ᠴᠢᠩᠭᠢᠰ ᠬᠠᠭᠠᠨ ᠪᠠ ᠦᠷ᠎ᠡ ᠠᠴᠢ ᠨᠠᠷ ᠤᠨ ᠬᠢᠨᠢ ᠭᠠᠪᠢᠶ᠎ᠠ ᠵᠢᠳᠭᠦᠯ
ᠨᠡᠶᠢᠲᠡᠯᠡᠭᠰᠡᠨ ᠴᠠᠭ᠄
2015/8/20
     2002 ᠤᠨ ᠤ 7 ᠰᠠᠷ᠎ᠠ ᠶᠢᠨ 2 ᠤᠨ ᠡᠳᠤᠷ ᠭᠡᠭᠴᠢ ᠨᠠᠷᠠ ᠳᠤᠨᠤᠷᠠᠬᠰᠠᠨ ᠴᠡᠯᠮᠡᠭ ᠡᠳᠤᠷ᠃ ᠡᠨᠡ ᠡᠳᠤᠷ ᠪᠢ ᠪᠡᠭᠡᠵᠢᠩ ᠤᠨ  ᠲᠢᠶᠠᠨ ᠠᠨ ᠮᠧᠨ ᠠᠰᠠᠷ ᠪᠠ ᠬᠠᠭᠠᠨ ᠤ ᠤᠷᠳᠤᠨ ᠢ ᠳᠤᠭᠤᠷᠢᠨ ᠦᠵᠡᠭᠦ ᠰᠠᠨᠠᠭ᠎ᠠ ᠲᠠᠢ ᠪᠠᠶᠢᠬᠰᠠᠨ ᠪᠤᠯᠬᠤᠷ ᠰᠢᠭᠤᠳ ᠲᠢᠶᠠᠨ ᠠᠨ  ᠮᠧᠨ ᠠᠰᠠᠷ ᠢ ᠴᠢᠭᠯᠡᠨ ᠬᠦᠷᠤᠯ᠎ᠠ᠃ ᠤᠳᠠᠭᠠᠨ ᠡᠳᠤᠷ ᠵᠤᠵᠠᠭᠠᠨ ᠬᠤᠨᠤᠬ ᠮᠢᠨᠤ ᠰᠡᠳᠬᠢᠯ ᠰᠠᠨᠠᠭᠠᠨ ᠳᠤ ᠬᠤᠨᠤᠬᠰᠢᠵᠤ ᠪᠠᠶᠢᠬᠰᠠᠨ  ᠡᠨᠡᠬᠦ ᠷᠢᠳᠢ ᠰᠢᠳᠢ ᠲᠠᠢ ᠠᠰᠠᠷ ᠤᠨ ᠠᠷᠤ ᠳᠠᠯ᠎ᠠ  ᠶᠢᠨ ᠶᠡᠨᠳᠡᠷ ᠢᠶᠠᠷ ᠠᠪᠠᠷᠢᠨ ᠭᠠᠷᠬᠤ ᠳᠤ᠂ ᠦᠢᠯᠡᠴᠢᠯᠡᠭᠴᠢ ᠠᠪᠠᠭ᠋ᠠᠢ ᠲᠢᠶᠠᠨ ᠠᠨ  ᠮᠧᠨ ᠠᠰᠠᠷ ᠳᠡᠭᠡᠷ᠎ᠠ ᠭᠠᠷᠤᠬᠰᠠᠨ ᠨᠠᠨᠳᠢᠨ ᠴᠠᠬ ᠮᠦᠴᠡ ᠶᠢ ᠦᠨᠢᠳᠡ ᠳᠤᠷᠠᠰᠬᠠᠬᠤ ︽ᠠᠯᠳᠠᠨ ᠦᠰᠦᠭᠳᠦ ᠦᠨᠡᠮᠯᠡᠯ︾ ᠢ ᠨᠠᠳᠠᠳᠤ  ᠭᠠᠷᠳᠠᠭᠤᠯᠪᠠ᠃ ᠪᠢ ᠪᠡᠶᠡᠷ ᠪᠠᠭ᠋ᠠᠳᠤᠯᠳᠤ ᠳᠤᠬᠳᠤᠯᠤᠬᠰᠠᠨ ᠰᠡᠳᠬᠢᠯ ᠢ ᠡᠪᠤᠷᠯᠠᠵᠤ᠂ ᠮᠠᠤ ᠽᠧ ᠳ᠋ᠦᠩ ᠳᠡᠷᠢᠭᠦᠯᠡᠭᠴᠢ ᠶᠢᠨ ︽ ᠪᠦᠬᠦᠳᠠ ᠨᠠᠶᠢᠷᠠᠮᠳᠠᠬᠤ ᠳᠤᠮᠳᠠᠳᠤ ᠠᠷᠠᠳ ᠤᠯᠤᠰ ᠪᠠᠶᠢᠭᠤᠯᠤᠬᠳᠠᠬᠰᠠᠨ︾ ᠢ ᠳᠠᠶᠠᠩ ᠳᠡᠯᠡᠬᠡᠢ ᠳᠤ ᠳᠤᠩᠬᠠᠬᠯᠠᠬᠰᠠᠨ ᠲᠢᠶᠠᠨ ᠠᠨ  ᠮᠧᠨ ᠠᠰᠠᠷ ᠤᠨ ᠲᠦᠪ ᠬᠡᠰᠡᠭ ᠲᠤ ᠵᠤᠬᠰᠤᠵᠤ᠂ ᠠᠭᠤᠳᠠᠮ ᠰᠠᠷᠠᠭᠤᠯ ᠲᠢᠶᠠᠨ ᠠᠨ ᠮᠧᠨ ᠳᠠᠯᠠᠪᠠᠢ ᠶᠢ ᠰᠢᠷᠳᠠᠨ᠂ ᠬᠦᠮᠤᠨ ᠤ ᠳᠠᠯᠠᠢ  ᠴᠠᠯᠬᠢᠯᠠᠬᠰᠠᠨ ᠬᠦᠭᠵᠢᠶᠡᠨᠳᠤ ᠪᠠᠶᠢᠳᠠᠯ ᠢ ᠠᠵᠢᠬᠯᠠᠵᠤ ᠪᠠᠶᠢᠭᠠᠳ ᠳᠡᠤᠬᠡᠨ ᠪᠤᠳᠤᠯᠭᠠᠰᠢᠷᠠᠯ ᠳᠤ ᠤᠷᠤᠯ᠎ᠠ᠃            ᠠᠽᠢᠶ᠎ᠠ ᠲᠢᠪ ᠤᠨ ᠡᠯᠢᠬᠡᠨ ᠳᠡᠭᠡᠷ᠎ᠠ ᠴᠡᠴᠡᠭᠯᠡᠨ ᠮᠠᠨᠳᠤᠵᠤ ᠪᠠᠶᠢᠭ᠎ᠠ ᠡᠨᠡᠬᠦ 56 ᠦᠨᠳᠤᠰᠤᠳᠠᠨ ᠢᠶᠠᠷ ᠪᠦᠷᠢᠯᠳᠦᠭᠰᠡᠨ ᠪᠦᠭᠦᠳᠠ  ᠨᠠᠶᠢᠷᠠᠮᠳᠠᠬᠤ ᠳᠤᠮᠳᠠᠳᠤ ᠠᠷᠠᠳ ᠤᠯᠤᠰ ᠲᠤ ᠮᠤᠩᠭᠤᠯ ᠦᠨᠳᠤᠰᠦᠳᠠᠨ ᠤ ᠦᠵᠡᠭᠦᠯᠦᠭᠰᠡᠨ ᠭᠠᠪᠢᠶ᠎ᠠ ᠵᠢᠳᠭᠦᠯ ᠦᠨᠡᠭᠡᠷ ᠠᠭᠤᠤ ᠶᠡᠭᠡ  ᠭᠡᠰᠡᠨ ᠪᠤᠳᠤᠯ ᠨᠠᠳᠠᠳᠤ ᠦᠪᠡᠷ ᠤᠨ ᠡᠷᠭᠡ ᠦᠭᠡᠢ ᠤᠷᠤᠵᠤ ᠢᠷᠡᠯ᠎ᠠ᠃ ᠨᠡᠭᠡᠷᠡᠨ ᠳᠡᠶᠢᠮᠤ ᠪᠠᠶᠢᠯᠭᠦᠢ ᠶᠠᠭᠠᠭᠢᠬᠤᠪ᠂ ᠡᠨᠡᠬᠦ ᠪᠦᠬᠦᠳᠡ  ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠨᠤᠳᠤᠬ ᠳᠡᠪᠢᠰᠭᠡᠷ   ᠤᠨ ᠶᠡᠭᠡ ᠲᠦᠯᠦᠪ  ᠢ ᠶᠡᠭᠡ ᠶᠤᠸᠠᠨ ᠤᠯᠤᠰ ᠤᠨ ᠱᠢᠽᠤ ᠬᠠᠭᠠᠨ  ᠬᠤᠪᠢᠯᠠᠢ ᠳᠤᠬᠳᠠᠭᠠᠬᠰᠠᠨ ᠶᠤᠮ᠃ ᠤᠯᠤᠰ ᠤᠨ ᠵᠢᠷᠤᠬᠡ ᠪᠤᠯᠤᠬᠰᠠᠨ ᠨᠡᠶᠢᠰᠯᠡᠯ ᠪᠡᠭᠡᠵᠢᠩ ᠢ ᠴᠤ ᠬᠤᠪᠢᠯᠠᠢ ᠬᠠᠭᠠᠨ ᠪᠠᠶᠢᠭᠤᠯᠤᠬᠰᠠᠨ  ᠶᠤᠮ᠃ ᠮᠢᠨᠤ ᠰᠡᠳᠬᠢᠯ ᠳᠤ ᠳᠡᠤᠭᠡ ᠶᠢᠨ ᠠᠯᠢ ᠤᠯᠠᠨ ᠤᠴᠢᠷ ᠶᠠᠪᠤᠳᠠᠯ ᠤᠳ ᠪᠤᠳᠤᠬᠳᠠᠬᠰᠠᠨ ᠳᠤᠯᠠ ᠪᠤᠴᠠᠬᠰᠨ ᠤ ᠬᠤᠶᠢᠨ᠎ᠠ ︽ ᠲᠠᠶᠢᠳᠤ — ᠪᠡᠭᠡᠵᠢᠩ︾ ᠢ ᠪᠢᠴᠢᠬᠦ ᠪᠤᠳᠤᠯ ᠤᠷᠤᠯ᠎ᠠ᠃ ᠳᠡᠭᠡᠭᠡᠳ ᠬᠠᠭᠠᠨ ᠤ ᠤᠷᠳᠤᠨ ᠤ ᠡᠮᠤᠨ᠎ᠠ ᠬᠠᠭᠠᠯᠭ᠎ᠠ ᠪᠤᠯᠬᠤ ᠡᠤ ᠮᠧᠨ ᠢ  ᠴᠢᠭᠯᠡᠯ᠎ᠠ᠃            ᠬᠠᠭᠠᠨ ᠤ ᠤᠷᠳᠤᠨ ᠳᠤ ᠤᠷᠤᠬᠰᠠᠨ ᠤ ᠳᠠᠷᠠᠭ᠎ᠠ᠂ ᠵᠢᠭᠤᠯᠴᠢᠯᠠᠯ ᠤᠨ ᠬᠦᠳᠤᠯᠦᠭᠴᠢ ᠠᠪᠠᠭ᠋ᠠᠢ ᠠᠴᠠ ᠡᠨᠡᠬᠦ ᠬᠠᠭᠠᠨ ᠤ ᠤᠷᠳᠤᠨ  ᠪᠤᠯ ᠮᠢᠩ ᠴᠢᠩ ᠬᠤᠶᠠᠷ ᠲᠦᠷᠦ ᠶᠢᠨ ᠬᠠᠭᠠᠨ ᠤ ᠤᠷᠳᠤᠨ ᠬᠡᠮᠡᠨ ᠳᠠᠨᠢᠯᠴᠠᠭᠤᠯᠵᠤ ᠡᠬᠢᠯᠡᠯ᠎ᠠ᠃ ᠶᠤᠸᠠᠨ ᠤᠯᠤᠰ ᠤᠨ ᠳᠤᠬᠠᠢ ᠨᠢᠭᠡ  ᠦᠰᠦᠭ ᠨᠢᠭᠡ ᠦᠭᠡ ᠶᠢᠨ ᠲᠡᠳᠦᠢ ᠴᠤ ᠳᠠᠨᠢᠯᠴᠠᠭᠤᠯᠭ᠎ᠠ ᠪᠠᠶᠢᠬᠤ ᠦᠭᠡᠢ᠃ ᠡᠨᠡ ᠪᠠᠶᠢᠳᠠᠯ ᠨᠢ ᠮᠢᠨᠦ ᠰᠡᠳᠬᠢᠯ ᠢ ᠤᠨᠴᠠ ᠶᠡᠭᠡ  ᠡᠮᠵᠡᠭᠯᠡᠭᠦᠯᠪᠠ᠃ ᠪᠡᠭᠡᠵᠢᠩ ᠠᠴᠠ ᠬᠠᠷᠢᠵᠤ ᠢᠷᠡᠭᠰᠡᠨ ᠤ ᠬᠤᠶᠢᠨ᠎ᠠ᠂ ᠪᠢ ᠨᠤᠮ ᠪᠢᠴᠢᠬᠦ ᠭᠡᠰᠡᠨ ᠪᠤᠳᠤᠯ ᠢᠶᠠᠨ ᠬᠠᠶᠠᠵᠤ᠂ ᠡᠨᠡᠬᠦ  ᠰᠡᠳᠬᠢᠯ ᠤᠨ ᠡᠮᠵᠡᠭᠯᠡᠯ ᠢᠶᠠᠨ ᠳᠠᠶᠢᠯᠬᠤ ᠡᠭᠦᠳᠡᠨ ᠠᠴᠠ ᠵᠤᠷᠢᠯᠭ᠎ᠠ ᠲᠠᠢ ᠪᠠᠷ ᠬᠤᠯᠪᠤᠬᠳᠠᠯ ᠪᠦᠬᠦᠢ ᠳᠡᠤᠬᠡ ᠶᠢᠨ ᠨᠤᠮ ᠪᠢᠴᠢᠭ ᠢ  ᠡᠷᠢᠵᠤ ᠦᠵᠡᠯ᠎ᠠ᠃ ᠪᠠᠰᠠ ᠰᠤᠨᠢᠨ ᠰᠡᠳᠭᠦᠯ ᠢ ᠠᠩᠬᠠᠷᠤᠨ ᠦᠵᠡᠵᠤ᠂ ᠬᠠᠷᠢᠴᠠᠭ᠎ᠠ ᠬᠤᠯᠪᠤᠭ᠎ᠠ ᠲᠠᠢ ᠦᠬᠦᠯᠡᠯ ᠵᠤᠬᠢᠶᠠᠯ ᠢ ᠤᠩᠰᠢᠨ  ᠳᠡᠮᠳᠡᠭᠯᠡᠯ ᠬᠢᠵᠤ ᠶᠠᠪᠤᠯ᠎ᠠ᠃ ᠴᠠᠬ ᠮᠦᠴᠡ ᠶᠢᠨ ᠦᠡᠭᠭᠡᠷᠡᠬᠦ ᠭᠡᠭᠴᠢ ᠶᠠᠮᠠᠷ ᠰᠢᠤᠬᠠᠨ ᠲᠦᠷᠭᠡᠨ ᠠᠵᠢ︕ ᠡᠳᠤᠭᠡ ᠪᠤᠳᠤᠵᠤ ᠦᠵᠡᠪᠡᠯ  ᠳᠡᠪᠤᠨ ᠵᠢᠯ ᠤᠨ ᠨᠢᠭᠤᠷ ᠦᠵᠡᠯ᠎ᠡ᠃ ᠤᠷᠴᠢᠮ ᠤᠨ ᠡᠳᠤᠷ ᠤᠳ ᠲᠤ ᠮᠢᠨᠤ ᠡᠪᠴᠢᠭᠦᠦ ᠴᠡᠭᠡᠵᠢᠨ᠎ᠡ ᠳᠠᠪᠤᠨ ᠵᠢᠯ ᠤᠨ ᠡᠮᠤᠨᠡᠬᠢ ︽  ᠲᠠᠶᠢᠳᠤ — ᠪᠡᠭᠡᠵᠢᠩ︾ ᠢ ᠪᠢᠴᠢᠬᠦ ᠭᠡᠰᠡᠨ ᠪᠤᠳᠤᠯ ᠳᠠᠬᠢᠨ ᠤᠷᠤᠵᠤ ᠢᠷᠡᠯ᠎ᠠ᠃ ᠳᠡᠭᠡᠭᠡᠳ ᠳᠡᠤᠬᠡ ᠶᠢᠨ ᠨᠤᠮ ᠪᠢᠴᠢᠭ ᠪᠠ  ᠰᠤᠨᠢᠨ ᠰᠡᠳᠭᠦᠯ ᠢ ᠤᠩᠰᠢᠬᠤ ᠶᠠᠪᠤᠴᠠ ᠳᠠᠭᠠᠨ ᠱᠦᠬᠦᠵᠤ ᠠᠪᠤᠬᠰᠨ ᠮᠠᠲ᠋ᠧᠷᠢᠶᠠᠯ ᠤᠳ ᠢᠶᠠᠨ ᠡᠮᠬᠢᠳᠬᠡᠨ ᠰᠡᠶᠢᠷᠡᠭᠦᠯᠬᠦ ᠶᠢᠨ ᠬᠠᠮᠳᠤ  ᠦᠪᠡᠷ ᠤᠨ ᠬᠦᠢᠬᠡᠨ ᠦᠵᠡᠯᠳᠡ ᠪᠤᠳᠤᠯ ᠢᠶᠠᠨ ᠴᠤ ᠲᠦᠬᠦᠮ ᠲᠦᠳᠡ ᠳᠤᠷᠠᠳᠤᠯ᠎ᠠ᠃                           ᠨᠢᠭᠡ            ᠶᠡᠭᠡ ᠶᠤᠸᠠᠨ ᠤᠯᠤᠰ ᠢ ᠬᠡᠯᠡᠬᠦ ᠬᠡᠪᠡᠯ᠂ ᠡᠩ ᠳᠡᠷᠢᠭᠦᠨ ᠳᠤ ᠮᠤᠩᠭᠤᠯ ᠦᠨᠳᠤᠰᠤᠳᠠᠨ ᠢ ᠬᠡᠯᠡᠬᠦ ᠬᠡᠷᠡᠭᠳᠡᠢ᠂ ᠮᠦᠨᠴᠤ ᠮᠤᠩᠭᠤᠯ  ᠬᠠᠭᠠᠨᠳᠤ ᠤᠯᠤᠰ ᠢ ᠪᠠᠶᠢᠭᠤᠯᠤᠬᠰᠠᠨ ᠮᠤᠩᠭᠤᠯ ᠦᠨᠳᠤᠰᠤᠳᠠᠨ ᠤ ᠰᠢᠯᠭᠠᠷᠠᠬᠰᠠᠨ ᠤᠳᠤᠷᠢᠳᠤᠬᠴᠢ ᠴᠢᠩᠭᠢᠰ ᠬᠠᠭᠠᠨ ᠢ ᠳᠤᠷᠠᠳᠬᠤ  ᠬᠡᠷᠡᠭᠳᠡᠢ᠃ ᠴᠡᠯᠮᠡᠭ ᠬᠦᠭᠡ ᠳᠡᠭᠷᠢ ᠶᠢᠨ ᠳᠤᠤᠷ᠎ᠠ᠂ ᠴᠠᠯ ᠨᠤᠭᠤᠭᠠᠨ ᠴᠡᠴᠡᠭᠳᠤ ᠳᠡᠯ᠎ᠠ ᠳᠤ ᠠᠮᠢᠳᠤᠷᠠᠵᠤ ᠪᠠᠶᠢᠬᠰᠠᠨ ᠮᠤᠩᠭᠤᠯᠴᠤᠳ  ᠮᠠᠨᠢ ᠠᠯᠢ ᠡᠷᠳᠡ ᠠᠴᠠ ᠪᠠᠨ ᠳᠡᠭᠷᠢ ᠡᠷᠭᠡᠰ ᠢ ᠪᠢᠰᠢᠷᠠᠨ ᠰᠢᠳᠤᠵᠤ᠂ ᠨᠠᠷᠠ ᠰᠠᠷᠠ ᠶᠢ ᠤᠩᠭᠤᠨ ᠰᠢᠳᠤᠭᠡᠨ ᠪᠤᠯᠭᠠᠵᠤ ᠢᠷᠡᠭᠰᠡᠨ ᠶᠤᠮ  ᠃ ᠡᠶᠢᠮᠤ ᠠᠴᠠ ᠮᠤᠩᠭᠤᠯᠴᠤᠳ ᠬᠦᠭᠡ ᠦᠡᠭᠭᠡ ᠶᠢ ᠡᠷᠬᠢᠮᠯᠡᠳᠡᠭ ᠪᠦᠭᠡᠳ ᠦᠪᠡᠷ ᠢ ᠪᠠᠨ ᠬᠦᠬᠡ ᠮᠤᠩᠭᠤᠯ ᠭᠡᠳᠡᠭ ᠶᠤᠮ᠃ ᠨᠡᠶᠢᠳᠡ   ᠶᠢᠨ ᠤᠨ ᠳᠤᠭᠠᠯᠠᠯ ᠤᠨ 1162 ᠤᠨ ᠤ 5 ᠰᠠᠷ᠎ᠠ ᠶᠢᠨ 31 ︵ᠤᠰᠤᠨ ᠮᠤᠷᠢᠨ ᠵᠢᠯ ᠤᠨ ᠵᠤᠨ ᠤ ᠳᠡᠷᠢᠭᠦᠨ ᠰᠠᠷ᠎ᠠ ᠶᠢᠨ 16︶   ᠳᠤ᠂ ᠤᠨᠤᠨ ᠮᠦᠷᠡᠨ ᠤ ᠳᠡᠯᠢᠬᠦᠨ ᠪᠤᠯᠳᠠᠬ ᠬᠡᠮᠡᠬᠦ ᠭᠠᠵᠠᠷ ᠨᠤᠳᠤᠬᠰᠢᠨ ᠠᠮᠢᠳᠤᠷᠠᠵᠤ ᠪᠠᠶᠢᠬᠰᠠᠨ ᠬᠢᠶᠠᠳ ᠶᠠᠰᠤᠳᠤ ᠪᠤᠷᠵᠢᠬᠢᠨ  ᠤᠪᠤᠬᠳᠤ ᠶᠢᠰᠤᠭᠡᠢ ᠪᠠᠭᠠᠳᠤᠷ ᠤᠨ ᠭᠡᠷ ᠲᠤ ᠳᠡᠬᠦᠨ ᠤ ᠬᠠᠳᠤᠨ ᠦᠬᠡᠯᠤᠨ ᠦᠵᠢᠨ ᠨᠢᠭᠡᠨ ᠬᠦᠪᠡᠭᠦᠨ ᠭᠦᠩᠭᠡᠵᠢᠵᠡᠢ᠃ ᠡᠨᠡᠬᠦ  ᠬᠦᠪᠡᠬᠦᠨ ᠳᠡᠭᠡᠨ ᠳᠡᠮᠤᠵᠢᠨ ᠬᠡᠮᠡᠬᠦ ᠨᠡᠷ᠎ᠡ ᠬᠠᠶᠢᠷᠠᠯᠠᠵᠤ ᠪᠢᠯᠠ᠃ ᠳᠤᠬᠠᠢ ᠶᠢᠨ ᠦᠶ᠎ᠠ ᠶᠢᠨ ᠮᠤᠩᠭᠤᠯ ᠤᠷᠤᠨ ᠳᠤ ᠠᠶᠢᠮᠠᠬ ᠤᠬᠰᠠᠭ᠎ᠠ   ᠶᠢᠨ ᠳᠡᠮᠡᠴᠡᠯᠳᠤᠭᠡᠨ ᠬᠤᠷᠴᠡ ᠰᠢᠷᠤᠭᠦᠨ ᠤᠷᠤᠰᠢᠵᠤ ᠪᠠᠶᠢᠬᠰᠠᠨ ᠶᠤᠮ᠃ ᠳᠠᠮᠤᠵᠢᠨ ᠶᠢᠰᠤᠨ ᠨᠠᠰᠤᠳᠠᠢ ᠳᠠᠭᠠᠨ ᠠᠶᠢᠮᠠᠬ ᠤᠬᠰᠠᠭ᠎ᠠ   ᠶᠢᠨ ᠳᠡᠮᠡᠴᠡᠯᠳᠤᠭᠡᠨ ᠳᠤ ᠤᠴᠠᠷᠠᠯ᠎ᠠ᠃ ᠲᠡᠲ᠋ᠡᠷ ᠠᠶᠢᠮᠠᠬ ᠤᠨ ᠬᠢᠨ ᠳᠡᠮᠤᠵᠢᠨ ᠢ ᠡᠩᠬᠦᠷᠡᠶᠢᠯᠡᠨ ᠦᠰᠭᠡᠭᠰᠡᠨ ᠠᠴᠢᠳᠤ ᠡᠴᠢᠭᠡ ᠶᠢᠰᠤᠭᠡᠢ  ᠪᠠᠭᠠᠳᠤᠷ ᠢ ᠨᠢ ᠬᠤᠤᠷ᠎ᠠ ᠲᠠᠢ ᠠᠷᠢᠬᠢ ᠤᠤᠭᠤᠯᠭᠠᠵᠤ ᠠᠯᠠᠬᠰᠠᠨ ᠪᠢᠯᠠ᠃ ᠳᠡᠷᠡ ᠪᠠᠯᠴᠢᠷ ᠪᠠᠭ᠎ᠠ ᠦᠶ᠎ᠠ ᠠᠴᠠ ᠪᠠᠨ ᠴᠢᠰᠤᠳᠤ  ᠳᠡᠮᠡᠴᠭᠡᠨ ᠤ ᠬᠤᠤᠷ ᠢ ᠠᠮᠰᠠᠬᠰᠠᠨ ᠪᠤᠯᠬᠤᠷ ᠬᠤᠶᠢᠰᠢᠳᠠ ᠶᠢᠨ ᠦᠰᠴᠤ ᠪᠤᠶᠢᠵᠢᠬᠤ ᠶᠠᠪᠤᠴᠠ ᠳᠠᠭᠠᠨ ᠬᠤᠷᠴᠠ ᠰᠢᠷᠤᠭᠦᠨ ᠳᠠᠮᠠᠴᠡᠯ  ᠳᠤᠮᠳᠠ ᠰᠦᠰᠦ ᠵᠤᠷᠢᠬ ᠢᠶᠠᠨ ᠳᠠᠪᠳᠠᠨ ᠡᠷᠴᠢᠯᠡᠵᠤ ᠶᠠᠪᠤᠵᠡᠢ᠃            ᠪᠤᠯᠤᠳ ᠳᠡᠮᠤᠷ ᠤᠨ ᠬᠠᠳᠠᠭᠤ ᠪᠠᠶᠢᠭ᠎ᠠ ᠨᠢ ᠬᠠᠯᠠᠭᠤᠨ ᠭᠠᠯ ᠳᠤ ᠤᠯᠠᠨᠳᠠ ᠬᠠᠳᠠᠭᠠᠬᠳᠠᠨ ᠳᠠᠪᠳᠠᠬᠳᠠᠬᠰᠠᠨ ᠤ  ᠬᠢ ᠶᠤᠮ᠃  ᠳᠡᠮᠤᠵᠢᠨ ᠬᠤᠷᠴᠠ ᠰᠢᠷᠤᠬᠦᠨ ᠳᠠᠮᠠᠴᠠᠯ ᠤᠨ ᠳᠤᠮᠳᠠ ᠳᠠᠪᠳᠠᠬᠳᠠᠬᠰᠠᠨ ᠪᠤᠯᠬᠤᠷ᠂ ᠬᠦᠮᠤᠨ ᠤ ᠵᠡᠷᠭᠡ  ᠳᠤ ᠬᠦᠷᠴᠤ ᠬᠦᠯᠦᠭ ᠤᠨ  ᠲᠦᠷᠦᠭᠡ ᠬᠢᠰᠬᠢᠮᠡᠭᠴᠡ ᠡᠰᠡᠷᠭᠦ ᠡᠳᠡᠭᠡᠳ ᠲᠠᠢ ᠪᠠᠨ ᠳᠤᠯᠤᠯᠳᠤᠨ ᠡᠬᠢᠯᠡᠪᠡ᠃ ᠳᠡᠭᠡᠭᠡᠳ ᠳᠡᠷᠡ 20 ᠭᠠᠷᠤᠢ ᠵᠢᠯ ᠡᠷᠠᠯᠬᠡᠭᠯᠡᠨ  ᠪᠠᠶᠢᠯᠳᠤᠭᠠᠳ ᠦᠷᠢᠰᠦᠯᠳᠦᠭᠴᠢ ᠪᠦᠬᠦᠨ ᠢᠶᠠᠨ ᠢᠯᠡᠵᠤ᠂ ᠡᠯ᠎ᠠ ᠠᠶᠢᠮᠠᠬ ᠪᠦᠯᠦᠭ ᠢ ᠪᠠᠭᠤᠯᠭᠠᠨ ᠠᠪᠴᠤ᠂ ᠪᠦᠬᠦ ᠮᠤᠩᠭᠤᠯ ᠤᠨ  ᠦᠨᠳᠦᠷᠯᠢᠭ ᠢ ᠲᠦᠪᠰᠢᠳᠬᠡᠨ᠂ ᠳᠡᠨᠢᠭᠡᠷ ᠠᠭᠤᠳᠠᠮ ᠳᠠᠯ᠎ᠠ ᠨᠤᠳᠤᠬ ᠢ ᠳᠠᠶᠢᠪᠤᠩ ᠤᠷᠤᠨ ᠪᠤᠯᠭᠠᠪᠠ᠃ ᠨᠡᠶᠢᠳᠡ ᠶᠢᠨ ᠤᠨ  ᠳᠤᠭᠠᠯᠠᠯ ᠤᠨ 1206 ᠤᠨ ᠳᠤ ᠂ ᠦᠭᠡᠷ᠎ᠠ ᠪᠠᠷ ᠬᠡᠯᠡᠪᠡᠯ ᠵᠢᠯ ᠤᠨ ᠰᠠᠶᠢᠬᠠᠨ ᠤᠯᠠᠭᠠᠨ ᠪᠠᠷᠰ ᠵᠢᠯ ᠳᠤ᠂ ᠳᠤᠰ ᠵᠢᠯ ᠤᠨ 12 ᠰᠠᠷ᠎ᠠ   ᠶᠢᠨ 15 ᠳᠤ ᠳᠠᠮᠤᠵᠢᠨ ᠤᠨᠤᠨ ᠮᠦᠷᠡᠨ ᠤ ᠳᠡᠷᠢᠭᠦᠨ᠎ᠠ ᠡᠯ᠎ᠠ ᠠᠶᠢᠮᠠᠬ ᠤᠬᠰᠠᠭ᠎ᠠ ᠶᠢᠨ ᠠᠬᠠᠯᠠᠬᠴᠢ᠂ ᠪᠦᠬᠦ ᠰᠠᠶᠢᠳ ᠲᠦᠰᠢᠮᠠᠳ ᠤᠨ  ᠶᠡᠭᠡ ᠬᠤᠷᠠᠯᠳᠠᠢ ᠬᠤᠷᠠᠵᠤ᠂ ᠶᠢᠰᠤᠨ  ᠬᠦᠬᠦᠯᠳᠤ ᠴᠠᠭᠠᠨ ᠰᠦᠯᠳᠠ ︵ᠶᠢᠰᠤᠨ ᠬᠦᠬᠦᠯᠳᠤ ᠴᠠᠭᠠᠨ ᠰᠦᠯᠳᠠ ᠭᠡᠳᠡᠭ ᠨᠢ ᠴᠠᠭᠠᠨ  ᠠᠳᠤᠭᠤᠨ ᠤ ᠳᠡᠯ ᠰᠡᠭᠦᠯ ᠢᠶᠠᠷ ᠮᠠᠨᠵᠢᠯᠭ᠎ᠠ ᠭᠢᠭᠰᠡᠨ ᠬᠢᠯᠭᠠᠰᠤᠨ ᠳᠤᠬ ᠮᠦᠨ ᠃ ᠳᠡᠷᠡ ᠨᠢ ᠭᠤᠤᠯ ᠳᠠᠭᠠᠨ ᠨᠢᠭᠡ ᠳᠤᠮᠤ ᠰᠦᠯᠳᠡ   ᠲᠠᠢ᠂ ᠭᠤᠤᠯ ᠰᠦᠯᠳᠡ ᠶᠢᠨ ᠳᠤᠭᠤᠷᠢᠨ ᠳᠤ ᠨᠠᠢᠮᠠᠨ ᠪᠠᠭ᠎ᠠ ᠰᠦᠯᠳᠠ ᠲᠠᠢ᠂ ᠪᠠᠭ᠎ᠠ ᠰᠦᠯᠳᠡ ᠶᠢ ᠡᠯᠴᠢ ᠰᠦᠯᠳᠡ ᠭᠡᠳᠡᠭ᠃  ᠮᠤᠩᠭᠤᠯ ᠬᠡᠯᠡᠨ᠎ᠠ ᠰᠦᠯᠳᠡ ᠭᠡᠳᠡᠭ ᠨᠢ ᠰᠦᠷ ᠵᠢᠪᠬᠤᠯᠠᠩ᠂ ᠬᠦᠴᠤᠨ ᠴᠢᠳᠠᠯ᠂ ᠠᠮᠢᠨ ᠭᠤᠤᠯ ᠭᠡᠰᠡᠨ ᠤᠳᠬ᠎ᠠ ᠲᠠᠢ ᠶᠤᠮ︶ ᠪᠠᠨ  ᠦᠨᠳᠤᠷ ᠮᠠᠨᠳᠤᠭᠤᠯᠵᠤ᠂ ᠰᠠᠶᠢᠳ ᠲᠦᠰᠢᠮᠠᠯ᠂ ᠵᠠᠩᠵᠤᠨ ᠪᠠᠭᠠᠳᠤᠷ᠂ ᠴᠡᠷᠢᠭ ᠠᠷᠠᠳ ᠲᠠᠭᠠᠨ ᠰᠤᠶᠤᠷᠬᠠᠯ ᠳᠠᠯᠪᠢᠵᠤ᠂ ᠶᠡᠭᠡ  ᠮᠤᠩᠭᠤᠯ ᠬᠠᠭᠠᠨᠳᠤ ᠤᠯᠤᠰ ᠪᠠᠶᠢᠭᠤᠯᠤᠬᠰᠠᠨ ᠢᠶᠠᠨ ᠳᠤᠩᠬᠠᠬᠯᠠᠵᠤ᠂ ᠬᠠᠭᠠᠨ ᠰᠢᠷᠡᠭᠡᠨ ᠳᠤ ᠰᠠᠭᠤᠵᠤ᠂ ᠴᠢᠩᠬᠢᠰ ᠬᠠᠭᠠᠨ ᠪᠤᠯᠵᠠᠢ᠃  ᠴᠢᠩᠭᠢᠰ ᠬᠠᠭᠠᠨ ᠰᠠᠭᠤᠷᠢᠨ ᠳᠤ ᠭᠠᠷᠤᠬᠰᠠᠨ ᠤ ᠳᠠᠷᠠᠭ᠎ᠠ ᠨᠢᠭᠡᠨ ᠳᠤᠩᠬᠠᠬ ᠨᠠᠶᠢᠳᠠᠯᠠᠯ᠎ᠠ᠄ ︽ᠶᠠᠮᠠᠷ ᠤᠪᠤᠬ ᠠᠶᠢᠮᠠᠬ ᠤᠨ ᠬᠦᠮᠤᠨ ᠴᠤ  ᠬᠡᠰᠡᠨ ᠬᠠᠮᠢᠶ᠎ᠠ ᠦᠭᠡᠢ᠂ ᠡᠭᠦᠨ ᠠᠴᠠ ᠬᠤᠶᠢᠰᠢ ᠪᠤᠭᠤᠯ ᠪᠤᠯᠤᠨ ᠵᠠᠷᠤᠴᠠ ᠪᠢᠰᠢ ᠪᠤᠯᠪᠠ᠃ ᠭᠠᠭᠴᠠᠬᠦ‍ ᠨᠢᠭᠡ ᠡᠭᠦᠷᠭᠡ ᠪᠤᠯ ᠵᠡᠪᠰᠡᠭ  ᠠᠳᠬᠤᠵᠤ᠂ ᠤᠯᠤᠰ ᠬᠦᠷᠤᠨ ᠳᠡᠭᠡᠨ ᠵᠢᠳᠬᠦᠬᠦ ᠬᠡᠷᠡᠭᠳᠡᠢ ᠃ ᠮᠤᠩᠭᠤᠯ ᠳᠤᠭᠤᠷᠭᠠᠳᠠᠨ ᠨᠢᠭᠡᠨᠳᠡ ᠴᠢᠩᠭᠢᠰ ᠬᠠᠭᠠᠨ ᠤ ᠠᠷᠠᠳ  ᠲᠦᠰᠢᠮᠡᠯ ᠤᠨ ᠡᠩᠨᠡᠭᠡᠨ ᠳᠤ ᠤᠷᠤᠬᠰᠠᠨ ᠳᠤᠯᠠ᠂ ᠦᠪᠡᠷ ᠢ ᠪᠠᠨ  ︿ᠬᠦᠬᠡ ᠮᠤᠩᠭᠤᠯ﹀  ᠤᠨ ᠨᠢᠭᠡ ᠪᠦᠷᠢᠯᠳᠤᠭᠦᠨ ᠬᠡᠮᠡᠨ  ᠤᠮᠤᠬᠰᠢᠬᠤ ᠬᠡᠷᠡᠭᠳᠡᠢ︾ ᠭᠡᠪᠡ ᠃ ᠡᠭᠦᠨ ᠤ ᠳᠠᠭᠠᠤ ᠵᠠᠭᠤᠨ ᠡᠷᠤᠬᠡ ᠮᠢᠩᠭᠠᠨ ᠡᠷᠤᠭᠡ ᠶᠢᠨ ᠲᠦᠷᠢᠮ ᠢ ᠳᠤᠬᠳᠠᠭᠠᠵᠤ᠂ ᠤᠯᠤᠰ  ᠳᠠᠶᠠᠭᠠᠷ ᠤᠢᠢᠭᠤᠷᠵᠢᠨ ᠮᠤᠩᠭᠤᠯ ᠪᠢᠴᠢᠭ ︵1204 ᠤᠨ ᠳᠤ ᠤᠢᠢᠭᠤᠷ ᠤᠨ ᠲᠠᠳᠠᠲᠦᠩᠭ᠎ᠠ ᠪᠠᠷ ᠵᠤᠬᠢᠶᠠᠯᠭᠠᠬᠰᠠᠨ ᠤᠢᠢᠭᠤᠷᠵᠢᠨ  ᠮᠤᠩᠭᠤᠯ ᠪᠢᠴᠢᠭ︶ ᠢ ᠬᠡᠷᠡᠭᠯᠡᠬᠦ ᠶᠢ ᠤᠷᠢᠶᠠᠯᠠᠪᠠ᠃ ᠢᠩᠬᠢᠭᠡᠳ ᠴᠢᠩᠭᠢᠰ ᠬᠠᠭᠠᠨ ᠦᠨᠳᠤᠰᠤᠳᠠᠨ  ᠢᠶᠠᠨ ᠨᠢᠭᠡᠳᠬᠡᠵᠤ᠂ ᠤᠯᠤᠰ  ᠬᠦᠷᠤᠨ ᠢ ᠪᠠᠶᠢᠭᠤᠯᠤᠬᠰᠠᠨ ᠤ ᠳᠠᠷᠠᠭ᠎ᠠ᠂ ᠬᠦᠮᠤᠨ ᠤ ᠤᠷᠴᠢᠯᠠᠩ ᠢ ᠡᠷᠭᠡᠰᠢᠶᠠᠨ ᠲᠦᠪᠰᠢᠳᠬᠡᠬᠦ ᠠᠤᠭ᠎ᠠ ᠬᠦᠰᠡᠯᠡᠩ ᠠᠯᠮᠠᠰ ᠵᠤᠷᠢᠬ ᠢ  ᠡᠪᠤᠷᠯᠡᠵᠤ᠂ ᠠᠷᠠᠳ ᠴᠡᠷᠢᠭ ᠢᠶᠠᠨ ᠳᠠᠶᠢᠴᠢᠯᠠᠵᠤ᠂ ᠠᠬᠳᠠ  ᠶᠢᠨ ᠳᠡᠯ ᠬᠡᠶᠢᠰᠬᠡᠨ᠂ ᠠᠽᠢᠶ᠎ᠠ — ᠡᠸᠦ᠋ᠷᠤᠫᠠ ᠶᠢᠨ ᠦᠷᠭᠡᠨ  ᠠᠭᠤᠳᠠᠮ ᠤᠷᠤᠨ ᠢ ᠨᠢᠭᠡᠳᠬᠡᠨ ᠳᠠᠭᠠᠭᠤᠯᠬᠤ ᠳᠠᠶᠢᠨ ᠵᠠᠷᠯᠠᠪᠠ᠃                            ᠬᠤᠶᠠᠷ            ᠳᠡᠷᠡ ᠬᠠᠨᠳᠤᠬᠰᠠᠨ ᠵᠦᠭ ᠲᠤ ᠳᠠᠶᠢᠰᠤᠨ ᠦᠭᠡᠢ ᠰᠦᠷ ᠬᠦᠴᠤᠨ ᠢᠶᠠᠷ ᠠᠬᠳᠠ ᠶᠢᠨ ᠳᠤᠭᠤᠷᠠᠢ ᠳᠠᠴᠢᠬᠢᠨᠠᠭᠤᠯᠤᠨ ᠠᠽᠢᠶ᠎ᠠ  — ᠡᠸᠦ᠋ᠷᠤᠫᠠ ᠶᠢᠨ 40 ᠭᠠᠷᠤᠢ ᠤᠯᠤᠰ ᠤᠨ 700 ᠭᠠᠷᠤᠢ ᠦᠨᠳᠤᠰᠤᠳᠠᠨ ᠢ ᠠᠬᠳᠠ ᠶᠢᠨ ᠵᠢᠯᠤᠭᠤ ᠪᠠᠨ ᠡᠪᠬᠡᠬᠦ ᠮᠡᠳᠤ  ᠡᠷᠭᠡᠰᠢᠶᠠᠯ ᠳᠡᠭᠡᠨ ᠤᠷᠤᠭᠤᠯᠪᠠ᠃ ᠢᠩᠬᠢᠭᠡᠳ ᠠᠽᠢᠶ᠎ᠠ — ᠡᠸᠦ᠋ᠷᠤᠫᠠ ᠶᠢᠨ ᠶᠡᠬᠡᠨᠭᠭᠢ ᠭᠠᠵᠠᠷ ᠨᠤᠳᠤᠬ ᠨᠢ ᠳᠡᠷᠡ ᠴᠢᠭ ᠢᠶᠠᠷ   ᠢᠶᠠᠨ ᠶᠡᠭᠡ ᠮᠤᠩᠭᠤᠯ ᠬᠠᠭᠠᠨᠳᠤ ᠤᠯᠤᠰ ᠤᠨ ᠬᠠᠷᠢᠶᠠᠨ ᠳᠤ ᠤᠷᠤᠵᠤ᠂ ᠨᠤᠳᠤᠬ ᠳᠡᠪᠢᠰᠬᠡᠷ ᠤᠨ ᠦᠷᠭᠡᠨ ᠠᠭᠤᠳᠠᠮ ᠨᠢ ᠨᠠᠷᠠ  ᠵᠢᠷᠭᠠᠬᠤ ᠶᠢ ᠤᠯᠵᠤ ᠦᠵᠡᠬᠦ ᠦᠭᠡᠢ ᠬᠡᠮᠵᠢᠶᠡᠨ ᠳᠤ ᠬᠦᠷᠴᠤ᠂ ᠮᠤᠨᠳᠠᠬ ᠳᠤᠮᠤ ᠬᠠᠭᠠᠨᠳᠤ ᠤᠯᠤᠰ ᠪᠤᠯᠪᠠ᠃      ᠳᠠᠷᠡ ᠨᠢ  ᠄            ᠦᠭᠡᠳᠡᠢ ᠬᠠᠭᠠᠨᠳᠤ ᠤᠯᠤᠰ᠄ ᠡᠨᠡᠬᠦ ᠬᠠᠭᠠᠨᠳᠤ ᠤᠯᠤᠰ ᠤᠨ ᠨᠤᠳᠤᠬ ᠳᠠᠪᠢᠰᠭᠡᠷ ᠨᠢ ᠤᠳᠤ ᠶᠢᠨ ᠳᠤᠮᠳᠠᠳᠤ ᠤᠯᠤᠰ᠂ ᠮᠤᠩᠭᠤᠯ  ᠤᠯᠤᠰ ᠪᠠ ᠤᠷᠤᠰ ᠤᠨ ᠰᠢᠪᠧᠷᠢᠶ᠎ᠠ ᠶᠢᠨ ᠦᠷᠭᠡᠨ ᠠᠭᠤᠳᠠᠮ ᠭᠠᠵᠠᠷ ᠤᠷᠤᠨ ᠢ ᠪᠠᠭᠳᠠᠭᠠᠵᠤ ᠪᠠᠶᠢᠳᠠᠬ᠃            ᠴᠠᠭᠠᠳᠠᠢ ᠬᠠᠭᠠᠨᠳᠤ ᠤᠯᠤᠰ᠄ ᠡᠨᠡᠬᠦ ᠬᠠᠭᠠᠨᠳᠤ ᠤᠯᠤᠰ ᠤᠨ ᠨᠤᠳᠤᠬ ᠳᠡᠪᠢᠰᠭᠡᠷ ᠨᠢ ᠤᠳᠤ ᠶᠢᠨ ᠠᠯᠳᠠᠢ ᠠᠭᠤᠯᠠᠨ ᠤ ᠠᠷᠦ  ᠦᠪᠤᠷ ᠤᠨ ᠤᠯᠤᠰ ᠤᠷᠤᠨ ᠠᠴᠠ ᠫᠠᠺᠢᠰᠲ᠋ᠠᠨ᠂ ᠠᠹᠭᠠᠨᠢᠰᠲ᠋ᠠᠨ᠂ ᠨᠧᠫᠠᠯ᠂ ᠪᠦᠲ᠋ᠠᠨ᠂ ᠪᠧᠩᠭᠠᠯ ᠂ ᠡᠨᠡᠳᠬᠡᠭ ᠵᠡᠷᠭᠡ ᠦᠷᠭᠡᠨ  ᠠᠭᠤᠳᠠᠮ ᠭᠠᠵᠠᠷ ᠤᠷᠤᠨ ᠤ ᠤᠯᠤᠰ ᠤᠳ ᠢ ᠬᠠᠮᠤᠷᠴᠤ ᠪᠠᠶᠢᠳᠠᠬ᠃            ᠢᠯ ᠬᠠᠭᠠᠨᠳᠤ ᠤᠯᠤᠰ ︵ᠳᠤᠯᠤᠢ ᠬᠠᠭᠠᠨᠳᠤ ᠤᠯᠤᠰ︶᠄ ᠡᠨᠡᠬᠦ ᠬᠠᠭᠠᠨᠳᠤ ᠤᠯᠤᠰ ᠤᠨ ᠨᠤᠳᠤᠬ ᠳᠡᠪᠢᠰᠭᠡᠷ  ᠨᠢ ᠫᠧᠷᠰ  ᠪᠤᠯᠤᠩ ᠢ ᠳᠠᠭᠠᠬᠰᠠᠨ ᠢᠷᠡᠨ᠂ ᠺᠦᠸᠠᠶᠢᠲ᠂ ᠢᠷᠡᠺ᠂ ᠶᠤᠷᠳᠠᠨ᠂ ᠫᠠᠯᠧᠰᠲ᠋ᠠᠶᠢᠨ᠂ ᠢᠰᠷᠧᠯ᠂ ᠯᠧᠪᠠᠨᠤᠨ ᠂ ᠰᠢᠷᠢᠶ᠎ᠠ᠂ ᠲᠦᠷᠺ ᠵᠡᠷᠭᠡ  ᠠᠷᠠᠪ ᠤᠨ ᠤᠯᠠᠨ ᠤᠯᠤᠰ ᠪᠠ ᠠᠹᠷᠢᠺᠠ ᠲᠢᠪ ᠤᠨ ᠶᠧᠵᠢᠫᠲ ᠢ ᠪᠠᠭᠳᠠᠭᠠᠵᠤ ᠪᠠᠶᠢᠵᠠᠢ ᠃            ᠠᠳᠡ ᠤᠨᠴᠠᠭᠠᠢᠢᠯᠠᠨ ᠳᠤᠷᠠᠳᠤᠭᠤᠰᠢᠳᠠᠢ ᠨᠢᠭᠡ ᠶᠠᠪᠤᠳᠠᠯ ᠪᠤᠯ᠂ ᠡᠨᠡᠬᠦ ᠠᠪᠤᠷᠭᠤ ᠳᠤᠮᠤ ᠤᠷᠳᠤᠨ ᠪᠠᠶᠢᠭᠤᠯᠬᠤ ᠪᠠᠷᠢᠯᠭ᠎ᠠ ᠬᠢᠬᠦ  ᠶᠠᠪᠤᠴᠠ ᠳᠠᠭᠠᠨ ᠮᠤᠨᠳᠠᠬ ᠶᠡᠭᠡ ᠤᠰᠤᠨ ᠪᠠᠷᠢᠯᠭ᠎ᠠ ᠶᠢ ᠴᠤ ᠵᠡᠷᠭᠡᠪᠡᠷ ᠬᠢᠵᠤ ᠢᠷᠡᠭᠰᠡᠨ ᠶᠤᠮ᠃ ᠳᠡᠷᠡ ᠨᠢ ᠳᠡᠷᠤᠢ ᠰᠢᠱᠠᠨ  ᠠᠭᠤᠯᠠᠨ ᠤ ᠭᠤᠤ ᠯᠢᠶᠠᠩ ᠾᠧ ᠭᠤᠤᠯ ᠢ ᠵᠢᠢ ᠱᠦᠢ ᠳᠡᠨ ᠳᠤ ᠳᠠᠳᠠᠨ ᠤᠷᠤᠭᠤᠯᠵᠤ᠂ ᠪᠦᠬᠦ ᠬᠤᠳᠠ ᠶᠢᠨ ᠭᠡᠷᠡᠭᠯᠡᠭᠦ ᠤᠰᠤᠨ ᠤ  ᠰᠢᠰᠲ᠋ᠧᠮ ᠪᠤᠯᠭᠠᠪᠠ᠃            ᠢᠩᠭᠢᠭᠡᠳ ᠤᠷᠳᠤᠨ ᠬᠠᠷᠰᠢ ᠶᠢᠨ ᠭᠤᠶᠤ ᠰᠦᠷᠯᠢᠭ ᠪᠠᠶᠢᠳᠠᠯ ᠨᠢ ᠬᠦᠮᠤᠰ ᠤᠨ ᠮᠠᠬᠳᠠᠭᠠᠯ ᠪᠢᠰᠢᠷᠠᠯ ᠢ ᠤᠯᠤᠬᠰᠠᠨ᠂ ᠠᠭᠤᠯᠠ  ᠤᠰᠤᠨ ᠤ ᠭᠤᠶᠤ ᠦᠵᠡᠮᠵᠢ ᠨᠢ ᠬᠦᠮᠤᠰ ᠤᠨ ᠤᠷᠮ᠎ᠠ ᠪᠠᠬ᠎ᠠ ᠶᠢ ᠪᠤᠯᠢᠶᠠᠬᠰᠠᠨ ᠴᠤ᠋ ᠰᠢᠨ᠎ᠠ ᠳᠤᠮᠤ ᠬᠤᠳᠠ ᡁᠢ ᠶᠤᠸᠠᠨ ᠤ 13  ᠳ᠋ᠤᠭᠠᠷ ᠤᠨ᠂ ᠦᠭᠡᠷ᠎ᠠ ᠪᠠᠷ ᠬᠡᠯᠡᠪᠡᠯ 1276 ᠤᠨ ᠳᠤ ᠪᠠᠷᠢᠯᠭ᠎ᠠ ᠳᠠᠭᠤᠰᠴᠠᠢ᠃ ᠳᠡᠭᠡᠭᠡᠳ ᠲᠦᠪ ᠲᠤ ᠲᠦᠪᠯᠡᠷᠡᠭᠦᠯᠦᠭᠰᠡᠨ ᠶᠡᠭᠡ  ᠶᠤᠸᠠᠨ ᠤᠯᠤᠰ ᠤᠨ ᠤᠯᠤᠰ ᠲᠦᠷᠦ ᠶᠢᠨ ᠨᠤᠶᠠᠷᠬᠠᠯ ᠤᠨ ᠪᠡᠯᠭᠡ ᠳᠡᠮᠳᠡᠭ ᠪᠤᠯᠤᠬᠰᠠᠨ  ᠲᠠᠶᠢᠳᠤ ᠶᠢᠨ ᠳ᠋ᠠ ᠮᠢᠩ ᠳ᠋ᠢᠶ᠋ᠠᠨ ᠬᠠᠷᠰᠢ ᠳᠤ  ᠬᠤᠪᠢᠯᠠᠢ ᠬᠠᠭᠠᠨ ᠵᠠᠯᠠᠷᠠᠨ ᠰᠠᠭᠠᠳᠠᠵᠤ ᠵᠠᠰᠠᠬ ᠶᠠᠪᠤᠭᠤᠯᠪᠠ᠃ ᠡᠨᠡᠬᠦ ᠠᠭᠤᠯᠠ ᠤᠰᠤ ᠤᠷᠳᠤᠨ ᠬᠠᠷᠰᠢ ᠶᠢᠨ ᠦᠵᠡᠮᠵᠢ ᠪᠦᠷᠢᠳᠦᠭᠰᠡᠨ   ᠲᠠᠶᠢᠳᠤ ᠨᠢ ᠬᠤᠷᠸ᠎ᠠ ᠶᠢᠷᠳᠢᠨᠴᠤ ᠳᠤ ᠳᠡᠷᠡ ᠳᠤᠤᠷ᠎ᠠ ᠪᠠᠨ ᠨᠡᠷ᠎ᠠ ᠠᠯᠳᠠᠷᠰᠢᠵᠤ᠂ ᠬᠤᠯᠠ ᠤᠢᠢᠷ᠎ᠠ ᠶᠢᠨ ᠤᠯᠤᠰ ᠬᠦᠷᠤᠨ ᠤ ᠵᠤᠴᠢᠳ  ᠤᠰᠤᠨ ᠤ ᠤᠷᠤᠰᠬᠠᠯ ᠮᠡᠳᠤ ᠢᠪᠡᠷᠡᠨ ᠢᠷᠡᠵᠡᠭᠡᠵᠡᠢ᠃ ᠪᠤᠳᠠᠳᠠᠢ ᠬᠡᠯᠡᠪᠡᠯ᠂ ᠡᠯ᠎ᠡ ᠤᠯᠤᠰ ᠤᠨ ᠡᠯᠴᠢᠳ᠂ ᠱᠠᠰᠢᠨ ᠰᠤᠷᠳᠠᠬᠤᠨ ᠤ  ᠨᠡᠷᠡᠳᠤ ᠬᠦᠮᠤᠰ᠂ ᠡᠷᠳᠡᠮᠳᠡᠨ ᠮᠡᠷᠭᠡᠳ᠂ ᠠᠯᠳᠠᠷᠳᠤ ᠵᠢᠭᠤᠯᠴᠢᠯᠠᠬᠴᠢᠳ  ᠲᠠᠶᠢᠳᠤ ᠳᠤ ᠢᠷᠡᠵᠤ ᠳᠤᠭᠤᠷᠢᠨ ᠦᠵᠡᠭᠡᠳ ᠰᠤᠴᠢᠨ  ᠭᠠᠶᠢᠬᠠᠵᠤ᠂ ᠳᠡᠯᠡᠬᠡᠢ ᠳ᠋ᠡᠬᠢᠨ ᠤ ᠮᠠᠩᠯᠠᠢ ᠬᠤᠳᠠ ᠬᠡᠮᠡᠨ ᠱᠠᠬᠰᠢᠨ ᠮᠠᠬᠳᠠᠵᠠᠢ᠃                            ᠭᠤᠷᠪᠠ            ᠹᠸᠤᠳᠠᠯ ᠤᠨ ᠨᠡᠶᠢᠭᠡᠮ ᠳᠤ ᠲᠦᠷᠦ ᠶᠢᠨ ᠢᠳᠡᠷᠡᠭᠦᠨ ᠦᠭᠡᠳᠡᠯᠡᠨ ᠮᠠᠨᠳᠤᠬᠤ ᠪᠠ ᠢᠯᠵᠢᠷᠡᠵᠤ ᠪᠠᠭᠤᠷᠠᠨ ᠳᠤᠷᠦ᠋ᠢᠳᠠᠬᠤ ᠪᠤᠯ  ᠳᠤᠬᠠᠢ ᠶᠢᠨ ᠦᠶ᠎ᠠ ᠶᠢᠨ ᠡᠷᠭᠡ ᠠᠳᠬᠤᠵᠤ ᠪᠠᠶᠢᠭ᠎ᠠ ᠬᠠᠭᠠᠨ ᠲᠠᠢ ᠨᠢ ᠰᠢᠭᠤᠳ ᠬᠤᠯᠪᠤᠭ᠎ᠠ  ᠲᠠᠢ ᠪᠠᠶᠢᠳᠠᠬ ᠰᠠᠨ᠃ ᠶᠤᠸᠠᠨ  ᠤᠯᠤᠰ ᠤᠨ ᠡᠴᠤᠰ ᠤᠨ ᠬᠠᠭᠠᠨ ᠳᠤᠭᠤᠨᠳᠡᠮᠤᠷ ᠤᠷᠳᠤᠨ ᠬᠠᠷᠰᠢ ᠳᠠᠭᠠᠨ ᠵᠢᠷᠭᠠᠨ ᠴᠡᠩᠭᠡᠵᠤ᠂ ᠵᠠᠰᠠᠬ ᠲᠦᠷᠦ ᠪᠠᠨ ᠰᠠᠶᠢᠬᠠᠨ  ᠪᠠᠷᠢᠬᠰᠠᠨ ᠦᠭᠡᠢ ᠠᠴᠠ ᠪᠤᠯᠵᠤ᠂ ᠵᠤ᠋ ᠶᠤᠸᠠᠨ ᠵᠠᠩ ᠤᠨ ᠪᠤᠰᠤᠯᠭ᠎ᠠ  ᠶᠢᠨ ᠴᠡᠷᠢᠭ ᠲᠤ ᠲᠦᠷᠦ ᠪᠠᠨ ᠠᠯᠳᠠᠪᠠ᠃            ᠬᠠᠭᠠᠨ ᠲᠦᠷᠦ ᠪᠠᠨ ᠠᠯᠳᠠᠬᠰᠠᠨ ᠳᠤᠭᠤᠨᠳᠡᠮᠤᠷ ᠡᠪᠦᠭᠡ ᠳᠡᠭᠡᠳᠤᠰ ᠲᠡᠭᠡᠨ ᠤᠰᠤᠯᠳᠠᠬᠰᠠᠨ ᠢᠶᠠᠨ ᠮᠡᠳᠡᠷᠡᠨ ᠬᠡᠮᠰᠢᠯ ᠤᠨ ᠰᠢᠯᠦᠭ  ᠪᠢᠴᠢᠪᠠ᠃ ᠡᠨᠡᠬᠦ ᠬᠡᠮᠰᠢᠯ ᠤᠨ ᠰᠢᠯᠦᠭ ᠠᠴᠠ ᠬᠡᠳᠤᠨ ᠪᠠᠳᠠᠬ ᠢ ᠳᠠᠰᠤᠳᠠᠨ ᠠᠪᠴᠤ ᠦᠵᠡᠪᠡᠯ ᠡᠶᠢᠮᠤ ᠪᠠᠶᠢᠨ᠎ᠠ᠄            ︽ᠶᠡᠭᠡ ᠶᠤᠸᠠᠨ ᠤᠯᠤᠰ ᠤᠨ ᠨᠡᠷ᠎ᠠ ᠲᠦᠷᠦ ᠶᠢ ᠠᠪᠤᠨ ᠰᠠᠭᠤᠬᠰᠠᠨ            ᠶᠢᠰᠤᠨ ᠡᠷᠳᠡᠨᠢ ᠪᠠᠷ ᠪᠦᠳᠦᠭᠡᠭᠰᠡᠨ  ᠲᠠᠶᠢᠳᠤ ᠬᠤᠳᠠ ᠮᠢᠨᠢ            ᠲᠦᠴᠢᠨ ᠲᠦᠮᠡᠨ ᠮᠤᠩᠭᠤᠯ ᠤᠯᠤᠰ ᠤᠨ ᠨᠡᠷ᠎ᠠ ᠲᠦᠷᠦ ᠶᠢ ᠠᠪᠤᠨ ᠰᠠᠭᠤᠬᠰᠠᠨ            ᠲᠦᠷᠪᠠᠨ ᠬᠠᠭᠠᠯᠭ᠎ᠠ ᠲᠠᠢ ᠲᠦᠷᠪᠡᠯᠵᠢᠨ ᠶᠡᠭᠡ  ᠲᠠᠶᠢᠳᠤ ᠬᠤᠳᠠ ᠮᠢᠨᠢ ᠁            ᠬᠠᠭᠠᠨ ᠡᠵᠡᠨ ᠤ ᠴᠤᠬᠴᠠᠯᠠᠬᠰᠠᠨ ᠶᠡᠭᠡ ᠲᠦᠷᠦ ᠶᠢ            ᠭᠠᠶᠢᠬᠠᠮᠰᠢᠬᠳᠤ ᠰᠡᠴᠡᠨ ᠬᠠᠭᠠᠨ ᠤ ᠪᠠᠷᠢᠬᠰᠠᠨ ᠬᠠᠶᠢᠷᠬᠠᠨ  ᠲᠠᠶᠢᠳᠤ ᠶᠢ            ᠬᠠᠮᠤᠬ ᠤᠯᠤᠰ ᠤᠨ ᠰᠢᠳᠤᠭᠡᠨ ᠪᠤᠯᠤᠬᠰᠠᠨ            ᠳᠤᠯᠭ᠎ᠠ ᠡᠷᠳᠡᠨᠢᠳᠤ ᠬᠤᠳᠠ ᠶᠢ ᠬᠠᠮᠤᠵᠤ ᠠᠪᠳᠠᠪᠠᠢ ᠁            ᠪᠤᠬ᠎ᠠ ᠳᠡᠮᠤᠷ ᠴᠢᠩᠰᠠᠩ᠂ ᠪᠠᠶᠢᠯᠳᠤᠭᠠᠨ ᠤ ᠳᠤᠳᠤᠷ᠎ᠠ ᠠᠴᠠ            ᠬᠠᠨ ᠡᠵᠡᠨ ᠤ ᠬᠠᠰᠪᠤᠤ ᠳᠠᠮᠠᠭ᠎ᠠ ᠶᠢ            ᠬᠠᠨᠴᠦ᠋ᠢᠯᠠᠵᠤ ᠭᠠᠷᠪᠠᠢ            ᠤᠯᠠᠭᠠᠨ ᠬᠠᠯᠵᠠᠨ ᠳᠠᠤᠯᠠᠢ ᠵᠢᠯ ᠳᠤ            ᠠᠯᠳᠠᠬᠰᠠᠨ ᠬᠠᠶᠢᠷᠬᠠᠨ  ᠲᠠᠶᠢᠳᠤ ᠮᠢᠨᠢ            ᠦᠷᠯᠦᠭᠡ ᠦᠳᠡᠰᠢ ᠦᠨᠳᠤᠷ ᠳᠡᠭᠡᠷ᠎ᠠ ᠠᠴᠠ ᠬᠠᠷᠠᠪᠠᠯ            ᠰᠠᠶᠢᠬᠠᠨ ᠤᠨᠢᠶᠠᠷ ᠴᠢᠨᠢ ᠳᠠᠳᠠᠨ᠎ᠠ ᠁            ᠯᠠᠬ᠎ᠠ ᠢᠪᠠᠭ᠋ᠤ ᠬᠤᠶᠠᠷ ᠤᠨ ᠦᠭᠡᠨ ᠳᠤ ᠤᠷᠤᠬᠰᠠᠨ ᠦᠭᠡᠢ ᠶᠢᠨ ᠬᠤᠤᠷ ᠮᠢᠨᠢ            ᠤᠬᠠᠭᠠᠨ ᠦᠭᠡᠢ ᠲᠦᠷᠦᠭᠰᠡᠨ ᠨᠤᠶᠠᠳ            ᠤᠯᠤᠰ ᠢᠶᠠᠨ ᠴᠤ ᠬᠠᠷᠠᠵᠤ ᠬᠠᠮᠠᠭᠠᠯᠠᠵᠤ ᠴᠢᠳᠠᠬᠰᠠᠨ ᠦᠭᠡᠢ            ᠤᠬᠢᠯᠠᠵᠤ ᠬᠤᠴᠤᠷᠪᠠᠢ ᠪᠢ ᠁︾ ᠭᠡᠪᠡ᠃            ᠳᠤᠭᠤᠨᠳᠡᠮᠤᠷ ᠬᠠᠭᠠᠨ ᠭᠤᠨᠢᠷᠬᠠᠯ ᠤᠨ ᠰᠢᠯᠦᠭ ᠪᠢᠴᠢᠵᠤ ᠭᠡᠮᠰᠢᠬᠦ ᠶᠢᠨ ᠳᠠᠭᠠᠤ᠂ ᠪᠠᠰᠠ ᠱᠠᠨ ᠰᠢ᠂ ᠱᠠᠨᠰᠢ ᠵᠡᠷᠭᠡ ᠮᠤᠵᠢ  ᠤᠷᠤᠨ ᠠᠴᠠ ᠴᠡᠷᠢᠭ ᠮᠤᠷᠢ ᠳᠠᠳᠠᠵᠤ᠂ ᠵᠤ᠋ ᠶᠤᠸᠠᠨ ᠵᠠᠩ ᠤᠨ ᠪᠤᠰᠤᠯᠭ᠎ᠠ ᠶᠢᠨ ᠴᠡᠷᠢᠭ ᠲᠠᠢ ᠳᠠᠬᠢᠨ ᠪᠠᠶᠢᠯᠳᠤᠨ ᠳᠠᠮᠠᠴᠠᠯᠳᠤᠪᠠ᠃  ᠡᠭᠦᠨ ᠤ ᠬᠠᠮᠳᠤ ᠨᠡᠶᠢᠰᠯᠡᠯ ᠢᠶᠠᠨ ︽ᠪᠠᠷᠰ ᠬᠤᠳᠠ — ᠢᠩ ᠴᠠᠩ ᠯᠤ᠋︾ ᠳᠤ ᠰᠢᠯᠵᠢᠭᠦᠯᠦᠨ ᠢᠷᠡᠪᠠ ︵ᠤᠳᠤ ᠶᠢᠨ ᠬᠡᠰᠢᠭᠳᠡᠨ  ᠬᠤᠰᠢᠭᠤᠨ ᠤ ᠬᠢᠵᠠᠭᠠᠷ ᠲᠤ ᠪᠤᠢ︶᠃ ᠳᠤᠬᠠᠢ ᠶᠢᠨ ᠦᠶ᠎ᠠ ᠳᠤ ᠬᠦᠴᠤᠨ ᠮᠡᠬᠦᠰᠳᠡᠭᠰᠡᠨ ᠠᠴᠠ ᠪᠤᠯᠵᠤ᠂  ᠲᠠᠶᠢᠳᠤ ᠪᠠᠨ ᠡᠭᠡᠭᠦᠯᠦᠨ  ᠠᠪᠴᠤ ᠳᠡᠶᠢᠯᠦᠭᠰᠡᠨ ᠦᠭᠡᠢ᠃ ᠳᠡᠭᠡᠭᠡᠳ ᠳᠤᠭᠤᠨᠳᠡᠮᠤᠷ ᠬᠠᠭᠠᠨ ᠭᠤᠨᠢᠷᠬᠠᠯ ᠵᠤᠪᠠᠨᠢᠯ ᠵᠡᠷᠭᠡ ᠰᠡᠳᠬᠢᠯ ᠤᠨ ᠳᠠᠷᠤᠭᠠᠰᠤ  ᠬᠦᠨᠳᠤᠷᠡᠭᠰᠡᠨ ᠳᠡᠭᠡᠷ᠎ᠠ ᠡᠪᠠᠳᠴᠢᠨ ᠳᠠᠪᠬᠤᠴᠠᠬᠰᠠᠨ ᠠᠴᠠ ᠪᠤᠯᠵᠤ᠂ ᠪᠠᠷᠰ ᠬᠤᠳᠠ ᠳᠤ ᠨᠠᠰᠤ ᠪᠠᠷᠠᠵᠠᠢ᠃ ᠳᠡᠭᠦᠨ ᠤ ᠬᠦᠪᠡᠭᠦᠨ  ᠠᠶᠤᠰᠢᠷᠢᠳᠠᠷ᠎ᠠ ᠬᠠᠭᠠᠨ ᠰᠠᠭᠤᠷᠢᠨ ᠢ ᠵᠠᠯᠭᠠᠮᠵᠢᠯᠠᠵᠤ᠂ ᠤᠯᠤᠰ ᠤᠨ ᠴᠤᠯᠠ ᠪᠠᠨ ︽ᠤᠮᠠᠷᠠᠳᠤ ᠶᠤᠸᠠᠨ ᠤᠯᠤᠰ︾ ᠭᠡᠪᠡ᠃  ᠢᠩᠭᠢᠭᠡᠳ ᠠᠶᠤᠰᠢᠷᠢᠳᠠᠷ᠎ᠠ ᠬᠠᠭᠠᠨ ᠴᠠᠭᠠᠨ ᠬᠡᠷᠡᠮ ᠠᠴᠠ ᠬᠤᠶᠢᠰᠢᠬᠢ ᠤᠮᠠᠷᠠᠳᠤ ᠮᠦᠰᠦᠨ ᠳᠠᠯᠠᠢ ᠬᠦᠷᠳᠡᠯᠡᠬᠢ ᠦᠷᠭᠡᠨ ᠠᠭᠤᠳᠠᠮ  ᠨᠤᠳᠤᠬ ᠳᠡᠪᠢᠰᠭᠡᠷ ᠢ ᠡᠵᠡᠯᠡᠨ ᠰᠠᠭᠤᠪᠠ ︵1634 ᠤᠨ ᠳᠤ ᠤᠮᠠᠷᠠᠳᠤ ᠶᠤᠸᠠᠨ ᠤᠯᠤᠰ ᠤᠨ ᠡᠴᠤᠰ ᠤᠨ ᠬᠠᠭᠠᠨ ᠯᠢᠭᠳᠡᠨ  ᠬᠤᠳᠤᠬᠳᠤ ᠶᠢᠨ ᠬᠠᠳᠤᠨ ᠨᠠᠩᠨᠠᠩ ᠳᠠᠶᠢᠬᠡᠤ᠂ ᠬᠦᠪᠡᠭᠦᠨ ᠡᠷᠭᠡ ᠬᠤᠩᠭᠤᠷ ᠢᠶᠠᠨ ᠳᠠᠭᠠᠭᠤᠯᠵᠤ ᠤᠴᠢᠭᠠᠳ ᠴᠢᠩ ᠤᠯᠤᠰ ᠤᠨ ᠬᠤᠩ  ᠳᠠᠶᠢᠵᠢ ᠳᠤ ᠲᠦᠷᠦ ᠶᠢᠨ ᠳᠠᠮᠠᠭ᠎ᠠ ᠪᠠᠨ ᠡᠷᠭᠦᠭᠦ ᠪᠤᠯᠳᠠᠯ᠎ᠠ 35 ᠦᠶ᠎ᠠ ᠵᠠᠯᠭᠠᠮᠵᠢᠯᠠᠨ ᠰᠠᠭᠤᠭᠠᠳ 266 ᠵᠢᠯ ᠪᠤᠯᠵᠠᠢ᠃ ᠢᠩᠭᠢᠭᠡᠳ  ᠴᠢᠩᠭᠢᠰ ᠬᠠᠭᠠᠨ ᠮᠤᠩᠭᠤᠯ ᠬᠠᠭᠠᠨᠳᠤ ᠤᠯᠤᠰ ᠢ ᠪᠠᠶᠢᠭᠤᠯᠤᠬᠰᠠᠨ ᠠᠴᠠ ᠠᠪᠤᠭᠠᠳ ᠤᠮᠠᠷᠠᠳᠤ ᠶᠤᠸᠠᠨ ᠤᠯᠤᠰ ᠤᠨ ᠤᠯᠠᠷᠢᠨ ᠳᠡᠭᠦᠰᠬᠦ  ᠬᠦᠷᠳᠡᠯ᠎ᠠ ᠨᠡᠶᠢᠳᠡ 428 ᠵᠢᠯ ᠪᠤᠯᠤᠬᠰᠠᠨ ᠶᠤᠮ  ︶᠃            ᠡᠨᠡ ᠪᠤᠯ ᠤᠮᠡᠷᠠᠳᠤ ᠶᠤᠸᠠᠨ ᠤᠯᠤᠰ ᠪᠠ ᠮᠢᠩ ᠤᠯᠤᠰ ᠵᠡᠷᠭᠡᠴᠡᠨ ᠤᠷᠤᠰᠢᠬᠰᠠᠨ ᠳᠡᠤᠬᠡ ᠶᠢᠨ ᠦᠨᠡᠨ ᠪᠠᠶᠢᠳᠠᠯ ᠮᠦᠨ᠃  ᠳᠡᠭᠡᠪᠠᠯ ᠮᠢᠩ ᠤᠯᠤᠰ  ᠲᠠᠶᠢᠳᠤ ᠶᠢ ᠡᠵᠡᠯᠡᠭᠰᠡᠨ ᠤ ᠳᠠᠷᠠᠭ᠎ᠠ  ᠲᠠᠶᠢᠳᠤ ᠬᠤᠳᠠ ᠳᠤ ᠶᠠᠮᠠᠷ ᠬᠤᠪᠢᠷᠠᠯᠳᠠ ᠭᠠᠷᠤᠬᠰᠠᠨ ᠪᠤᠢ︖  ᠳᠤᠭᠤᠨᠳᠡᠮᠤᠷ ᠬᠠᠭᠠᠨ ᠤ ᠴᠡᠷᠢᠭ ᠮᠤᠷᠢ ᠳᠡᠶᠢᠯᠦᠭᠳᠡᠵᠤ᠂  ᠲᠠᠶᠢᠳᠤ ᠠᠴᠠ ᠤᠬᠤᠷᠢᠨ ᠭᠠᠷᠤᠬᠰᠠᠨ ᠤ ᠲᠦᠷᠪᠡᠳᠤᠭᠡᠷ ᠡᠳᠤᠷ᠂ ᠦᠭᠡᠷ᠎ᠠ   ᠪᠠᠷ ᠬᠡᠯᠡᠪᠡᠯ 1368 ᠤᠨ ᠤ 8 ᠰᠠᠷ᠎ᠠ ᠶᠢᠨ 2 ᠤᠨ ᠡᠳᠤᠷ ᠲᠤ ᠵᠤ᠋ ᠶᠤᠸᠠᠨ ᠵᠠᠩ ᠤᠨ ᠲᠦᠷᠪᠡᠳᠦᠭᠡᠷ ᠬᠦᠪᠡᠭᠦᠨ ᠵᠤ᠋ ᠳ᠋ᠢ ᠶᠢᠨ  ᠳᠠᠭᠠᠭᠤᠯᠤᠬᠰᠠᠨ ᠪᠤᠰᠤᠯᠭ᠎ᠠ ᠶᠢᠨ ᠴᠡᠷᠢᠭ  ᠲᠠᠶᠢᠳᠤ ᠶᠢᠨ ᠵᠡᠭᠦᠨ ᠳᠡᠯ᠎ᠠ ᠶᠢᠨ ᠴᠢ ᠬᠤᠸᠠ ᠮᠧᠨ ᠬᠠᠭᠠᠯᠭ᠎ᠠ ᠪᠠᠷ ᠲᠠᠶᠢᠳᠤ ᠳᠤ  ᠤᠷᠤᠵᠤ ᠢᠷᠡᠪᠠ᠃ ᠡᠨᠡᠭᠦ ᠪᠤᠰᠤᠯᠭ᠎ᠠ ᠶᠢᠨ ᠴᠡᠷᠢᠭ ᠶᠡᠭᠡ ᠶᠤᠸᠠᠨ ᠤᠯᠤᠰ ᠤᠨ ᠬᠠᠭᠠᠨ ᠤ ᠤᠷᠳᠤᠨ ᠳᠤ ᠤᠷᠤᠵᠤ ᠢᠷᠡᠭᠰᠡᠨ ᠤ  ᠳᠠᠷᠠᠭ᠎ᠠ᠂ ᠤᠷᠳᠤᠨ ᠤ ᠠᠯᠳᠠ ᠮᠦᠡᠭᠬᠦᠨ ᠡᠳ᠋ᠯᠡᠯ ᠢ ᠬᠤᠭᠤᠰᠤᠷᠠᠳᠠᠯ᠎ᠠ ᠴᠦᠯᠪᠡᠨ ᠳᠡᠭᠡᠷᠡᠮᠳᠡᠭᠦ ᠶᠢᠨ ᠬᠠᠮᠳᠤ ᠤᠷᠳᠤᠨ ᠤ ᠳᠤᠯᠭᠠᠭᠤᠷᠢ᠂  ᠳᠡᠭᠡᠪᠤᠷ ᠤᠨ ᠯᠤᠤ ᠭᠠᠷᠤᠳᠢ ᠶᠢᠨ ᠵᠢᠷᠤᠬ ᠰᠡᠶᠢᠯᠤᠮᠠᠯ ᠲᠠᠢ ᠠᠯᠳᠠᠨ ᠰᠢᠬᠢᠳᠭᠡᠷᠢ ᠶᠢ ᠴᠤ ᠦᠯᠡᠳᠡᠭᠡᠯ ᠦᠭᠡᠢ ᠱᠠᠭᠠᠯᠤᠨ ᠠᠪᠴᠠᠢ᠃  ᠳᠡᠭᠡᠭᠡᠳ ᠡᠨᠡᠬᠦ ᠬᠡᠷᠡᠮ ᠳᠡᠭᠡᠨ ᠡᠯᠭᠦᠭᠡ ᠬᠡᠪᠢᠰ ᠲᠠᠢ᠂ ᠱᠠᠯᠠ ᠳᠠᠭᠠᠨ ᠬᠡᠪᠢᠰ ᠳᠡᠪᠢᠰᠦᠭᠰᠡᠨ ᠮᠤᠩᠭᠤᠯ ᠦᠨᠳᠤᠰᠤᠳᠠᠨ ᠤ  ᠠᠮᠢᠳᠤᠷᠠᠯ ᠤᠨ ᠵᠠᠩ ᠳᠠᠳᠬᠠᠯ ᠤᠨ ᠤᠨᠴᠠᠯᠢᠭ ᠢᠶᠠᠷ ᠪᠢᠯᠬᠠᠬᠰᠠᠨ ᠭᠤᠶᠤ ᠬᠡᠬᠡᠨᠴᠢᠷ ᠤᠷᠳᠤᠨ ᠮᠠᠨᠢ ᠳᠡᠷᠡ ᠳᠤᠤᠷ᠎ᠠ ᠪᠠᠨ ᠡᠪᠳᠡᠷᠭᠡᠢ  ᠤᠷᠳᠤᠨ ᠪᠤᠯᠵᠠᠢ᠃ 1403 ᠤᠨ  ᠳᠤ ᠵᠤ᠋ ᠳ᠋ᠢ ᠠᠴᠢ ᠬᠦᠪᠡᠭᠦᠨ ᠵᠤ᠋ ᠶᠦᠨ ᠸᠧᠨ ᠢ ᠲᠦᠯᠬᠢᠨ ᠤᠨᠠᠭᠠᠵᠤ ᠦᠪᠠᠷ ᠢᠶᠠᠨ ᠬᠠᠭᠠᠨ  ᠰᠠᠭᠤᠷᠢᠨ ᠳᠤ ᠭᠠᠷᠤᠬᠰᠠᠨ ᠤ ᠳᠠᠷᠠᠭ᠎ᠠ᠂ ᠨᠡᠶᠢᠰᠯᠠᠯ ᠢᠶᠠᠨ ᠨᠠᠨᠵᠢᠩ ᠠᠴᠠ ᠳᠠᠬᠢᠨᠳᠠ  ᠲᠠᠶᠢᠳᠤ ᠳᠤ ᠰᠢᠯᠵᠢᠬᠦᠯᠬᠦ ᠰᠠᠨᠠᠭ᠎ᠠ ᠤᠷᠤᠪᠠ᠃  ᠢᠩᠬᠢᠭᠡᠳ 1406 ᠤᠨ ᠳᠤ ᠶᠡᠭᠡ ᠶᠤᠸᠠᠨ ᠤᠯᠤᠰ ᠤᠨ ᠬᠠᠭᠠᠨ ᠤ ᠤᠷᠳᠤᠨ ᠤ ᠤᠤᠯ ᠤᠨ ᠤᠷᠳᠤᠨ ᠬᠠᠷᠰᠢ  ᠶᠢ ᠨᠤᠷᠠᠭᠠᠵᠤ᠂  ᠳᠤᠰ ᠰᠠᠭᠤᠷᠢᠨ ᠳᠡᠭᠡᠷ᠎ᠠ ᠳᠡᠬᠢᠨ ᠰᠢᠨ᠎ᠠ ᠪᠠᠷ ᠤᠷᠳᠤ ᠬᠠᠷᠰᠢ ᠪᠠᠶᠢᠭᠤᠯᠵᠤ ᠡᠬᠢᠯᠡᠪᠡ᠃ 1420 ᠤᠨ ᠳᠤ ᠪᠠᠷᠢᠯᠭ᠎ᠠ  ᠳᠠᠭᠤᠰᠤᠬᠰᠠᠨ ᠤ ᠬᠤᠶᠢᠨ᠎ᠠ᠂ ᠨᠠᠶᠢᠰᠯᠠᠯ ᠢᠶᠠᠨ  ᠲᠠᠶᠢᠳᠤ ᠳᠤ ᠰᠢᠯᠵᠢᠬᠦᠯᠦᠨ ᠢᠷᠡᠵᠤ᠂ ᠳᠤᠬᠠᠢ ᠶᠢᠨ ᠦᠶ᠎ᠠ ᠶᠢᠨ ᠶᠡᠭᠡ ᠶᠤᠸᠠᠨ  ᠤᠯᠤᠰ ᠤᠨ ᠬᠠᠭᠠᠨ ᠤ ᠤᠷᠳᠤᠨ ᠬᠤᠳᠠᠨ ᠳᠤ ᠤᠷᠤᠵᠤ ᠰᠠᠭᠤᠪᠠ᠃            ᠡᠶᠢᠮᠤ ᠠᠴᠠ ᠤᠳᠤ ᠶᠢᠨ ᠪᠡᠭᠡᠵᠢᠩ ᠤᠨ ᠬᠠᠭᠠᠨ ᠤ ᠤᠷᠳᠤᠨ ᠢ ᠶᠡᠭᠡ ᠶᠤᠸᠠᠨ ᠤᠯᠤᠰ᠂ ᠮᠢᠩ ᠤᠯᠤᠰ᠂ ᠴᠢᠩ ᠤᠯᠤᠰ ᠵᠡᠷᠭᠡ  ᠭᠤᠷᠪᠠᠨ ᠲᠦᠷᠦ ᠶᠢᠨ ᠪᠠᠶᠢᠭᠤᠯᠤᠬᠰᠠᠨ ᠬᠠᠭᠠᠨ ᠤ ᠤᠷᠳᠤᠨ ᠬᠡᠮᠡᠨ ᠬᠡᠯᠡᠬᠦ ᠶᠤᠰᠤᠳᠠᠢ᠂ ᠤᠳᠤ ᠶᠢᠨ ᠪᠡᠭᠡᠵᠢᠩ ᠢ ᠶᠡᠭᠡ ᠶᠤᠸᠠᠨ  ᠤᠯᠤᠰ ᠤᠨ ᠪᠠᠶᠢᠭᠤᠯᠤᠬᠰᠠᠨ ᠬᠤᠳᠠ ᠬᠡᠮᠡᠨ ᠬᠡᠯᠡᠪᠡᠯ ᠵᠤᠬᠢᠬᠤ ᠶᠤᠮ᠃ ᠶᠡᠭᠡ ᠶᠤᠸᠠᠨ ᠤᠯᠤᠰ ᠢ ᠤᠬᠳᠤ ᠳᠤᠷᠠᠳᠬᠤ ᠦᠭᠡᠢ ᠪᠠᠶᠢᠬᠤ  ᠶᠠᠪᠤᠳᠠᠯ ᠪᠤᠯ ᠳᠡᠤᠬᠡᠨ ᠦᠨᠡᠨ ᠢ ᠳᠠᠰᠤᠯᠳᠠᠭᠤᠯᠵᠤ ᠪᠠᠶᠢᠭ᠎ᠠ ᠶᠠᠪᠤᠳᠠᠯ ᠮᠦᠨ᠃ ᠪᠢᠳᠠ ᠪᠤᠯ ᠳᠡᠤᠬᠡ ᠶᠢᠨ ᠪᠤᠳᠠᠰᠴᠢ ᠦᠵᠡᠯᠳᠡᠨ ᠮᠦᠨ  ᠃ ᠡᠶᠢᠮᠤ ᠠᠴᠠ ᠪᠢᠳᠡ ᠦᠨᠡᠨ  ᠠᠴᠠ ᠵᠦᠪ ᠢ ᠡᠷᠢᠬᠦ ᠦᠵᠡᠯᠳᠡ ᠶᠢ ᠪᠠᠷᠢᠮᠳᠠᠯᠠᠵᠤ᠂ ᠳᠡᠤᠬᠡᠨ ᠳᠤ ᠰᠢᠳᠤᠷᠭᠤ ᠪᠠᠷ ᠬᠠᠨᠳᠤᠵᠤ᠂ ᠶᠡᠭᠡ  ᠶᠤᠸᠠᠨ ᠤᠯᠤᠰ ᠤᠨ ᠳᠤᠮᠳᠠᠳᠤ ᠤᠯᠤᠰ ᠤᠨ ᠳᠡᠤᠬᠡᠨ ᠳᠤ ᠦᠵᠡᠭᠦᠯᠦᠭᠰᠡᠨ ᠦᠷᠯᠦᠭ ᠭᠠᠪᠢᠶ᠎ᠠ ᠦᠯᠡᠮᠵᠢ ᠵᠢᠳᠬᠦᠯ ᠢ ᠦᠨᠡᠨᠴᠢ ᠪᠠᠷ  ᠨᠤᠳᠠᠯᠠᠬᠤ ᠬᠡᠷᠡᠭᠳᠡᠢ᠃ ᠴᠢᠩᠭᠢᠰ ᠬᠠᠭᠠᠨ ᠪᠠ ᠳᠡᠭᠦᠨ ᠤ ᠦᠷ᠎ᠠ ᠠᠴᠢᠨᠡᠷ ᠤᠨ ᠳᠤᠮᠳᠠᠳᠤ ᠭᠠᠳᠠᠭᠠᠳᠤ ᠶᠢᠨ ᠳᠡᠤᠬᠡᠨ ᠳᠤ  ᠦᠵᠡᠭᠦᠯᠦᠭᠰᠡᠨ ᠯᠤᠳᠤ ᠶᠡᠭᠡ ᠦᠢᠯᠡᠳᠤᠯ ᠢ ᠤᠨᠤᠪᠴᠢᠳᠡᠢ ᠦᠨᠡᠯᠡᠬᠦ ᠬᠡᠷᠡᠭᠳᠡᠢ᠃ ᠴᠢᠩᠭᠢᠰ ᠬᠠᠭᠠᠨ ᠢ ︽ᠮᠢᠩᠭᠠᠨ ᠤᠨ ᠤ ᠮᠠᠩᠯᠠᠢ  ᠰᠤᠳᠤᠨ ᠴᠤᠤᠳᠤ ᠬᠦᠮᠤᠨ  ︾ ᠬᠡᠮᠡᠨ ᠦᠨᠡᠯᠡᠵᠤ ᠪᠠᠶᠢᠭ᠎ᠠ ᠦᠵᠡᠯᠳᠡ ᠪᠤᠯ ᠮᠠᠰᠢ ᠵᠦᠢᠳᠡᠢ ᠶᠤᠮ᠃            ᠵᠡᠭᠦᠯᠳᠡ᠄ 1.︽ᠬᠦᠭᠡ ᠮᠤᠩᠭᠤᠯ ᠤᠨ ᠬᠦᠭᠡ ᠳᠤᠬ︾ ︵ᠳᠡᠮᠴᠦᠭᠳᠤᠩᠷᠤᠪ ᠸᠠᠩ ᠤᠨ ᠤᠷᠳᠤᠨ ᠳᠤ ᠪᠠᠶᠢᠬᠰᠠᠨ ᠨᠤᠮ︶  ︔                                 2. ︽ᠶᠤᠸᠠᠨ ᠤᠯᠤᠰ ᠤᠨ ᠲᠠᠶᠢᠳᠤ︾ ᠬᠡᠮᠡᠬᠦ ᠴᠧᠨ ᠭᠤᠤ ᠬᠤᠸᠠ ᠶᠢᠨ ᠪᠢᠴᠢᠭᠰᠡᠨ ᠨᠤᠮ  ︔                                   3.︽ᠮᠤᠩᠭᠤᠯ ᠨᠢᠭᠤᠴᠠ ᠶᠢᠨ ᠬᠡᠯᠬᠢᠶ᠎ᠠ︾  ︔                               4. ︽ᠬᠠᠭᠠᠨ ᠤ ᠤᠷᠳᠤᠨ ᠤ ᠳᠤᠪᠴᠢ ᠳᠠᠨᠢᠯᠴᠠᠭᠤᠯᠭ᠎ᠠ︾ ︵1982 ᠤᠨ ᠤ ᠬᠡᠪᠯᠡᠯ︶︔                                 5. ︽ᠬᠠᠭᠠᠨ ᠤ ᠤᠷᠳᠤᠨ ᠤ ᠵᠢᠭᠤᠯᠴᠢᠯᠠᠯ ᠤᠨ ᠬᠦᠳᠤᠯᠦᠭᠴᠢ ᠶᠢᠨ ᠯᠠᠪᠯᠠᠯᠳᠠ ᠶᠢᠨ ᠳᠡᠪᠳᠡᠷ︾ ︵2002  ᠤᠨ ᠤ ᠬᠡᠪᠯᠡᠯ︶︔                                 6. ︽ᠲᠢᠶᠠᠨ ᠠᠨ ᠮᠧᠨ ᠤ ᠵᠦᠭᠯᠡᠭᠦᠷ︾ ︵2002 ᠤᠨ ᠤ ᠬᠡᠪᠯᠡᠯ︶  ︔                                7.︽ᠮᠢᠩᠭᠠᠨ ᠤᠨ ᠤ ᠮᠠᠩᠯᠠᠢ ᠴᠤᠤᠳᠤ ᠬᠦᠮᠤᠨ︾ ︵2005 ᠤᠨ ᠤ ᠬᠡᠪᠯᠡᠯ︶ ᠭᠡᠬᠦ ᠵᠡᠷᠭᠡ ᠨᠤᠮ ᠢ  ᠠᠰᠢᠬᠯᠠᠬᠰᠠᠨ ᠶᠤᠮ᠃  
 
ᠢᠷᠡᠯᠲᠡ᠄ ᠦᠪᠤᠷ ᠮᠤᠩᠭᠤᠯ  ᠤᠨ ᠠᠮᠢᠳᠤᠷᠠᠯ ᠭᠠᠷᠠᠭ  ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备12002332号