ᠡᠷᠲᠡ ᠤᠷᠢᠳᠦ ᠶᠢᠨ ᠦᠶ᠎ᠡ ᠳᠤ ᠪᠠᠯᠭᠠᠨᠰᠠᠩ ᠭᠡᠭᠴᠢ ᠬᠦᠮᠦᠨ ᠲᠤᠰᠬᠠᠶᠢᠯᠠᠨ ᠬᠤᠪᠳᠤᠭ ᠨᠤᠶᠠᠨ᠂ ᠰᠢᠨᠤᠬᠠᠢ | ᠠᠷᠠᠯᠵᠢᠶᠠᠴᠢᠨ᠂ ᠵᠠᠯᠢᠬᠠᠢ ᠬᠦᠮᠦᠰ ᠢ ᠭᠠᠷᠲᠠᠭᠠᠨ ᠰᠢᠢᠳᠬᠡᠳᠡᠭ ᠢᠶᠠᠷ ᠢᠶᠠᠨ ᠲᠡᠳᠡᠨᠤᠰ ᠪᠦᠷ ᠰᠦᠰᠦ ᠪᠠᠨ ᠬᠡᠮᠬᠡᠷᠡᠲᠡᠯ᠎ᠡ | ᠠᠶᠤᠵᠤ ᠳᠠᠭᠵᠢᠳᠠᠭ ᠪᠠᠶᠢᠪᠠ ᠭᠡᠨ᠎ᠡ᠃ ᠲᠡᠷᠡ ᠦᠶᠡᠰ ᠲᠤ ᠮᠤᠩᠭᠤᠯ ᠨᠤᠲᠤᠭ ᠢᠶᠠᠷ ᠢᠷᠡᠵᠦ ᠡᠳ᠋ ᠪᠠᠷᠠᠭ᠎ᠠ | ᠪᠤᠷᠤᠯᠠᠭᠤᠯᠳᠠᠭ ᠨᠢᠭᠡᠨ ᠫᠠᠨ ᠣᠪᠣᠭ ᠲᠠᠢ ᠠᠷᠠᠯᠵᠢᠶᠠᠴᠢᠨ ᠪᠠᠶᠢᠵᠠᠢ᠃ ᠡᠨᠡ ᠬᠦᠮᠦᠨ ᠪᠤᠯ ᠵᠢᠰᠦᠷ ᠵᠠᠯᠢᠬᠠᠢ᠂ | ᠬᠤᠶᠢᠬᠤᠷ ᠬᠤᠯᠵᠢᠨ ᠪᠤᠯᠬᠤᠷ ᠬᠦᠮᠦᠰ ᠪᠦᠷ ︽ᠫᠠᠨ ᠰᠠᠷᠢᠭᠠᠴᠢᠨ︾ ᠭᠡᠳᠡᠭ ᠭᠡᠨ᠎ᠡ᠃ ᠫᠠᠨ ᠰᠠᠷᠢᠭᠠᠴᠢᠨ ᠶᠡᠷᠦ ᠨᠢ | ᠮᠤᠩᠭᠤᠯ ᠤᠷᠤᠨ ᠢᠶᠠᠷ ᠶᠠᠪᠤᠵᠤ ᠮᠠᠯᠴᠢᠳ ᠤᠨ ᠮᠠᠯ ᠠᠬᠤᠢ᠂ ᠡᠳ᠋ ᠮᠦᠩᠭᠦ ᠶᠢ ᠨᠢᠭᠤᠷ ᠨᠢᠳᠦ ᠦᠭᠡᠢ ᠬᠤᠨᠵᠢᠵᠤ | ᠮᠡᠬᠡᠯᠡᠳᠡᠭ ᠢᠶᠠᠷ ᠬᠦᠮᠦᠰ ᠲᠡᠭᠦᠨ ᠳᠤ ᠲᠦᠢᠯ ᠢᠶᠠᠷ ᠬᠤᠷᠤᠰᠳᠠᠭ᠃ ᠫᠠᠨ ᠰᠠᠷᠢᠭᠠᠴᠢᠨ ᠬᠡᠳᠦ᠋ᠢᠪᠡᠷ ᠪᠠᠯᠭᠠᠨᠰᠠᠩ ᠠᠴᠠ | ᠠᠶᠤᠨ ᠳᠤᠲᠠᠭᠠᠳᠠᠭ ᠴᠦ ᠤᠯᠵᠠ ᠠᠰᠢᠭ ᠤᠯᠬᠤ ᠶᠢᠨ ᠲᠦᠯᠦᠭᠡ ᠮᠤᠩᠭᠤᠯ ᠨᠤᠲᠤᠭ ᠵᠦᠭ ᠭᠦᠶᠦᠬᠦ ᠪᠠᠨ | ᠵᠤᠭᠰᠤᠳᠠᠭ ᠦᠭᠡᠢ ᠠᠵᠢ᠃ ᠮᠢᠨᠤ ᠠᠷᠠᠯᠵᠢᠶ᠎ᠠ ᠬᠡᠵᠢᠶᠡᠳᠡ ᠪᠠᠨ ᠪᠡᠨ᠎ᠡ ᠪᠠᠨ ᠠᠯᠳᠠᠬᠤ ᠶᠤᠰᠤ ᠦᠭᠡᠢ᠂ ᠪᠢ | ᠨᠢᠳᠦ ᠪᠠᠨ ᠠᠨᠢᠭᠰᠠᠨ ᠴᠦ ᠪᠠᠯᠭᠠᠨᠰᠠᠩ ᠤᠨ ᠶᠠᠭᠤ ᠪᠤᠳᠤᠵᠤ ᠪᠠᠶᠢᠬᠤ ᠶᠢ ᠮᠡᠳᠡᠴᠢᠭᠡᠨ᠎ᠡ᠂ ᠲᠠᠨᠤᠰ ᠲᠡᠭᠦᠨ ᠠᠴᠠ | ᠠᠶᠤᠭᠰᠠᠨ ᠤ ᠬᠡᠷᠡᠭ ᠦᠭᠡᠢ ᠭᠡᠵᠦ ᠶᠠᠷᠢᠵᠦ ᠶᠠᠪᠤᠳᠠᠭ ᠭᠡᠨ᠎ᠡ᠃ | ᠨᠢᠭᠡᠨ ᠡᠳᠦᠷ ᠪᠤᠯᠵᠤᠭ᠎ᠠ ᠲᠠᠢ ᠶᠤᠮ ᠰᠢᠭ᠋ ᠪᠠᠯᠭᠠᠨᠰᠠᠩ ᠲᠠᠢ ᠶᠠᠪ ᠴᠠᠪ ᠬᠠᠷᠭᠤᠪᠠ᠃ ᠪᠠᠯᠭᠠᠨᠰᠠᠩ᠂ ᠫᠠᠨ | ᠠᠷᠠᠯᠵᠢᠶᠠᠴᠢᠨ ᠤ ᠡᠮᠦᠨ᠎ᠡ ᠵᠤᠭᠰᠤᠭᠠᠳ᠄ ᠨᠠᠮ᠎ᠠ ᠶᠢ ᠪᠠᠯᠭᠠᠨᠰᠠᠩ ᠭᠡᠳᠡᠭ᠂ ᠴᠢ ᠠᠶᠤᠬᠤ ᠦᠭᠡᠢ ᠪᠤᠯ ᠬᠦᠯᠢᠶᠡᠵᠦ | ᠪᠠᠢ᠂ ᠪᠢ ᠪᠠᠭ᠎ᠠ ᠰᠠᠭ᠎ᠠ ᠤᠴᠢᠷ ᠶᠠᠪᠤᠳᠠᠯ ᠢᠶᠠᠨ ᠳᠠᠭᠤᠰᠬᠠᠭᠠᠳ ᠢᠷᠡᠶ᠎ᠡ᠂ ᠲᠡᠭᠡᠭᠡᠳ ᠬᠡᠨ ᠨᠢ ᠬᠡᠴᠡᠭᠦᠦ ᠪᠠᠨ | ᠢᠯᠭᠠᠷᠠᠭᠤᠯᠤᠶᠠ ᠭᠡᠪᠡ᠃ ᠫᠠᠨ ᠠᠷᠠᠯᠵᠢᠶᠠᠴᠢᠨ ᠡᠭᠦᠨ ᠢ ᠰᠣᠨᠣᠰᠣᠭᠠᠳ ᠳᠤᠲᠤᠷ᠎ᠠ ᠨᠢ ᠲᠦᠭ ᠲᠠᠭ ᠪᠤᠯᠪᠠ᠃ | ᠭᠡᠪᠡᠴᠦ ᠠᠵᠢᠭ ᠦᠭᠡᠢ ᠳᠦᠷᠢᠯᠡᠨ ᠲᠤᠯᠤᠭᠠᠢ ᠳᠤᠬᠢᠨ ᠵᠦᠪᠰᠢᠶᠡᠷᠡᠪᠡ᠃ ᠫᠠᠨ ᠠᠷᠠᠯᠵᠢᠶᠠᠴᠢᠨ ᠨᠢᠭᠡ ᠡᠳᠦᠷ ᠰᠦᠨᠢ | ᠬᠦᠯᠢᠶᠡᠨ ᠵᠤᠭᠰᠤᠪᠠ᠃ ᠰᠦᠨᠢ ᠨᠢ ᠠᠭᠠᠲᠠᠷ ᠪᠤᠷᠤᠭᠠᠨ ᠤᠷᠤᠵᠤ᠂ ᠫᠠᠨ ᠠᠷᠠᠯᠵᠢᠶᠠᠴᠢᠨ ᠱᠠᠯ ᠨᠤᠷᠴᠤ ᠪᠠᠶᠢᠳᠠᠭ | ᠡᠳ᠋ ᠨᠢ ᠳᠡᠪᠲᠦᠵᠦ᠂ ᠳᠠᠭᠠᠷᠠᠬᠤ ᠳᠤ ᠪᠠᠨ ᠪᠦᠬᠦ ᠪᠡᠶ᠎ᠡ ᠨᠢ ᠴᠡᠴᠡᠷᠬᠢᠯᠡᠵᠦ ᠪᠠᠶᠢᠠᠠᠰᠡᠨ ᠴᠦ ᠪᠠᠯᠭᠠᠨᠰᠠᠩ ᠤᠨ ᠪᠠᠷ᠎ᠠ | ᠬᠠᠷᠠᠭᠳᠠᠭᠰᠠᠨ ᠦᠭᠡᠢ᠃ ᠢᠩᠭᠢᠭᠡᠳ ᠰᠠᠶ᠋ᠢ ᠪᠠᠯᠭᠠᠨᠰᠠᠩ ᠳᠤ ᠱᠣᠤᠯᠠᠭᠳᠠᠭᠰᠠᠨ ᠢᠶᠠᠨ ᠮᠡᠳᠡᠵᠦ᠂ ᠮᠠᠰᠢ ᠤᠷᠮ᠎ᠠ | ᠦᠭᠡᠢ ᠪᠤᠴᠠᠨ ᠢᠷᠡᠪᠡ᠃ | ᠪᠤᠷᠤᠭᠠᠨ ᠶᠠᠪᠤᠬᠤ ᠳᠤᠲᠤᠮ ᠶᠡᠬᠡᠳᠴᠦ᠂ ᠬᠤᠪᠴᠠᠰᠤ ᠬᠤᠨᠠᠷ ᠨᠢ ᠱᠠᠯ ᠲᠡᠪᠲᠦᠵᠦ᠂ ᠬᠤᠨᠤᠬᠤ ᠭᠠᠵᠠᠷ ᠴᠦ | ᠤᠯᠤᠭᠰᠠᠨ ᠦᠭᠡᠢ ᠮᠦᠷᠲᠡᠭᠡᠨ ᠪᠦᠬᠦᠯᠢ ᠰᠦᠨᠢ ᠡᠳᠦᠷ ᠬᠡᠯᠡᠨ ᠳᠡᠭᠡᠷ᠎ᠡ ᠪᠠᠨ ᠶᠠᠭᠤᠮ᠎ᠠ ᠲᠠᠯᠪᠢᠭᠰᠠᠨ ᠦᠭᠡᠢ ᠠᠴᠠ | ᠬᠤᠶᠠᠷ ᠨᠢᠳᠦ ᠨᠢ ᠬᠠᠷᠠᠯᠠᠨ ᠪᠦᠬᠦ ᠪᠡᠶ᠎ᠡ ᠨᠢ ᠲᠡᠩᠬᠡᠭᠡ ᠲᠠᠮᠢᠷ ᠰᠤᠯᠠᠷᠠᠪᠠ᠃ ᠦᠷᠭᠡᠨ ᠠᠭᠤᠳᠠᠮ ᠨᠤᠲᠤᠭ ᠭᠡᠭᠴᠢ | ᠵᠠᠭᠤᠨ ᠭᠠᠵᠠᠷ ᠤᠨ ᠳᠤᠲᠤᠷ᠎ᠠ ᠬᠦᠮᠦᠨ ᠤ ᠪᠠᠷ᠎ᠠ ᠦᠵᠡᠭᠳᠡᠬᠦ ᠦᠭᠡᠢ᠂ ᠡᠨᠡ ᠦᠶ᠎ᠡ ᠳᠤ ᠫᠠᠨ ᠠᠷᠠᠯᠵᠢᠶᠠᠴᠢᠨ | ᠬᠦᠮᠦᠨ ᠲᠠᠢ ᠤᠯᠵᠤ ᠠᠭᠤᠯᠵᠠᠪᠠᠯ ᠬᠡᠴᠢᠨᠡᠭᠡᠨ ᠰᠠᠶᠢᠨ ᠪᠢᠯᠡ ᠭᠡᠵᠦ ᠳᠤᠲᠤᠷ᠎ᠠ ᠪᠠᠨ ᠪᠤᠳᠤᠪᠠ᠃ | ᠲᠡᠭᠦᠨ ᠤ ᠨᠢᠳᠦᠨ ᠳᠤ ᠦᠨᠡᠬᠡᠷ ᠨᠢᠭᠡᠨ ᠬᠦᠮᠦᠨ ᠤ ᠪᠠᠷ᠎ᠠ ᠬᠠᠷᠠᠭᠳᠠᠪᠠ᠃ ︽ᠦᠬᠦᠬᠦ ᠦᠭᠡᠢ ᠬᠦᠮᠦᠨ ᠳᠤ | ᠲᠡᠭᠷᠢ ᠲᠤᠰᠠᠯᠠᠨ᠎ᠠ︾ ᠭᠡᠵᠦ ᠫᠠᠨ ᠠᠷᠠᠯᠵᠢᠶᠠᠴᠢᠨ ᠶᠡᠬᠡᠲᠡ ᠪᠠᠶᠠᠷᠯᠠᠪᠠ᠃ ᠴᠢᠳᠠᠯ ᠬᠦᠴᠦᠨ ᠮᠡᠬᠦᠰᠳᠡᠭᠰᠡᠨ ᠫᠠᠨ | ᠠᠷᠠᠯᠵᠢᠶᠠᠴᠢᠨ ᠭᠠᠷ ᠢᠶᠠᠷ ᠢᠶᠠᠨ ᠳᠠᠯᠯᠠᠪᠠᠯ ᠲᠡᠷᠡ ᠬᠦᠮᠦᠨ ᠴᠦ ᠡᠰᠡᠷᠭᠦ ᠠᠴᠠ ᠨᠢ ᠭᠠᠷ ᠡᠷᠭᠢᠭᠦᠯᠦᠨ ᠶᠠᠪᠤᠨ᠎ᠠ᠃ ᠫᠠᠨ | ᠠᠷᠠᠯᠵᠢᠶᠠᠴᠢᠨ ᠶᠠᠭᠠᠷᠡᠤ ᠲᠡᠷᠭᠡ ᠪᠠᠨ ᠭᠡᠯᠢᠭᠰᠡᠭᠡᠷ ᠤᠷᠤᠭᠰᠢ ᠪᠠᠨ ᠳᠠᠪᠬᠢᠪᠠ᠃ ᠬᠦᠷᠦᠭᠡᠳ ᠦᠵᠡᠭᠰᠡᠨ ᠴᠢᠨᠢ ᠲᠠᠨᠢᠯ | ᠪᠤᠰᠤ ᠬᠦᠮᠦᠨ ᠬᠠᠷᠢᠨ ᠰᠢᠪᠠᠷ ᠤᠨ ᠨᠦᠬᠡᠨ ᠠᠴᠠ ᠮᠤᠷᠢᠨ ᠰᠡᠭᠦᠯ ᠲᠠᠲᠠᠨ ᠵᠤᠭᠰᠤᠵᠤ ᠪᠠᠶᠢᠪᠠ᠃ | ᠫᠠᠨ ᠠᠷᠠᠯᠵᠢᠶᠠᠴᠢᠨ ᠳᠣᠤᠭᠠᠷᠬᠤ ᠠᠴᠠ ᠡᠮᠦᠨ᠎ᠡ ᠲᠡᠷᠡ ᠬᠦᠮᠦᠨ ᠵᠠᠪᠳᠤᠵᠤ᠄ | ᠮᠢᠨᠤ ᠡᠨᠡ ᠮᠤᠷᠢ ᠲᠤᠰᠬᠠᠶᠢᠯᠠᠨ ᠭᠠᠵᠠᠷ ᠳᠣᠤᠭᠤᠷ ᠳᠠᠪᠬᠢᠳᠠᠭ᠃ ᠶᠠᠪᠤᠭᠤᠯᠬᠤ ᠦᠭᠡᠢ ᠭᠡᠵᠦ ᠬᠦᠴᠦᠯᠡᠭᠰᠡᠨ | ᠴᠤ ᠬᠠᠰᠢ ᠯᠡ ᠭᠠᠵᠠᠷ ᠳᠣᠤᠭᠤᠷ ᠰᠢᠷᠭᠤᠴᠢᠬᠠᠯᠠ᠃ ᠬᠡᠨ ᠴᠦ ᠭᠠᠷᠭᠠᠵᠤ ᠳᠡᠶᠢᠯᠬᠦ ᠦᠭᠡᠢ︕ ᠭᠡᠬᠦ ᠳᠤ ᠫᠠᠨ | ᠠᠷᠠᠯᠵᠢᠶᠠᠴᠢᠨ ᠤ ᠨᠢᠳᠦ ᠨᠢ ᠭᠡᠷᠡᠯᠲᠦᠵᠦ᠄ ᠴᠢᠩᠭᠢᠭᠡᠳ ᠶᠠᠭᠠᠬᠢᠳᠠᠭ ᠪᠢᠯᠡ︖ ᠰᠠᠶᠢᠨ ᠮᠤᠷᠢ ᠰᠢᠳᠡ︕ ᠭᠡᠬᠦ ᠳᠤ | ᠦᠨᠦ ᠬᠦᠮᠦᠨ᠄ ᠦᠭᠡᠷ᠎ᠡ ᠶᠠᠭᠤ ᠴᠦ ᠭᠠᠷᠭᠠᠵᠦ ᠴᠢᠳᠠᠬᠤ ᠦᠭᠡᠢ ᠶᠤᠮ᠃ ᠭᠠᠭᠴᠠ ᠁ ᠭᠡᠲᠡᠯ᠎ᠡ ᠫᠠᠨ | ᠠᠷᠠᠯᠵᠢᠶᠠᠴᠢᠨ᠄ ᠶᠠᠭᠤ ᠪᠠᠷ ᠭᠠᠷᠭᠠᠵᠤ ᠴᠢᠳᠠᠬᠤ ᠪᠤᠢ︖ ᠲᠡᠭᠦᠨ ᠢ ᠨᠢ ᠦᠵᠡᠭᠰᠡᠨ ᠪᠤᠯ︖ ᠭᠡᠬᠦ ᠳᠤ᠄ ᠮᠢᠨᠤ | ᠬᠤᠪᠢᠯᠭᠠᠨ ᠲᠠᠰᠢᠭᠤᠷ ᠯᠡ ᠲᠡᠭᠦᠨ ᠢ ᠬᠦᠭᠡᠭᠡᠵᠦ ᠭᠠᠷᠭᠠᠵᠦ ᠴᠢᠳᠠᠨ᠎ᠠ ᠭᠡᠪᠡᠯ ᠫᠠᠨ ᠠᠷᠠᠯᠵᠢᠶᠠᠴᠢᠨ᠄ ᠪᠤᠰᠢᠭᠤ | ᠠᠪᠤᠭᠠᠳ ᠢᠷ᠎ᠡ︕ ᠪᠢ ᠪᠠᠰᠠ ᠦᠵᠡᠶ᠎ᠡ ᠭᠡᠪᠡ᠃ | ᠵᠠ᠂ ᠴᠢ ᠢᠷᠡᠭᠡᠳ ᠮᠤᠷᠢᠨ ᠰᠡᠭᠦᠯ ᠠᠴᠠ ᠲᠠᠲᠠᠵᠤ ᠪᠠᠢ᠂ ᠪᠢ ᠭᠡᠷ ᠲᠤ ᠪᠠᠨ ᠬᠠᠷᠢᠭᠠᠳ ᠲᠠᠰᠢᠭᠤᠷ ᠢᠶᠠᠨ | ᠠᠪᠤᠭᠠᠳ ᠢᠷᠡᠶ᠎ᠡ᠂ ᠪᠢᠲᠡᠭᠡᠢ ᠲᠤᠲᠤᠭᠰᠢ ᠪᠠᠨ ᠰᠢᠷᠭᠤᠭᠤᠯᠴᠢᠬᠠ︕ ᠭᠡᠬᠦ ᠳᠤ ᠫᠠᠨ ᠠᠷᠠᠯᠵᠢᠶᠠᠴᠢᠨ᠄ ᠪᠤᠯᠤᠨ᠎ᠠ᠂ | ᠪᠤᠯᠤᠨ᠎ᠠ᠂ ᠪᠢ ᠪᠠᠰᠠ ᠲᠠᠰᠢᠭᠤᠷ ᠢ ᠴᠢᠨᠢ ᠦᠵᠡᠶ᠎ᠡ ᠭᠡᠨ᠎ᠠ᠃ ᠲᠡᠷᠡ ᠬᠦᠮᠦᠨ᠄ ᠵᠠ᠂ ᠪᠢ ᠲᠠᠰᠢᠭᠤᠷ ᠢᠶᠠᠨ | ᠠᠪᠬᠤ ᠪᠠᠷ ᠶᠠᠪᠤᠶ᠎ᠠ᠂ ᠮᠤᠷᠢ ᠪᠠᠨ ᠭᠠᠷᠭᠠᠵᠤ ᠠᠪᠤᠭᠠᠳ ᠬᠤᠶᠠᠭᠤᠯᠠ ᠪᠠᠨ ᠬᠠᠮᠲᠤ ᠶᠠᠪᠤᠶ᠎ᠠ ᠭᠡᠪᠡ᠃ ᠫᠠᠨ | ᠠᠷᠠᠯᠵᠢᠶᠠᠴᠢᠨ ᠮᠤᠷᠢᠨ ᠰᠡᠭᠦᠯ ᠠᠴᠠ ᠪᠠᠷᠢᠵᠤ ᠵᠤᠭᠰᠤᠪᠠ᠃ ᠲᠡᠷᠡ ᠬᠦᠮᠦᠨ ᠮᠤᠷᠢᠨ ᠳᠤ ᠨᠢ ᠮᠤᠷᠳᠠᠭᠠᠳ | ᠵᠤᠤᠮᠠᠯᠵᠠᠨ ᠢᠨᠢᠶᠡᠭᠰᠡᠭᠡᠷ᠄ ᠫᠠᠨ ᠠᠷᠠᠯᠵᠢᠶᠠᠴᠢᠨ ᠡ᠂ ᠴᠢ ᠶᠡᠷᠦ ᠨᠢ ᠪᠠᠯᠭᠠᠨᠰᠠᠩ ᠨᠠᠮ᠎ᠠ ᠶᠢ ᠪᠤᠳᠤᠵᠤ ᠤᠯᠤᠭᠰᠠᠨ | ᠦᠭᠡᠢ ᠪᠠ︖ ᠭᠡᠵᠦ ᠵᠤᠤᠮᠠᠯᠵᠠᠨ ᠢᠨᠢᠶᠡᠬᠦ ᠳᠤ ᠫᠠᠨ ᠠᠷᠠᠯᠵᠢᠶᠠᠴᠢᠨ ᠴᠡᠭᠡᠵᠢ ᠪᠠᠨ ᠳᠡᠯᠪᠡᠷᠡᠲᠡᠯ᠎ᠡ ᠠᠭᠤᠷᠯᠠᠵᠤ᠂ | ᠮᠤᠷᠢᠨ ᠰᠡᠭᠦᠯ ᠢ ᠬᠦᠴᠦᠲᠡᠢ ᠲᠠᠲᠠᠭᠰᠠᠨ ᠴᠢᠨᠢ ᠶᠠᠭᠤᠨ ᠤ ᠬᠢᠨᠢ ᠮᠤᠷᠢ ᠪᠤᠢ᠂ ᠬᠠᠷᠢᠨ ᠮᠤᠷᠢᠨ ᠰᠡᠭᠦᠯ ᠯᠡ ᠪᠠᠶᠢᠵᠠᠢ᠃ | | ᠪᠠᠯᠭᠠᠨᠰᠠᠩ ᠮᠤᠷᠢ ᠶᠢ ᠨᠢ ᠤᠨᠤᠵᠤ᠂ ᠮᠡᠬᠡᠯᠡᠵᠦ ᠤᠯᠤᠭᠰᠠᠨ ᠮᠦᠩᠭᠦ ᠶᠢ ᠨᠢ ᠠᠪᠤᠭᠠᠳ ᠶᠠᠪᠤᠪᠠ᠃ ᠫᠠᠨ | ᠠᠷᠠᠯᠵᠢᠶᠠᠴᠢᠨ ᠨᠡᠬᠡᠶ᠎ᠡ ᠭᠡᠬᠦ ᠳᠤ ᠨᠡᠬᠡᠵᠦ ᠳᠡᠶᠢᠯᠬᠦ ᠦᠭᠡᠢ᠂ ᠠᠷᠭ᠎ᠠ ᠪᠤᠰᠤ ᠲᠡᠷᠭᠡ ᠪᠠᠨ ᠭᠡᠯᠢᠵᠦ ᠲᠡᠮᠦᠷ | ᠲᠤᠭᠤᠭ᠎ᠠ ᠪᠠᠨ ᠴᠢᠷᠦᠭᠡᠳ ᠬᠠᠷᠢᠵᠠᠢ᠃ ᠰᠢᠷ᠎ᠠ ᠪᠦᠷᠦᠢ ᠪᠤᠯᠬᠤ ᠳᠤ᠂ ᠪᠤᠷᠤᠭᠠᠨ ᠤᠯᠠᠮ ᠢᠶᠠᠷ ᠶᠡᠬᠡᠳᠴᠦ ᠡᠭᠡᠷᠡᠮ᠎ᠡ | ᠲᠠᠯ᠎ᠠ ᠳᠡᠭᠡᠷ᠎ᠡ ᠳᠠᠯᠳᠠᠯᠠᠬᠤ ᠭᠠᠵᠠᠷ ᠭᠡᠵᠦ ᠶᠠᠭ ᠪᠠᠶᠢᠬᠤ ᠦᠭᠡᠢ᠂ ᠠᠷᠭ᠎ᠠ ᠮᠤᠬᠤᠷᠳᠠᠭᠰᠠᠨ ᠫᠠᠨ ᠠᠷᠠᠯᠵᠢᠶᠠᠴᠢᠨ | ᠲᠡᠮᠦᠷ ᠲᠤᠭᠤᠭ᠎ᠠ ᠪᠠᠨ ᠡᠷᠭᠦᠭᠡᠳ ᠪᠤᠷᠤᠭᠠᠨ ᠳᠠᠯᠳᠠᠯᠠᠵᠦ ᠪᠠᠶᠢᠪᠠ᠃ | ᠡᠨᠡ ᠦᠶ᠎ᠡ ᠳᠤ ᠰᠠᠨᠠᠮᠰᠠᠷ ᠦᠭᠡᠢ ᠪᠠᠯᠭᠠᠨᠰᠠᠩ ᠠᠷᠤ ᠠᠴᠠ ᠨᠢ ᠤᠶᠢᠷᠠᠲᠤᠨ ᠢᠷᠡᠭᠡᠳ ᠯᠠᠭᠰᠢᠭᠤᠨ | ᠳᠠᠭᠤᠨ ᠢᠶᠠᠷ᠄ ᠬᠦᠶ᠋ᠢ᠂ ᠫᠠᠨ ᠠᠷᠠᠯᠵᠢᠶᠠᠴᠢᠨ ᠡ᠂ ᠪᠠᠯᠭᠠᠨᠰᠠᠩ ᠢᠷᠡᠯ᠎ᠡ︕ ᠭᠡᠵᠦ ᠬᠠᠰᠭᠢᠷᠪᠠ᠃ ᠡᠭᠦᠨ ᠢ | ᠰᠣᠨᠣᠰᠣᠭᠰᠠᠨ ᠫᠠᠨ ᠠᠷᠠᠯᠵᠢᠶᠠᠴᠢᠨ ᠤ ᠰᠦᠨᠡᠰᠦ ᠨᠢ ᠤᠷᠤᠢ ᠪᠠᠷ ᠨᠢ ᠭᠠᠷᠴᠤ᠂ ᠪᠦᠬᠦ ᠪᠡᠶ᠎ᠡ ᠨᠢ ᠳᠠᠭᠵᠢᠨ | ᠴᠡᠴᠡᠷᠬᠢᠯᠡᠭᠡᠳ᠄ ᠠᠶ᠎ᠠ᠂ ᠮᠦᠮᠦ ᠡ︕ ᠭᠡᠵᠦ ᠠᠷᠤᠨᠰᠢ ᠬᠠᠷᠠᠵᠦ ᠦᠵᠡᠬᠦ ᠭᠡᠳ ᠲᠡᠮᠦᠷ ᠲᠤᠭᠤᠭ᠎ᠠ ᠳᠤ ᠪᠠᠨ | ᠳᠠᠷᠤᠭᠳᠠᠨ ᠮᠡᠳᠡᠭᠡ ᠰᠡᠭᠡᠭᠡ ᠦᠭᠡᠢ ᠪᠤᠯᠪᠠ ᠭᠡᠨ᠎ᠡ᠃ | | | | | |