︽ᠤᠯᠤᠰ ᠤᠨ ᠡᠬᠡ ᠵᠦᠡᠭ ᠮᠤ᠋ ᠶᠠᠨ︾ ᠭᠡᠳᠡᠭ ᠬᠤᠭᠤᠷ ᠤᠨ ᠦᠯᠢᠭᠡᠷ
ᠨᠡᠶᠢᠲᠡᠯᠡᠭᠰᠡᠨ ᠴᠠᠭ᠄
2022/11/24
     ᠨᠡᠷᠡᠳᠦ ᠬᠤᠭᠤᠷᠴᠢ ᠪᠠᠯᠵᠢᠨᠢᠮ᠎ᠠ ᠶᠢᠨ ᠬᠡᠯᠡᠭᠰᠡᠨ ︽ᠤᠯᠤᠰ ᠤᠨ ᠡᠬᠡ ᠵᠦᠡᠭ ᠮᠤ᠋ ᠶᠠᠨ︾ ᠭᠡᠳᠡᠭ ᠬᠤᠭᠤᠷ ᠤᠨ ᠦᠯᠢᠭᠡᠷ ᠢ ᠰᠢᠩᠭᠡᠭᠡᠨ ᠦᠢᠯᠡᠳᠦᠭᠰᠡᠨ ᠠᠴᠠ ᠨᠠᠭᠠᠰᠢ᠂ ᠤᠯᠠᠭᠠᠡᠬᠠᠳᠠ ᠶᠢᠨ ᠷᠠᠳᠢᠤ᠋ ᠬᠤᠷᠢᠶ᠎ᠠ᠂ ᠲᠦᠡᠭᠯᠢᠶᠤᠤ ᠶᠢᠨ ᠷᠠᠳᠢᠤ᠋ ᠬᠤᠷᠢᠶ᠎ᠠ ᠬᠤᠶᠢᠨ᠎ᠠ ᠡᠮᠦᠨ᠎ᠠ ᠨᠡᠪᠳᠡᠷᠡᠭᠦᠯᠦᠭᠰᠡᠨ ᠪᠢᠯᠨ᠃ ᠲᠤᠰ ᠬᠤᠭᠤᠷ ᠤᠨ ᠦᠯᠢᠭᠡᠷ ᠢ ᠰᠤᠨᠤᠰᠬᠤ ᠲᠤᠳᠤᠮ ᠰᠤᠨᠤᠰᠤᠶ᠎ᠠ ᠭᠡᠵᠦ ᠪᠤᠳᠤᠳᠠᠭ᠃ ᠰᠤᠨᠤᠰᠪᠠᠯ ᠬᠦᠮᠦᠰ ᠪᠠᠯᠵᠢᠨᠢᠮ ᠎ᠠ ᠶᠢᠨ ᠬᠡᠯᠡᠭᠰᠡᠨ ︽ᠤᠯᠤᠰ ᠤᠨ ᠡᠬᠡ ᠵᠦᠡᠭ ᠮᠤ᠋ ᠶᠠᠨ︾ ᠭᠡᠳᠡᠭ ᠬᠤᠭᠤᠷ ᠤᠨ ᠦᠯᠢᠭᠡᠷ ᠡ︕ ᠬᠦᠳᠡᠭᠡ ᠠᠶᠢᠯ ᠪᠦᠬᠦᠨ ᠠᠴᠠ ᠤᠳᠠᠰᠤᠳᠦ ᠬᠤᠭᠤᠷ ᠬᠦᠡᠭᠬᠢᠨᠡᠵᠦ᠂ ᠤᠷᠡᠨ ᠮᠡᠷᠭᠡᠨ ᠦᠭᠡ ᠲᠠᠢ ᠦᠯᠢᠭᠡᠷ ᠤᠴᠢᠷ ᠦᠷᠭᠦᠯᠵᠢᠯᠡᠬᠦ ᠪᠠᠷ ᠬᠦᠳᠡᠭᠡ ᠨᠤᠳᠤᠭ ᠨᠠᠮ ᠵᠢᠮ ᠪᠤᠯᠴᠢᠬᠠᠳᠠᠭ ᠪᠠᠶᠢᠯ ᠎ᠠ᠃    ᠮᠢᠨᠤ ᠦᠪᠡᠷ ᠤᠨ ᠪᠡᠶ᠎ᠠ ᠲᠤᠰ ᠦᠯᠢᠭᠡᠷ ᠢ ᠠᠵᠢᠯ ᠤᠨ ᠶᠠᠭᠠᠷᠠᠤ ᠠᠴᠠ ᠪᠤᠯᠵᠦ ᠪᠦᠷᠢᠨ ᠭᠦᠢᠴᠡᠳ ᠪᠢᠰᠢ ᠴᠦ ᠵᠠᠪᠳᠤᠬᠤ ᠶᠢᠨ ᠬᠢᠷᠢ ᠪᠠᠷ ᠢᠶᠠᠨ ᠰᠤᠨᠤᠰᠴᠦ ᠪᠠᠶᠢᠠᠠᠰᠡᠨ ᠶᠤᠮ᠃ ᠰᠤᠨᠤᠰᠤᠭᠠᠳ ᠪᠠᠶᠢᠪᠠᠯ ᠪᠠᠯᠵᠢᠨᠢᠮ᠎ᠠ ᠶᠢᠨ ᠬᠤᠭᠤᠷ ᠤᠨ ᠦᠯᠢᠭᠡᠷ ᠤᠨ ᠤᠷᠡᠨ ᠬᠡᠯᠨ᠂ ᠠᠶᠠᠯᠭᠤ ᠶᠢᠨ ᠰᠠᠶᠢᠬᠠᠨ᠂ ᠦᠬᠡ ᠰᠢᠯᠦᠭ ᠤᠨ ᠮᠡᠷᠭᠡᠨ ᠨᠢ ᠦᠪᠦᠷ ᠮᠤᠩᠭᠤᠯ ᠤᠨ ᠵᠡᠬᠦᠨ ᠪᠠᠷᠠᠭᠤᠨ ᠤᠷᠤᠨ ᠤ ᠰᠤᠨᠤᠰᠤᠠᠠᠴᠢᠳ᠂ ᠡᠭᠡᠯ ᠵᠢᠷ ᠤᠨ ᠤᠳᠤᠷ ᠤᠨ ᠮᠠᠯᠴᠢᠨ ᠠᠴᠠ ᠡᠷᠳᠡᠮᠳᠡᠨ ᠰᠤᠳᠤᠯᠭᠠᠳᠠᠳ ᠲᠤ ᠬᠦᠷᠳᠡᠯ ᠎ᠠ ᠪᠢᠰᠢᠷᠡᠭᠳᠡᠨ ᠲᠠᠭᠠᠯᠬᠠᠳᠠᠵᠦ ᠪᠠᠶᠢᠯ᠎ᠠ᠃ ᠬᠡᠷᠪᠡ ᠲᠤᠰ ᠬᠤᠭᠤᠷ ᠤᠨ ᠦᠯᠢᠭᠡᠷ ᠲᠤᠮᠳᠠ ᠠᠴᠠ ᠪᠠᠯᠵᠢᠨᠢᠮ᠎ᠠ ᠶᠢᠨ ᠦᠪᠡᠷ ᠤᠨ ᠬᠢᠨᠢ ᠤᠷᠠᠯᠢᠭ ᠤᠨ ᠤᠡᠴᠠᠯᠢᠭ ᠲᠠᠢ ᠬᠡᠯᠡᠯᠭᠡ ᠶᠢᠨ ᠬᠡᠰᠡᠭ ᠢ ᠰᠤᠩᠭᠤᠨ ᠠᠪᠳᠠᠭ ᠪᠤᠯ ᠦᠪᠡᠷ ᠤᠨ ᠰᠤᠨᠤᠰᠤᠠᠠᠰᠡᠨ ᠠᠴᠠ ᠪᠠᠨ ᠵᠢᠱᠢᠶ᠎ᠠ ᠳᠠᠳᠡᠨ ᠳᠡᠮᠳᠡᠭᠯᠡᠪᠡᠯ᠄ ︽ᠴᠢ ᠤᠯᠤᠰ ᠤᠨ ᠳᠠᠪᠢᠨ ᠲᠦᠮᠡᠨ ᠴᠡᠷᠢᠭ ᠴᠦ᠋ ᠤᠯᠤᠰ ᠲᠤ ᠮᠤᠷᠳ᠋ᠬᠠᠰᠡᠨ ᠴᠡᠷᠢᠭ ᠮᠤᠷᠳ᠋ᠬᠠᠰᠡᠨ ᠮᠬᠠᠳᠠᠭᠠᠯ︾ ᠤᠨ ᠪᠦᠯᠦᠭ᠃ ︽ᠬᠤᠸᠠᠩ ᠶᠦᠨ᠂ ᠰᠦᠨ ᠵᠧᠨ ᠷᠧᠨ ᠢ ᠵᠠᠯᠠᠬᠤ ᠪᠠᠷ ᠶᠠᠪᠤᠵᠦ ᠠᠭᠤᠯᠠᠨ ᠳᠤ ᠭᠠᠷᠤᠠᠠᠰᠡᠨ︾ ᠢ ︽ᠠᠷᠤ ᠬᠤᠷᠴᠢᠨ ᠤ ᠶᠡᠭᠡ ᠬᠠᠨ ᠠᠭᠤᠯᠨ ᠶᠢᠨ ᠮᠬᠠᠳᠠᠭᠠᠯ︾ ᠤᠨ ᠠᠶᠠᠯᠭᠤ ᠳᠡᠭᠡᠷ᠎ᠠ ᠬᠡᠯᠡᠭᠰᠡᠨ ᠨᠢ᠃ ︽ᠴᠦ᠋ ᠤᠯᠤᠰ ᠤᠨ ᠶᠠᠩ ᠵᠦ ᠮᠢᠩ᠂ ᠭᠤᠸᠠᠩ ᠭᠠᠢ ᠵᠡᠷᠭᠡ ᠭᠤᠷᠪᠠᠨ ᠶᠤᠸᠠᠨᠱᠦᠸᠠᠢ ᠴᠢ ᠤᠯᠤᠰ ᠢ ᠴᠤᠬᠢᠬᠤ ᠪᠠᠷ ᠴᠡᠷᠢᠭ ᠮᠤᠷᠳᠠᠬᠤ ᠳᠠᠶᠢᠨ︾ ᠤ ᠲᠤᠬᠠᠢ ᠬᠡᠯᠡᠭᠰᠡᠨ ᠦᠬᠦᠯᠡᠮᠵᠢ ᠰᠢᠯᠦᠭ᠃ ︽ᠵᠦᠡᠭ ᠭᠦᠸᠧ ᠮᠤ᠋᠂ ᠯᠠᠩ ᠶᠠ ᠬᠤᠸᠠ ᠶᠢ ᠠᠪᠤᠭᠠᠳ ᠲᠡᠭᠷᠢ ᠠᠴᠠ ᠪᠠᠭᠤᠠᠠᠰᠡᠨ ᠬᠠᠰ ᠬᠦᠰᠢᠶ᠎ᠠ ᠶᠢ ᠠᠭᠤᠯᠠᠨ ᠳᠤ ᠳᠠᠯᠪᠢᠨ ᠰᠤᠪᠤᠷᠭ᠎ᠠ ᠪᠤᠰᠬᠠᠠᠠᠰᠡᠨ ︾ ᠢ ᠬᠡᠯᠡᠭᠰᠡᠨ ᠨᠢ᠃ ︽ᠰᠢᠶᠠᠨ ᠶᠦᠨ᠂ ᠡᠤ ᠤᠯᠤᠰ ᠢ ᠮᠦᠬᠦᠭᠡᠵᠦ᠂ ᠵᠢᠷᠤᠮ ᠤᠨ ᠠᠬ᠎ᠠ ᠲᠢᠶᠠᠨ ᠺᠦᠨ ᠢ ᠲᠤᠰᠠᠯᠠᠬᠤ ᠪᠠᠷ ᠬᠠᠨ ᠤᠯᠤᠰ ᠲᠤ ᠴᠡᠷᠢᠭ ᠮᠤᠷᠳᠠᠬᠤ ᠦᠶ᠎ᠠ ᠶᠢᠨ ᠰᠢᠯᠦᠭᠯᠡᠯ︾ ᠵᠡᠷᠭᠡ ᠪᠤᠯ ᠰᠢᠯᠦᠭᠴᠢ ᠬᠦᠮᠦᠨ ᠤ ᠦᠵᠦᠭ ᠤᠨ ᠲᠤᠤᠷ᠎ᠠ ᠴᠤ ᠪᠢᠴᠢᠭᠳᠡᠬᠦ ᠳᠤ ᠪᠡᠷᠭᠡ ᠪᠦᠭᠡᠳᠡᠯ᠎ᠠ ᠲᠦᠷᠪᠡᠨ ᠤᠳᠠᠰᠤᠳᠦ ᠬᠤᠭᠤᠷ ᠤᠨ ᠠᠶᠠᠯᠭᠤ ᠲᠠᠢ ᠬᠠᠮᠳᠦ ᠠᠮᠢᠯᠠᠭᠤᠯᠬᠤ ᠭᠡᠭᠴᠢ ᠭᠠᠶᠢᠬᠠᠮᠰᠢᠭ ᠪᠠᠶᠢᠵᠡᠢ᠃ ᠪᠠᠯᠵᠢᠨᠢᠮ᠎ᠠ ᠭᠤᠸᠠᠢ ᠡᠶᠢᠮᠦ ᠰᠠᠶᠢᠬᠠᠨ ᠬᠦᠨ ᠰᠡᠳᠬᠢᠯᠭᠡ ᠪᠦᠬᠦᠢ ᠤᠷᠠᠨ ᠬᠡᠯᠡᠯᠭᠡ ᠲᠠᠢ ᠪᠤᠯᠬᠤᠷ ᠳᠡᠭᠦᠨ ᠤ ᠬᠡᠯᠡᠭᠰᠡᠨ ︽ᠤᠯᠤᠰ ᠤᠨ ᠡᠬᠡ ᠵᠦᠡᠭ ᠮᠤ᠋ ᠶᠠᠨ︾ ᠭᠡᠳᠡᠭ ᠬᠤᠭᠤᠷ ᠤᠨ ᠦᠯᠢᠭᠡᠷ ᠨᠢ ᠶᠠᠷᠢᠶᠠᠨ ᠤ ᠬᠡᠯᠨ᠂ ᠪᠢᠴᠢᠭ ᠤᠨ ᠬᠡᠯᠨ ᠶᠢ ᠰᠠᠶᠢᠬᠠᠨ ᠤᠶᠠᠯᠳᠤᠭᠤᠯᠵᠦ ᠴᠢᠳ᠋ᠬᠠᠰᠡᠨ ᠠᠴᠠ ᠭᠡᠨ ᠰᠤᠨᠤᠰᠪᠠᠴᠦ ᠰᠤᠨᠤᠰᠪᠤᠷᠢᠳᠠᠢ ᠰᠠᠶᠢᠬᠠᠨ ᠪᠠᠶᠢᠳᠠᠭ᠃ ᠨᠡᠩ ᠴᠦ ᠲᠤᠰ ᠬᠤᠭᠤᠷ ᠤᠨ ᠦᠯᠢᠭᠡᠷ ᠢ ᠡᠬᠢᠯᠡᠬᠦ ᠠᠴᠠ ᠲᠡᠭᠦᠰᠳᠡᠯ᠎ᠠ ᠠᠩᠬᠠᠷᠤᠨ ᠰᠤᠨᠤᠰᠴᠦ ᠲᠤᠩᠭᠠᠨ ᠪᠤᠳᠤᠯᠬᠢᠯᠠᠳᠠᠭ ᠪᠤᠯ ᠨᠢᠭᠡᠨ ᠪᠠᠳᠦ ᠵᠢᠷᠦᠮ ᠢ ᠪᠠᠷᠢᠮᠳᠠᠯᠠᠬᠤ ᠦᠵᠡᠯ ᠰᠠᠨᠠᠭ᠎ᠠ ᠠᠭᠤᠯᠵᠦ ᠪᠠᠶᠢᠬᠤ ᠶᠢ ᠮᠡᠳᠡᠵᠦ ᠪᠤᠯᠤᠨ᠎ᠠ᠃ ᠡᠨᠡ ᠨᠢ ᠳᠠᠷᠤᠢ ᠲᠤᠰ ᠦᠯᠢᠭᠡᠷ ᠤᠨ ᠭᠤᠤᠯ ᠪᠠᠭᠠᠳᠤᠷ ᠵᠦᠡᠭ ᠮᠤ᠋ ᠶᠠᠨ ᠭᠡᠳᠡᠭ ᠡᠮᠡᠭᠳᠠᠢ ᠬᠦᠮᠦᠨ ᠪᠦᠬᠡᠳ ᠴᠦᠨ ᠴᠢᠦ ᠪᠠᠶᠢᠯᠳᠤᠭᠠᠡᠳᠦ ᠤᠯᠤᠰ ᠤᠨ ᠦᠶ ᠎ᠠ ᠶᠢᠨ ᠱᠠᠡᠳᠦ᠋ᠡᠭ ᠳᠠᠬᠢ ᠴᠢ ᠤᠯᠤᠰ ᠤᠨ ᠰᠢᠤᠸᠠᠨ ᠸᠠᠩ ᠡᠵᠡᠨ ᠤ ᠭᠤᠤᠯ ᠬᠠᠳᠤᠨ ᠪᠠᠶᠢᠵᠦ᠂ ᠳᠡᠭᠦᠨ ᠤ ᠦᠡᠭᠭᠡ ᠵᠢᠰᠦ ᠨᠢ ᠮᠠᠭᠤᠬᠠᠢ ᠪᠤᠯᠪᠠᠴᠦ ᠡᠷᠳᠡᠮ ᠴᠢᠳᠡᠯ ᠬᠤᠤᠰᠯᠠᠵᠦ᠂ ᠴᠢ ᠤᠯᠤᠰ ᠤᠨ ᠦᠷᠨᠢᠯ ᠬᠦᠭᠵᠢᠯ ᠳᠤ ᠪᠠᠯᠠᠷᠠᠰᠢ ᠦᠭᠡᠢ ᠭᠠᠪᠢᠶ᠎ᠠ ᠵᠢᠳᠬᠦᠯ ᠦᠵᠡᠭᠦᠯᠦᠭᠰᠡᠨ ᠢ ᠮᠬᠠᠳᠡᠨ ᠰᠢᠯᠦᠭᠯᠡᠵᠦ ᠬᠡᠯᠡᠭᠰᠡᠨ ᠪᠠᠶᠢᠳᠠᠭ᠃ ᠳᠡᠭᠦᠨ ᠢ ᠳᠡᠮᠵᠢᠨ ᠲᠤᠰᠠᠯᠠᠳᠠᠭ ᠪᠠᠷᠠᠭᠤᠨ ᠲᠡᠭᠷᠢ ᠶᠢᠨ ᠤᠷᠤᠨ ᠤ ᠶᠡᠭᠡ ᠪᠠᠭᠰᠢ ᠯᠢ ᠱᠠᠨ ᠯᠤᠤ ᠮᠤ᠋ ᠪᠤᠯᠤᠨ ᠡᠾᠧ ᠬᠤᠸᠠ ᠰᠢᠶᠠᠨ ᠬᠦ᠋ ᠵᠡᠷᠭᠡ ᠶᠢᠨ ᠡᠷᠳᠡᠮᠳᠡᠨ ᠬᠤᠪᠢᠯᠭᠠᠳ ᠨᠢ ᠴᠤ ᠴᠦᠮ ᠡᠬᠡᠨᠡᠷ ᠬᠦᠮᠦᠨ ᠪᠤᠯᠤᠨ᠎ᠠ᠃ ᠡᠳᠡᠭᠡᠷ ᠲᠡᠭᠷᠢ ᠶᠢᠨ ᠤᠷᠤᠨ ᠤ ᠡᠷᠳᠡᠮᠳᠦ ᠬᠤᠪᠢᠯᠭᠠᠳ ᠨᠢ ᠵᠦᠡᠭ ᠮᠤ᠋ ᠶᠠᠨ ᠢ ᠦᠬᠦᠯ ᠤᠨ ᠠᠶᠤᠯ ᠠᠴᠠ ᠤᠯᠠᠡᠳᠠ ᠠᠪᠤᠷᠠᠵᠦ᠂ ᠭᠠᠵᠢᠭᠤ ᠪᠤᠷᠤᠭᠤ ᠰᠢᠮᠨᠤ ᠨᠤᠭᠤᠳ ᠢ ᠳᠠᠷᠤᠳᠠᠭ ᠪᠠᠶᠢᠨ᠎ᠠ᠃ ᠡᠭᠦᠨ ᠳᠤ ᠵᠦᠡᠭ ᠭᠦᠸᠧ ᠮᠤ᠋ ᠶᠢ ᠯᠠᠩ ᠶᠠ ᠬᠤᠸᠠ ᠶᠢᠨ ᠭᠠᠵᠠᠷ ᠪᠦᠳᠦᠬᠦᠨ ᠵᠢᠭᠠᠰᠤᠨ ᠰᠢᠮᠨᠤ ᠶᠢᠨ ᠳ᠋ᠤᠤᠱᠢ ᠬᠠᠢ ᠬᠦᠢ ᠶᠢᠨ ᠭᠠᠵᠢᠭᠤ ᠤᠪᠠᠳᠢᠰ ᠠᠴᠠ ᠬᠠᠮᠠᠭᠠᠯᠠᠨ ᠠᠪᠤᠷᠠᠵᠦ ᠡᠳᠡᠭᠡᠭᠡᠭᠰᠡᠨ ᠪᠤᠯ ᠡᠾᠧ ᠬᠤᠸᠠ ᠰᠢᠶᠠᠨ ᠬᠦ᠋ ᠭᠡᠳᠡᠭ ᠡᠬᠡᠨᠡᠷ ᠬᠤᠪᠢᠯᠭᠠᠨ ᠪᠤᠯᠤᠨ᠎ᠠ᠃     ᠡᠭᠦᠨ ᠲᠠᠢ ᠠᠳᠠᠯᠢ ᠪᠠᠷ ᠵᠦᠡᠭ ᠭᠦᠸᠧ ᠮᠤ᠋ ᠶᠢᠨ ᠵᠢᠷᠤᠮ ᠤᠨ ᠬᠦᠪᠡᠬᠦᠨ ᠲᠢᠶᠠᠨ ᠺᠦᠨ᠂ ᠺᠦᠡᠭ ᠳ᠋ᠠᠢ ᠶᠢᠨ ᠡᠬᠡᠨᠡᠷ ᠪᠠ ᠲᠦᠷᠦᠭᠰᠡᠨ ᠬᠦᠪᠡᠬᠦᠨ ᠲᠢᠶᠠᠨ ᠳ᠋ᠠᠨ᠂ ᠲᠢᠶᠠᠨ ᠶᠦᠨ ᠤ ᠡᠬᠡᠨᠡᠷ ᠤᠳ ᠨᠢ ᠴᠦ ᠴᠦᠮ ᠡᠷ᠎ᠠ ᠨᠦᠬᠦᠷ ᠢᠶᠠᠨ ᠡᠷᠳᠡᠮ ᠢᠶᠠᠷ ᠲᠤᠰᠠᠯᠠᠵᠦ ᠦᠬᠦᠯ ᠤᠨ ᠠᠶᠤᠯ ᠠᠴᠠ ᠠᠪᠤᠷᠠᠳᠠᠭ ᠪᠠᠶᠢᠨ᠎ᠠ᠃ ᠵᠢᠱᠢᠶ᠎ᠠ ᠳᠠᠳᠠᠵᠦ ᠲᠤᠷᠠᠳᠪᠠᠯ ᠲᠢᠶᠠᠨ ᠶᠦᠨ ᠤ ᠡᠬᠡᠨᠡᠷ ᠯᠢᠦ ᠼᠦᠢ ᠶᠦᠨ ᠡᠷ ᠎ᠠ ᠲᠢᠶᠠᠨ ᠶᠦᠨ ᠢᠶᠠᠨ ᠬᠡᠳᠤᠡᠳᠡ ᠦᠬᠦᠯ ᠠᠴᠠ ᠠᠪᠤᠷᠠᠳᠠᠭ ᠪᠠᠶᠢᠨ᠎ᠠ᠃ ᠬᠠᠨ ᠤᠯᠤᠰ ᠤᠨ ᠭᠠᠵᠠᠷ ᠰᠢᠮᠨᠤ ᠬᠤᠷᠤᠬᠠᠢ ᠶᠢᠨ ᠳ᠋ᠤᠤᠱᠢ ᠰᠢᠤᠸᠠᠢ ᠬᠠᠢ ᠶᠢᠨ ᠭᠠᠯ ᠤᠨ ᠵᠢᠠᠠᠰᠠᠭᠠᠯ ᠢ ᠳᠠᠷᠤᠵᠦ᠂ ᠡᠷ᠎ᠠ ᠨᠦᠬᠦᠷ ᠲᠢᠶᠠᠨ ᠶᠦᠨ ᠢᠶᠠᠨ ᠠᠪᠤᠷᠠᠵᠦ᠂ ᠰᠢᠮᠨᠤ ᠶᠢᠨ ᠳ᠋ᠤᠤᠱᠢ ᠶᠢᠨ ᠬᠦᠮᠦᠰᠬᠡᠨ ᠲᠤᠮᠳᠠ ᠨᠢ ᠡᠷᠳᠡᠨᠢ ᠶᠢᠨ ᠵᠡᠬᠦᠦ ᠪᠠᠷ ᠬᠠᠳᠬᠤᠨ ᠠᠯᠬᠠᠰᠡᠨ ᠨᠢ ᠭᠠᠶᠢᠬᠠᠮᠰᠢᠭ ᠲᠠᠢ᠃ ᠵᠦᠡᠭ ᠭᠦᠸᠧ ᠮᠤ᠋ ᠶᠢᠨ ᠵᠢᠷᠤᠮ ᠤᠨ ᠬᠦᠪᠡᠬᠦᠨ ᠺᠦᠡᠭ ᠳ᠋ᠢ ᠶᠢᠨ ᠡᠷᠳᠡᠮᠳᠦ ᠡᠬᠡᠨᠡᠷ ᠳᠤ ᠬᠦ᠋ ᠰᠢᠦ ᠶᠢᠩ ᠴᠦ ᠡᠷ᠎ᠠ ᠨᠦᠬᠦᠷ ᠢᠶᠠᠨ ᠡᠷᠳᠡᠮ ᠢᠶᠠᠷ ᠲᠤᠰᠠᠯᠠᠬᠤ ᠪᠠᠷ ᠪᠠᠷᠠᠬᠤ ᠦᠭᠡᠢ᠂ ᠵᠢᠷᠤᠮ ᠤᠨ ᠡᠬᠡ ᠵᠦᠡᠭ ᠭᠦᠸᠧ ᠮᠤ᠋ ᠶᠢ ᠲᠤᠰᠠᠯᠠᠵᠦ᠂ ᠴᠢ ᠤᠯᠤᠰ ᠢ ᠲᠡᠳᠬᠦᠨ ᠠᠶᠤᠮᠰᠢᠠᠠᠳᠦ ᠵᠢᠭᠠᠰᠤᠨ ᠰᠢᠮᠨᠤ ᠶᠢᠨ ᠳ᠋ᠤᠤᠱᠢ ᠬᠠᠢ ᠬᠦᠢ ᠶᠢ ᠠᠯᠳᠡᠨ ᠭᠤᠬ᠎ᠠ ᠪᠠᠷ ᠠᠮᠨ ᠶᠢ ᠨᠢ ᠭᠤᠬᠠᠳᠠᠵᠦ ᠠᠯᠠᠳᠠᠭ ᠪᠠᠶᠢᠨ᠎ᠠ᠃ ᠲᠢᠶᠠᠨ ᠺᠦᠨ ᠤ ᠡᠬᠡᠨᠡᠷ ᠯᠢᠶᠠᠨ ᠽᠠᠢ ᠬᠤᠸᠠ ᠪᠤᠯᠤᠨ ᠲᠢᠶᠠᠨ ᠳ᠋ᠠᠨ ᠤ ᠭᠤᠷᠪᠠᠨ ᠬᠠᠳᠤᠨ ᠺᠦᠡᠭ ᠽᠠᠢ ᠶᠦᠨ᠂ ᠮᠸᠡᠭ ᠢ ᠨᠤ᠋᠂ ᠮᠸᠡᠭ ᠢ ᠵᠢᠶᠦ᠋ᠨ ᠨᠠᠷ ᠰᠢᠶᠠᠩᠵᠢᠶᠠᠩ ᠤᠨ ᠲᠤᠯᠤᠯᠳᠤᠭᠠᠨ ᠪᠤᠯᠤᠨ ᠴᠢᠨ ᠤᠯᠤᠰ ᠲᠠᠢ ᠪᠠᠶᠢᠯᠳᠤᠠᠠᠰᠡᠨ ᠲᠤᠯᠤᠯᠳᠤᠭᠠᠨ ᠵᠡᠷᠭᠡ ᠳᠤ ᠪᠦᠷ ᠡᠷ᠎ᠠ ᠨᠦᠬᠦᠷ ᠢᠶᠠᠨ ᠲᠤᠰᠠᠯᠠᠵᠦ ᠦᠬᠦᠯ ᠤᠨ ᠠᠶᠤᠯ ᠠᠴᠠ ᠠᠪᠤᠷᠠᠳᠠᠭ ᠪᠠᠶᠢᠨ᠎ᠠ᠃ ᠡᠭᠦᠨ ᠠᠴᠠ ᠰᠤᠨᠤᠰᠴᠦ ᠮᠡᠳᠡᠬᠦ ᠨᠢ ᠡᠳᠡᠭᠡᠷ ᠡᠮᠡᠭᠳᠠᠢ ᠬᠦᠮᠦᠨ ᠡᠬᠡᠨᠡᠷ ᠤᠳ ᠭᠠᠵᠢᠭᠤ ᠪᠤᠷᠤᠭᠤ ᠡᠳᠡᠭᠡᠳ ᠲᠤ ᠳᠡᠶᠢᠯᠦᠭᠳᠡᠰᠢ ᠦᠭᠡᠢ ᠡᠷᠳᠡᠮ ᠴᠢᠳᠠᠯ ᠲᠠᠢ ᠪᠠᠷ ᠪᠠᠷᠠᠬᠤ ᠦᠭᠡᠢ ᠤᠴᠠᠷᠠᠭᠰᠠᠨ ᠡᠷ᠎ᠡ ᠨᠦᠬᠦᠷ ᠲᠤ ᠪᠠᠨ ᠪᠠᠲᠤ ᠵᠢᠷᠤᠮ ᠲᠠᠢ᠂ ᠤᠢᠢᠯᠡᠴᠢᠯᠡᠭᠰᠡᠨ ᠭᠠᠵᠠᠷ ᠢᠶᠠᠨ ᠬᠠᠷᠠᠮ ᠬᠦᠴᠤᠨ ᠵᠢᠳᠬᠦᠯ ᠲᠠᠢ ᠪᠤᠯᠬᠤᠷ ᠡᠮᠡᠭᠳᠠᠢ ᠬᠦᠮᠦᠨ ᠪᠤᠯ ᠠᠮᠢᠲᠤᠷᠠᠯ ᠲᠡᠮᠡᠴᠡᠯ ᠤᠨ ᠭᠤᠤᠯ ᠲᠤᠯᠭᠠᠭᠤᠷᠢ᠂ ᠡᠮᠡᠭᠳᠠᠢ ᠬᠦᠮᠦᠨ ᠦᠭᠡᠢ ᠪᠤᠯ ᠡᠷ ᠎ᠡ ᠬᠦᠮᠦᠨ ᠤ ᠭᠡᠷ ᠤᠨ ᠠᠮᠢᠲᠤᠷᠠᠯ ᠦᠭᠡᠢ᠂ ᠡᠵᠡᠯᠡᠵᠤ ᠤᠷᠤᠰᠢᠬᠤ ᠤᠷᠤᠨ ᠲᠡᠯᠡᠬᠡᠢ ᠴᠤ ᠦᠭᠡᠢ ᠪᠤᠯᠤᠨ᠎ᠠ᠂ ᠡᠮᠡᠭᠳᠠᠢ ᠬᠦᠮᠦᠨ ᠢ ᠦᠵᠡᠬᠦ ᠲᠦᠷᠰᠦ ᠪᠠᠷ ᠨᠢ ᠬᠡᠮᠵᠢᠵᠤ ᠪᠤᠯᠬᠤ ᠦᠭᠡᠢ᠂ ᠡᠷᠤᠭᠡ ᠭᠡᠷ᠂ ᠤᠯᠤᠰ ᠨᠡᠶᠢᠭᠡᠮ ᠳᠤ ᠦᠵᠡᠬᠦᠯᠬᠦ ᠬᠤᠪᠢ ᠨᠡᠮᠡᠷᠢ᠂ ᠭᠠᠪᠢᠶ ᠎ᠠ ᠵᠢᠳᠬᠦᠯ ᠢ ᠨᠢ ᠮᠡᠲᠡᠷᠡᠵᠤ᠂ ᠬᠦᠨᠲᠤᠳᠭᠡᠨ ᠪᠢᠰᠢᠷᠡᠬᠦ ᠴᠢᠬᠤᠯᠠ ᠲᠠᠢ ᠬᠡᠲᠡᠭ ᠭᠤᠤᠯ ᠦᠵᠡᠯ ᠰᠠᠨᠠᠭ᠎ᠠ ᠲᠤᠰ ᠬᠤᠭᠤᠷ ᠤᠨ ᠦᠯᠢᠭᠡᠷ ᠲᠤ ᠲᠤᠰᠬᠠᠭᠳᠠᠨ ᠲᠤᠭᠤᠰᠢᠯᠠᠭᠳᠠᠭᠰᠠᠨ ᠪᠠᠶᠢᠨ ᠎ᠠ᠃
 
ᠢᠷᠡᠯᠲᠡ᠄ ᠤᠯᠠᠭᠠᠨᠬᠠᠳᠠ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备12002332号