ᠨᠤᠲᠤᠭ ᠤᠨ ᠨᠤᠭᠤᠭᠠᠨ ᠳᠤᠷᠠᠰᠤᠮᠵᠢ
ᠨᠡᠶᠢᠲᠡᠯᠡᠭᠰᠡᠨ ᠴᠠᠭ᠄
2024/9/19
                   ᠠᠷᠪᠠᠨ ᠵᠢᠯ ᠤᠨ ᠡᠮᠦᠨ᠎ᠡ ᠪᠠᠶᠢᠬ᠎ᠠ  ᠂ ᠠᠪᠤ ᠡᠵᠢ ᠮᠢᠨᠢ ᠵᠤᠨ ᠤ ᠰᠡᠯᠡᠭᠦᠦ ᠴᠠᠭ ᠢᠶᠠᠷ ᠭᠦᠢᠯᠡᠰᠦ ᠲᠡᠭᠦᠵᠦ ᠬᠤᠳᠠᠯᠳᠤᠳᠠᠭ ᠃ ᠬᠡᠭᠡᠷ᠎ᠡ ᠶᠢᠨ ᠭᠦᠢᠯᠡᠰᠦ ᠪᠠᠷ  ᠲᠣᠰᠤ ᠰᠢᠬᠠᠵᠤ ᠪᠣᠯᠳᠠᠭ ᠃ ᠡᠮ ᠳᠤ ᠣᠷᠤᠳᠠᠭ ᠭᠡᠳ ᠠᠪᠬᠤ ᠳᠤᠷᠠᠳᠠᠢ ᠬᠦᠮᠦᠨ ᠲᠤᠩ ᠣᠯᠠᠨ ᠪᠢᠯᠡ ᠃ ᠲᠡᠭᠡᠬᠦ ᠳᠤ ᠳᠡᠭᠦᠦ ᠪᠢᠳᠡ ᠬᠤᠶᠠᠭᠤᠯᠠ ᠶᠢ ᠭᠡᠷ ᠲᠤ ᠬᠠᠶᠠᠬᠤ ᠳᠤ ᠰᠠᠨᠠᠭ᠎ᠠ ᠠᠮᠤᠷ ᠦᠭᠡᠢ ᠲᠤᠯᠠ ᠦᠷᠭᠦᠯᠵᠢ ᠬᠠᠵᠠᠭᠤ ᠳᠠᠭᠠᠨ ᠳᠠᠭᠠᠭᠤᠯᠳᠠᠭ ᠃ ᠬᠥᠪᠡᠭᠡ ᠬᠢᠵᠠᠭᠠᠷ ᠦᠭᠡᠢ ᠦᠷᠭᠦᠯᠵᠢᠯᠡᠭᠰᠡᠨ ᠠᠭᠤᠯᠠᠰ ᠤᠨ ᠣᠷᠤᠢ ᠪᠠᠷ ᠠᠯᠬᠤᠯᠠᠵᠤ ᠂ ᠬᠥᠬᠡᠷᠡᠨ ᠬᠠᠷᠠᠭᠳᠠᠬᠤ ᠬᠦᠨᠳᠡᠢ  ᠨᠦᠭᠦᠳ ᠢ ᠥᠩᠭᠡᠷᠡᠪᠡᠯ ᠨᠢᠭᠡ ᠬᠡᠰᠡᠭ ᠭᠦᠢᠯᠡᠰᠦᠨ ᠣᠢ ᠪᠠᠶᠢᠳᠠᠭ ᠃ ᠶᠠᠭᠰᠢᠷᠠᠳᠠᠯ᠎ᠠ ᠰᠠᠭᠤᠭᠰᠠᠨ ᠵᠢᠮᠢᠰ ᠨᠢ ᠰᠠᠯᠠᠭ᠎ᠠ ᠮᠦᠴᠢᠷ ᠢᠶᠠᠨ ᠳᠠᠷᠤᠵᠤ  ᠰᠠᠯᠬᠢᠨ ᠤ ᠠᠶᠠᠰ ᠢᠶᠠᠷ ᠨᠠᠶᠢᠭᠤᠨ  ᠬᠥᠳᠡᠯᠦᠨ᠎ᠡ ᠃ ᠲᠣᠮᠤᠴᠤᠤᠯ ᠠᠷᠤᠭ ᠢᠶᠠᠨ ᠡᠭᠦᠷᠴᠦ  ᠂ ᠨᠢᠭᠡ ᠭᠠᠷ ᠢᠶᠠᠷ ᠢᠶᠠᠨ ᠰᠠᠯᠠᠭ᠎ᠠ ᠶᠢ ᠨᠢ ᠠᠳᠬᠤᠨ ᠨᠦᠭᠦᠭᠡ ᠭᠠᠷ ᠢᠶᠠᠷ ᠢᠶᠠᠨ ᠬᠥᠩᠭᠡᠬᠡᠨ ᠲᠠᠲᠠᠮᠠᠭᠴᠠ ᠪᠣᠯᠪᠠᠰᠤᠷᠠᠭᠰᠠᠨ ᠭᠦᠢᠯᠡᠰᠦ  ᠪᠣᠯᠭᠤᠷᠤᠨ ᠤᠨᠠᠵᠤ ᠂ ᠭᠠᠷ ᠤᠨ ᠠᠶ᠎ᠠ ᠪᠠᠷ ᠠᠷᠤᠭ ᠤᠷᠤᠭᠤ ᠪᠦᠮᠪᠦᠷᠢᠨ᠎ᠡ ᠃ ᠳᠡᠭᠦᠦ ᠪᠢᠳᠡ ᠬᠤᠶᠠᠷ ᠮᠣᠳᠤᠨ ᠰᠡᠭᠦᠳᠡᠷ ᠲᠤ ᠰᠠᠭᠤᠵᠤ ᠪᠣᠯᠪᠠᠰᠤᠷᠠᠭᠰᠠᠨ ᠭᠦᠢᠯᠡᠰᠦ ᠠᠴᠠ ᠰᠢᠳᠦ ᠪᠠᠨ ᠬᠠᠪᠤᠳᠠᠳᠠᠯ᠎ᠠ ᠢᠳᠡᠳᠡᠭ ᠃    ᠨᠢᠭᠡ ᠡᠳᠦᠷ ᠳᠡᠭᠦᠦ ᠮᠢᠨᠢ ᠶᠠᠳᠠᠷᠠᠭᠰᠠᠨ ᠪᠣᠯᠣᠯᠲᠠᠢ ᠂ ᠮᠣᠳᠤᠨ ᠰᠡᠭᠦᠳᠡᠷ ᠣᠨᠲᠠᠴᠢᠬᠠᠪᠠ ᠃ ᠠᠪᠤ ᠡᠵᠢ ᠬᠤᠶᠠᠷ ᠭᠦᠢᠯᠡᠰᠦ ᠪᠠᠨ ᠲᠡᠷᠭᠡᠨ ᠳᠡᠭᠡᠨ ᠲᠡᠭᠡᠭᠡᠬᠦ ᠪᠠᠷ ᠶᠠᠪᠤᠬᠤ ᠭᠡᠳ ᠨᠠᠳᠠ ᠳᠤ  ︽  ᠳᠡᠭᠦᠦ ᠪᠠᠨ ᠬᠠᠷᠠᠵᠤ ᠪᠠᠢ︾ ᠭᠡᠵᠦ ᠵᠠᠬᠢᠭᠠᠳ ᠶᠠᠪᠤᠴᠢᠬᠠᠪᠠ ᠃ ᠢᠩᠭᠢᠭᠡᠳ ᠪᠢ ᠲᠡᠷᠡ ᠭᠦᠢᠯᠡᠰᠦᠨ ᠣᠢ ᠳᠤ ᠡᠯᠦᠢ ᠬᠤᠯᠤᠢ ᠶᠢᠨ ᠳᠤᠮᠳᠠ  ᠭᠤᠩᠰᠤᠶᠢᠨ ᠬᠤᠴᠤᠷᠤᠯ᠎ᠠ ᠃ ᠠᠶᠤᠭᠰᠠᠨ ᠠᠴᠠ ᠯᠠ ᠪᠠᠶᠢᠬ᠎ᠠ ᠂ ᠡᠮᠦᠨ᠎ᠡ ᠪᠠᠶᠢᠭ᠎ᠠ ᠠᠭᠤᠯᠠᠰ ᠶᠠᠭ ᠯᠠ ᠰᠢᠳᠦ ᠪᠠᠨ ᠠᠷᠵᠠᠶᠢᠯᠭᠠᠨ ᠄  ︽  ᠴᠢ ᠮᠢᠨᠦ ᠬᠤᠭᠤᠯᠠ ᠪᠣᠯᠤᠭᠰᠠᠨ ᠡ  ︕︾  ᠭᠡᠵᠦ ᠬᠡᠰᠡᠭ ᠬᠡᠰᠡᠭ ᠢᠨᠢᠶᠡᠬᠦ‍ ᠰᠢᠭ ᠰᠠᠨᠠᠭᠳᠠᠬᠤᠯᠠᠷ ᠡᠪᠦᠳᠦᠭ ᠢᠶᠠᠨ ᠲᠡᠪᠡᠷᠢᠨ ᠮᠣᠳᠤ ᠣᠶᠢᠷᠠᠳᠤᠨ ᠰᠠᠭᠤᠯ᠎ᠠ ᠃ ᠲᠡᠭᠡᠬᠦ ᠳᠤ ᠠᠷᠤ ᠠᠴᠠ ᠡᠷᠢᠶᠡᠨ ᠤᠷᠲᠤ ᠮᠣᠭᠠᠢ ᠭᠠᠷᠤᠭᠠᠳ ᠢᠷᠡᠬᠦ ᠴᠤ ᠪᠣᠯᠪᠠ ᠦᠦ ᠂ ᠡᠷᠭᠢᠭᠡᠳ ᠬᠠᠷᠠᠬᠤ ᠳᠤ ᠠᠷᠪᠠᠨ ᠭᠦᠯᠲᠠᠢ ᠠᠷᠪᠠᠭᠠᠷ ᠬᠤᠷᠤᠬᠠᠢ ᠪᠠᠶᠢᠬᠤ ᠴᠤ ᠪᠣᠯᠪᠠ ᠦᠦ ᠭᠡᠵᠦ ᠪᠣᠳᠤᠬᠤ ᠳᠣᠲᠤᠮ ᠪᠡᠶ᠎ᠡ ᠵᠢᠭᠡᠭᠦᠰᠴᠦ ᠳᠡᠭᠦᠦ ᠪᠠᠨ ᠬᠠᠷᠠᠪᠠᠯ ᠲᠡᠭᠦᠨ ᠤ ᠳᠡᠭᠡᠷ᠎ᠡ ᠰᠡᠭᠦᠳᠡᠷ ᠲᠤᠰᠴᠤ ᠂ ᠨᠠᠪᠴᠢᠨ ᠤ ᠵᠠᠪᠰᠠᠷ ᠢᠶᠠᠷ ᠲᠤᠰᠤᠭᠰᠠᠨ ᠨᠠᠷᠠᠨ ᠭᠡᠷᠡᠯ ᠨᠢ ᠴᠣᠬᠤᠷᠯᠠᠨ ᠬᠠᠷᠠᠭᠳᠠᠵᠤ ᠨᠡᠩ ᠴᠤ ᠠᠶᠢᠳᠠᠰ ᠲᠠᠢ ᠰᠠᠨᠠᠭᠳᠠᠪᠠ ᠃ ᠢᠩᠭᠢᠵᠦ ᠪᠠᠶᠢᠲᠠᠯ᠎ᠠ ᠠᠷᠤ ᠳᠤ ᠡᠪᠡᠰᠦ ᠱᠠᠵᠢᠭᠢᠨᠠᠬᠤ ᠴᠢᠮᠡᠭᠡ ᠭᠠᠷᠴᠤ  ᠪᠢ ᠴᠤ ᠠᠶᠤᠬᠤ ᠶᠢᠨ ᠡᠷᠬᠡᠨ ᠳᠤ ᠳᠠᠭᠤ ᠠᠯᠳᠠᠨ ᠤᠬᠢᠯᠠᠪᠠ ᠃ ᠳᠡᠭᠦᠦ ᠮᠢᠨᠢ ᠮᠢᠨᠦ ᠤᠬᠢᠯᠠᠬᠤ ᠴᠢᠮᠡᠭᠡᠨ ᠳᠤ  ᠰᠡᠷᠡᠵᠦ ᠶᠠᠭᠤ ᠪᠣᠯᠤᠭᠰᠠᠨ ᠢ ᠮᠡᠳᠡᠬᠦ ᠦᠭᠡᠢ ᠴᠤ ᠨᠠᠮ᠎ᠠ ᠶᠢ ᠠᠷᠭᠠᠳᠠᠵᠤ  ᠭᠠᠷ ᠠᠴᠠ ᠭᠦᠲᠦᠯᠦᠨ ᠡᠵᠢ ᠪᠠᠨ ᠡᠷᠢᠬᠦ ᠪᠠᠷ ᠶᠠᠪᠤᠪᠠ ᠃ ᠬᠥᠭᠡᠷᠦᠬᠦᠨ ᠳᠡᠭᠦᠦ ᠮᠢᠨᠢ ᠬᠦᠦ ᠬᠦᠮᠦᠨ ᠭᠡᠰᠡᠨ ᠢᠶᠠᠷ ᠢᠶᠠᠨ ᠬᠠᠷᠢᠨ ᠨᠠᠳᠠ ᠠᠴᠠ ᠵᠣᠷᠢᠭ ᠲᠠᠢ ᠪᠠᠶᠢᠭᠰᠠᠨ ᠴᠤ ᠶᠤᠮ  ᠦᠦ ᠂ ᠨᠠᠳᠠ ᠳᠠᠭᠠᠨ ᠬᠡᠮᠵᠢᠶ᠎ᠡ ᠦᠭᠡᠢ ᠬᠠᠨᠢ ᠪᠣᠯᠵᠤ ᠪᠠᠶᠢᠭᠰᠠᠨ ᠳ᠋ᠠ ︕     ᠣᠳᠣ  ᠡᠨᠡ ᠶᠠᠪᠤᠳᠠᠯ ᠢᠶᠠᠨ ᠡᠷᠭᠢᠴᠡᠭᠦᠯᠦᠨ ᠪᠣᠳᠤᠬᠤ ᠳᠤ ᠠᠯᠢᠪᠠ ᠪᠦᠬᠦᠨ ᠲᠡᠶᠢᠮᠦ ᠯᠠ ᠰᠠᠶᠢᠬᠠᠨ ᠴᠡᠯᠭᠡᠮ᠎ᠡ ᠨᠣᠭᠤᠭᠠᠨ ᠂ ᠰᠦᠭᠯᠦᠶᠢᠨ ᠬᠠᠷᠠᠭᠳᠠᠬᠤ ᠠᠭᠤᠯᠠ ᠨᠢ ᠨᠣᠭᠤᠭᠠᠨ ᠂ ᠭᠦᠢᠯᠡᠰᠦ ᠰᠠᠭᠤᠭᠰᠠᠨ ᠭᠦᠨᠳᠡᠢ ᠨᠢ ᠨᠣᠭᠤᠭᠠᠨ ᠂ ᠲᠡᠭᠡᠬᠦ ᠳᠡᠭᠡᠨ ᠣᠩᠭᠤᠨ ᠪᠠᠶᠢᠭᠠᠯᠢ ᠶᠢᠨ ᠠᠭᠤᠤ ᠬᠦᠴᠦᠨ ᠠᠴᠠ ᠰᠦᠷᠳᠡᠵᠦ ᠡᠭᠡᠷ  ᠲᠠᠲᠠᠨ ᠤᠬᠢᠯᠠᠳᠠᠭ ᠳᠤᠷᠠᠰᠤᠮᠵᠢ ᠮᠢᠨᠢ ᠴᠤ ᠨᠣᠭᠤᠭᠠᠨ ᠃     ᠲᠡᠶᠢᠮᠦ ᠡ ᠂ ᠮᠦᠷᠦᠭᠡᠳᠦᠯ ᠤᠨ ᠭᠦᠨ ᠳᠤ ᠮᠢᠨᠦ ᠨᠤᠲᠤᠭ ᠨᠣᠮᠢᠨ ᠨᠣᠭᠤᠭᠠᠨ ᠥᠩᠭᠡ ᠲᠠᠢ ᠃       ᠮᠢᠨᠦ ᠠᠷᠪᠠᠨ ᠭᠤᠷᠪᠠᠳᠠᠢ ᠲᠡᠷᠡ ᠵᠢᠯ ᠤᠨ ᠵᠤᠨ ᠶᠤᠮᠰᠠᠨ ᠃ ᠮᠠᠨ ᠤ ᠬᠢᠨ ᠵᠤᠰᠠᠭᠠᠯ ᠳᠤ ᠭᠠᠷᠴᠤ ᠠᠷᠤ ᠬᠦᠨᠳᠡᠢ ᠳᠤ ᠪᠠᠭᠤᠪᠠ ᠃ ᠲᠡᠷᠡ ᠵᠢᠯ ᠬᠤᠷ᠎ᠠ ᠪᠣᠷᠤᠭᠠᠨ ᠰᠠᠶᠢᠲᠠᠢ ᠂ ᠬᠡᠳᠦᠨ ᠡᠳᠦᠷ ᠤᠨ ᠥᠷᠭᠦᠯᠵᠢᠯᠡᠭᠰᠡᠨ ᠪᠣᠷᠤᠭᠠᠨ ᠳᠤ ᠠᠭᠤᠯᠠᠨ ᠤ ᠨᠣᠭᠤᠭ᠎ᠠ ᠰᠡᠷᠭᠦᠨ ᠠᠮᠢᠯᠠᠪᠠ ᠃ ᠪᠣᠷᠤᠭᠠᠨ ᠳᠤ ᠪᠣᠲᠠᠷᠠᠭᠰᠠᠨ ᠮᠠᠯ ᠢᠶᠠᠨ ᠬᠤᠷᠢᠶᠠᠬᠤ ᠪᠠᠷ ᠪᠢᠳᠡ ᠬᠡᠳᠦᠭᠦᠯᠡ ᠪᠠᠨ ᠵᠦᠭ ᠵᠦᠭ ᠲᠡᠭᠡᠨ ᠭᠠᠷᠪᠠ ᠃ ᠪᠢ ᠲᠠᠯ᠎ᠠ ᠳᠤ ᠣᠴᠢᠵᠤ ᠮᠠᠯ ᠢᠶᠠᠨ ᠬᠤᠷᠢᠶᠠᠬᠤ ᠪᠠᠷ ᠶᠠᠪᠤᠪᠠ ᠃ ᠬᠡᠳᠦᠨ ᠡᠳᠦᠷ ᠤᠨ ᠪᠣᠷᠤᠭᠠᠨ ᠳᠤ ᠨᠠᠮᠤᠭ ᠤᠨ ᠬᠦᠷᠦᠰᠦ ᠬᠦᠪᠬᠡᠯᠵᠡᠨ ᠬᠥᠳᠡᠯᠵᠦ ᠨᠢᠭᠡ ᠠᠯᠬᠤᠮ ᠬᠥᠳᠡᠯᠪᠡᠯ ᠨᠢᠭᠡ ᠲᠠᠭᠠᠨ ᠳᠡᠭᠳᠡᠵᠦ ᠲᠤᠩ ᠰᠣᠨᠢᠷᠬᠠᠯᠲᠠᠢ ᠰᠠᠨᠠᠭᠳᠠᠯ᠎ᠠ ᠃  ᠨᠢᠳᠦ ᠲᠠᠯᠪᠢᠨ ᠠᠵᠢᠭᠯᠠᠪᠠᠯ ᠭᠠᠩᠳᠠᠨ ᠰᠢᠷᠠᠯᠠᠵᠤ ᠪᠠᠶᠢᠭᠰᠠᠨ ᠲᠠᠯ᠎ᠠ ᠠᠮᠢᠵᠢᠷᠠᠯ ᠤᠨ ᠨᠤᠭᠤᠭᠠᠨ ᠥᠩᠭᠡ ᠪᠠᠷ ᠰᠣᠯᠢᠭᠳᠠᠵᠤ ᠂ ᠬᠤᠲᠤᠭᠤᠷ ᠲᠤ ᠲᠤᠨᠤᠭᠰᠠᠨ ᠱᠠᠯᠪᠠᠭ ᠲᠤ ᠮᠣᠷᠢᠨ ᠮᠡᠯᠡᠬᠡᠢ ᠭᠤᠸᠠᠭᠯᠠᠨ ᠦᠰᠦᠷᠴᠦ ᠰᠢᠨᠠᠭᠠᠨ ᠬᠤᠷᠤᠬᠠᠢ ᠤᠮᠪᠠᠨ᠎ᠠ  ᠃ ᠮᠠᠯ ᠢᠶᠠᠨ ᠠᠵᠢᠭᠯᠠᠵᠤ ᠶᠠᠪᠤᠭᠰᠠᠭᠠᠷ  ᠬᠥᠯ ᠳᠣᠣᠷᠠᠬᠢ ᠪᠠᠨ ᠠᠵᠢᠶᠠᠷᠠᠭᠰᠠᠨ ᠦᠭᠡᠢ ᠠᠴᠠ ᠬᠠᠯᠲᠤᠷᠢᠨ ᠤᠨᠠᠵᠤ ᠬᠤᠪᠴᠠᠰᠤ ᠬᠤᠨᠠᠷ ᠢᠶᠠᠨ ᠰᠢᠪᠠᠷ ᠱᠠᠯᠴᠠᠭ ᠲᠤ ᠪᠢᠯᠳᠠᠭᠠᠭᠰᠠᠨ ᠢᠶᠠᠨ ᠣᠳᠤ ᠪᠣᠳᠤᠬᠤ ᠳᠤ ᠴᠤ ᠢᠨᠢᠶᠡᠲᠦ ᠬᠦᠷᠦᠨ᠎ᠡ  ᠃ ᠲᠡᠷᠡ ᠤᠳᠠᠭ᠎ᠠ ᠨᠠᠳᠠ ᠲᠠᠢ ᠴᠢᠴᠡᠤ ᠬᠡᠮᠡᠷ ᠲᠠᠨᠢᠯ  ᠪᠣᠰᠤ ᠦᠬᠢᠨ ᠢᠷᠡᠵᠦ ᠨᠠᠮ᠎ᠠ ᠶᠢ  ᠲᠡᠳᠡᠨ ᠪᠣᠰᠬᠠᠪᠠ ᠃ ᠲᠡᠷᠡ ᠦᠬᠢᠨ  ᠮᠢᠨᠦ ᠪᠠᠶᠢᠳᠠᠯ ᠢ ᠬᠠᠷᠠᠭᠠᠳ ᠨᠠᠮ᠎ᠠ ᠶᠢ ᠭᠡᠷ ᠲᠡᠭᠡᠨ ᠳᠠᠭᠠᠭᠤᠯᠵᠤ ᠣᠴᠢᠭᠠᠳ ᠨᠠᠮ᠎ᠠ ᠳᠤ ᠥᠪᠡᠷ ᠤᠨ ᠬᠤᠪᠴᠠᠰᠤ ᠪᠠᠨ ᠡᠮᠦᠰᠬᠡᠪᠡ ᠃ ᠲᠡᠳᠡᠨ ᠤ ᠭᠡᠷ ᠨᠢ ᠠᠭᠤᠯᠠ ᠶᠢᠨ ᠠᠮᠠᠨ ᠳᠤ ᠪᠠᠶᠢᠳᠠᠭ ᠂ ᠭᠡᠷ ᠳᠣᠲᠤᠷᠠᠬᠢ ᠡᠳ᠋ᠯᠡᠯ ᠬᠡᠷᠡᠭᠰᠡᠯ ᠨᠢ ᠳᠡᠷᠢ ᠲᠡᠭᠰᠢ ᠂ ᠪᠣᠷᠤᠭᠠᠨ ᠤ ᠳᠠᠷᠠᠭ᠎ᠠ ᠰᠠᠶ᠋ᠢ ᠡᠷᠦᠬᠡ ᠪᠠᠨ ᠰᠡᠬᠦᠵᠦ ᠴᠠᠢ ᠴᠢᠨᠠᠵᠤ ᠪᠠᠶᠢᠭ᠎ᠠ ᠪᠣᠯᠤᠯᠲᠠᠢ ᠂ ᠵᠤᠤᠬᠠᠨ ᠳᠡᠭᠡᠷ᠎ᠡ ᠨᠢ  ᠠᠩᠭᠢᠷ ᠰᠢᠷ᠎ᠠ ᠴᠠᠢ ᠲᠠᠷᠬᠢᠯᠤᠨ ᠤᠭᠤᠷᠠᠭ ᠤᠨ ᠦᠨᠦᠷ ᠠᠩᠭᠢᠯᠵᠤ ᠪᠠᠶᠢᠯ᠎ᠠ ᠃ ᠬᠤᠪᠴᠠᠰᠤ ᠰᠣᠯᠢᠬᠤ ᠵᠠᠭᠤᠷ᠎ᠠ ᠡᠭᠦᠳᠡ ᠨᠡᠬᠡᠭᠡᠭᠳᠡᠵᠦ ᠨᠢᠭᠡ ᠳᠤᠷᠠᠩᠬᠠᠢ ᠦᠨᠳᠦᠷ ᠪᠡᠶ᠎ᠡ ᠲᠠᠢ ᠂ ᠨᠠᠷᠠ  ᠰᠠᠯᠬᠢᠨ ᠳᠤ ᠣᠯᠠᠨ ᠶᠠᠪᠤᠭᠰᠠᠨ ᠠᠴᠠ ᠨᠢᠭᠤᠷ ᠬᠠᠴᠠᠷ ᠨᠢ ᠬᠠᠷᠠᠯᠠᠭᠰᠠᠨ ᠡᠮᠡᠭᠳᠡᠢ ᠣᠷᠤᠵᠤ ᠢᠷᠡᠭᠰᠡᠨ ᠨᠢ ᠲᠡᠷᠡ ᠦᠬᠢᠨ ᠤ ᠡᠵᠢ ᠨᠢ ᠪᠠᠶᠢᠵᠠᠢ ᠃ ᠠᠶᠢᠯ ᠤᠨ ᠠᠨᠢᠶ᠎ᠠ ᠮᠢᠨᠦ ᠬᠦᠷᠴᠦ ᠢᠷᠡᠭᠰᠡᠨ ᠳᠤ ᠶᠡᠭᠡ ᠯᠠ ᠭᠠᠶᠢᠬᠠᠭᠰᠠᠨ ᠶᠠᠩᠵᠤᠲᠠᠢ ᠪᠠᠭ᠋ᠠᠨ ᠵᠦᠢᠯ ᠠᠰᠠᠭᠤᠵᠤ ᠰᠤᠷᠠᠭᠰᠠᠨ ᠢᠶᠠᠨ  ᠮᠢᠨᠥ ᠮᠠᠯ ᠬᠤᠷᠢᠶᠠᠬᠤ ᠪᠠᠷ ᠢᠷᠡᠭᠰᠡᠨ ᠵᠣᠷᠢᠯᠭ᠎ᠠ ᠶᠢ ᠮᠡᠳᠡᠵᠦ ᠦᠬᠢᠨ ᠢᠶᠠᠨ ᠳᠠᠭᠠᠭᠤᠯᠤᠨ ᠨᠠᠳᠠ ᠳᠤ ᠬᠠᠪᠰᠤᠷᠤᠨ ᠮᠠᠯ ᠬᠤᠷᠢᠶᠠᠵᠤ ᠥᠭᠪᠡ ᠃ ᠣᠷᠤᠢ ᠨᠢ ᠠᠶᠢᠯ ᠤᠨ ᠠᠨᠢᠶ᠎ᠠ ᠨᠠᠮ᠎ᠠ ᠶᠢ ᠭᠡᠷ ᠲᠤ ᠬᠦᠷᠭᠡᠵᠦ ᠦᠭᠴᠦ ᠪᠢᠯᠡ ᠃    ᠣᠯᠠᠨ ᠵᠢᠯ ᠤᠨ ᠳᠠᠷᠠᠭᠠᠬᠢ ᠦᠨᠦᠳᠦᠷ ᠲᠣᠬᠠᠢ ᠶᠢᠨ ᠦᠶ᠎ᠡ ᠶᠢᠨ ᠪᠠᠶᠢᠳᠠᠯ ᠢ ᠳᠠᠬᠢᠨ ᠡᠷᠭᠢᠴᠡᠭᠦᠯᠦᠨ ᠪᠣᠳᠤᠬᠤ ᠳᠤ ᠡᠵᠢ ᠦᠬᠢᠨ ᠬᠤᠶᠠᠷ ᠤᠨ ᠴᠠᠶᠢᠯᠭᠠᠨ ᠰᠠᠨᠠᠭᠠᠨ ᠤ ᠬᠠᠪᠰᠤᠷᠤᠯᠭ᠎ᠠ  ᠨᠢᠳᠦᠨ ᠳᠤ ᠢᠯᠡᠬᠡᠨ ᠪᠢᠯᠡ ᠃ ᠲᠡᠷᠡ ᠦᠳᠡᠰᠢ ᠪᠢ ᠲᠠᠯ᠎ᠠ ᠶᠢᠨ ᠨᠣᠭᠤᠭᠠᠨ  ᠳᠡᠨᠵᠢᠨ ᠳᠤ ᠲᠠᠨᠢᠯ ᠪᠣᠰᠤ ᠦᠬᠢᠨ ᠤ ᠴᠠᠭᠠᠪᠤᠷ ᠰᠡᠳᠬᠢᠯ ᠳᠤ  ᠳᠣᠭᠳᠤᠯᠤᠨ ᠪᠠᠶᠠᠰᠴᠤ ᠂ ᠨᠤᠲᠤᠭ ᠤᠰᠤᠨ ᠤ ᠪᠠᠨ ᠬᠦᠮᠦᠨ ᠠᠷᠠᠳ ᠤᠨ ᠨᠠᠨᠳᠢᠨ ᠬᠠᠶᠢᠷ᠎ᠠ ᠳᠤ ᠤᠶᠠᠷᠠᠭᠰᠠᠨ ᠪᠢᠯᠡ  ᠃ ᠤᠤᠯ ᠨᠢ ᠣᠩᠭᠤᠨ ᠪᠠᠶᠢᠭᠠᠯᠢ ᠶᠢᠨ ᠰᠦᠷᠯᠢᠭ ᠲᠦᠷᠬᠦ ᠠᠴᠠ ᠨᠢ ᠰᠦᠷᠳᠡᠳᠡᠭ ᠪᠠᠶᠢᠭᠰᠠᠨ ᠠᠴᠠ ᠡᠪᠦᠷ ᠲᠤᠨᠢ ᠪᠦᠪᠠᠶᠢᠯᠡᠭᠳᠡᠨ ᠦᠰᠦᠭᠡᠳ ᠂ ᠬᠦᠮᠦᠨ ᠠᠷᠠᠳ ᠤᠨ ᠬᠢᠨᠢ ᠰᠡᠳᠬᠢᠯ ᠤᠨ ᠴᠠᠶᠢᠯᠭᠠᠨ ᠰᠡᠳᠬᠢᠯ ᠳᠤ ᠤᠶᠠᠷᠠᠬᠤ ᠪᠣᠯᠲᠠᠯ᠎ᠠ ᠨᠤᠲᠤᠭ ᠮᠢᠨᠢ ᠶᠡᠷᠦ ᠨᠢ ᠴᠡᠯ ᠨᠣᠭᠤᠭᠠᠨ ᠢᠶᠠᠷ ᠢᠶᠠᠨ ᠵᠢᠷᠤᠭᠯᠠᠭᠳᠠᠵᠠᠢ ᠃    ᠮᠢᠨᠥ ᠰᠡᠳᠬᠢᠯ ᠤᠨ ᠭᠦᠨ ᠳᠤ ᠨᠤᠲᠤᠭ ᠮᠢᠨᠢ ᠴᠡᠯᠭᠡᠮ᠎ᠡ ᠨᠣᠭᠤᠭᠠᠨ ᠥᠩᠭᠡ ᠲᠠᠢ ᠃ ᠲᠡᠷᠡ ᠨᠢ ᠠᠭᠤᠯᠠ ᠶᠢᠨ ᠨᠣᠭᠤᠭᠠᠨ ᠂ ᠤᠰᠤᠨ ᠤ ᠨᠣᠭᠤᠭᠠᠨ ᠂ ᠲᠠᠯ᠎ᠠ ᠶᠢᠨ ᠨᠣᠭᠤᠭᠠᠨ ᠂ ᠨᠠᠭᠤᠷ ᠤᠨ ᠨᠣᠭᠤᠭᠠᠨ ᠮᠦᠨ ᠴᠤ ᠳᠤᠷᠠᠰᠤᠮᠵᠢ ᠶᠢᠨ ᠨᠣᠭᠤᠭᠠᠨ ᠂ ᠳᠤᠷᠠᠳᠬᠠᠯ ᠤᠨ ᠨᠣᠭᠤᠭᠠᠨ ᠂ ᠮᠥᠩᠬᠡ  ᠨᠣᠭᠤᠭᠠᠨ ᠪᠢᠯᠡ ᠃    ᠳᠤᠷᠠᠰᠤᠮᠵᠢ ᠮᠢᠨᠢ ᠨᠣᠲᠤᠭ ᠲᠠᠢ ᠮᠢᠨᠢ ᠬᠠᠮᠲᠤ ᠨᠣᠭᠤᠭᠠᠷᠠᠨ ᠦᠯᠡᠳᠡᠨ᠎ᠡ ᠃ ᠨᠤᠲᠤᠭ ᠮᠢᠨᠢ  ᠪᠣᠳᠤᠯ ᠤᠨ ᠮᠢᠩᠭᠠᠨ ᠰᠡᠵᠢᠭᠦᠷ ᠲᠤ ᠪᠠᠯᠠᠷᠠᠰᠢ ᠦᠭᠡᠢ  ᠨᠣᠭᠤᠭᠠᠷᠠᠨ ᠬᠤᠴᠤᠷᠤᠨ᠎ᠠ ᠃         ᠵᠣᠬᠢᠶᠠᠭᠴᠢ ᠄ ᠴᠢᠪᠠᠭ᠎ᠠ ᠲᠠᠪᠤᠳᠤᠭᠠᠷ ᠳᠤᠮᠳᠠᠲᠤ ᠰᠤᠷᠭᠠᠭᠤᠯᠢ ᠶᠢᠨ9.5 ᠶᠢᠨ ᠰᠤᠷᠤᠭᠴᠢ ᠤᠷᠠᠯᠢᠭ         ᠵᠢᠯᠤᠭᠤᠳᠤᠭᠰᠠᠨ ᠪᠠᠭᠰᠢ ᠄ ᠨᠠᠷᠠᠩᠭᠤᠸ᠎ᠠ         ᠬᠠᠷᠢᠭᠤᠴᠠᠭᠰᠠᠨ ᠨᠠᠶᠢᠷᠠᠭᠤᠯᠤᠭᠴᠢ ᠄ ᠨᠠᠷᠠᠨᠲᠤᠶᠠᠭ᠎ᠠ
 
ᠢᠷᠡᠯᠲᠡ᠄ ᠠᠷᠤ ᠬᠤᠷᠴᠢᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备12002332号