ᠰᠠᠴᠤᠯᠢ ᠡᠷᠭᠦᠬᠦ ᠶᠤᠰᠤ ᠵᠦᠢ ᠶᠢᠨ ᠲᠣᠬᠠᠢ | ᠦᠬᠡᠷᠴᠢᠨᠬᠦᠦ | ᠮᠣᠩᠭᠤᠯᠴᠤᠳ ᠡᠷᠲᠡ ᠳᠡᠭᠡᠳᠦᠰ ᠤᠨ ᠦᠶ᠎ᠡ ᠠᠴᠠ ᠪᠠᠨ ᠰᠠᠴᠤᠯᠢ ᠡᠷᠭᠦᠳᠡᠭ ᠶᠤᠰᠤ ᠵᠠᠩᠰᠢᠯ ᠲᠠᠢ ᠪᠢᠯᠡ ᠃ | ᠬᠡᠬᠦ ᠳᠤ ︽ ᠭᠠᠵᠠᠷ ᠭᠠᠵᠠᠷ ᠤᠨ ᠶᠤᠰᠤᠨ ᠂ ᠭᠦᠵᠡᠭᠡ ᠭᠦᠵᠡᠭᠡᠨ ᠤ ᠪᠣᠯᠤᠩ︾ ᠭᠡᠳᠡᠭᠴᠢᠯᠡᠨ ᠮᠣᠩᠭᠤᠯᠴᠤᠳ ᠤᠨ | ᠰᠠᠴᠤᠯᠢ ᠡᠷᠭᠦᠬᠦ ᠶᠣᠰᠤᠨ ᠳᠤ ᠡᠩ ᠤᠨ ᠰᠠᠴᠤᠯᠢ ᠂ ᠴᠠᠭᠠᠨ ᠰᠠᠷ᠎ᠠ ᠶᠢᠨ ᠰᠠᠴᠤᠯᠢ ᠂ ᠲᠤᠰᠬᠠᠢ ᠰᠠᠴᠤᠯᠢ ᠭᠡᠵᠦ | ᠭᠤᠷᠪᠠᠨ ᠵᠦᠢᠯ ᠪᠠᠶᠢᠳᠠᠭ ᠂ ᠰᠠᠴᠤᠯᠢ ᠡᠷᠭᠦᠬᠦ ᠢᠳᠡᠭᠡᠨ ᠣᠮᠳᠠᠭᠠᠨ ᠤ ᠵᠦᠢᠯ ᠲᠦᠷᠦᠯ ᠨᠢ ᠠᠳᠠᠯᠢ ᠦᠭᠡᠢ ᠠᠴᠠ | ᠡᠷᠭᠦᠬᠦ ᠰᠠᠴᠤᠯᠢ ᠨᠢ ᠴᠤ ᠠᠳᠠᠯᠢ ᠪᠣᠰᠤ ᠶᠢᠨ ᠢᠯᠭᠠᠮᠵᠢ ᠶᠢ ᠪᠣᠢ ᠪᠣᠯᠭᠠᠳᠠᠭ ᠃ | ᠦᠷᠭᠦᠯᠵᠢ ᠶᠢᠨ ᠴᠢᠨᠠᠷᠲᠠᠢ ᠡᠷᠭᠦᠳᠡᠭ ᠰᠠᠴᠤᠯᠢ ᠶᠢ ᠡᠩ ᠤᠨ ᠰᠠᠴᠤᠯᠢ ᠭᠡᠳᠡᠭ ᠃ ᠡᠩ ᠤᠨ ᠰᠠᠴᠤᠯᠢ ᠳᠤ | ᠦᠨᠢᠶ᠎ᠡ ᠬᠤᠨᠢᠨ ᠤ ᠪᠠᠨ ᠰᠠᠭᠠᠯᠢ ᠶᠢᠨ ᠳᠡᠭᠡᠵᠢ ᠪᠣᠶᠤ ᠥᠷᠯᠦᠭᠡᠨ ᠤ ᠪᠠᠨ ᠴᠠᠢ ᠶᠢᠨ ᠳᠡᠭᠡᠵᠢ ᠠᠴᠠ ᠡᠷᠭᠦᠳᠡᠭ ᠃ | ᠭᠤᠣᠯᠳᠠᠭᠤ ᠬᠦᠬᠡ ᠲᠡᠭᠷᠢ ᠂ ᠬᠦᠷᠦᠰᠦᠲᠦ ᠳᠡᠯᠡᠬᠡᠢ ᠂ ᠲᠦᠷᠦᠵᠦ ᠦᠰᠦᠭᠰᠡᠨ ᠨᠤᠲᠤᠭ ᠤᠨ ᠢᠶᠠᠨ ᠠᠭᠤᠯᠠ | ᠬᠠᠶᠢᠷᠠᠬᠤᠨ ᠂ ᠤᠰᠤ ᠪᠤᠯᠠᠭ ᠤᠨ ᠡᠵᠡᠳ ᠰᠠᠬᠢᠭᠤᠯᠰᠤᠨ ᠳᠤ ᠡᠷᠭᠦᠨ᠎ᠡ ᠃ ᠡᠭᠦᠨ ᠠᠴᠠ ᠭᠠᠳᠠᠨ᠎ᠠ ᠂ ᠠᠶᠢᠯ | ᠭᠡᠷ ᠠᠴᠠ ᠪᠠᠨ ᠴᠡᠷᠢᠭ ᠳᠠᠶᠢᠨ ᠳᠤ ᠮᠣᠷᠳᠠᠭᠰᠠᠨ ᠪᠣᠶᠤ ᠬᠤᠯᠠ ᠶᠢᠨ ᠠᠶᠠᠨ ᠵᠢᠩ ᠬᠦᠬᠡᠬᠡᠭᠰᠡᠨ ᠂ ᠠᠯᠤᠰ ᠤᠨ | ᠭᠠᠵᠠᠷ ᠠᠵᠢᠯ ᠠᠯᠪᠠ ᠳᠤ ᠭᠠᠷᠤᠭᠰᠠᠨ ᠂ ᠡᠷᠢᠯ ᠰᠤᠷᠠᠭ ᠢᠶᠠᠷ ᠶᠠᠪᠤᠭᠰᠠᠨ ᠬᠦᠮᠦᠨ ᠤ ᠪᠠᠨ ᠰᠠᠶᠢᠨ ᠰᠠᠶᠢᠬᠠᠨ | ᠶᠠᠪᠤᠬᠤ ᠂ ᠲᠣᠬᠠᠶᠢᠯᠠᠭᠰᠠᠨ ᠠᠵᠢᠯ ᠶᠠᠪᠤᠳᠠᠯ ᠨᠢ ᠰᠠᠨᠠᠭᠰᠠᠨ ᠢᠶᠠᠷ ᠨᠢ ᠰᠡᠳᠭᠢᠯᠴᠢᠯᠠᠨ ᠪᠦᠲᠦᠬᠦ ᠂ ᠡᠷᠡᠭᠦᠯ ᠮᠡᠨᠳᠤ | ᠪᠣᠴᠠᠵᠤ ᠢᠷᠡᠬᠦ ᠶᠢ ᠳᠠᠭᠠᠳᠬᠠᠵᠤ ᠂ ᠶᠠᠪᠤᠭᠰᠠᠨ ᠵᠦᠭ ᠲᠤᠨᠢ ᠰᠠᠴᠤᠯᠢ ᠡᠷᠭᠦᠳᠡᠭ ᠃ ᠪᠠᠰᠠ ᠮᠠᠯ ᠰᠦᠷᠦᠭ ᠨᠢ | ᠬᠥᠳᠡᠭᠡ ᠭᠠᠳᠠᠨ᠎ᠠ ᠬᠤᠨᠤᠬᠤ ᠂ ᠬᠡᠭᠡᠷ᠎ᠡ ᠶᠢᠨ ᠨᠣᠬᠠᠢ ᠠᠮᠢᠲᠠᠨ ᠶᠡᠭᠡ ᠪᠠᠷ ᠲᠣᠭᠰᠢᠷᠠᠬᠤ ᠂ ᠬᠡᠵᠢᠭ ᠡᠪᠡᠳᠴᠢᠨ | ᠲᠠᠬᠤᠯ ᠳᠡᠯᠭᠡᠷᠡᠬᠦ ᠂ ᠰᠢᠨ᠎ᠡ ᠨᠣᠲᠤᠭ ᠲᠤ ᠪᠠᠭᠤᠬᠤ ᠵᠡᠷᠭᠡ ᠳᠤ ᠰᠠᠴᠤᠯᠢ ᠡᠷᠭᠦᠵᠦ ᠂ ᠳᠠᠯᠳᠠ ᠶᠢᠨ | ᠰᠠᠬᠢᠭᠤᠯᠰᠤᠨ ᠳᠤ ᠳᠠᠭᠠᠳᠬᠠᠵᠤ ᠂ ᠬᠠᠶᠢᠷ᠎ᠠ ᠬᠠᠯᠠᠮᠵᠢᠯᠠᠯ ᠂ ᠢᠪᠡᠭᠡᠯ ᠲᠤᠰᠠᠯᠠᠮᠵᠢ ᠶᠢ ᠨᠢ ᠭᠤᠶᠤᠴᠢᠯᠠᠵᠤ ᠠᠪᠳᠠᠭ | ᠪᠠᠶᠢᠨ᠎ᠠ ᠃ ᠡᠩ ᠤᠨ ᠰᠠᠴᠤᠯᠢ ᠶᠢ ᠠᠶᠢᠯ ᠤᠨ ᠪᠦᠰᠡᠬᠦᠢ ᠠᠴᠠ ᠭᠡᠷ ᠢᠶᠠᠨ ᠵᠦᠪ ᠳᠣᠭᠤᠶᠢᠯᠠᠨ ᠲᠣᠭᠤᠷᠢᠵᠤ ᠡᠷᠭᠦᠬᠦ | ᠪᠣᠶᠤ ᠭᠡᠷ ᠤᠨ ᠢᠶᠠᠨ ᠡᠭᠦᠳᠡᠨ ᠳᠤ ᠵᠣᠭᠰᠤᠵᠤ ᠡᠷᠭᠦᠳᠡᠭ ᠃ ᠰᠠᠴᠤᠯᠢ ᠡᠷᠭᠦᠬᠦ ᠳᠡᠭᠡᠨ ᠰᠠᠭᠠᠯᠢ ᠶᠢᠨ | ᠰᠠᠭᠤᠯᠠᠭ᠎ᠠ ᠠᠴᠠ ᠪᠠᠨ ᠡᠷᠭᠦᠬᠦ ᠪᠣᠶᠤ ᠶᠡᠭᠡ ᠰᠢᠨᠠᠭᠠᠨ ᠳᠠᠭᠠᠨ ᠬᠢᠵᠦ ᠪᠠᠭ᠎ᠠ ᠬᠠᠯᠪᠠᠭᠠᠨ ᠰᠢᠨᠠᠭ᠎ᠠ ᠪᠠᠷ ᠢᠶᠠᠨ | ᠣᠳᠬᠤᠵᠤ ᠲᠡᠭᠷᠢ ᠭᠠᠵᠠᠷ ᠤᠨ ᠵᠦᠭ ᠲᠤ ᠰᠠᠴᠤᠵᠤ ᠡᠷᠭᠦᠳᠡᠭ ᠃ | ᠴᠠᠭᠠᠨ ᠰᠠᠷ᠎ᠠ ᠶᠢᠨ ᠰᠠᠴᠤᠯᠢ ᠪᠣᠯ ᠡᠩ ᠤᠨ ᠰᠠᠴᠤᠯᠢ ᠲᠠᠢ ᠠᠳᠠᠯᠢ ᠦᠭᠡᠢ ᠃ ᠪᠦᠬᠦ ᠮᠣᠩᠭᠤᠯᠴᠤᠳ ᠨᠢᠭᠡ ᠯᠠ | ᠡᠳᠦᠷ ᠤᠨ ᠶᠡᠭᠡ ᠲᠦᠯᠦᠪ ᠠᠳᠠᠯᠢᠪᠲᠦᠷ ᠴᠠᠭ ᠮᠦᠴᠡ ᠳᠤ ᠲᠡᠭᠷᠢ ᠳᠡᠭᠡᠨ ᠮᠦᠷᠭᠦᠵᠦ ᠰᠠᠴᠤᠯᠢ ᠡᠷᠭᠦᠳᠡᠭ ᠃ | ᠰᠢᠨ᠎ᠡ ᠶᠢᠨ ᠵᠤᠯᠭᠠᠯᠲᠠ ᠬᠢᠬᠦ ᠠᠴᠠ ᠪᠠᠨ ᠡᠮᠦᠨ᠎ᠡ ᠲᠡᠭᠷᠢ ᠪᠠᠨ ᠳᠠᠬᠢᠵᠦ ᠂ ᠲᠡᠭᠷᠢ ᠳᠡᠭᠡᠨ ᠮᠦᠷᠭᠦᠵᠦ ᠂ ᠰᠢᠨ᠎ᠡ | ᠨᠢᠭᠡᠨ ᠵᠢᠯ ᠳᠤ ᠬᠦᠮᠦᠨ ᠮᠠᠯ ᠤᠨ ᠰᠦᠯᠳᠡ ᠬᠡᠶᠢᠮᠦᠷᠢ ᠶᠢ ᠰᠡᠷᠭᠦᠭᠡᠵᠦ ᠂ ᠬᠡᠰᠡᠭ ᠪᠣᠶᠠᠨ ᠢ ᠳᠠᠯᠠᠯᠤᠨ ᠂ ᠥᠭᠡᠳᠡ | ᠡᠰᠡᠷᠡᠭ ᠰᠠᠶᠢᠨ ᠰᠠᠶᠢᠬᠠᠨ ᠠᠮᠢᠳᠤᠷᠠᠭᠤᠯᠬᠤ ᠶᠢ ᠠᠷᠪᠠᠨ ᠵᠦᠭ ᠤᠨ ᠲᠡᠭᠷᠢ ᠳᠤ ᠳᠠᠭᠠᠳᠬᠠᠳᠠᠭ ᠃ ᠲᠡᠭᠷᠢ ᠳᠤ | ᠮᠦᠷᠭᠦᠬᠦ ᠳᠤ ᠭᠠᠯ ᠭᠠᠯᠠᠶᠢᠬᠠᠨ ᠡᠬᠡ ᠲᠡᠭᠷᠢ ᠠᠴᠠ ᠡᠬᠢᠯᠡᠨ ᠪᠠᠷᠠᠭᠤᠨ ᠵᠡᠭᠦᠨ ᠵᠦᠭ ᠤᠨ ᠤᠯᠠ ᠲᠡᠭᠷᠢ ᠂ ᠬᠤᠶᠢᠲᠤ | ᠵᠦᠭ ᠤᠨ ᠰᠦᠨᠡᠰᠦᠨ ᠲᠡᠭᠷᠢ ᠪᠣᠯᠤᠨ ᠭᠠᠵᠠᠷ ᠤᠰᠤᠨ ᠤ ᠰᠠᠬᠢᠭᠤᠯᠰᠤᠨ ᠪᠦᠬᠦᠨ ᠳᠤᠨᠢ ᠰᠠᠴᠤᠯᠢ ᠪᠠᠨ ᠡᠷᠭᠦᠳᠡᠭ ᠃ | ᠲᠡᠭᠷᠢ ᠪᠠᠨ ᠳᠠᠬᠢᠵᠤ ᠰᠠᠴᠤᠯᠢ ᠡᠷᠭᠦᠬᠦ ᠳᠡᠭᠡᠨ ᠶᠡᠭᠡ ᠰᠢᠨᠠᠭᠠᠨ ᠳᠤ ᠰᠢᠨ᠎ᠡ ᠶᠢᠨ ᠴᠠᠢ ᠠᠴᠠ ᠬᠢᠵᠦ ᠂ ᠳᠡᠭᠡᠷ᠎ᠡ ᠨᠢ | ᠪᠢᠲᠡᠭᠦᠨ ᠤ ᠢᠳᠡᠭᠡ ᠰᠢᠭᠦᠰᠦ ᠂ ᠪᠣᠤᠪᠤ ᠪᠣᠭᠤᠷᠰᠤᠭ ᠂ ᠠᠷᠢᠬᠢ ᠳᠡᠷᠡᠰᠦ ᠳᠤᠰᠤᠭᠠᠭᠠᠳ ᠪᠠᠭ᠎ᠠ ᠰᠢᠨᠠᠭ᠎ᠠ ᠪᠠᠷ | ᠵᠦᠭ ᠪᠦᠬᠦᠨ ᠳᠤ ᠡᠷᠭᠦᠳᠡᠭ ᠃ ᠰᠠᠴᠤᠯᠢ ᠡᠷᠭᠦᠬᠦ ᠬᠥᠮᠦᠨ ᠡᠷᠬᠡᠪᠰᠢ ᠪᠠᠶᠠᠷ ᠳᠤᠷᠠᠰᠬᠠᠯ ᠤᠨ ᠡᠳᠦᠷ ᠤᠨ ᠳᠡᠪᠡᠯ | ᠬᠤᠪᠴᠠᠰᠤ ᠂ ᠮᠠᠯᠠᠭᠠᠢ ᠭᠤᠲᠤᠯ ᠢᠶᠠᠨ ᠡᠮᠦᠰᠴᠤ ᠂ ᠡᠳ᠋ᠯᠡᠯ ᠵᠡᠭᠦᠳᠡᠯ ᠂ ᠵᠠᠰᠠᠯ ᠴᠢᠮᠡᠭᠯᠡᠯ ᠢᠶᠠᠨ ᠪᠦᠷᠢᠨ ᠵᠡᠭᠦᠬᠦ | ᠴᠢᠩᠭ᠎ᠠ ᠱᠠᠭᠠᠷᠳᠠᠯᠭ᠎ᠠ ᠲᠠᠢ ᠪᠠᠶᠢᠳᠠᠭ ᠪᠢᠯᠡ ᠃ | ᠠᠳᠠᠯᠢ ᠦᠭᠡᠢ ᠵᠣᠷᠢᠯᠲᠠ ᠬᠦᠰᠡᠯ ᠢᠶᠠᠷ ᠲᠤᠰᠬᠠᠶᠢᠯᠠᠨ ᠳᠠᠬᠢᠯᠭ᠎ᠠ ᠲᠠᠯᠪᠢᠵᠤ ᠰᠠᠴᠤᠯᠢ ᠡᠷᠭᠦᠬᠦ ᠶᠢ ᠲᠤᠰᠬᠠᠢ | ᠰᠠᠴᠤᠯᠢ ᠭᠡᠳᠡᠭ ᠃ ᠳᠠᠬᠢᠯᠭ᠎ᠠ ᠰᠢᠲᠦᠯᠭᠡ ᠶᠢᠨ ᠠᠳᠠᠯᠢ ᠦᠭᠡᠢ ᠵᠣᠷᠢᠯᠲᠠ ᠰᠢᠯᠲᠠᠭᠠᠨ ᠠᠴᠠ ᠪᠣᠯᠤᠭᠠᠳ ᠶᠠᠩᠵᠤ | ᠪᠦᠷᠢ ᠶᠢᠨ ᠲᠤᠰᠬᠠᠢ ᠰᠠᠴᠤᠯᠢ ᠪᠠᠶᠢᠳᠠᠭ᠃ ᠮᠣᠩᠭᠤᠯᠴᠤᠳ ᠤᠨ ᠣᠷᠤᠰᠢᠨ ᠠᠮᠢᠳᠤᠷᠠᠵᠤ ᠪᠠᠶᠢᠭ᠎ᠠ ᠭᠠᠵᠠᠷ ᠵᠦᠢ ᠶᠢᠨ | ᠨᠦᠭᠦᠴᠡᠯ ᠂ ᠠᠶᠢᠯ ᠭᠡᠷ ᠤᠨ ᠠᠵᠤ ᠠᠬᠤᠢ ᠂ ᠠᠮᠢᠳᠤᠷᠠᠯ ᠤᠨ ᠬᠡᠯᠪᠡᠷᠢ ᠮᠠᠶ᠋ᠢᠭ ᠂ ᠵᠣᠷᠢᠯᠲᠠ ᠂ ᠬᠦᠰᠡᠯᠲᠡ ᠶᠢᠨ | ᠠᠳᠠᠯᠢ ᠦᠭᠡᠢ ᠠᠴᠠ ᠣᠯᠠᠨ ᠶᠠᠩᠵᠤ ᠬᠡᠯᠪᠡᠷᠢ ᠶᠢᠨ ᠪᠠᠶᠢᠳᠠᠯ ᠢᠯᠡᠷᠡᠳᠡᠭ ᠃ | ᠮᠣᠩᠭᠤᠯᠴᠤᠳ ᠭᠤᠣᠯᠳᠠᠭᠤ ᠠᠲᠠᠭ᠎ᠠ ᠲᠡᠭᠷᠢ ᠂ ᠰᠦᠯᠲᠡ ᠲᠡᠭᠷᠢ ᠂ ᠭᠠᠯ ᠭᠠᠯᠠᠶᠢᠬᠠᠨ ᠡᠬᠡ ᠲᠡᠭᠷᠢ᠂ | ᠳᠣᠯᠤᠭᠠᠨ ᠪᠣᠷᠬᠠᠨ ᠣᠳᠤᠨ ᠵᠡᠷᠭᠡ ᠶᠢ ᠳᠠᠬᠢᠵᠤ ᠰᠠᠴᠤᠯᠢ ᠡᠷᠭᠦᠳᠡᠭ ᠵᠠᠩᠰᠢᠯ ᠲᠠᠢ ᠪᠠᠶᠢᠵᠠᠢ ᠃ ᠠᠲᠠᠭ᠎ᠠ ᠲᠡᠭᠷᠢ | ᠪᠣᠯ ᠭᠠᠢ ᠪᠠᠷᠴᠢᠳ ᠢ ᠳᠠᠷᠤᠬᠤ ᠡᠵᠡᠨ ᠲᠡᠭᠷᠢ ᠂ ᠰᠦᠯᠳᠡ ᠲᠡᠭᠷᠢ ᠪᠣᠯ ᠲᠤᠭ ᠰᠦᠯᠳᠡ ᠬᠡᠶᠢᠮᠦᠷᠢ ᠶᠢᠨ ᠡᠵᠡᠨ | ᠲᠡᠭᠷᠢ ᠂ ᠭᠠᠯ ᠭᠠᠯᠠᠶᠢᠬᠠᠨ ᠲᠡᠭᠷᠢ ᠪᠣᠯ ᠭᠠᠯ ᠤᠨ ᠡᠵᠡᠨ ᠲᠡᠭᠷᠢ ᠪᠣᠯᠬᠤᠷ ᠲᠤᠰᠬᠠᠶᠢᠯᠠᠨ ᠳᠠᠬᠢᠵᠤ ᠰᠠᠴᠤᠯᠢ | ᠡᠷᠭᠦᠳᠡᠭ ᠶᠣᠰᠤᠲᠠᠢ ᠃ ᠲᠤᠰᠬᠠᠢ ᠰᠠᠴᠤᠯᠢ ᠡᠷᠭᠦᠬᠦ ᠳᠤ ᠰᠠᠴᠤᠭᠤᠷ ᠭᠡᠳᠡᠭ ᠶᠢᠰᠦᠨ ᠨᠦᠬᠡ ᠲᠠᠢ ᠬᠤᠰᠤᠭᠤᠷ ᠤᠨ | ᠬᠡᠯᠪᠡᠷᠢᠲᠡᠢ ᠮᠣᠳᠤᠨ ᠪᠠᠭᠠᠵᠢ ᠪᠠᠶᠢᠳᠠᠭ ᠂ ᠡᠭᠦᠨ ᠢᠶᠠᠷ ᠢᠶᠠᠨ ᠰᠠᠴᠤᠯᠢ ᠪᠠᠨ ᠡᠷᠭᠦᠳᠡᠭ ᠃ ᠠᠲᠠᠭ᠎ᠠ ᠲᠡᠭᠷᠢ ᠶᠢᠨ | ᠳᠠᠬᠢᠯᠭ᠎ᠠ ᠂ ᠡᠵᠡᠨ ᠰᠦᠯᠳᠡ ᠶᠢᠨ ᠳᠠᠬᠢᠯᠭ᠎ᠠ ᠶᠢᠨ ᠰᠠᠴᠤᠯᠢ ᠶᠢ ᠵᠠᠪᠠᠯ ᠭᠡᠷ ᠤᠨ ᠡᠵᠡᠨ ᠡᠷ᠎ᠡ ᠬᠥᠮᠦᠨ ᠡᠷᠭᠦᠳᠡᠭ | ᠶᠣᠰᠤᠲᠠᠢ ᠶᠤᠮ ᠃ |