠ ᠂ ᠬᠠᠶᠠ  ᠳᠠᠭᠠᠨ ᠪᠦᠮᠪᠦᠭᠡ ᠲᠣᠭᠯᠠᠭᠠᠳ ᠪᠣᠴᠠᠭᠠᠳ ᠢᠷᠡᠪᠡᠯ ᠵᠣᠩᠭᠠᠭ ᠬᠦᠯᠦᠰᠦ ᠨᠢ ᠬᠠᠴᠠᠷ ᠨᠢᠭᠤᠷ ᠢᠶᠠᠷ ᠨᠢ ᠵᠠᠮ ᠴᠣᠪᠤᠭ᠎ᠠ ᠳᠠᠲᠠᠭᠤᠯᠤᠨ ᠤᠷᠤᠰᠴᠤ ᠂ ᠳᠡᠪᠡᠯ ᠢᠶᠠᠨ ᠵᠠᠳᠠᠭᠠᠢ ᠨᠦᠮᠦᠷᠴᠦ ᠂ ᠶᠡᠭᠡ ᠳᠠᠭᠤ ᠪᠠᠷ ᠬᠠᠰᠬᠢᠷᠴᠤ ᠂ ᠲᠣᠭᠯᠠᠨ ᠭᠦᠶᠦᠭᠰᠡᠭᠡᠷ ᠠᠩᠬᠢ ᠶᠢᠨ ᠭᠡᠷ ᠲᠤ ᠣᠷᠤᠵᠤ ᠢᠷᠡᠭᠡᠳ ᠡᠮᠡᠭᠳᠡᠢ ᠰᠤᠷᠤᠭᠴᠢ ᠶᠢ ᠨᠢᠭᠡ ᠵᠡᠷᠭᠡ ᠦᠢᠮᠡᠭᠦᠯᠵᠦ ᠣᠷᠬᠢᠳᠠᠭ ᠃ ᠬᠢᠴᠢᠶᠡᠯ ᠳᠡᠭᠡᠷ᠎ᠡ ᠴᠤ ᠣᠪ ᠲᠠᠢ ᠰᠠᠶᠢᠬᠠᠨ ᠰᠠᠭᠤᠵᠤ ᠴᠢᠳᠠᠬᠤ ᠦᠭᠡᠢ ᠂ ᠪᠠᠭᠰᠢ ᠶᠢᠨ ᠠᠰᠠᠭᠤᠭᠰᠠᠨ ᠠᠰᠠᠭᠤᠯᠲᠠ ᠶᠢ ᠴᠤ ᠶᠦᠮᠦᠷᠯᠢᠭ ᠱᠣᠭᠲᠠᠢ ᠬᠠᠷᠢᠭᠤᠯᠤᠭᠠᠳ ᠣᠯᠠᠨ ᠢ ᠢᠨᠢᠶᠡᠯᠭᠡᠵᠦ ᠣᠷᠭᠢᠳᠠᠭ ᠃ ᠬᠠᠯᠲᠠᠷ ᠴᠢᠷᠠᠢ ᠲᠠᠢ ᠂ ᠠᠷᠢᠭᠤᠨ ᠴᠡᠪᠡᠷ ᠢ ᠡᠷᠬᠢᠮᠯᠡᠳᠡᠭ ᠦᠭᠡᠢ  ᠪᠣᠯᠬᠤᠷ ᠮᠠᠨ ᠤ ᠠᠩᠬᠢ ᠶᠢᠨ ᠬᠢᠨ ᠲᠡᠭᠦᠨ ᠢ ᠳᠣᠣᠷᠠᠰᠢᠶᠠᠵᠤ ᠦᠵᠡᠬᠦ ᠨᠢ ᠣᠯᠠᠨ ᠪᠠᠶᠢᠳᠠᠭ ᠃ ᠦᠨᠦᠳᠦᠷ ᠣᠷᠤ ᠪᠠᠨ ᠬᠤᠷᠢᠶᠠᠬᠤ ᠪᠠᠨ ᠮᠠᠷᠲᠠᠵᠤ ᠠᠩᠬᠢ ᠶᠢᠨ ᠬᠤᠪᠢ ᠶᠢ ᠬᠠᠰᠤᠭᠤᠯᠬᠤ ᠦᠭᠡᠢ ᠪᠣᠯ ᠮᠠᠷᠭᠠᠰᠢ ᠪᠦᠮᠪᠦᠭᠡ ᠢᠰᠬᠦᠯᠵᠦ ᠴᠣᠩᠬᠤᠨ ᠰᠢᠯ ᠬᠠᠭᠠᠯᠤᠭᠠᠳ ᠪᠠᠭᠰᠢ ᠳᠤ ᠵᠠᠩᠨᠠᠭᠤᠯᠤᠨ᠎ᠠ ᠃ ᠲᠡᠭᠦᠨ ᠤ ᠦᠯᠢᠭᠡᠷ ᠢ ᠠᠯᠢ ᠶᠢ ᠨᠢ ᠬᠡᠯᠡᠭᠡᠳ ᠪᠠᠷᠠᠬᠤ ᠪᠣᠢ ᠳ᠋ᠠ ᠃ ᠲᠡᠶᠢᠮᠦ ᠠᠴᠠ ᠪᠢᠳᠡ ᠂  ︽  ᠡᠨᠡ ᠠᠮᠢᠲᠠᠨ ᠢ ᠮᠠᠨ ᠤ ᠪᠠᠭᠰᠢ  ᠬᠥᠭᠡᠭᠡᠭᠡᠳ ᠶᠠᠪᠤᠭᠤᠯᠴᠢᠬᠠᠳᠠᠭ ᠴᠤ ᠪᠣᠯᠤᠰᠤᠭᠠᠢ ᠂ ᠠᠯᠢ ᠡᠰᠡᠭᠦᠯ᠎ᠡ ᠥᠭᠡᠷ᠎ᠡ ᠠᠩᠬᠢ ᠳᠤ ᠦᠯᠳᠡᠭᠡᠳ ᠶᠠᠪᠤᠭᠤᠯᠴᠢᠬᠠᠪᠠᠯ ᠮᠠᠨ ᠤ ᠠᠩᠬᠢ ᠲᠠᠶᠢᠪᠤᠭᠤᠨ ᠰᠠᠶᠢᠬᠠᠨ ᠪᠣᠯᠤᠨ᠎ᠠ︾ ᠭᠡᠵᠦ ᠪᠣᠳᠤᠵᠠᠭᠠᠳᠠᠭ ᠪᠢᠯᠡ ᠃    ᠭᠡᠪᠡᠴᠤ ᠳᠡᠭᠵᠢᠨ ᠪᠠᠰᠠ ᠠᠩᠬᠢ  ᠳᠠᠭᠠᠨ ᠢᠷᠡᠭᠤ ᠠᠯᠳᠠᠷ ᠢ ᠠᠪᠴᠢᠷᠠᠭᠰᠠᠨ ᠤᠳᠠᠭ᠎ᠠ ᠲᠠᠢ ᠃ ᠨᠢᠭᠡ ᠤᠳᠠᠭᠠᠨ ᠤ ᠰᠤᠷᠭᠠᠭᠤᠯᠢ ᠶᠢᠨ ᠲᠣᠭᠠᠨ ᠤ ᠤᠬᠠᠭᠠᠨ ᠤ ᠤᠷᠤᠯᠳᠤᠭᠠᠨ ᠳᠤ ᠲᠡᠷᠡ ᠮᠠᠨ ᠤ ᠠᠩᠬᠢ ᠪᠠᠨ ᠲᠦᠯᠦᠭᠡᠯᠡᠵᠦ ᠣᠷᠤᠯᠴᠠᠭᠠᠳ ᠬᠤᠶᠠᠳᠤᠭᠠᠷ ᠳᠡᠰ ᠲᠤ ᠣᠷᠤᠭᠠᠳ ᠪᠢᠳᠡᠨ ᠢ ᠬᠠᠭ᠎ᠠ ᠪᠠᠶᠠᠷᠯᠠᠭᠤᠯᠤᠭᠰᠠᠨ ᠪᠢᠯᠡ ᠃ ᠶᠡᠷᠦ ᠨᠢ ᠪᠠᠰᠠ ᠬᠠᠴᠢᠨ ᠶᠤᠮ ᠂ ᠲᠡᠷᠡ ᠨᠣᠮᠤᠬᠠᠨ ᠰᠠᠭᠤᠵᠤ ᠰᠤᠷᠤᠯᠴᠠᠵᠤ ᠳᠡᠶᠢᠯᠬᠦ ᠦᠭᠡᠢ ᠴᠤ ᠪᠢᠳᠡᠨ ᠤ ᠪᠣᠳᠤᠵᠤ ᠴᠢᠳᠠᠳᠠᠭ ᠦᠭᠡᠢ ᠬᠦᠴᠢᠷ ᠰᠡᠳᠤᠪ ᠢ ᠳᠠᠩᠳᠠ ᠵᠥᠪ ᠬᠢᠳᠡᠭ ᠶᠤᠮ ᠃ ᠳᠡᠭᠡᠭᠰᠡᠭᠡᠷ ᠪᠠᠭᠰᠢ ᠳᠡᠭᠵᠢᠨ ᠢ ᠮᠠᠭᠲᠠᠬᠤ ᠳᠤ ᠰᠠᠷᠪᠠᠭᠠᠷ ᠲᠣᠯᠤᠭᠠᠢ ᠪᠠᠨ ᠳᠣᠩᠬᠤᠯᠵᠠᠭᠤᠯᠤᠨ ᠢᠨᠢᠶᠡᠳᠡᠭ᠃ ᠪᠢᠳᠡ ᠪᠦᠭᠦᠳᠡᠭᠡᠷ ᠢᠶᠠᠨ ᠲᠡᠭᠦᠨ ᠤ ᠣᠪᠤᠷ ᠦᠭᠡᠢ ᠪᠠᠶᠢᠳᠠᠯ ᠢ ᠬᠠᠷᠠᠵᠤ ᠪᠠᠶᠢᠭᠰᠠᠭᠠᠷ ᠲᠡᠰᠬᠡᠯ ᠦᠭᠡᠢ ᠢᠨᠢᠶᠡᠯᠴᠡᠳᠡᠭ ᠃ ᠪᠢᠳᠡ ᠬᠡᠴᠢᠨᠡᠬᠡᠨ ᠣᠯᠠᠨ ᠰᠠᠶᠢᠨ ᠶᠠᠪᠤᠳᠠᠯ ᠬᠢᠭᠰᠡᠨ ᠴᠤ ᠪᠠᠭᠰᠢ ᠮᠠᠨᠤᠰ ᠢ ᠮᠠᠭᠲᠠᠬᠤ ᠨᠢ ᠴᠦᠬᠡᠨ ᠰᠠᠨᠠᠭᠳᠠᠵᠤ ᠂ ᠳᠡᠭᠵᠢᠨ ᠭᠠᠭᠴᠠᠬᠠᠨ ᠰᠠᠶᠢᠨ ᠶᠠᠪᠤᠳᠠᠯ ᠬᠢᠭᠰᠡᠭᠡᠷ ᠪᠠᠭᠰᠢ ᠣᠯᠵᠤ ᠬᠠᠷᠠᠭᠠᠳ ᠮᠠᠭᠲᠠᠨ᠎ᠠ ᠃ ᠲᠡᠭᠦᠨ ᠢ ᠳᠡᠩᠳᠡᠭᠦᠦ ᠡᠷᠭᠦᠵᠦ ᠪᠠᠶᠢᠨ᠎ᠠ ᠭᠡᠵᠦ ᠪᠢᠳᠡ ᠬᠠᠶᠠ ᠪᠠᠭᠰᠢ ᠳᠠᠭᠠᠨ ᠭᠤᠮᠤᠳᠠᠳᠠᠭ ᠶᠤᠮ ᠃ ᠡᠮᠦᠨᠡᠬᠡᠨ ᠲᠡᠷᠡ ᠬᠠᠶᠠᠭᠳᠠᠮᠠᠯ ᠴᠠᠭᠠᠰᠤᠨ ᠬᠠᠶᠢᠷᠴᠠᠭ ᠢᠶᠠᠷ ᠬᠤᠭ ᠤᠨ ᠰᠠᠪᠠ ᠵᠣᠬᠢᠶᠠᠭᠰᠠᠨ ᠴᠢᠨᠢ ᠮᠠᠨ ᠤ ᠪᠠᠭᠰᠢ ᠲᠡᠭᠦᠨ ᠢ  ︽   ᠠᠩᠬᠢ ᠶᠢᠨ ᠭᠡᠷ ᠤᠨ ᠬᠤᠭ ᠨᠣᠪᠰᠢ ᠶᠢ ᠲᠡᠭᠦᠵᠦ ᠴᠤᠭᠯᠠᠭᠤᠯᠬᠤ ᠳᠤ ᠳᠦᠭᠦᠮ ᠪᠣᠯᠤᠯ᠎ᠠ︾ ᠭᠡᠵᠦ ᠶᠡᠭᠡ ᠯᠠ ᠰᠠᠶᠢᠰᠢᠶᠠᠭᠰᠠᠨ ᠪᠦᠭᠡᠳ ᠡᠭᠦᠨ ᠢ ᠨᠢ ᠮᠠᠭᠲᠠᠭᠠᠯ ᠤᠨ ᠰᠠᠮᠪᠠᠷ᠎ᠠ ᠳᠤ ᠲᠡᠮᠲᠡᠭᠯᠡᠵᠦ ᠂ ᠬᠤᠭᠤᠴᠠᠭᠠᠨ ᠡᠴᠦᠰ ᠲᠤ ᠲᠡᠭᠦᠨ ᠳᠤ ᠪᠠᠰᠠ ᠬᠦᠬᠢᠭᠦᠯᠦᠯ ᠣᠯᠭᠤᠬᠤ ᠶᠤᠮ ᠭᠡᠨ᠎ᠡ ᠃  ︽  ᠪᠠᠭᠰᠢ ᠲᠡᠭᠦᠨ ᠳᠤ ᠳᠡᠩᠳᠡᠭᠦᠦ ᠰᠠᠶᠢᠨ ᠬᠠᠨᠲᠤᠵᠤ ᠪᠠᠶᠢᠨ᠎ᠠ ᠃ ᠡᠨᠡ ᠵᠢᠭᠠᠬᠠᠨ ᠶᠠᠪᠤᠳᠠᠯ ᠢ ᠬᠡᠨ ᠨᠢ ᠬᠢᠵᠦ ᠴᠢᠳᠠᠬᠤ ᠦᠭᠡᠢ ᠶᠤᠮ ᠪᠣᠢ ︖︾ ᠭᠡᠵᠦ ᠪᠢᠳᠡ ᠬᠤᠭᠤᠷᠤᠨᠳᠤ ᠪᠠᠨ ᠶᠠᠷᠢᠯ᠎ᠠ ᠃    ᠭᠠᠷᠠᠭ ᠤᠨ ᠨᠢᠭᠡᠨ ᠤ ᠥᠷᠯᠥᠭᠡ ᠳᠡᠭᠵᠢᠨ ᠰᠤᠷᠭᠠᠭᠤᠯᠢ ᠳᠠᠭᠠᠨ ᠢᠷᠡᠭᠰᠡᠨ ᠦᠭᠡᠢ ᠃  ︽  ᠳᠠᠪᠠᠭᠤ ᠴᠤ ᠪᠣᠯᠤᠯ᠎ᠠ ᠂ ᠲᠦᠢᠳᠬᠡᠷ ᠠᠮᠢᠲᠠᠨ ᠠᠯᠠᠭ᠎ᠠ ᠪᠣᠯᠤᠭᠰᠠᠨ ᠴᠢᠨᠢ ᠪᠢᠳᠡ ᠠᠮᠤᠷ ᠰᠡᠯᠡᠭᠦᠦ ᠪᠣᠯᠵᠠᠢ ᠳ᠋ᠠ︾ ᠭᠡᠵᠦ ᠪᠢ ᠳᠣᠲᠤᠷ᠎ᠠ ᠪᠠᠨ ᠰᠡᠮ ᠪᠠᠶᠠᠷᠯᠠᠯ᠎ᠠ ᠃ ᠠᠩᠬᠢ ᠶᠢᠨ ᠭᠡᠷ ᠦᠨᠡᠬᠡᠷ ᠢᠯᠢᠮ ᠵᠢᠯᠢᠮ ᠪᠣᠯᠴᠢᠬᠠᠵᠠᠢ ᠃ ᠲᠣᠭᠠᠨ ᠤ ᠤᠬᠠᠭᠠᠨ ᠤ ᠬᠢᠴᠢᠶᠡᠯ ᠪᠣᠯᠤᠯ᠎ᠠ ᠃ ᠪᠢᠳᠡ ᠳᠣᠮᠪᠤᠶᠢᠵᠤ ᠰᠠᠭᠤᠭᠠᠳ ᠬᠢᠴᠢᠶᠡᠯ ᠢᠶᠠᠨ ᠰᠣᠨᠤᠰᠴᠤ ᠂ ᠪᠠᠭᠰᠢ ᠨᠢᠭᠡ ᠠᠰᠠᠭᠤᠪᠠᠯ ᠪᠢᠳᠡᠨ ᠤ ᠳᠤᠮᠳᠠ ᠠᠴᠠ ᠬᠡᠨ ᠨᠢᠭᠡ ᠨᠢ ᠪᠣᠰᠴᠤ ᠵᠣᠭᠰᠤᠭᠠᠳ ᠬᠠᠷᠢᠭᠤᠯᠤᠨ᠎ᠠ ᠃ ᠪᠠᠭᠰᠢ ᠮᠠᠨᠤᠰ ᠢᠶᠠᠷ ᠦᠭᠦᠯᠡᠪᠦᠷᠢ ᠰᠡᠳᠦᠪ ᠪᠣᠳᠤᠭᠤᠯᠤᠭᠰᠠᠨ ᠴᠢᠨᠢ ᠬᠡᠨ ᠨᠢ ᠴᠤ ᠪᠦᠷᠢᠨ  ᠵᠥᠪ ᠪᠣᠳᠤᠵᠤ ᠴᠢᠳᠠᠭᠰᠠᠨ ᠦᠭᠡᠢ ᠃ ︽ᠳᠡᠭᠵᠢᠨ ᠪᠠᠶᠢᠭᠰᠠᠨ ᠪᠣᠯ ᠳ᠋ᠠ︾ ᠭᠡᠵᠦ ᠮᠢᠨᠦ ᠬᠠᠵᠠᠭᠤ ᠶᠢᠨ ᠰᠢᠷᠡᠭᠡᠨ ᠤ ᠨᠠᠰᠤᠲᠤ ᠳᠦᠳᠦᠨᠡᠨ᠎ᠡ ᠃ ᠠᠩᠬᠢ ᠶᠢᠨ ᠭᠡᠷ ᠲᠤ ᠦᠨᠡᠬᠡᠷ ᠳᠡᠭᠵᠢᠨ ᠢ ᠪᠠᠶᠢᠬᠤ ᠦᠶ᠎ᠡ ᠶᠢᠨ ᠬᠢ ᠰᠢᠭ ᠢᠨᠢᠶᠡᠲᠦ ᠬᠠᠨᠢᠶᠠᠲᠤ ᠳᠤᠲᠠᠭᠳᠠᠭᠰᠠᠨ ᠰᠢᠭ᠋ ᠪᠣᠯᠵᠠᠢ ᠃ ᠬᠡᠯᠡ ᠪᠢᠴᠢᠭ ᠤᠨ ᠬᠢᠴᠢᠶᠡᠯ ᠳᠤ ᠪᠠᠭᠰᠢ ᠮᠠᠨᠤᠰ ᠢᠶᠠᠷ  ︽   ᠬᠦᠯᠦᠭ ᠰᠢᠨᠵᠢᠭᠡᠴᠢ ᠨᠢᠰᠤᠩᠬᠠᠢ ᠵᠢᠭᠠᠯ︾ ᠤᠨ ᠦᠯᠢᠭᠡᠷ ᠢ ᠶᠠᠷᠢᠭᠤᠯᠤᠭᠰᠠᠨ ᠴᠢᠨᠢ ᠮᠠᠨ ᠤ ᠬᠢᠨ ᠤ ᠠᠮᠠᠨ ᠠᠴᠠ ᠠᠯᠲᠠ ᠣᠨᠠᠵᠤ ᠪᠠᠶᠢᠮᠠᠷ ᠠᠳᠡ ᠳᠡᠨᠳᠡ ᠡᠭᠡᠷᠡᠨ ᠲᠡᠭᠡᠷᠡᠨ ᠶᠡᠷᠢᠭᠠᠳ ᠣᠯᠢᠭ ᠲᠠᠢ ᠶᠠᠷᠢᠵᠤ ᠴᠢᠳᠠᠭᠰᠠᠨ ᠬᠥᠮᠦᠨ ᠨᠢᠭᠡ ᠴᠤ ᠦᠭᠡᠢ ᠃ ᠪᠠᠭᠰᠢ ᠲᠡᠭᠡᠬᠦ ᠳᠤ ᠮᠠᠨᠤᠰ ᠲᠤ ᠬᠠᠨᠲᠤᠵᠤ ᠄      —ᠬᠢᠴᠢᠶᠡᠯ ᠤᠨ ᠠᠭᠤᠷ ᠠᠮᠢᠰᠬᠤᠯ ᠬᠦᠭᠵᠢᠶᠡᠨ ᠨᠠᠷᠭᠢᠶᠠᠨ ᠦᠭᠡᠢ ᠪᠠᠶᠢᠨ᠎ᠠ ᠃ ᠲᠠᠨᠤᠰ ᠴᠢᠨᠢ ᠶᠠᠭᠠᠬᠢᠴᠢᠬᠠᠪᠠ ︖ ᠭᠡᠬᠦ ᠶᠤᠮ ᠃    ᠬᠢᠴᠢᠶᠡᠯ ᠤᠨ ᠵᠠᠪᠰᠠᠷ ᠲᠤ ᠴᠤ ᠤᠶᠢᠮᠡᠯᠳᠤᠵᠤ ᠱᠣᠣᠭᠢᠬᠤ ᠪᠠᠨ ᠪᠣᠯᠢᠵᠠᠢ ᠃ ᠨᠦᠬᠦᠳ ᠪᠦᠷ ᠯᠠ ᠳᠡᠭᠵᠢᠨ ᠢ ᠦᠭᠡᠶᠢᠯᠡᠵᠦ ᠪᠠᠶᠢᠯ᠎ᠠ ᠃ ᠲᠡᠷᠡ ᠲᠠᠭᠰᠢᠭᠤᠷ ᠲᠤ ᠨᠡᠷᠪᠡᠭᠳᠡᠭᠡᠳ ᠡᠮᠨᠡᠯᠭᠡ ᠳᠤ ᠰᠠᠭᠤᠭᠰᠠᠨ ᠶᠤᠮ ᠭᠡᠨ᠎ᠡ ᠃ ᠬᠡᠯᠡᠪᠡᠴᠦ ᠮᠢᠨᠦ ᠳᠣᠲᠤᠷ᠎ᠠ ᠶᠠᠭ ᠨᠢᠭᠡ ᠶᠠᠭᠤᠮ᠎ᠠ ᠳᠤᠲᠠᠭᠳᠠᠭᠰᠠᠨ ᠰᠢᠭ᠋ ᠪᠣᠯᠴᠢᠬᠠᠵᠠᠢ ᠃  ︽   ᠨᠢᠰᠤᠩᠬᠠᠢ ᠪᠣᠵᠠᠷ ︾ ᠭᠡᠵᠦ ᠪᠢ ᠴᠤ ᠳᠡᠭᠵᠢᠨ ᠢ ᠳᠠᠩᠳᠠ ᠳᠣᠣᠷ᠎ᠠ ᠦᠵᠡᠳᠡᠭ ᠪᠠᠶᠢᠭᠰᠠᠨ ᠰᠢᠦ ᠃     ᠳᠡᠭᠵᠢᠨ ᠵᠠᠯᠭᠠᠭᠠᠳ ᠬᠡᠳᠦᠨ ᠡᠳᠦᠷ ᠬᠢᠴᠢᠶᠡᠯ ᠰᠠᠭᠠᠲᠠᠯ᠎ᠠ ᠃ ᠮᠠᠨ ᠤ ᠠᠩᠬᠢ  ᠬᠦᠭᠵᠢᠶᠡᠨ ᠨᠠᠷᠭᠢᠶᠠᠨ ᠦᠭᠡᠢ ᠬᠡᠳᠦᠨ ᠡᠳᠦᠷ ᠬᠢᠴᠢᠶᠡᠯᠯᠡᠯ᠎ᠡ ᠃ ᠪᠢᠳᠡ ᠪᠦᠭᠦᠳᠡᠭᠡᠷ ᠢᠶᠠᠨ ᠳᠡᠭᠵᠢᠨ ᠢᠶᠠᠨ ᠦᠭᠡᠶᠢᠯᠡᠬᠦ ᠪᠣᠯᠤᠯ᠎ᠠ ᠃ ᠲᠡᠷᠡ  ︽  ᠲᠦᠢᠳᠬᠡᠷ ᠠᠮᠢᠲᠠᠨ︾ ᠢᠷᠡᠬᠦ ᠦᠭᠡᠢ ᠶᠤᠮ ᠪᠣᠯ ᠮᠠᠨ ᠤ ᠠᠩᠬᠢ ᠬᠦᠭᠵᠢᠶᠡᠨ ᠨᠠᠷᠭᠢᠶᠠᠨ ᠢᠶᠠᠷ ᠬᠤᠮᠰᠠᠴᠢᠬᠠᠭᠠᠳ ᠯᠠ ᠪᠠᠶᠢᠬᠤ ᠶᠤᠮ ᠃   ᠬᠠᠨᠢ ᠨᠦᠬᠦᠳ ᠠᠴᠠ ᠮᠠᠨᠢ ᠬᠡᠨ ᠨᠢ ᠴᠤ ᠳᠤᠲᠠᠭᠳᠠᠵᠤ ᠪᠣᠯᠳᠠᠭ ᠦᠭᠡᠢ ᠠᠵᠠᠢ ᠃  ︽   ᠳᠡᠭᠵᠢᠨ ᠮᠠᠷᠭᠠᠰᠢ ᠰᠤᠷᠭᠠᠭᠤᠯᠢ ᠳᠠᠭᠠᠨ ᠢᠷᠡᠳᠡᠭ ᠪᠣᠯᠤᠭᠠᠰᠠᠢ  ︕︾ ᠭᠡᠵᠦ ᠮᠠᠨ ᠤ ᠠᠩᠬᠢ  ᠶᠢᠨ ᠬᠢᠨ ᠳᠤᠷᠠᠰᠴᠤ ᠯᠠ ᠪᠠᠶᠢᠯ᠎ᠠ ᠃
 
ᠢᠷᠡᠯᠲᠡ᠄ ᠤᠯᠠᠭᠠᠨᠬᠠᠳᠠ ᠶᠢᠨ ᠡᠳᠦᠷ  ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备12002332号