ᠪᠡᠭᠡᠵᠢᠩ ᠳᠤ ᠲᠣᠭᠤᠷᠢᠭᠰᠠᠨ ᠲᠦᠷᠦᠭᠳᠡᠯ
ᠨᠡᠶᠢᠲᠡᠯᠡᠭᠰᠡᠨ ᠴᠠᠭ᠄
2024/12/24
                          ᠰᠤᠮᠤ ᠪᠣᠯᠤᠨ ᠰᠤᠷᠭᠠᠭᠤᠯᠢ ᠠᠴᠠ ᠪᠢᠳᠡᠨ ᠢ ᠪᠡᠭᠡᠵᠢᠩ ᠬᠤᠲᠠ ᠳᠤ ᠲᠣᠭᠤᠷᠢᠭᠤᠯᠬᠤ ᠭᠡᠰᠡᠨ ᠬᠠᠯᠠᠭᠤᠨ ᠴᠢᠮᠡᠭᠡ ᠶᠢ ᠪᠠᠭᠰᠢ ᠠᠴᠠ ᠰᠣᠨᠤᠰᠤᠭᠠᠳ ᠮᠢᠨᠦ ᠬᠦᠯ ᠭᠠᠵᠠᠷ ᠬᠦᠷᠬᠦ ᠪᠣᠯᠲᠠᠯ᠎ᠠ ᠪᠠᠨ ᠪᠠᠶᠠᠷᠯᠠᠵᠤ ᠂ ᠬᠦᠰᠡᠵᠦ ᠬᠦᠯᠢᠶᠡᠭᠰᠡᠨ ᠡᠳᠦᠷ ᠢᠶᠠᠨ ᠬᠤᠷᠤᠭᠤ ᠲᠣᠭᠠᠯᠠᠵᠤ ᠰᠠᠭᠤᠪᠠ ᠃      ᠬᠦᠯᠢᠶᠡᠭᠰᠡᠭᠡᠷ ᠬᠦᠯᠢᠶᠡᠭᠰᠡᠭᠡᠷ ᠪᠠᠶᠢᠵᠤ ᠂ 8 ᠰᠠᠷ᠎ᠠ ᠶᠢᠨ 18 ᠤ ᠡᠳᠦᠷ ᠤᠨ ᠳᠣᠯᠤᠭᠠᠨ ᠴᠠᠭ ᠬᠠᠭᠠᠰ ᠤᠨ ᠦᠶ᠎ᠡ ᠪᠠᠷ ᠠᠶᠠᠨᠴᠢᠨ ᠤ ᠮᠠᠰᠢᠨ ᠲᠡᠷᠭᠡ ᠬᠦᠷᠦᠭᠡᠳ ᠢᠷᠡᠪᠡ ᠃ ᠰᠤᠮᠤ ᠶᠢᠨ ᠤᠳᠤᠷᠢᠳᠤᠯᠭ᠎ᠠ ᠂ ᠰᠤᠷᠭᠠᠭᠤᠯᠢ ᠶᠢᠨ ᠤᠳᠤᠷᠢᠳᠤᠯᠭ᠎ᠠ ᠪᠢᠳᠡᠨ ᠢ ᠠᠶᠠᠨ ᠵᠠᠮ ᠳᠠᠭᠠᠨ ᠠᠮᠤᠷ ᠮᠡᠨᠳᠦ ᠬᠦᠷᠬᠦ ᠶᠢ ᠢᠷᠦᠭᠡᠨ ᠵᠦᠩᠨᠡᠭᠡᠳ ᠮᠣᠷᠳᠠᠭᠤᠯᠪᠠ ᠃    ᠡᠳᠦᠷᠵᠢᠨ ᠠᠶᠠᠯᠠᠭᠰᠠᠨ ᠮᠠᠰᠢᠨ ᠲᠡᠷᠡᠭᠡᠨ ᠤ ᠴᠣᠩᠬᠤ ᠪᠠᠷ  ᠪᠢᠳᠡ ᠵᠠᠮ ᠲᠤᠷᠰᠢ ᠠᠭᠤᠯᠠ ᠬᠠᠶᠢᠷᠬᠠᠨ ᠂ ᠦᠨᠳᠦᠷ ᠦᠨᠳᠦᠷ ᠠᠰᠠᠷ ᠲᠠᠭᠲᠤ ᠂ ᠠᠭᠤᠯᠠ ᠶᠢᠨ ᠪᠠᠯ ᠢᠶᠠᠷ ᠲᠠᠷᠢᠭᠰᠠᠨ ᠱᠠᠲᠤᠨ ᠲᠠᠷᠢᠶ᠎ᠠ ᠶᠢ ᠰᠣᠨᠢᠷᠬᠠᠨ ᠂ ᠡᠭᠦᠨ ᠢ ᠨᠢ ᠦᠵᠡᠲᠡᠯ᠎ᠡ ᠲᠡᠭᠦᠨ ᠢ ᠨᠢ ᠰᠣᠨᠢᠷᠬᠠᠨ ᠪᠦᠭᠡᠮ ᠦᠢᠮᠡᠭᠡᠨ ᠲᠠᠲᠠᠭᠰᠠᠭᠠᠷ ᠰᠦᠨᠢ ᠶᠢᠨ ᠶᠢᠰᠦᠨ ᠴᠠᠭ ᠬᠠᠭᠠᠰ ᠤᠨ ᠦᠶ᠎ᠡ ᠪᠠᠷ ᠬᠦᠷᠬᠦ ᠭᠡᠰᠡᠨ ᠭᠠᠵᠠᠷ ᠢᠶᠠᠨ ᠬᠦᠷᠪᠡ ᠃ ᠪᠠᠭᠤᠳᠠᠯ ᠭᠡᠵᠦ ᠭᠤᠶᠤ ᠡ ᠂ ᠭᠤᠶᠤ ︕ ᠬᠤᠶᠠᠷ ᠰᠤᠷᠤᠭᠴᠢ ᠨᠢᠭᠡ ᠦᠷᠦᠭᠡ ᠂ ᠴᠠᠪ ᠴᠠᠭᠠᠨ ᠣᠷᠤ ᠂ ᠴᠡᠪ ᠴᠡᠪᠡᠷᠬᠡᠨ ᠵᠣᠷᠯᠤᠩ ᠂ ᠤᠭᠢᠶᠠᠯᠭ᠎ᠠ ᠶᠢᠨ ᠲᠠᠰᠤᠭ ᠲᠠᠢ ᠂ ᠪᠠᠰᠠ ᠲᠧᠯᠸᠢᠰ ᠲᠠᠢ ᠂ ᠰᠡᠷᠢᠭᠦᠴᠡᠭᠦᠷ ᠠᠭᠤᠷ ᠤᠨ ᠮᠠᠰᠢᠨ ᠲᠠᠢ  ᠃ ᠪᠢ ᠳᠡᠭᠦᠯᠢᠨ ᠲᠠᠢ ᠨᠢᠭᠡ ᠭᠡᠷ ᠲᠤ ᠰᠠᠭᠤᠪᠠ ᠃ ᠢᠳᠡᠵᠦ ᠤᠤᠭᠤᠵᠤ ᠪᠠᠷᠠᠭᠰᠠᠨ ᠤ ᠳᠠᠷᠠᠭ᠎ᠠ ᠮᠠᠨ ᠤ ᠳᠠᠭᠠᠭᠤᠯᠵᠤ ᠶᠠᠪᠤᠭᠰᠠᠨ ᠪᠠᠭᠰᠢ ᠨᠠᠷ ᠡᠵᠢ ᠠᠪᠤ ᠲᠠᠢ ᠬᠠᠷᠢᠴᠠᠭᠰᠠᠨ ᠤ ᠳᠠᠷᠠᠭ᠎ᠠ ᠭᠠᠷ ᠤᠲᠠᠰᠤ ᠶᠢ ᠬᠤᠷᠢᠶᠠᠨ ᠠᠪᠤᠪᠠ ᠃ ᠮᠠᠨᠤᠰ ᠢ ᠰᠦᠨᠢᠵᠢᠨ ᠭᠠᠷ ᠤᠲᠠᠰᠤ ᠨᠠᠭᠠᠳᠬᠤ ᠠᠴᠠ ᠰᠡᠷᠭᠡᠶᠢᠯᠡᠵᠦ ᠪᠠᠶᠢᠬᠤ  ᠶᠤᠮ ᠭᠡᠨ᠎ᠡ ᠃    ᠮᠠᠷᠭᠠᠰᠢ ᠨᠢ ᠪᠢᠳᠡ ᠪᠦᠭᠦᠳᠡᠭᠡᠷ ᠶᠠᠩ ᠹᠠᠩ ᠰᠤᠷᠭᠠᠭᠤᠯᠢ ᠳᠤ ᠬᠦᠷᠴᠦ ᠭᠠᠷ ᠤᠷᠠᠯᠠᠯ ᠂ ᠴᠠᠭᠠᠰᠤᠨ ᠬᠠᠶᠢᠴᠢᠯᠠᠮᠠᠯ ᠬᠢᠵᠦ ᠲᠠᠮᠢᠷ ᠤᠨ ᠣᠷᠤᠯᠳᠤᠭᠠᠨ ᠶᠠᠪᠤᠭᠳᠠᠭᠤᠯᠪᠠ ᠃ ᠦᠳᠡ ᠶᠢᠨ ᠬᠤᠶᠢᠨ᠎ᠠ ᠪᠢᠳᠡ ᠴᠡᠷᠢᠭ ᠤᠨ ᠲᠣᠭᠤᠷᠢᠭ ᠲᠤ ᠬᠦᠷᠴᠦ ᠲᠣᠭᠤᠷᠢᠪᠠ᠃ ᠬᠦᠷᠢᠶᠡᠨ ᠡᠭᠦᠳᠡ ᠶᠢ ᠨᠢ ᠣᠷᠤᠩᠭᠤᠳᠠ ᠪᠢᠳᠡᠨ ᠳᠤ ᠲᠦᠪ ᠶᠡᠬᠡᠮᠰᠦᠭ ᠂ ᠰᠦᠷ ᠵᠢᠪᠬᠤᠭᠠᠲᠤ ᠲᠦᠷᠦᠭᠳᠡᠯ ᠦᠭᠴᠦ ᠂ ᠥᠪᠡᠷ ᠤᠨ ᠡᠷᠬᠡ ᠦᠭᠡᠢ ᠶᠤᠰᠤ ᠵᠢᠷᠤᠮ ᠲᠠᠢ ᠂ ᠡᠮᠬᠢ ᠴᠡᠭᠴᠡ ᠲᠠᠢ ᠠᠯᠬᠤᠬᠤ ᠬᠡᠷᠡᠭᠲᠡᠢ ᠭᠡᠳᠡᠭ ᠤᠬᠠᠮᠰᠠᠷ ᠣᠷᠤᠪᠠ ᠃ ᠲᠡᠨᠳᠡ ᠣᠯᠠᠨ ᠴᠡᠷᠢᠭ ᠂ ᠪᠠᠶᠢᠯᠳᠤᠬᠤ ᠲᠡᠷᠭᠡ ᠂ ᠫᠤᠤ ᠰᠤᠮᠤ ᠪᠣᠢ ᠃ ᠲᠡᠷᠡ ᠲᠡᠷᠭᠡᠨ ᠳᠤ  15—16  ᠬᠦᠮᠦᠨ ᠰᠠᠭᠤᠵᠤ ᠪᠣᠯᠤᠨ᠎ᠠ ᠃ ᠪᠠᠭᠰᠢ ᠶᠢᠨ ᠵᠦᠪᠰᠢᠶᠡᠷᠡᠯ ᠢᠶᠠᠷ ᠪᠢᠳᠡ ᠲᠡᠷᠭᠡᠨ ᠳᠤ ᠰᠠᠭᠤᠵᠤ ᠦᠵᠡᠪᠡ ᠃ ᠴᠢᠯᠦᠭᠡᠯᠡᠬᠦ ᠴᠡᠷᠢᠭ ᠤᠨ ᠠᠪᠠᠭ᠎ᠠ ᠪᠢᠳᠡᠨ ᠳᠤ ᠣᠷᠤ ᠬᠤᠷᠢᠶᠠᠬᠤ ᠶᠢ ᠵᠢᠭᠠᠵᠤ ᠥᠭᠪᠡ ᠃ ᠪᠠᠰᠠ ᠤᠯᠤᠰ ᠢᠶᠠᠨ ᠬᠠᠮᠠᠭᠠᠯᠠᠬᠤ ᠂ ᠡᠬᠡ ᠤᠯᠤᠰ ᠤᠨ ᠦᠷᠨᠢᠭᠦᠨ ᠬᠦᠭᠵᠢᠯᠲᠡ ᠵᠡᠷᠭᠡ ᠶᠢ ᠶᠠᠷᠢᠵᠤ ᠲᠠᠶᠢᠯᠪᠤᠷᠢᠯᠠᠪᠠ ᠃    ᠬᠤᠶᠠᠳᠤᠭᠠᠷ ᠡᠳᠦᠷ ᠨᠢ ᠪᠢᠳᠡ ᠲᠡᠦᠬᠡᠨ ᠳᠤ ᠠᠯᠳᠠᠷᠳᠠᠢ ᠂ ᠲᠡᠯᠡᠬᠡᠢ ᠳᠤ ᠴᠣᠯᠠ ᠲᠠᠢ ᠤᠷᠲᠤ ᠴᠠᠭᠠᠨ ᠬᠡᠷᠡᠮ ᠢ ᠲᠣᠭᠤᠷᠢᠨ ᠦᠵᠡᠪᠡ ᠃ ᠤᠷᠲᠤ ᠴᠠᠭᠠᠨ ᠬᠡᠷᠡᠮ ᠭᠡᠭᠴᠢ ᠦᠨᠡᠬᠡᠷ ᠬᠤᠭᠤᠰᠤᠨ ᠨᠡᠷ᠎ᠡ ᠮᠠᠨᠳᠤᠭᠰᠠᠨ ᠦᠭᠡᠢ ᠃ ᠮᠢᠨᠦ ᠪᠣᠳᠤᠭᠰᠠᠨ ᠦᠨᠳᠦᠷ ᠬᠡᠷᠡᠮ ᠪᠢᠰᠢ ᠂ ᠬᠠᠷᠢᠨ ᠦᠨᠳᠦᠷ ᠦᠨᠳᠦᠷ ᠠᠭᠤᠯᠠ ᠶᠢᠨ ᠣᠷᠤᠢ ᠪᠠᠷ ᠪᠠᠷᠢᠭᠰᠠᠨ ᠮᠠᠰᠢ  ︽  ᠦᠨᠳᠦᠷ ᠬᠡᠷᠡᠮ ︾ ᠪᠠᠶᠢᠪᠠ ᠃ ᠪᠢᠳᠡ ᠴᠢᠯᠠᠭᠤᠨ ᠱᠠᠲᠤ ᠪᠠᠷ ᠨᠢ ᠮᠠᠴᠤᠭᠠᠳ ᠶᠠᠳᠠᠷᠠᠭᠰᠠᠨ ᠭᠡᠵᠦ ᠡ ᠂ ᠪᠠᠭᠤᠵᠤ ᠢᠷᠡᠬᠦ ᠳᠤ ᠬᠥᠯ ᠴᠡᠴᠡᠷᠡᠭᠡᠳ ᠶᠠᠪᠤᠵᠤ ᠳᠡᠶᠢᠯᠬᠦ ᠦᠭᠡᠢ ᠪᠣᠯᠴᠢᠬᠠᠪᠠ ᠃    ᠭᠤᠷᠪᠠᠳᠤᠭᠠᠷ ᠡᠳᠦᠷ ᠨᠢ ᠪᠢᠳᠡ ᠡᠷᠲᠡ ᠪᠣᠰᠴᠤ ᠲᠢᠶᠠᠨ ᠠᠨ ᠮᠧᠨ ᠲᠠᠯᠠᠪᠠᠢ ᠪᠠᠷ ᠲᠣᠭᠤᠷᠢᠪᠠ ᠃ ᠶᠠᠭᠠᠬᠢᠭᠰᠠᠨ ᠠᠭᠤᠵᠢᠮ ᠲᠠᠯᠠᠪᠠᠢ ᠶᠤᠮ ᠪᠣᠢ ︖ ᠶᠠᠮᠠᠷ ᠰᠠᠷᠠᠭᠤᠯ ᠭᠠᠵᠠᠷ ᠶᠤᠮ ᠪᠣᠢ ︖ ᠲᠠᠯᠠᠪᠠᠢ ᠶᠢᠨ ᠳᠤᠮᠳᠠ ᠠᠴᠠ ᠳᠦᠷᠪᠡᠨ ᠵᠦᠭ ᠲᠤ ᠬᠠᠷᠠᠬᠤ ᠳᠤ ᠲᠢᠶᠠᠨ ᠠᠨ  ᠮᠧᠨ ᠠᠰᠠᠷ ᠂ ᠠᠷᠠᠳ ᠤᠨ ᠶᠡᠭᠡ ᠬᠤᠷᠠᠯ ᠤᠨ ᠲᠠᠯᠠᠪᠠᠢ ᠂ ᠮᠠᠤ ᠲᠡᠷᠢᠭᠦᠯᠡᠭᠴᠢ ᠶᠢᠨ ᠳᠤᠷᠠᠰᠬᠠᠯ ᠤᠨ ᠲᠠᠩᠬᠢᠮ ᠂ ᠪᠠᠭᠠᠳᠤᠷᠴᠤᠳ ᠤᠨ ᠳᠤᠷᠠᠰᠬᠠᠯ ᠤᠨ ᠬᠦᠰᠢᠶ᠎ᠠ ᠳᠦᠷᠪᠡᠨ ᠲᠠᠯ᠎ᠠ ᠳᠤᠨᠢ  ᠰᠦᠨᠳᠡᠷᠯᠡᠵᠦ ᠪᠠᠶᠢᠳᠠᠭ ᠃ ᠡᠨᠡ ᠪᠣᠯ ᠮᠠᠨ ᠤ ᠤᠯᠤᠰ ᠤᠨ ᠲᠦᠪ ᠰᠠᠭᠤᠷᠢᠨ ᠂ ᠲᠦᠭ ᠲᠦᠮᠡᠨ ᠠᠷᠠᠳ ᠤᠨ ᠰᠡᠳᠬᠢᠯ ᠤᠨ ᠲᠦᠪᠯᠡᠷᠡᠯ ᠤᠨ ᠭᠠᠵᠠᠷ ᠪᠣᠯᠬᠤ ᠶᠤᠮ ᠃ ᠦᠳᠡ ᠶᠢᠨ ᠬᠤᠶᠢᠨ᠎ᠠ ᠨᠢ ᠬᠠᠭᠤᠴᠢᠨ ᠡᠳ᠋ ᠤᠨ ᠳᠤᠷᠠᠰᠬᠠᠯ ᠤᠨ ᠭᠠᠵᠠᠷ  ︵   ᠮᠦᠽᠧᠢ︶ ᠢᠶᠠᠷ ᠲᠣᠭᠤᠷᠢᠪᠠ ᠃    ᠳᠦᠷᠪᠡᠳᠦᠭᠡᠷ ᠡᠳᠦᠷ ᠨᠢ ᠪᠢᠳᠡ ᠬᠠᠭᠠᠨ ᠤ ᠣᠷᠳᠤᠨ ᠢᠶᠠᠷ ᠲᠣᠭᠤᠷᠢᠯ᠎ᠠ ᠃ ᠬᠦᠮᠦᠨ ᠤ ᠳᠠᠯᠠᠢ ᠭᠡᠭᠴᠢ ᠡᠶᠢᠮᠦ ᠯᠠ ᠪᠠᠶᠢᠬ᠎ᠠ ᠡ  ᠃ ᠡᠯ᠎ᠡ ᠭᠠᠵᠠᠷ ᠤᠨ ᠵᠢᠭᠤᠯᠴᠢᠨ ᠲᠣᠭᠤᠷᠢᠭᠴᠢᠳ ᠠᠳᠡ ᠢᠷᠡᠵᠦ ᠡᠷᠲᠡᠨ ᠤ ᠬᠠᠭᠠᠨ ᠤ ᠣᠷᠳᠤᠨ ᠢ ᠰᠣᠨᠢᠷᠬᠠᠨ ᠦᠵᠡᠨ᠎ᠡ ᠃ ᠪᠢ ᠳᠣᠲᠤᠷ᠎ᠠ ᠪᠠᠨ ᠰᠢᠨ᠎ᠡ ᠳᠤᠮᠳᠠᠳᠤ  ᠤᠯᠤᠰ ᠴᠢᠯᠦᠭᠡᠯᠡᠭᠳᠡᠭᠰᠡᠨ ᠦᠭᠡᠢ ᠪᠣᠯ ᠡᠨᠡ ᠬᠠᠭᠠᠨ ᠤ ᠣᠷᠳᠤᠨ ᠳᠤ ᠴᠢᠨᠢ ᠴᠢ ᠪᠢᠳᠡᠨ ᠤ ᠣᠶᠢᠷᠠᠲᠤᠵᠤ ᠴᠢᠳᠠᠬᠤ ᠭᠠᠵᠠᠷ ᠪᠢᠰᠢ ᠳ᠋ᠠ ᠭᠡᠵᠦ ᠪᠣᠳᠤᠯ᠎ᠠ      ᠳᠦᠷᠪᠡᠨ ᠡᠳᠦᠷ ᠤᠨ ᠲᠣᠭᠤᠷᠢᠨ ᠵᠣᠭᠠᠴᠠᠯ ᠢᠶᠠᠷ ᠪᠢᠳᠡ ᠡᠬᠡ ᠤᠯᠤᠰ ᠤᠨ ᠢᠶᠠᠨ ᠨᠡᠶᠢᠰᠯᠡᠯ ᠬᠤᠲᠠ ᠶᠢ ᠰᠣᠨᠢᠷᠬᠠᠨ ᠲᠣᠭᠤᠷᠢᠵᠤ ᠂ ᠴᠣᠬᠤᠮ ᠴᠤ ᠨᠢᠭᠡ ᠦᠵᠡᠭᠡ ᠦᠭᠡᠢ ᠪᠠᠨ ᠦᠵᠡᠵᠦ ᠂ ᠨᠢᠳᠦ  ᠨᠡᠬᠡᠭᠡᠭᠰᠡᠨ ᠪᠢᠯᠡ ᠃ ᠡᠶᠢᠮᠦ ᠰᠠᠶᠢᠬᠠᠨ ᠵᠠᠪᠰᠢᠶᠠᠨ ᠣᠯᠭᠤᠭᠰᠠᠨ ᠨᠠᠮ ᠵᠠᠰᠠᠭ ᠤᠨ ᠤᠳᠤᠷᠢᠳᠤᠯᠭ᠎ᠠ ᠂ ᠰᠤᠮᠤ ᠂ ᠰᠤᠷᠭᠠᠭᠤᠯᠢ ᠶᠢᠨ ᠤᠳᠤᠷᠢᠳᠤᠯᠭ᠎ᠠ ᠨᠠᠷ ᠲᠠᠭᠠᠨ ᠪᠢ ᠴᠢᠩ ᠰᠡᠳᠬᠢᠯ ᠠᠴᠠ ᠪᠠᠨ ᠲᠠᠯᠠᠷᠬᠠᠵᠤ ᠪᠠᠶᠢᠨ᠎ᠠ ᠃ ᠬᠤᠵᠢᠮ ᠪᠢ ᠪᠢᠴᠢᠭ ᠢᠶᠠᠨ ᠰᠠᠶᠢᠨ ᠰᠤᠷᠴᠤ ᠂ ᠪᠡᠭᠡᠵᠢᠩ ᠬᠤᠲᠠ ᠳᠤ ᠨᠡᠷᠡᠲᠦ ᠬᠤᠪᠴᠠᠰᠤ ᠲᠦᠰᠦᠪᠯᠡᠭᠴᠢ ᠪᠣᠯᠤᠨ᠎ᠠ ᠳ᠋ᠠ ︕           
 
ᠢᠷᠡᠯᠲᠡ᠄ ᠠᠷᠤ ᠬᠤᠷᠴᠢᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备12002332号